ᠲᠡᠷᠢᠭᠦᠨ ᠨᠢᠭᠤᠷ>ᠬᠦᠮᠦᠨ ᠨᠡᠢᠭᠡᠮ>ᠬᠦᠮᠦᠨ ᠵᠣᠨ

2021-12-10 09:57:53

ᠵᠣᠬᠢᠶᠠᠭ᠍ᠴᠢ᠄ ​ᠵᠢᠮᠢᠰ ᠡᠷᠳᠡᠨᠢ ᠤᠷᠢᠬᠠᠨ ᠣᠩᠱᠢᠭ᠍ᠰᠠᠨ ᠣᠳᠠᠭ᠎ᠠ᠄ 3

QQ截图20211210095940.jpg


ᠲᠤᠯᠤᠭᠠᠨ ᠨᠠᠰᠤᠨ᠎ᠠᠴᠠ᠎ᠪᠠᠨ ᠤᠶᠤᠳᠠᠯ ᠰᠤᠷᠤᠭᠰᠠᠨ ᠦᠷᠡᠵᠢᠮ᠎ᠠ᠂ ᠡᠵᠢ᠎ᠠᠴᠠ ᠪᠠᠨ ᠥᠪᠯᠡᠭᠰᠡᠨ ᠭᠠᠷ᠎ᠤᠨ ᠤᠷᠠᠨ᠎ᠳᠠᠭᠠᠨ ᠲᠦᠰᠢᠭᠯᠡᠨ᠂ 2005 ᠤᠨ᠎ᠳᠤ ᠤᠯᠢᠶᠡᠰᠤᠳᠠᠢ ᠪᠠᠯᠭᠠᠰᠤᠨ᠎ᠳᠤ 《ᠤᠷᠠᠩᠭᠤᠸ᠎ᠠ ᠦᠵᠦᠮᠦᠴᠢᠨ ᠤᠯᠡᠮᠵᠢᠯᠠᠯᠳᠦ ᠬᠤᠪᠴᠠᠰᠤ ᠵᠠᠰᠠᠯ》 ᠦ᠋ᠨ ᠭᠠᠵᠠᠷ ᠡᠷᠬᠢᠯᠡᠵᠡᠢ᠃ ᠲᠡᠷᠡ ᠪᠤᠰᠤᠤᠨ᠎ᠠᠴᠠ ᠢᠯᠭᠠᠷᠠᠬᠤ ᠦᠪᠡᠷ᠎ᠤᠨ ᠭᠡᠰᠡᠨ ᠤᠡᠴᠠᠯᠢᠭ᠎ᠢ ᠬᠠᠷᠠᠭᠤᠯᠬᠤ ᠡᠬᠦᠳᠡᠨ᠎ᠠᠴᠠ ᠶᠠᠭᠤ ᠨᠢᠭᠡ᠎ᠶᠢ ᠰᠡᠤᠡᠬᠢᠵᠤ ᠵᠤᠷᠢᠵᠤ ᠶᠠᠪᠤᠭᠰᠠᠨ ᠬᠦᠰᠡᠯ᠎ᠨᠢ ᠥᠨᠥᠳᠤᠷ ᠪᠤᠯᠬᠤ᠎ᠳᠤ ᠪᠠᠶᠡᠯᠡᠯ᠎ᠢᠶᠠᠨ ᠤᠯᠵᠤ ᠲᠡᠬᠦᠨ᠎ᠢ ᠬᠠᠭ᠎ᠠ ᠪᠠᠶᠠᠷᠯᠠᠭᠤᠯᠵᠤ ᠪᠢᠯᠡ᠃

ᠦᠷᠡᠵᠢᠮ᠎ᠠ ᠡᠨᠡ ᠵᠢᠯ᠎ᠠᠴᠠ ᠡᠬᠢᠯᠡᠨ ᠤᠶᠤᠳᠠᠯ᠎ᠤᠨ ᠭᠠᠵᠠᠷ᠎ᠢᠶᠠᠨ ᠦᠷᠭᠡᠤᠡᠬᠡᠨ᠂ ᠦᠵᠦᠮᠦᠴᠢᠨ ᠡᠮᠵᠢᠶᠡᠷᠢ ᠤᠭᠠᠯᠵᠠ᠎ᠪᠠᠷ ᠭᠤᠤᠯᠯᠠᠭᠤᠯᠵᠤ᠂ ᠤᠯᠠᠮᠵᠢᠯᠠᠯᠳᠦ ᠮᠠᠶᠢᠭ᠎ᠢᠶᠠᠨ ᠬᠠᠳᠠᠭᠠᠯᠠᠭᠰᠠᠨ ᠰᠠᠭᠤᠷᠢᠨ ᠲᠡᠭᠡᠷ᠎ᠠ ᠲᠤᠰᠬᠠᠢ ᠬᠡᠮᠵᠢᠶ᠎ᠡ᠎ᠲᠠᠢ᠂ ᠦᠩᠭᠡ ᠶᠠᠩᠵᠤ᠎ᠨᠢ ᠴᠠᠭ᠎ᠤᠨ ᠤᠷᠤᠰᠬᠠᠯ᠎ᠳᠤ᠎ᠵᠤᠬᠢᠴᠠᠭᠰᠠᠨ᠎ᠰᠢᠨ᠎ᠡ᠎ᠵᠠᠭᠪᠤᠷ᠎ᠢ᠎ᠡᠬᠦᠤᠡᠴᠤ᠎ᠬᠢᠭᠰᠡᠨ᠎ᠨᠢ ᠬᠥᠮᠥᠰ᠎ᠤᠨ ᠲᠠᠭᠠᠰᠢᠶᠠᠯ᠎ᠳᠤ ᠬᠦᠷᠴᠠᠢ᠃ ᠢᠯᠠᠩᠭᠤᠶ᠎ᠠ ᠎ᠰᠢᠨ᠎ᠡ ᠵᠠᠭᠪᠤᠷ ᠎ᠨᠢ ᠵᠠᠯᠠᠭᠤᠰ᠎ᠤᠨ ᠡᠮᠦᠰᠬᠡᠯ ᠵᠠᠰᠠᠯ᠎ᠤᠨ ᠬᠥᠭᠡᠭᠡᠴᠡᠯᠳᠦᠯ᠎ᠲᠠᠢ ᠶᠠᠪ ᠴᠠᠪ ᠨᠡᠢᠴᠠᠵᠤ᠂ ᠰᠢᠨ᠎ᠠ ᠬᠤᠤᠰ᠎ᠤᠨ ᠬᠤᠷᠢᠮ᠎ᠤᠨ ᠡᠮᠦᠰᠭᠡᠯ᠎ᠤᠨ ᠡᠮᠵᠢᠶᠡᠷᠢ᠎ᠶᠢᠨ ᠵᠠᠬᠢᠶᠠᠯᠠᠭ᠎ᠠ᠎ᠶᠢ ᠬᠡᠳᠦᠨ ᠵᠠᠭᠤ᠎ᠪᠠᠷ ᠲᠤᠰᠴᠤ᠂ ᠵᠢᠯ᠎ᠤᠨ ᠤᠷᠤᠯᠭ᠎ᠠ᠎ᠨᠢ 170 ᠲᠦᠮᠡᠨ ᠲᠦᠬᠦᠷᠢᠭ᠎ᠢ ᠲᠠᠪᠠᠭᠰᠠᠨ ᠪᠠᠢᠨ᠎ᠠ᠃

ᠦᠷᠡᠵᠢᠮ᠎ᠠ ᠰᠢᠯᠢ᠎ᠶᠢᠨ ᠭᠤᠤᠯ ᠠᠢᠮᠠᠭ᠎ᠤᠨ ᠪᠤᠳᠠᠰ᠎ᠤᠨ ᠪᠤᠰᠤ ᠰᠤᠶᠤᠯ᠎ᠤᠨ ᠥᠪ᠎ᠤᠨ 《ᠥᠵᠦᠮᠦᠴᠢᠨ ᠬᠠᠤᠡᠬᠤᠮᠠᠯ》 ᠦ᠋ᠨ ᠲᠥᠯᠥᠭᠡᠯᠡᠭᠴᠢ ᠥᠪᠯᠡᠨ ᠤᠯᠠᠮᠵᠢᠯᠠᠭᠴᠢ ᠪᠤᠯᠤᠭᠰᠠᠨ᠎ᠤ ᠬᠤᠪᠢ᠎ᠳᠤ ᠤᠯᠠᠮᠵᠢᠯᠠᠯᠳᠦ ᠰᠤᠶᠤᠯ᠎ᠢᠶᠠᠨ ᠪᠠᠳᠠᠷᠠᠭᠤᠯᠵᠤ᠂ ᠦᠵᠦᠮᠦᠴᠢᠨ ᠬᠠᠤᠡᠬᠤᠮᠠᠯ᠎ᠢᠶᠠᠨ ᠨᠡᠩ ᠤᠯᠠᠨ ᠬᠥᠮᠦᠰ᠎ᠲᠤ ᠲᠠᠨᠢᠭᠤᠯᠤᠨ᠂ ᠤᠯᠠᠮᠵᠢᠯᠠᠨ ᠬᠦᠭᠵᠢᠬᠦᠯᠬᠦ᠎ᠪᠡᠷ ᠲᠤᠬᠠᠢ᠎ᠶᠢᠨ ᠭᠠᠵᠠᠷ ᠤᠷᠤᠨ᠎ᠤ ᠪᠠᠨ ᠎ᠵᠠᠭᠤ ᠭᠠᠷᠤᠢ ᠪᠦᠰᠡᠬᠦᠢᠴᠤᠤᠨ᠎ᠤᠨ ᠦᠢᠯᠡ ᠤᠶᠤᠳᠠᠯ᠎ᠢᠶᠠᠷ ᠤᠷᠤᠯᠭ᠎ᠠ᠎ᠪᠠᠨ ᠨᠡᠮᠡᠭᠳᠡᠭᠦᠯᠬᠦ᠎ᠳᠤ᠎ᠨᠢ ᠲᠤᠰᠠ ᠪᠤᠯᠵᠤ᠂ ᠢᠳᠡᠭᠡᠯ ᠰᠡᠤᠡᠬᠢᠯ᠎ᠤᠨ ᠭᠡᠭᠡ ᠲᠠᠳᠠᠭᠤᠯᠵᠤ ᠶᠠᠪᠤᠨ᠎ᠠ᠃


QQ截图20211210095952.jpg


ᠮᠡᠷᠭᠡᠨ ᠴᠤᠬᠤᠷ᠎ᠢ ᠰᠢᠷᠪᠢᠵᠦ ᠨᠠᠷᠢᠨ ᠠᠭᠤᠯᠭ᠎ᠠ᠎ᠶᠢ ᠨᠢ ᠤᠢᠯᠠᠭᠠᠭᠠᠷᠠᠢ!

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面