2022-07-25 10:22:36
ᠬᠢᠵᠢᠭ ᠲᠠᠬᠤᠯ᠎ᠤᠨ ᠬᠤᠭᠤᠴᠠᠭᠠᠨ᠎ᠳᠦ ᠠᠮᠠᠪᠴᠢ ᠵᠡᠬᠦᠬᠦ᠌ᠨᠢ ᠬᠦᠮᠤᠰ᠎ᠤᠨ ᠳᠠᠳᠭᠠᠯ ᠪᠤᠯᠵᠤ᠂ ᠡᠯᠳᠡᠪ ᠦᠩᠬᠡ᠎ᠶ᠋ᠢᠨ ᠠᠮᠠᠪᠴᠢ ᠪᠠᠰᠠ ᠴᠦ᠍ ᠨᠢᠬᠡ ᠵᠡᠭᠡᠯᠢ᠎ᠶ᠋ᠢᠨ ᠦᠵᠡᠮᠵᠢ ᠪᠤᠯᠵᠤ ᠬᠠᠷᠠᠭ᠍ᠳᠠᠨ᠎ᠠ᠃ ᠡᠨᠡ ᠤᠯᠠᠨ ᠵᠦᠢᠯ᠎ᠤᠨ ᠠᠮᠠᠪᠴᠢ᠎ᠶ᠋ᠢᠨ ᠳᠤᠳᠤᠷ᠎ᠠ ᠦᠨᠳᠤᠰᠤᠳᠡᠨ᠎ᠤ ᠤᠨᠴᠠᠯᠢᠭ᠎ᠲᠠᠢ ᠤᠨᠴᠠᠭᠠᠢ ᠭᠤᠶᠤ ᠠᠮᠠᠪᠴᠢ ᠬᠠᠷᠠᠭ᠍ᠳᠠᠬᠤ ᠪᠡᠷ ᠠᠰᠠᠭᠤᠨ ᠰᠤᠷᠠᠭᠯᠠᠵᠤ ᠰᠤᠷᠪᠤᠯᠵᠢᠯᠠᠬᠤ ᠵᠢ ᠵᠤᠷᠢᠯ᠎ᠠ᠃
ᠬᠦᠯᠦᠨ ᠪᠤᠢᠷ ᠬᠤᠳᠠ ᠵᠢᠨ ᠡᠸᠡᠩᠬᠢ ᠬᠤᠱᠢᠭᠤᠨ᠎ᠤ ᠪᠠᠶᠠᠨᠳᠤᠬᠤᠢ ᠪᠠᠯᠭᠠᠰᠤᠨ᠎ᠤ ᠬᠤᠳᠠᠯᠳᠤᠭᠠᠨ᠎ᠤ ᠭᠠᠵᠠᠷ ᠫᠢᠩ ᠠᠨ ᠠᠰᠠᠷ᠎ᠤᠨ ᠬᠤᠶᠠᠳᠤᠭᠠᠷ ᠳᠠᠪᠬᠤᠷ 2 — 39 ᠳᠡᠯᠭᠡᠭᠦᠷ᠎ᠲᠤ ᠤᠷᠤᠬᠤ᠎ᠳᠤ ᠨᠠᠷᠢᠬᠠᠨ ᠦᠨᠳᠦᠷᠬᠡᠨ ᠪᠠᠶ᠎ᠠ᠎ᠲᠠᠢ ᠵᠠᠯᠠᠭᠤ ᠪᠦᠰᠡᠬᠦᠢ ᠪᠢᠳᠠᠨ᠎ᠢ ᠬᠠᠯᠠᠭᠤᠨ᠎ᠢᠶᠠᠷ ᠤᠭ᠍ᠳᠤᠵᠤ ᠠᠪᠤᠭᠰᠠᠨ ᠨᠢ ᠳᠤᠰ ᠳᠡᠯᠭᠡᠭᠦᠷ᠎ᠤᠨ ᠡᠵᠡᠨᠳᠡᠨ ᠸᠧᠢ ᠯᠢ ᠪᠠᠢᠯ᠎ᠠ᠃ ᠦᠢᠯᠡ᠎ᠶ᠋ᠢᠨ ᠤᠷᠠᠨ᠎ᠢᠶᠠᠷ ᠦᠢᠯᠡᠰ ᠪᠤᠰᠭᠠᠵᠤ ᠦᠷᠡᠯᠡᠬᠦ᠌ ᠠᠮᠢᠳᠤᠷᠠᠯ᠎ᠢᠶᠠᠨ ᠦᠭᠡᠳᠡᠯᠡᠭᠦᠯᠵᠦ᠍ ᠶᠠᠪᠤᠭ᠎ᠠ ᠸᠧᠢ ᠯᠢ ᠪᠤᠯ ᠡᠸᠡᠩᠬᠢ ᠬᠤᠱᠢᠭᠤᠨ᠎ᠤ ᠬᠤᠢ ᠰᠤᠮᠤᠨ᠎ᠤ ᠤᠯᠠᠭᠠᠨᠪᠤᠯᠠᠭ ᠭᠠᠴᠠᠭ᠎ᠠ᠎ᠳᠤ ᠨᠤᠳᠤᠭ᠍ᠳᠠᠢ᠃ ᠸᠧᠢ ᠯᠢ᠎ᠶ᠋ᠢᠨ ᠨᠠᠭᠠᠴᠤ᠌ ᠡᠵᠢ᠂ ᠡᠵᠢ᠎ᠨᠢ ᠨᠤᠳᠤᠭ ᠤᠷᠤᠨ᠎ᠳᠠᠭᠠᠨ ᠤᠷᠠᠨ ᠤᠶᠤᠳᠠᠯᠴᠢᠨ ᠪᠠᠢᠭ᠍ᠰᠠᠨ ᠪᠤᠯᠬᠤᠷ ᠬᠤᠶᠠᠷ ᠡᠵᠢ᠎ᠶ᠋ᠢᠨ᠎ᠢᠶᠠᠨ ᠵᠢᠭᠠᠨ ᠰᠤᠷᠭᠠᠯᠳᠠ᠎ᠪᠠᠷ ᠬᠠᠷᠠᠬᠠᠨ ᠪᠠᠭ᠎ᠠ᠎ᠠᠴᠠ ᠦᠢᠯᠡ ᠤᠶᠤᠳᠠᠯ᠎ᠳᠤ ᠴᠠᠭᠠᠷᠠᠨ᠂ ᠤᠬᠠᠭᠠᠨ ᠰᠠᠨᠠᠭ᠎ᠠ ᠤᠷ᠎ᠠ ᠴᠢᠳᠠᠪᠤᠷᠢ᠎ᠪᠠᠷ᠎ᠢᠶᠠᠨ ᠦᠢᠯᠡᠰ ᠪᠤᠰᠭᠠᠬᠤ ᠵᠤᠷᠢᠭ ᠬᠦᠪᠴᠢᠯᠡᠭ᠌ᠳᠡᠵᠦ᠍᠂ ᠶᠡᠭᠡ ᠰᠤᠷᠭᠠᠭᠤᠯᠢ᠎ᠪᠠᠨ ᠳᠡᠭᠦᠰᠦᠭ᠌ᠰᠡᠨ ᠲᠤᠬᠠᠢ ᠵᠢᠨ ᠵᠢᠯ᠎ᠳᠡᠭᠡᠨ ᠡᠸᠡᠩᠬᠢ ᠬᠤᠱᠢᠭᠤᠨ᠎ᠤ ᠦᠢᠯᠡᠰ ᠪᠤᠰᠭᠠᠬᠤ ᠬᠦᠷᠢᠶᠡᠯᠡᠩ᠎ᠳᠤ ᠦᠨᠳᠤᠰᠤᠳᠡᠨ᠎ᠤ ᠬᠤᠪᠴᠠᠰᠤ ᠵᠠᠰᠠᠯ᠎ᠤᠨ ᠤᠶᠤᠳᠠᠯ᠎ᠤᠨ ᠭᠠᠵᠠᠷ ᠨᠡᠭᠡᠭᠡᠵᠦ᠍ ᠦᠢᠯᠡᠰ᠎ᠤᠨ ᠬᠠᠷᠭᠤᠢ᠎ᠪᠠᠨ ᠡᠯᠬᠦᠭ᠌ᠰᠡᠨ ᠪᠠᠢᠨ᠎ᠠ᠃
《ᠡᠬᠢᠨ᠎ᠳᠡᠭᠡᠨ ᠪᠢ ᠵᠦᠪᠬᠡᠨ ᠤᠯᠠᠮᠵᠢᠯᠠᠯᠳᠤ ᠦᠨᠳᠤᠰᠤᠳᠡᠨ᠎ᠤ ᠬᠤᠪᠴᠠᠰᠤ ᠯᠠ ᠤᠶᠤᠵᠤ ᠪᠠᠢᠵᠠᠢ᠃ ᠳᠠᠨᠢᠬᠤ ᠬᠦᠮᠤᠨ ᠪᠠᠰᠠ ᠳᠡᠮᠡᠢ ᠪᠠᠢᠬᠤ ᠦᠬᠡᠢ᠂ ᠭᠠᠷ ᠤᠳᠠᠰᠤᠨ᠎ᠤ ᠨᠠᠢᠵᠠ᠎ᠶ᠋ᠢᠨ ᠲᠤᠭᠤᠷᠢᠭ ᠲᠠᠭᠠᠨ ᠨᠡᠢᠲᠡᠯᠡᠬᠦ ᠪᠤᠶᠤ ᠦᠬᠡᠷ᠎ᠡ ᠪᠤᠰᠤᠳ᠎ᠤᠨ ᠲᠠᠨᠢᠯᠴᠠᠭᠤᠯᠭ᠎ᠠ᠎ᠪᠠᠷ ᠯᠠ ᠬᠦᠮᠤᠨ᠎ᠳᠤ ᠳᠠᠨᠢᠭ᠍ᠳᠠᠵᠤ ᠪᠠᠢᠵᠠᠢ᠃ ᠤᠳᠠᠭ᠎ᠠ ᠪᠤᠯᠭᠠᠨ᠎ᠤ ᠵᠠᠬᠢᠶᠠᠯᠠᠭ᠎ᠠ᠎ᠪᠠᠨ ᠨᠠᠷᠢᠨ ᠬᠢᠨᠠᠮᠠᠭᠠᠢ ᠬᠦᠢᠴᠡᠳᠭᠡᠵᠦ᠍᠂ ᠨᠢᠮᠪᠡᠢ ᠭᠤᠶᠤᠬᠠᠨ ᠤᠶᠤᠳᠠᠭ᠎ᠠᠴᠠ ᠠᠭᠠᠵᠢᠮ᠎ᠢᠶᠠᠷ ᠬᠠᠭᠤᠴᠢᠨ ᠬᠡᠷᠡᠭᠯᠡᠭᠴᠢᠳ ᠤᠯᠠᠨ ᠪᠤᠯᠤᠭ᠍ᠰᠠᠨ ᠶᠤᠮ》ᠬᠡᠵᠦ᠍ ᠸᠧᠢ ᠯᠢ ᠶᠠᠷᠢᠪᠠ᠃ ᠬᠡᠪᠡᠴᠦ᠍ ᠳᠤᠬᠠᠢ᠎ᠶ᠋ᠢᠨ ᠦᠶ᠎ᠡ᠎ᠳᠤ ᠸᠧᠢ ᠯᠢ ᠵᠦᠪᠬᠡᠨ ᠲᠡᠪᠡᠯ ᠲᠡᠷᠯᠢᠭ ᠤᠶᠤᠳᠠᠭ ᠪᠠᠢᠭ᠍ᠰᠠᠨ᠎ᠠᠴᠠ ᠭᠡᠷᠡᠭ᠌ᠯᠡᠭ᠌ᠴᠢᠳ ᠪᠠᠰᠠ ᠬᠤᠪᠴᠠᠰᠤᠨ᠎ᠤ ᠤᠨᠴᠠᠯᠢᠭ᠎ᠲᠠᠭᠠᠨ ᠳᠤᠬᠢᠷᠠᠭᠤᠯᠵᠤ ᠪᠦᠰᠡ᠂ ᠮᠠᠯᠠᠭᠠᠢ᠂ ᠵᠠᠰᠠᠯ ᠠᠪᠬᠤ ᠬᠡᠬᠦ᠌ ᠱᠠᠭᠠᠷᠳᠠᠯᠭ᠎ᠠ᠎ᠶ᠋ᠢ ᠬᠠᠩᠭᠠᠵᠤ ᠴᠢᠳᠠᠳᠠᠭ ᠦᠬᠡᠢ ᠳᠤᠯᠠ ᠮᠠᠢᠮᠠᠢ᠎ᠨᠢ ᠳᠡᠢᠮᠤ ᠬᠦᠭ᠌ᠵᠢᠶᠡᠨ᠎ᠲᠠᠢ ᠪᠢᠰᠢ ᠪᠠᠢᠵᠠᠢ᠃
ᠸᠧᠢ ᠯᠢ ᠦᠪᠡᠷ᠎ᠤᠨ ᠪᠠᠶ᠎ᠠ᠎ᠪᠠᠨ ᠳᠠᠭᠠᠭᠠᠭ᠍ᠰᠠᠨ ᠤᠷᠠᠨ ᠤᠶᠤᠳᠠᠯᠴᠢᠨ ᠪᠤᠯᠵᠤ ᠠᠮᠢᠳᠤᠷᠠᠯ᠎ᠤᠨ ᠦᠷᠭᠡᠨ ᠬᠠᠷᠭᠤᠢ᠎ᠳᠤ ᠦᠪᠡᠷ᠎ᠤᠨ ᠭᠡᠰᠡᠨ ᠦᠢᠯᠡᠰ᠎ᠢᠶᠠᠨ ᠪᠤᠰᠭᠠᠵᠤ ᠶᠠᠪᠤᠬᠤ᠎ᠳᠠᠭᠠᠨ ᠪᠠᠰᠠ ᠴᠦ᠍ ᠤᠯᠠᠨ᠎ᠢ ᠰᠡᠳᠭᠢᠵᠦ᠍ ᠪᠤᠳᠤᠯᠬᠢᠯᠠᠵᠤ ᠦᠪᠡᠷ᠎ᠤᠨ ᠨᠢᠳᠤᠨ ᠡᠮᠦᠨᠡᠬᠢ ᠪᠠᠭ᠎ᠠ ᠰᠠᠭ᠎ᠠ ᠠᠮᠵᠢᠯᠳᠠ᠎ᠳᠠᠭᠠᠨ ᠶᠡᠷᠦ᠍ ᠰᠡᠳᠭᠢᠯ ᠬᠠᠨᠤᠭ᠎ᠠ ᠦᠬᠡᠢ᠂ ᠬᠠᠷᠢᠨ ᠨᠡᠩ ᠤᠯᠠᠨ᠎ᠢ ᠰᠡᠳᠭᠢᠵᠦ᠍ ᠰᠦᠪᠡᠭ᠌ᠴᠢᠯᠡᠳᠡᠭ ᠪᠠᠢᠯ᠎ᠠ᠃ ᠲᠡᠷᠡ ᠬᠡᠷᠡᠭ᠌ᠯᠡᠭ᠌ᠴᠢᠳ ᠶᠠᠭᠤ ᠬᠦᠰᠡᠪᠡᠯ ᠶᠠᠭᠤ᠎ᠶ᠋ᠢ ᠪᠡᠶᠡᠯᠡᠬᠦᠯᠵᠦ᠍ ᠦᠭ᠌ᠬᠦ᠎ᠪᠠᠷ ᠴᠢᠷᠮᠠᠢᠵᠤ ᠬᠤᠪᠴᠠᠰᠤ ᠤᠶᠤᠬᠤ᠎ᠠᠴᠠ ᠭᠠᠳᠠᠨ᠎ᠠ ᠪᠦᠰᠡ᠂ ᠮᠠᠯᠠᠭᠠᠢ᠂ ᠵᠠᠰᠠᠯ ᠴᠢᠮᠡᠭ᠌ᠯᠡᠯ᠎ᠤᠨ ᠵᠦᠢᠯ᠎ᠢ ᠬᠢᠵᠦ᠍ ᠰᠤᠷᠴᠤ᠌ ᠡᠬᠢᠯᠡᠵᠡᠢ᠃ ᠲᠡᠷᠡ ᠡᠬᠢᠨ᠎ᠳᠡᠭᠡᠨ ᠡᠳᠡᠭᠡᠷ᠎ᠢ ᠬᠢᠵᠦ᠍ ᠵᠤᠭᠤᠰ ᠤᠯᠤᠶ᠎ᠠ ᠬᠡᠵᠦ᠍ ᠪᠤᠳᠤᠭ᠍ᠰᠠᠨ ᠦᠬᠡᠢ᠂ ᠵᠦᠪᠬᠡᠨ ᠬᠡᠷᠡᠭ᠌ᠯᠡᠭ᠌ᠴᠢᠳ᠎ᠤᠨ ᠰᠠᠨᠠᠭ᠎ᠠ᠎ᠳᠤ ᠵᠤᠬᠢᠴᠠᠭᠤᠯᠵᠦ᠍ ᠦᠨᠳᠤᠰᠤᠳᠡᠨ᠎ᠤ ᠬᠤᠪᠴᠠᠰᠤᠨ᠎ᠤ ᠳᠠᠭᠠᠯᠳᠠ ᠪᠤᠯᠭᠠᠨ ᠬᠢᠳᠡᠭ ᠪᠠᠢᠭ᠍ᠰᠠᠨ᠃ ᠰᠠᠨᠠᠭ᠎ᠠ ᠵᠦᠪ ᠪᠤᠯ ᠵᠠᠮ ᠰᠠᠷᠠᠭᠤᠯ ᠬᠡᠳᠡᠭ᠎ᠢᠶᠠᠷ ᠡᠳᠦᠷ ᠤᠳᠠᠭᠠᠨ᠎ᠳᠠᠭᠠᠨ ᠸᠧᠢ ᠯᠢ᠎ᠶ᠋ᠢᠨ ᠬᠢᠵᠦ᠍ ᠭᠠᠷᠭᠠᠭ᠍ᠰᠠᠨ ᠪᠦᠳᠦᠭᠡᠭ᠌ᠳᠡᠬᠦᠨ᠎ᠤ ᠲᠦᠷᠦᠯ ᠵᠦᠢᠯ ᠤᠯᠠᠨ ᠪᠤᠯᠤᠭᠰᠠᠨ᠎ᠢᠶᠡᠷ ᠪᠠᠷᠠᠬᠤ ᠦᠬᠡᠢ ᠨᠡᠩ ᠴᠢᠬᠤᠯᠠ᠎ᠨᠢ ᠬᠡᠷᠡᠭ᠌ᠯᠡᠭ᠌ᠴᠢᠳ᠎ᠤᠨ ᠳᠤᠷ᠎ᠠ ᠪᠠᠬ᠎ᠠ᠎ᠶ᠋ᠢ ᠳᠠᠳᠠᠵᠤ᠂ ᠨᠡᠩ ᠤᠯᠠᠨ ᠬᠦᠮᠤᠨ᠎ᠳᠤ ᠳᠠᠨᠢᠭ᠍ᠳᠠᠵᠤ ᠮᠠᠢᠮᠠᠢ᠎ᠨᠢ ᠬᠠᠷᠢᠨ ᠡᠳᠦᠷ᠎ᠠᠴᠠ ᠡᠳᠦᠷ ᠦᠬᠡᠳᠡᠯᠡᠭ᠌ᠰᠡᠨ ᠪᠠᠢᠨ᠎ᠠ᠃ ᠶᠠᠭ ᠡᠢᠮᠦᠷᠬᠦ᠌ ᠬᠦᠭ᠌ᠵᠢᠯᠲᠡ᠎ᠶ᠋ᠢᠨ ᠡᠷᠢᠨ᠎ᠢ ᠲᠤᠬᠢᠶᠠᠯᠲᠤᠭᠤᠯᠤᠨ 2018 ᠤᠨ᠎ᠳᠤ ᠲᠡᠷᠡ《ᠬᠦᠯᠦᠨ ᠪᠦᠢᠷ ᠬᠤᠳᠠ᠎ᠶ᠋ᠢᠨ ᠰᠤᠯᠤᠨ ᠠᠢᠮᠠᠭ᠎ᠤᠨ ᠦᠨᠳᠤᠰᠤᠳᠡᠨ᠎ᠤ ᠬᠤᠪᠴᠠᠰᠤ ᠵᠠᠰᠠᠯ᠎ᠤᠨ ᠬᠢᠵᠠᠭᠠᠷᠳᠤ ᠺᠤᠮᠫᠠᠨᠢ》 ᠪᠠᠨ ᠵᠢᠩᠬᠢᠨᠢ᠎ᠪᠠᠷ ᠲᠡᠩᠰᠠᠯᠠᠵᠤ ᠪᠠᠢᠭᠤᠯᠵᠠᠢ᠃
2020 ᠤᠨ᠎ᠳᠤ ᠬᠢᠵᠢᠭ ᠠᠩᠬ᠎ᠠ ᠳᠡᠯᠭᠡᠷᠡᠬᠦ᠌ ᠦᠶ᠎ᠡ᠎ᠳᠤ ᠸᠧᠢ ᠯᠢ᠎ᠶ᠋ᠢᠨ ᠨᠢᠬᠡ ᠰᠠᠢᠨ ᠨᠡᠢᠵᠡᠨᠢ ᠰᠠᠢᠨ ᠳᠤᠷᠠᠳᠠᠨ ᠪᠤᠯᠵᠤ ᠵᠢᠵᠢᠭᠦᠷᠯᠡᠵᠦ᠍ ᠶᠠᠪᠤᠬᠤ᠎ᠳᠠᠭᠠᠨ ᠡᠪᠦᠯ᠎ᠤᠨ ᠬᠦᠢᠳᠡᠨ᠎ᠳᠤ ᠭᠠᠳᠠᠨ᠎ᠠ ᠳᠠᠭᠠᠷᠠᠵᠤ ᠪᠡᠭᠡᠷᠡᠵᠤ ᠶᠠᠪᠤᠭ᠎ᠠ ᠵᠢ ᠮᠠᠳᠡᠭᠡᠳ ᠸᠧᠢ ᠯᠢ ᠨᠠᠢᠵᠠ᠎ᠳᠠᠭᠠᠨ ᠳᠤᠷᠭ᠎ᠠ᠎ᠪᠠᠷ ᠵᠤᠵᠠᠭᠠᠨ ᠱᠢᠭ᠋ ᠠᠮᠠᠪᠴᠢ ᠪᠠ ᠪᠡᠭᠡᠯᠠᠢ ᠤᠶᠤᠵᠤ ᠦᠭ᠌ᠬᠦᠭ᠌ᠰᠡᠨ ᠪᠢᠯᠡ᠃ ᠬᠠᠷᠢᠨ ᠳᠡᠬᠦᠨ᠎ᠤ ᠤᠶᠤᠭ᠍ᠰᠠᠨ ᠳᠤᠷᠭᠠᠨ ᠠᠮᠠᠪᠴᠢ᠎ᠨᠢ ᠭᠠᠳᠠᠷ ᠪᠠᠢᠳᠠᠯ᠎ᠨᠢ ᠭᠤᠶᠤ ᠮᠦᠷᠳᠡᠭᠡᠨ ᠪᠠᠰᠠ ᠳᠤᠯᠠᠭᠠᠬᠠᠨ ᠪᠠᠢᠵᠤ ᠨᠢᠭᠤᠷ ᠳᠠᠭᠠᠷᠠᠬᠤ ᠵᠢ ᠰᠡᠷᠭᠡᠢᠯᠡᠵᠤ ᠴᠢᠳᠠᠭᠰᠠᠨ ᠡᠴᠡ ᠰᠠᠢᠨ ᠳᠤᠷᠠᠴᠤᠳ᠎ᠤᠨ ᠬᠠᠯᠠᠭᠤᠨ ᠬᠦᠷᠢᠶᠡᠯᠡᠯ᠎ᠢ ᠤᠯᠤᠭ᠍ᠰᠠᠨ ᠪᠠᠢᠯ᠎ᠠ᠃ ᠳᠡᠭᠡᠭᠡᠳ ᠸᠧᠢ ᠯᠢ ᠦᠨ᠎ᠡ ᠲᠦᠯᠦᠪᠦᠷᠢ ᠦᠬᠡᠢ᠎ᠪᠠᠷ ᠰᠠᠢᠨ ᠳᠤᠷᠠᠴᠤᠳ᠎ᠲᠤ ᠠᠮᠠᠪᠴᠢ ᠤᠶᠤᠵᠤ ᠬᠠᠨᠳᠢᠪᠯᠠᠭ᠍ᠰᠠᠨ ᠪᠢᠯᠡ᠃ ᠡᠳᠦᠬᠡ ᠳᠡᠭᠦᠨ᠎ᠤ ᠦᠨᠳᠤᠰᠤᠳᠡᠨ᠎ᠤ ᠤᠨᠴᠠᠯᠢᠭ᠎ᠲᠠᠢ ᠠᠮᠠᠪᠴᠢ᠎ᠶ᠋ᠢ ᠬᠠᠢᠯᠠᠷ ᠬᠤᠳᠠ᠂ ᠪᠠᠶᠨᠨᠳᠤᠬᠤᠢ ᠪᠠᠯᠭᠠᠰᠤᠨ᠎ᠤ ᠬᠡᠷᠡᠯ ᠵᠢᠷᠤᠭ ᠳᠠᠳᠠᠳᠠᠭ ᠭᠠᠵᠠᠷ᠎ᠠᠴᠠ ᠳᠤᠰᠭᠠᠢ ᠵᠠᠬᠢᠶᠠᠯᠠᠵᠤ ᠵᠢᠷᠤᠭ ᠲᠦᠯᠦᠪᠯᠡᠭᠡ᠎ᠶ᠋ᠢᠨ ᠱᠠᠭᠠᠷᠳᠠᠯᠭ᠎ᠠ᠎ᠲᠠᠢ᠎ᠪᠠᠷ ᠬᠤᠳᠠᠯᠳᠤᠵᠤ ᠠᠪᠴᠤ᠌ ᠭᠤᠶᠤᠯᠳᠠ ᠪᠤᠯᠭᠠᠵᠤ ᠪᠠᠢᠨ᠎ᠠ᠃
ᠸᠧᠢ ᠯᠢ ᠦᠨᠳᠤᠰᠤᠳᠡᠨ᠎ᠤ ᠤᠨᠴᠠᠯᠢᠭ᠂ ᠭᠠᠵᠠᠷ ᠤᠷᠤᠨ᠎ᠤ ᠤᠨᠴᠠᠯᠢᠭ᠂ ᠴᠠᠭ ᠦᠶ᠎ᠡ᠎ᠶ᠋ᠢᠨ ᠤᠨᠴᠠᠯᠢᠭ᠎ᠢ ᠤᠶᠠᠯᠳᠤᠭᠤᠯᠤᠭ᠍ᠰᠠᠨ ᠬᠤᠪᠴᠠᠰᠤ ᠵᠠᠰᠠᠯ᠎ᠢ ᠨᠡᠩ ᠤᠯᠠᠨ ᠬᠦᠮᠤᠨ᠎ᠳᠤ ᠲᠠᠨᠢᠭᠤᠯᠤᠶ᠎ᠠ ᠬᠡᠵᠦ᠍ ᠴᠢᠷᠮᠠᠢᠵᠤ ᠶᠠᠪᠤᠨ᠎ᠠ᠃ ᠵᠢᠯ᠎ᠤᠨ ᠤᠷᠤᠯᠭ᠎ᠠ 20 ᠲᠦᠮᠡᠨ ᠲᠦᠭᠦᠷᠢᠭ ᠬᠦᠷᠴᠦ ᠪᠠᠢᠭ᠎ᠠ ᠸᠸᠢ ᠯᠢ᠄ 《ᠦᠪᠡᠷ᠎ᠢᠶᠠᠨ ᠬᠡᠳᠦᠢ ᠤᠯᠠᠨ ᠵᠦᠢᠯ᠎ᠢ ᠴᠢᠳᠠᠯ᠎ᠠ ᠭᠡᠳ ᠨᠢᠬᠡ ᠬᠦᠮᠤᠨ᠎ᠤ ᠬᠦᠴᠦ᠍ ᠳᠡᠳᠦᠢ᠂ ᠡᠢᠮᠤ ᠡᠴᠡ ᠨᠡᠩ ᠤᠯᠠᠨ ᠬᠦᠮᠤᠨ᠎ᠳᠤ ᠦᠪᠡᠷ᠎ᠤᠨ ᠴᠢᠳᠠᠬᠤ ᠪᠦᠬᠦᠨ᠎ᠢᠶᠡᠨ ᠵᠢᠭᠠᠬᠤ ᠰᠠᠨᠠᠭ᠎ᠠ᠎ᠲᠠᠢ᠃ ᠬᠤᠵᠢᠮ ᠤᠶᠤᠳᠠᠯ᠎ᠤᠨ ᠭᠠᠵᠠᠷ ᠪᠠ ᠬᠤᠳᠠᠯᠳᠤᠭ᠎ᠠ᠎ᠪᠠᠨ ᠦᠷᠭᠡᠳᠭᠡᠵᠦ᠍ ᠦᠨᠳᠤᠰᠤᠳᠡᠨ᠎ᠤ ᠬᠤᠪᠴᠠᠰᠤ ᠵᠠᠰᠠᠯ᠂ ᠭᠠᠷ ᠤᠷᠠᠯᠠᠯ ᠪᠠ ᠦᠨᠳᠤᠰᠤᠳᠡᠨ᠎ᠤ ᠡᠳ᠋ᠯᠡᠯ ᠬᠡᠷᠡᠭ᠌ᠰᠡᠯ᠎ᠢᠶᠠᠷ ᠭᠤᠤᠯᠳᠠᠭᠤᠯᠤᠭ᠍ᠰᠠᠨ ᠺᠤᠮᠫᠠᠨᠢ ᠪᠤᠯᠭᠠᠬᠤ ᠰᠠᠨᠠᠭ᠎ᠠ᠎ᠲᠠᠢ》ᠬᠡᠵᠦ᠍ ᠠᠵᠢᠯ ᠦᠢᠯᠡᠰ᠎ᠤᠨ᠎ᠢᠶᠡᠨ ᠬᠤᠢᠰᠢᠳᠠ ᠵᠢᠨ ᠲᠦᠯᠦᠪᠯᠡᠭᠡ ᠪᠡᠨ ᠢᠲᠡᠭᠡᠯ ᠲᠡᠬᠦᠯᠳᠡᠷ ᠶᠠᠷᠢᠯ᠎ᠠ᠃

ᠸᠧᠢ ᠯᠢ ᠤᠶᠤᠳᠠᠯ ᠤᠨ ᠭᠠᠵᠠᠷ ᠲᠠᠭᠠᠨ

ᠸᠧᠢ ᠯᠢ ᠵᠢᠨ ᠤᠶᠤᠬᠰᠠᠨ ᠠᠮᠠᠪᠴᠢ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃