2021-04-28 16:11:06
ᠬᠥᠬᠡᠬᠣᠲᠠ᠎ᠶᠢᠨ ᠤᠯᠠᠭᠠᠨ ᠵᠠᠭᠠᠯᠮᠠᠢᠳᠠᠨ᠎ᠤ ᠨᠡᠶᠢᠭᠡᠮᠯᠢᠭ᠎ᠤᠨ ︽ ᠡᠨᠡᠷᠢᠯᠲᠦ ᠡᠵᠢ︾ ᠰᠠᠢᠨ ᠳᠤᠷ᠎ᠠ᠎ᠶᠢᠨ ᠦᠢᠯᠡᠴᠢᠯᠡᠭᠡᠨ᠎ᠤ ᠠᠩᠬᠢ᠎ᠶᠢᠨ ᠳᠠᠷᠤᠭ᠎ᠠ ᠯᠢᠦ ᠢᠦᠢ ᠮᠢᠨ 3 ᠰᠠᠢᠨ ᠲᠤᠷ᠎ᠠ᠎ᠶᠢᠨ ᠠᠵᠢᠯᠯᠠᠬᠰᠠᠳᠲᠠᠢᠪᠠᠨ ᠬᠠᠮᠲᠦ ᠬᠠᠪᠰᠤᠷᠤᠨ ᠲᠡᠳᠭᠦᠵᠤ ᠪᠠᠢᠭ᠎ᠠ ᠵᠢᠤᠸᠠᠨ ᠵᠢᠤᠸᠠᠨ ᠪᠣᠯᠤᠨ ᠬᠤᠸᠠ ᠬᠤᠸᠠ᠎ᠶᠢᠨ ᠭᠡᠷ᠎ᠲᠤ ᠣᠷᠣᠮᠠᠭᠴᠠ ᠡᠬᠡᠴᠢ ᠦᠬᠢᠨ ᠲᠡᠬᠦᠦ ᠬᠤᠶᠠᠭᠤᠯᠠ᠎ᠪᠠᠨ ︽ ᠯᠢᠦ ᠡᠵᠢ ᠡ︾ ᠬᠡᠵᠦ ᠲᠤᠲᠤᠨᠤ᠎ᠪᠠᠷ ᠲᠠᠭᠤᠲᠠᠨ ᠦᠭᠡᠳᠠᠡᠴᠠᠨᠢ ᠬᠦᠶᠤᠨ ᠤᠴᠢᠯ᠎ᠠ᠃

ᠤᠤᠯ᠎ᠨᠢ ᠡᠨᠡ ᠡᠳᠦᠷ ︽ ᠡᠨᠡᠷᠢᠯᠲᠦ ᠡᠵᠢ︾ ᠨᠠᠷ ᠡᠭᠡᠴᠢ ᠥᠬᠢᠨ ᠳᠡᠭᠦᠤ ᠬᠣᠶᠠᠭᠤᠯᠠ᠎ᠳ᠋ᠤ ᠠᠮᠠᠪᠴᠢ᠂ ᠭᠠᠷ ᠤᠬᠢᠶᠠᠬᠤ ᠰᠢᠩᠭᠡᠨ᠂ ᠭᠤᠯᠢᠷ ᠵᠡᠷᠭᠡ ᠡᠳ᠋ ᠪᠣᠳᠠᠰ ᠬᠦᠷᠬᠡᠵᠤ ᠢᠷᠡᠭᠰᠡᠨ᠎ᠨᠢ ᠡᠨᠡ ᠪᠠᠢᠯ᠎ᠠ᠃ ᠯᠢᠦ ᠢᠦᠢ ᠮᠢᠨ ᠪᠠᠰᠠ ᠥᠪᠡᠷ᠎ᠤᠨ ᠵᠣᠭᠣᠰ᠎ᠢᠶᠠᠷ᠎ᠢᠶᠡᠨ ᠬᠡᠦᠬᠡᠳ᠎ᠤᠳ᠎ᠲᠤ ᠤᠯᠠᠭᠠᠨ ᠪᠠᠬᠯᠠᠭ᠎ᠠ ᠭᠠᠷᠲᠠᠭᠤᠯᠵᠠᠢ᠃

ᠣᠳᠣᠬᠠᠨ᠎ᠳ᠋ᠤ ᠠᠩᠬ᠎ᠠ ᠵᠡᠷᠭᠡ᠎ᠶᠢᠨ ᠳᠤᠮᠳᠠᠳᠤ ᠰᠤᠷᠭᠠᠭᠤᠯᠢ᠎ᠶᠢᠨ ᠬᠣᠶᠠᠳᠤᠭᠠᠷ ᠣᠨ᠎ᠳ᠋ᠤ ᠰᠤᠷᠤᠯᠴᠠᠵᠦ ᠪᠠᠢᠭ᠎ᠠ ᠵᠢᠦᠸᠠᠨ ᠵᠢᠤᠸᠠᠨ ᠪᠣᠯᠤᠨ ᠬᠤᠸᠠ ᠬᠤᠸᠠ᠎ᠶᠢᠨ ᠯᠢᠦ ᠡᠵᠢᠯᠦᠭᠡᠶᠢᠨ ᠬᠤᠪᠢ ᠪᠠᠷᠢᠯᠳᠤᠯᠭ᠎ᠠ 5 ᠵᠢᠯ᠎ᠤᠨ ᠡᠮᠦᠨ᠎ᠡ᠎ᠡᠴᠠ ᠡᠬᠢᠯᠡᠵᠤ ᠪᠢᠯᠡ᠃ ᠯᠢᠦ ᠢᠦᠶ ᠮᠢᠨ ᠪᠣᠯ ᠠᠵᠢᠯ᠎ᠡᠴᠠ᠎ᠪᠠᠨ ᠠᠮᠠᠷᠠᠭᠰᠠᠨ ᠪᠠᠭᠰᠢ ᠪᠤᠯᠤᠨ᠎ᠠ᠂ 2014 ᠣᠨ᠎ᠳ᠋ᠤ ᠬᠦᠬᠡᠬᠤᠳᠠ᠎ᠶᠢᠨ ᠤᠯᠠᠭᠠᠨ ᠵᠠᠭᠠᠯᠮᠠᠶᠢᠲᠠᠨᠤ ᠨᠡᠶᠢᠭᠡᠮᠯᠢᠭ᠎ᠤᠨ ︽ ᠡᠨᠡᠷᠢᠯᠲᠦ ᠡᠵᠢ︾ ᠰᠠᠶᠢᠨ ᠳᠤᠷ᠎ᠠ᠎ᠶᠢᠨ ᠦᠢᠯᠡᠴᠢᠯᠡᠭᠡᠨ᠎ᠤ ᠠᠩᠭᠢ᠎ᠶᠢᠨ ᠳᠠᠷᠤᠭ᠎ᠠ᠎ᠪᠠᠷ ᠲᠣᠮᠢᠯᠠᠭᠳᠠᠵᠠᠶ᠃ 2016 ᠣᠨ᠎ᠳ᠋ᠤ᠂ ᠯᠢᠦ ᠢᠦᠢ ᠮᠢᠨ ᠬᠥᠬᠡᠬᠣᠲᠠ᠎ᠶᠢᠨ ᠬᠣᠲᠣᠩ ᠠᠷᠠᠳ᠎ᠤᠨ ᠲᠣᠭᠣᠷᠢᠭ᠎ᠤᠨ ᠵᠡᠭᠦᠨ ᠤᠰᠤᠲᠤ ᠲᠣᠰᠬᠣᠨ᠎ᠤ ᠠᠪᠤᠷᠠᠨ ᠲᠤᠰᠠᠯᠠᠬᠤ ᠡᠲᠡᠭᠡᠳ᠎ᠢ ᠵᠢᠬᠰᠠᠭᠠᠨ ᠪᠠᠶᠢᠴᠠᠭᠠᠬᠤ ᠦᠶ᠎ᠡ᠎ᠳ᠋ᠤ ᠵᠢᠦᠸᠠᠨ ᠵᠢᠤᠸᠠᠨ ᠪᠣᠯᠤᠨ ᠬᠤᠸᠠ ᠬᠤᠸᠠ᠎ᠲᠠᠢ ᠲᠠᠨᠢᠯᠴᠠᠵᠠᠢ᠃ ᠲᠡᠭᠦᠨ᠎ᠡᠴᠠ ᠬᠣᠶᠢᠰᠢᠬᠢ ᠬᠡᠳᠦᠨ ᠵᠢᠯ᠎ᠳ᠋ᠤ᠂ ︽ ᠡᠨᠡᠷᠢᠯᠲᠦ ᠡᠵᠢ︾᠎ᠶᠢᠨ ᠪᠦᠯᠬᠦᠮ᠎ᠤᠨ᠎ᠬᠢᠨ ᠡᠭᠡᠴᠢ ᠦᠬᠢᠨ ᠳᠡᠭᠦᠦ ᠬᠣᠶᠠᠭᠤᠯᠠ᠎ᠶᠢ ᠦᠷᠭᠦᠯᠵᠢᠯᠡᠨ ᠬᠠᠪᠰᠤᠷᠴᠤ᠂ ᠳᠡᠳᠡᠨ᠎ᠳ᠋ᠤ ᠬᠠᠶᠢᠷ᠎ᠠ ᠬᠠᠯᠠᠮᠵᠢ᠎ᠶᠢᠨ ᠪᠡᠯᠡ ᠮᠥᠩᠭᠥ ᠣᠯᠭᠣᠨ ᠂ ᠪᠠᠰᠠ ᠳᠡᠳᠡᠨ᠎ᠢ ᠲᠤᠰ ᠪᠦᠯᠬᠦᠮ᠎ᠤᠨ ᠪᠠᠶᠢᠭᠤᠯᠤᠭᠰᠠᠨ ︽ ᠲᠦᠭᠡᠮᠡᠯ ᠬᠠᠶᠢᠷ᠎ᠠ ᠨᠡᠶᠢᠲᠡ᠎ᠶᠢᠨ ᠠᠰᠠᠷᠠᠮᠵᠢ᠎ᠶᠢᠨ ᠰᠤᠷᠭᠠᠭᠤᠯᠢ᠎ᠶᠢᠨ ᠲᠦᠷᠦᠯ ᠵᠦᠢᠯ︾᠎ᠳ᠋ᠤ ᠤᠷᠢᠵᠠᠢ ᠃

︽5 ᠵᠢᠯ ᠪᠤᠯᠤᠯ᠎ᠠ᠂ ᠵᠢᠤᠧᠠᠨ ᠵᠢᠤᠧᠠᠨ ᠬᠤᠧᠠ ᠬᠤᠧᠠ ᠬᠣᠶᠠᠭᠤᠯᠠ ᠪᠠᠭ᠎ᠠ ᠰᠤᠷᠭᠠᠭᠤᠯᠢ᠎ᠶᠢᠨ ᠭᠤᠷᠪᠠᠳᠤᠭᠠᠷ ᠣᠨ᠎ᠤ ᠰᠤᠷᠤᠭᠴᠢ ᠪᠠᠢᠬᠰᠠᠨᠡᠴᠠᠪᠠᠨ ᠤᠲᠤ ᠠᠩᠬ᠎ᠠ ᠵᠡᠷᠭᠡ᠎ᠶᠢᠨ ᠬᠣᠶᠠᠳᠤᠭᠠᠷ ᠣᠨ᠎ᠤ ᠥᠭᠡᠯᠡᠢ ᠬᠡᠤᠬᠡᠳ ᠪᠤᠯᠤᠬᠰᠠᠨ ᠰᠢᠤ︾ ᠭᠡᠵᠦ ᠯᠢᠤ ᠢᠦᠢ ᠮᠢᠨ ᠠᠭᠤᠯᠵᠠᠬᠰᠡᠨ ᠪᠤᠯᠭᠠᠨ᠎ᠳ᠋ᠤ ᠤᠮᠤᠬᠰᠢᠨ ᠶᠠᠷᠢᠳᠠᠭ᠋᠃

ᠣᠶᠢᠯᠠᠭᠠᠭᠰᠠᠨ᠎ᠢᠶᠠᠷ᠂ ᠬᠥᠬᠡᠬᠣᠲᠠ᠎ᠶᠢᠨ ᠤᠯᠠᠭᠠᠨ ᠵᠠᠭᠠᠯᠮᠠᠢᠲᠠᠨ᠎ᠤ ᠨᠡᠢᠬᠡᠮᠯᠢᠭ᠎ᠤᠨ ︽ ᠡᠨᠡᠷᠢᠯᠲᠦ ᠡᠵᠢ︾ ᠰᠠᠶᠢᠨ ᠳᠤᠷ᠎ᠠ᠎ᠶᠢᠨ ᠦᠢᠯᠡᠴᠢᠯᠡᠭᠡᠨ᠎ᠤ ᠠᠩᠭᠢ 2014 ᠣᠨ᠎ᠳ᠋ᠤ ᠪᠠᠶᠢᠭᠤᠯᠤᠭᠳᠠᠵᠤ᠂ ᠣᠳᠣᠬᠠᠨ᠎ᠳ᠋ᠤ 120 ᠭᠠᠷᠤᠶ ᠰᠠᠶᠢᠨ ᠲᠤᠷᠠᠴᠤᠳ᠎ᠲᠠᠢ ᠪᠠᠶᠢᠵᠤ᠂ ᠤᠷᠢᠳ ᠬᠣᠵᠢᠳ ︽ ᠲᠦᠭᠡᠮᠡᠯ ᠬᠠᠶᠢᠷ᠎ᠠ ᠨᠡᠶᠢᠲᠡ᠎ᠶᠢᠨ ᠠᠰᠠᠷᠠᠮᠵᠢ᠎ᠶᠢᠨ ᠰᠤᠷᠭᠠᠭᠤᠯᠢ᠎ᠶᠢᠨ ᠲᠦᠷᠦᠯ ᠵᠦᠢᠯ︾ ᠂ ︽ ᠬᠦᠰᠡᠯ ᠲᠡᠷᠭᠡᠯᠰᠢᠭᠦᠯᠭᠦ ᠨᠡᠶᠢᠲᠡ᠎ᠶᠢᠨ ᠠᠰᠠᠷᠠᠮᠵᠢ᠎ᠶᠢᠨ ᠲᠦᠷᠦᠯ ᠵᠦᠢᠯ︾ ᠂ ︽ ᠠᠶᠠᠯᠠᠯ ᠬᠠᠮᠠᠭᠠᠯᠠᠬᠤ ᠴᠣᠮᠣᠷᠯᠢᠭ᠋︾ ᠬᠡᠤᠬᠡᠳ᠎ᠤᠨ ᠥᠪᠡᠷ᠎ᠢ᠎ᠪᠠᠨ ᠬᠠᠮᠠᠭᠠᠯᠠᠬᠤ ᠬᠢᠴᠢᠶᠡᠯ᠎ᠤᠨ ᠲᠠᠩᠬᠢᠮ ᠵᠡᠷᠭᠡ ᠰᠠᠶᠢᠨ ᠳᠤᠷ᠎ᠠ᠎ᠶᠢᠨ ᠦᠶᠯᠡᠴᠢᠯᠡᠭᠡᠨ᠎ᠤ ᠲᠦᠷᠦᠯ ᠵᠦᠢᠯ᠎ᠢ ᠪᠠᠶᠢᠭᠤᠯᠵᠤ᠂ ᠥᠨᠥᠴᠢᠨ ᠥᠷᠥᠭᠡᠰᠦᠨ ᠬᠡᠤᠬᠡᠳ᠂ ᠬᠡᠷ᠎ᠲᠡᠭᠡᠨ ᠬᠣᠴᠣᠷᠤᠭᠰᠠᠨ ᠬᠡᠤᠬᠡᠳ ᠵᠢᠴᠢ ᠨᠡᠭᠦᠳᠡᠯ ᠬᠡᠤᠬᠡᠳ᠎ᠢ ᠦᠷᠭᠦᠯᠵᠢᠯᠡᠨ ᠠᠩᠬᠠᠷᠤᠨ ᠬᠠᠯᠠᠮᠵᠢᠯᠠᠵᠦ᠂ ᠬᠠᠪᠰᠤᠷᠤᠨ ᠲᠡᠳᠬᠦᠵᠦ᠂ ᠬᠡᠤᠬᠡᠳ᠎ᠤᠳ᠎ᠲᠤ ᠡᠵᠢ᠎ᠶᠢᠨ ᠬᠠᠶᠢᠷ᠎ᠠ ᠬᠠᠯᠠᠮᠵᠢ᠎ᠶᠢ ᠬᠦᠷᠳᠡᠭᠡᠭᠰᠡᠭᠡᠷ ᠢᠷᠡᠵᠡᠢ᠃

︽ ᠰᠠᠶᠢᠨ ᠳᠤᠷ᠎ᠠ᠎ᠶᠢᠨ ᠠᠵᠢᠯᠲᠠᠨ ᠪᠣᠯᠤᠭᠰᠠᠨ᠎ᠤ ᠬᠤᠪᠢ᠎ᠳ᠋ᠤ᠂ ᠪᠤᠰᠤᠳ᠎ᠲᠤ ᠦᠢᠯᠡᠴᠢᠯᠡᠨ᠂ ᠪᠤᠰᠤᠳ᠎ᠢ ᠬᠠᠪᠰᠤᠷᠬᠤ᠎ᠨᠢ ᠥᠪᠡᠷ᠎ᠤᠨ ᠠᠮᠢ ᠨᠠᠰᠤ᠎ᠪᠠᠨ ᠴᠤ ᠤᠮᠲᠠᠯᠠᠵᠦ ᠪᠠᠢᠭ᠎ᠠ ᠶᠠᠪᠤᠳᠠᠯ᠃ ᠬᠡᠦᠬᠡᠳ᠎ᠤᠨ ᠥᠰᠤᠨ ᠪᠤᠢᠵᠢᠯᠲᠠ᠎ᠶᠢᠨ ᠬᠠᠮᠠᠭᠠᠯᠠᠬᠴᠢ ᠪᠤᠯᠵᠦ᠂ ᠲᠡᠳᠡᠨ᠎ᠤ ᠡᠨᠡᠷᠢᠯᠲᠦ ᠡᠵᠢ ᠪᠣᠯᠤᠭᠰᠠᠨ᠎ᠳᠠᠭᠠᠨ ᠪᠢᠳᠡ ᠮᠠᠰᠢ ᠪᠠᠶᠠᠷᠲᠠᠢ ᠵᠢᠷᠭᠠᠯ᠎ᠲᠠᠢ ᠪᠠᠢᠨ᠎ᠠ︾ ᠭᠡᠵᠦ ᠯᠢᠤ ᠢᠦᠢ ᠮᠢᠨ ᠬᠡᠯᠡᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠼᠠᠢ ᠬᠤᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃