2023-05-24 15:20:50
ᠤᠷᠴᠢᠮᠬᠠᠨ ᠦᠪᠤᠷ ᠮᠤᠡᠭᠭᠤᠯ᠎ᠤᠨ ᠶᠡᠭᠡ ᠰᠤᠷᠭᠠᠭᠤᠯᠢ ᠵᠢᠨ ᠬᠡᠪᠯᠡᠯ᠎ᠤᠨ ᠬᠤᠷᠢᠶ᠎ᠠ ᠡᠴᠡ 《ᠠ᠊·ᠡᠷᠳᠡᠨᠢᠪᠡᠶᠡᠷ ᠤᠨ ᠵᠤᠬᠢᠶᠠᠯ ᠪᠦᠳᠤᠭᠡᠯ᠎ᠤᠨ ᠴᠢᠭᠤᠯᠭᠠᠨ》 (ᠵᠢᠷᠭᠤᠭᠠᠨ ᠪᠤᠳᠢ) ᠢ ᠬᠡᠪᠯᠡᠬᠦᠯᠪᠡ᠃
ᠠ᠊·ᠡᠷᠳᠡᠨᠢᠪᠠᠶᠠᠷ (1962 — 2019) ᠪᠤᠯ ᠰᠤᠷᠭᠠᠨ ᠬᠦᠮᠤᠵᠢᠯ᠎ᠤᠨ ᠶᠠᠮᠤᠨ᠎ᠤ 《ᠴᠠᠡᠭ ᠵᠢᠶᠠᠡᠭ ᠡᠷᠳᠡᠮᠳᠡᠨ᠎ᠢ ᠬᠦᠬᠢᠬᠦᠯᠤᠨ ᠱᠠᠡᠭᠨᠠᠬᠤ ᠲᠦᠯᠤᠪᠯᠡᠭᠡ》 ᠵᠢᠨ ᠤᠨᠴᠠ ᠤᠷᠢᠬᠰᠠᠨ ᠫᠷᠤᠹᠸᠰᠰᠤᠷ᠂ ᠦᠪᠤᠷ ᠮᠤᠡᠭᠭᠤᠯ᠎ᠤᠨ ᠶᠡᠭᠡ ᠰᠤᠷᠭᠠᠭᠤᠯᠢ ᠵᠢᠨ ᠬᠤᠶᠠᠳᠤᠭᠠᠷ ᠲᠡᠰ᠎ᠤᠨ ᠫᠷᠤᠹᠸᠰᠰᠤᠷ᠂ ᠳ᠋ᠤᠺᠲ᠋ᠤᠷᠠᠨᠲ ᠤᠨ ᠵᠢᠯᠤᠭᠤᠳᠤᠬᠴᠢ ᠪᠠᠬᠰᠢ᠂ ᠮᠤᠡᠭᠭᠤᠯ ᠰᠤᠳᠤᠯᠤᠯ᠎ᠤᠨ ᠲᠡᠭᠡᠳᠤ ᠰᠤᠷᠭᠠᠭᠤᠯᠢ ᠵᠢᠨ ᠲᠡᠳ᠋ ᠵᠠᠬᠢᠷᠤᠯ (ᠠᠵᠢᠯ ᠡᠷᠬᠢᠯᠡᠭᠰᠡᠨ) ᠪᠠ ᠮᠤᠡᠭᠭᠤᠯ ᠲᠦᠪᠡᠳ᠎ᠤᠨ ᠰᠤᠶᠤᠯ ᠰᠤᠳᠤᠯᠬᠤ ᠲᠦᠪ᠎ᠤᠨ ᠡᠷᠬᠢᠯᠡᠭᠴᠢ ᠪᠠᠢᠪᠠ᠃ ᠲᠡᠷᠡ ᠪᠠᠰᠠ ᠲᠦᠷᠤ ᠵᠢᠨ ᠶᠠᠪᠤᠳᠠᠯ᠎ᠤᠨ ᠬᠤᠷᠢᠶᠠᠨ᠎ᠤ ᠡᠷᠳᠡᠮ᠎ᠤᠨ ᠵᠡᠷᠭᠡ ᠵᠢᠨ ᠵᠤᠢ᠍ᠪᠯᠡᠯᠤᠨ ᠵᠢᠷᠭᠤᠳᠤᠭᠠᠷ᠂ ᠲᠤᠯᠤᠳᠤᠭᠠᠷ ᠬᠤᠭᠤᠴᠠᠭᠠᠨ᠎ᠤ ᠲᠤᠮᠳᠠᠳᠤ ᠤᠯᠤᠰ᠎ᠤᠨ ᠬᠡᠯᠡ ᠤᠳᠬ᠎ᠠ ᠵᠤᠬᠢᠶᠠᠯ᠎ᠤᠨ ᠡᠷᠳᠡᠮ᠎ᠤᠨ ᠰᠠᠯᠠᠭᠠᠨ᠎ᠤ ᠰᠢᠯᠭᠠᠨ ᠲᠤᠬᠳᠠᠭᠠᠬᠤ ᠲᠤᠭᠤᠢᠯᠠᠡᠭ᠎ᠤᠨ ᠬᠡᠰᠢᠬᠦᠨ᠂ ᠦᠪᠡᠷᠳᠡᠭᠡᠨ ᠵᠠᠰᠠᠬᠤ ᠤᠷᠤᠨ᠎ᠤ ᠡᠷᠳᠡᠮ᠎ᠤᠨ ᠵᠡᠷᠭᠡ ᠵᠢᠨ ᠵᠦᠪᠯᠡᠯ᠎ᠤᠨ ᠬᠡᠰᠢᠬᠦᠨ᠂ ᠦᠪᠤᠷ ᠮᠤᠡᠭᠭᠤᠯ᠎ᠤᠨ ᠤᠮᠠᠷᠠᠳᠤ ᠵᠢᠨ ᠦᠨᠳᠤᠰᠤᠳᠡᠨ᠎ᠤ ᠰᠤᠶᠤᠯ᠎ᠤᠨ ᠦᠪ᠎ᠤᠨ ᠰᠤᠳᠤᠯᠭᠠᠨ᠎ᠤ ᠨᠡᠢᠭᠡᠮᠯᠢᠭ᠎ᠤᠨ ᠲᠠᠷᠤᠭ᠎ᠠ ᠵᠡᠷᠭᠡ ᠡᠷᠳᠡᠮ ᠰᠢᠨᠵᠢᠯᠡᠭᠡᠨ᠎ᠤ ᠲᠤᠰᠢᠶᠠᠯ᠎ᠢ ᠡᠬᠦᠷᠭᠡᠯᠡᠵᠤ ᠦᠡᠭᠭᠡᠷᠡᠪᠡ᠃ ᠤᠯᠤᠰ᠎ᠤᠨ 《ᠲᠦᠮᠡᠨ ᠬᠦᠮᠤᠨ᠎ᠤ ᠲᠦᠯᠤᠪᠯᠡᠭᠡ》 ᠵᠢᠨ ᠲᠠᠭᠠᠭᠤᠯᠤᠬᠴᠢ ᠴᠢᠳᠠᠪᠤᠷᠢᠳᠡᠨ᠂ ᠰᠤᠶᠤᠯ᠎ᠤᠨ ᠨᠡᠷᠡᠳᠤ ᠬᠦᠮᠤᠨ ᠵᠢᠴᠢ《ᠲᠦᠷᠪᠡᠨ ᠨᠢᠭᠡ ᠪᠦᠯᠦᠭ》᠎ᠤ᠋ᠨ ᠴᠢᠳᠠᠪᠤᠷᠢᠳᠠᠨ᠂ ᠲᠦᠷᠤ ᠵᠢᠨ ᠶᠠᠪᠤᠳᠠᠯ᠎ᠤᠨ ᠬᠤᠷᠢᠶᠠᠨ᠎ᠤ ᠵᠠᠰᠠᠭ᠎ᠤᠨ ᠤᠷᠳᠤᠨ᠎ᠤ ᠤᠨᠴᠠ ᠨᠦᠬᠦᠪᠤᠷᠢ ᠵᠢ ᠬᠦᠷᠳᠡᠭᠴᠢ᠂ ᠦᠪᠡᠷᠳᠡᠭᠡᠨ ᠵᠠᠰᠠᠬᠤ ᠤᠷᠤᠨ᠎ᠤ 《ᠲᠠᠯ᠎ᠠ ᠨᠤᠳᠤᠭ᠎ᠤᠨ ᠴᠢᠳᠠᠪᠤᠷᠢᠳᠠᠨ》 ᠤ᠋ ᠢᠨᠵᠸᠨ᠋ᠸᠷᠢᠡᠭ᠎ᠤᠨ ᠴᠢᠳᠠᠪᠤᠷᠢᠳᠡᠨ ᠵᠢᠴᠢ ᠠᠵᠤ ᠦᠢᠯᠡᠰ᠎ᠤᠨ ᠰᠢᠨ᠎ᠠ ᠵᠢ ᠡᠬᠦᠳᠬᠦ ᠴᠢᠳᠠᠪᠤᠷᠢᠳᠡᠨᠤ ᠬᠠᠮᠳᠤ ᠨᠠᠢᠳᠠ ᠵᠢᠨ ᠲᠠᠭᠠᠭᠤᠯᠤᠬᠴᠢ ᠪᠠᠢᠬᠰᠠᠨ ᠪᠦᠭᠡᠳ ᠦᠪᠤᠷ ᠮᠤᠡᠭᠭᠤᠯ᠎ᠤᠨ ᠭᠠᠷᠮᠠᠭᠠᠢ ᠴᠢᠳᠠᠪᠤᠷᠢᠳᠡᠨᠤ ᠱᠠᠡᠭᠨᠠᠯᠢ ᠬᠦᠷᠳᠡᠵᠠᠢ᠃

ᠠ᠊·ᠡᠷᠳᠡᠨᠢᠪᠠᠶᠠᠷ ᠪᠤᠯ ᠤᠯᠤᠰ᠎ᠤᠨ ᠲᠤᠳᠤᠭᠠᠳᠤ ᠭᠠᠳᠠᠭᠠᠳᠤ᠎ᠳᠤ ᠠᠯᠳᠠᠷᠳᠠᠢ ᠮᠤᠡᠭᠭᠤᠯ ᠬᠡᠯᠡ ᠪᠠ ᠲᠦᠪᠡᠳ ᠬᠡᠯᠡᠨ᠎ᠳᠤ ᠨᠡᠪᠳᠡᠷᠡᠭᠰᠡᠨ ᠡᠷᠳᠡᠮᠳᠡᠨ ᠪᠤᠯᠤᠨ᠎ᠠ᠃ ᠮᠤᠡᠭᠭᠤᠯᠴᠤᠳ᠎ᠤᠨ ᠲᠦᠪᠡᠳ ᠬᠡᠯᠡᠨ᠎ᠤ ᠰᠤᠷᠪᠤᠯᠵᠢᠰ᠎ᠤᠨ ᠴᠤᠬᠯᠠᠭᠤᠯᠭ᠎ᠠ᠂ ᠡᠮᠬᠢᠯᠡᠯ ᠬᠢᠭᠡᠳ ᠰᠤᠳᠤᠯᠤᠯ᠂ ᠮᠤᠡᠭᠭᠤᠯ ᠵᠤᠬᠢᠶᠠᠯ᠎ᠤᠨ ᠤᠨᠤᠯ ᠦᠬᠦᠯᠡᠬᠦᠢ ᠵᠢᠨ ᠰᠤᠳᠤᠯᠤᠯ᠂ ᠮᠤᠡᠭᠭᠤᠯ ᠲᠦᠪᠡᠳ ᠰᠢᠯᠦᠭ ᠵᠦᠢ ᠵᠢᠨ ᠬᠠᠷᠢᠴᠠᠭᠠᠨ᠎ᠤ ᠰᠤᠳᠤᠯᠤᠯ᠂ ᠮᠤᠡᠭᠭᠤᠯ ᠦᠨᠳᠤᠰᠤᠳᠡᠨ᠎ᠤ ᠪᠤᠳ᠋ᠳ᠋ᡁᠠ ᠵᠢᠨ ᠱᠠᠰᠢᠨ᠎ᠤ ᠤᠳᠬ᠎ᠠ ᠵᠤᠬᠢᠶᠠᠯ ᠬᠢᠭᠡᠳ ᠲᠤᠯᠭᠤᠷ ᠪᠢᠴᠢᠭ᠎ᠤᠨ ᠰᠤᠳᠤᠯᠤᠯ᠂ ᠮᠤᠡᠭᠭᠤᠯ ᠲᠦᠪᠡᠳ《ᠬᠡᠰᠡᠷ》᠎ᠤ᠋ᠨ ᠬᠠᠷᠢᠴᠠᠭᠤᠯᠤᠬᠰᠠᠨ ᠰᠤᠳᠤᠯᠤᠯ ᠵᠡᠷᠭᠡ ᠲᠠᠯ᠎ᠠ ᠪᠡᠷ ᠴᠢᠬᠤᠯᠡ ᠶᠡᠭᠡ ᠰᠢᠪᠳᠤᠯᠤᠯᠳᠠ ᠭᠠᠷᠭᠠᠵᠤ᠂ ᠮᠤᠡᠭᠭᠤᠯ ᠰᠤᠳᠤᠯᠤᠯ᠎ᠤᠨ ᠰᠢᠨᠵᠢᠯᠡᠭᠡᠨ᠎ᠤ ᠬᠦᠷᠢᠶ᠎ᠠ ᠴᠡᠷᠠᠭ᠎ᠠ ᠵᠢ ᠦᠷᠭᠡᠳᠭᠡᠬᠦ᠎ᠳᠤ ᠬᠦᠴᠤᠨ ᠵᠢᠳᠬᠦᠯ ᠵᠢᠡᠨ ᠨᠡᠮᠡᠷᠢᠯᠡᠵᠤ᠂ ᠬᠠᠮᠢᠶ᠎ᠠ ᠪᠦᠬᠦᠢ ᠡᠷᠳᠡᠮᠳᠡᠳ᠎ᠤᠨ ᠦᠨᠳᠤᠷ ᠦᠨᠡᠯᠡᠯᠳᠡ ᠵᠢ ᠤᠯᠤᠬᠰᠠᠨ ᠪᠠᠢᠳᠠᠭ᠃ ᠤᠯᠤᠰ᠎ᠤᠨ ᠲᠤᠳᠤᠭᠠᠳᠤ ᠭᠠᠳᠠᠭᠠᠳᠤ ᠵᠢᠨ ᠰᠡᠳᠬᠦᠯ ᠲᠡᠭᠡᠷ᠎ᠠ 30 ᠭᠠᠷᠤᠢ ᠡᠷᠳᠡᠮ ᠰᠢᠨᠵᠢᠯᠡᠭᠡᠨ᠎ᠤ ᠦᠬᠦᠯᠡᠯ ᠢ ᠢᠯᠡ ᠪᠡᠷ ᠨᠡᠢᠳᠡᠯᠡᠵᠤ᠂ ᠲᠤᠰᠬᠠᠢ ᠪᠦᠳᠤᠭᠡᠯ᠂ ᠨᠠᠢᠷᠠᠭᠤᠯᠤᠨ ᠵᠤᠬᠢᠶᠠᠬᠰᠠᠨ ᠪᠦᠳᠤᠭᠡᠯ ᠪᠤᠯᠤᠨ ᠤᠷᠴᠢᠭᠤᠯᠤᠬᠰᠠᠨ ᠪᠦᠳᠤᠭᠡᠯ 10 ᠭᠠᠷᠤᠢ ᠬᠡᠪᠯᠡᠬᠦᠯᠵᠠᠢ᠃ ᠠ᠊·ᠡᠷᠳᠡᠨᠢᠪᠠᠶᠠᠷ ᠦᠨ ᠵᠤᠬᠢᠶᠠᠯ ᠪᠦᠳᠦᠬᠡᠯ᠎ᠦᠨ 《ᠴᠢᠭᠤᠯᠭᠠᠨ》 ᠳ᠋ᠦ ᠲᠡᠬᠦᠨ᠎ᠤ ᠮᠠᠰᠢ ᠤᠯᠠᠨ ᠡᠷᠳᠡᠮ ᠰᠢᠨᠵᠢᠯᠡᠭᠡᠨ᠎ᠤ ᠪᠦᠳᠤᠭᠡᠯ ᠲᠤᠳᠤᠷ᠎ᠠ ᠡᠴᠡ ᠦᠪᠤᠷ ᠮᠤᠡᠭᠭᠤᠯ᠎ᠤᠨ ᠬᠦᠨ ᠤᠬᠠᠭᠠᠨ ᠨᠡᠢᠭᠡᠮ᠎ᠤᠨ ᠰᠢᠨᠵᠢᠯᠡᠬᠦ ᠤᠬᠠᠭᠠᠨ᠎ᠤ ᠰᠢᠯᠢᠳᠡᠭ ᠦᠷ᠎ᠠ ᠪᠦᠳᠤᠭᠡᠯ᠎ᠤᠨ ᠵᠠᠰᠠᠭ᠎ᠤᠨ ᠤᠷᠳᠤᠨ᠎ᠤ ᠨᠢᠭᠡᠳᠤᠭᠡᠷ ᠲᠡᠰ᠎ᠤᠨ ᠱᠠᠡᠭᠨᠠᠯᠢ ᠬᠦᠷᠳᠡᠭᠰᠡᠨ ᠬᠤᠶᠡᠷ ᠲᠤᠰᠬᠠᠢ ᠪᠦᠳᠤᠭᠡᠯ᠂ ᠬᠤᠶᠠᠳᠤᠭᠠᠷ ᠲᠡᠰ᠎ᠤᠨ ᠱᠠᠡᠭᠨᠠᠯ ᠬᠦᠷᠳᠡᠭᠰᠡᠨ ᠨᠢᠭᠡ ᠲᠤᠰᠬᠠᠢ ᠪᠦᠳᠤᠭᠡᠯ᠂ ᠨᠡᠢᠭᠡᠮ᠎ᠤᠨ ᠰᠢᠨᠵᠢᠯᠡᠬᠦ ᠤᠬᠠᠭᠠᠨ᠎ᠤ ᠲᠤᠯᠭᠤᠷ ᠪᠢᠴᠢᠭ᠎ᠤᠨ ᠬᠡᠪᠯᠡᠯ᠎ᠤᠨ ᠬᠤᠷᠢᠶᠠᠨ᠎ᠤ ᠬᠡᠪᠯᠡᠬᠦᠯᠦᠭᠰᠡᠨ ᠨᠢᠭᠡ ᠲᠤᠰᠬᠠᠢ ᠪᠦᠳᠤᠭᠡᠯ ᠵᠢᠴᠢ 30 ᠭᠠᠷᠤᠢ ᠡᠷᠳᠡᠮ ᠰᠢᠨᠵᠢᠯᠡᠭᠡᠨ᠎ᠤ ᠦᠬᠦᠯᠡᠯ ᠰᠤᠡᠭᠭᠤᠬᠳᠠᠨ ᠤᠷᠤᠵᠠᠢ᠃
ᠠ᠊·ᠡᠷᠳᠡᠨᠢᠪᠠᠶᠠᠷ ᠦᠨ ᠵᠤᠬᠢᠶᠠᠯ ᠪᠦᠳᠦᠬᠡᠯ᠎ᠦᠨ 《ᠴᠢᠭᠤᠯᠭᠠᠨ》 ᠨᠢ ᠨᠡᠢᠳᠡ ᠵᠢᠷᠭᠤᠭᠠᠨ ᠪᠤᠳᠢ᠂ ᠪᠠᠷᠤᠭ 250 ᠲᠦᠮᠡᠨ ᠦᠰᠦᠭ ᠲᠠᠢ᠃ ᠰᠠᠵᠠ ᠪᠠᠨᠳᠢᠳᠠ ᠬᠦᠡᠭᠭᠠᠵᠠᠯᠰᠠᠨ᠂ ᠽᠠᠶ᠎ᠠ ᠪᠠᠠᠳᠢᠳᠠ ᠯᠤᠪᠰᠠᠡᠭᠫᠠᠷᠠᠡᠭᠯᠠᠢ᠂ ᠰᠦᠮᠪᠠ ᠬᠠᠮᠪᠤ ᠢᠰᠢᠪᠠᠯᠵᠤᠷ᠂ ᠠᠯᠠᠱᠠ ᠯᡁᠠᠷᠠᠮᠪᠠ ᠠᠬᠸᠠᠡᠭᠳᠠᠨᠳᠠᠷ᠂ ᠨᠢ᠋ᠮᠠᠨ ᠲᠤᠢᠨ ᠵᠠᠮᠪᠠᠯᠳᠤᠷᠵᠢ ᠵᠢᠨ ᠰᠤᠳᠤᠯᠤᠯ᠂《ᠵᠤᠬᠢᠰᠳᠤ ᠠᠶᠠᠯᠭᠤ ᠵᠢᠨ ᠲᠤᠯᠢ》 ᠵᠢᠨ ᠲᠸᠺᠰᠲ ᠰᠤᠳᠤᠯᠤᠯ᠂ 《ᠰᠢᠳᠢᠳᠤ ᠬᠡᠬᠦᠷ᠎ᠤᠨ ᠦᠯᠢᠭᠡᠷ》 ᠤ᠋ᠨ ᠤᠷᠴᠢᠭᠤᠯᠭ᠎ᠠ ᠵᠢᠴᠢ ᠶᠤᠸᠠᠨ᠂ ᠮᠢᠡᠭ᠂ ᠴᠢᠡᠭ᠎ᠤᠨ ᠦᠶ᠎ᠠ ᠵᠢᠨ ᠮᠤᠡᠭᠭᠤᠯᠴᠤᠳ᠎ᠤᠨ ᠲᠦᠪᠡᠳ ᠬᠡᠯᠡᠨ᠎ᠤ ᠰᠤᠷᠪᠤᠯᠵᠢ ᠪᠢᠴᠢᠭ᠎ᠢ ᠴᠤᠬᠯᠠᠭᠤᠯᠬᠤ᠂ ᠡᠮᠬᠢᠳᠭᠡᠬᠦ ᠪᠠ ᠰᠤᠳᠤᠯᠬᠤ ᠵᠡᠷᠭᠡ ᠬᠠᠷᠢᠯᠴᠠᠨ ᠢᠯᠭᠠᠭ᠎ᠠ ᠲᠠᠢ ᠮᠦᠷᠳᠡᠭᠡᠨ ᠨᠢᠬᠳᠠ ᠬᠤᠯᠪᠤᠭ᠎ᠠ ᠲᠠᠢ ᠡᠷᠳᠡᠮ ᠰᠢᠨᠵᠢᠯᠡᠭᠡᠨ᠎ᠤ ᠬᠦᠷᠢᠶ᠎ᠠ ᠴᠠᠷᠠᠭ᠎ᠠ ᠵᠢ ᠬᠠᠮᠤᠷᠤᠬᠰᠠᠨ ᠪᠠᠢᠨ᠎ᠠ᠃ ᠡᠬᠦᠨ᠎ᠳᠤ᠂ ᠡᠮᠤᠨᠠᠬᠢ ᠲᠠᠪᠤᠨ ᠪᠤᠳᠢ᠎ᠳᠤ 《ᠢᠰᠢᠪᠠᠯᠵᠤᠷ᠎ᠤᠨ ᠰᠢᠯᠦᠭ ᠵᠦᠢ ᠵᠢᠨ ᠰᠤᠳᠤᠯᠤᠯ》᠂ 《〈ᠵᠤᠬᠢᠰᠳᠤ ᠠᠶᠠᠯᠭᠤ ᠵᠢᠨ ᠲᠤᠯᠢ〉 ᠵᠢᠨ ᠰᠤᠳᠤᠯᠤᠯ》᠂《〈ᠵᠠᠮᠪᠠᠯᠳᠤᠷᠵᠢ ᠰᠤᠳᠤᠯᠤᠯ〉᠂ 〈ᠰᠢᠳᠢᠳᠤ ᠬᠡᠬᠦᠷ᠎ᠤᠨ ᠦᠯᠢᠭᠡᠷ〉》᠂ 《〈ᠮᠡᠷᠭᠡᠳ ᠤᠷᠤᠬᠤ ᠵᠢᠨ ᠬᠠᠭᠠᠯᠭ᠎ᠠ〉ᠪᠠ〈ᠰᠠᠢᠨ ᠨᠤᠮᠯᠠᠯ᠎ᠤᠨ ᠨᠡᠷᠡᠨ ᠬᠡᠷᠡᠯ〉᠎ᠤ᠋ᠨ ᠬᠠᠷᠢᠴᠠᠭᠤᠯᠤᠬᠰᠠᠨ ᠰᠤᠳᠤᠯᠤᠯ》᠂ 《〈ᠮᠡᠷᠭᠡᠳ ᠤᠷᠤᠬᠤ ᠵᠢᠨ ᠬᠠᠭᠠᠯᠭ᠎ᠠ〉 ᠵᠢᠨ ᠶᠡᠷᠤᠡᠭᠭᠡᠢᠯᠡᠭᠰᠡᠨ ᠰᠤᠳᠤᠯᠤᠯ》ᠵᠡᠷᠭᠡ ᠲᠦᠷᠪᠡᠨ ᠲᠤᠰᠬᠠᠢ ᠪᠦᠳᠤᠭᠡᠯ ᠪᠠ ᠬᠤᠶᠡᠷ ᠤᠷᠴᠢᠭᠤᠯᠭ᠎ᠠ ᠵᠢᠨ ᠪᠦᠳᠤᠭᠡᠯ ᠵᠢᠴᠢ ᠬᠤᠯᠪᠤᠬᠳᠠᠯ ᠪᠦᠬᠦᠢ ᠦᠬᠦᠯᠡᠯᠢ ᠰᠤᠡᠭᠭᠤᠨ ᠤᠷᠤᠭᠤᠯᠵᠤ᠂ ᠬᠠᠮᠤᠭ ᠦᠨ ᠰᠡᠬᠦᠯ᠎ᠤᠨ ᠪᠤᠳᠢ᠎ᠳᠤ ᠵᠤᠬᠢᠶᠠᠬᠴᠢ ᠵᠢᠨ ᠮᠤᠡᠭᠭᠤᠯ᠂ ᠬᠢᠳᠡᠳ᠂ ᠠᠡᠭᠭᠯᠢ᠂ ᠺᠠᠷᠢᠯ ᠦᠰᠦᠭ ᠵᠢᠡᠷ ᠨᠡᠢᠳᠡᠯᠡᠭᠰᠡᠨ ᠬᠤᠷᠢᠭᠠᠳ ᠬᠤᠪᠢ ᠡᠷᠳᠡᠮ ᠰᠢᠨᠵᠢᠯᠡᠭᠡᠨ᠎ᠤ ᠦᠬᠦᠯᠡᠯ᠂ ᠭᠤᠷᠪᠡᠨ ᠬᠤᠪᠢ ᠨᠤᠮ᠎ᠤᠨ ᠰᠢᠬᠦᠮᠵᠢ ᠬᠢᠭᠡᠳ ᠲᠤᠯᠤᠭᠠᠨ ᠬᠤᠪᠢ ᠲᠤᠷᠠᠳᠬᠠᠯ ᠲᠡᠮᠳᠡᠭᠯᠡᠯ᠎ᠤᠨ ᠵᠤᠬᠢᠶᠠᠯ᠎ᠤᠳ ᠰᠤᠡᠭᠭᠤᠬᠳᠠᠵᠠᠢ᠃
ᠠ᠊·ᠡᠷᠳᠡᠨᠢᠪᠠᠶᠠᠷ᠎ᠦᠨ ᠵᠤᠬᠢᠶᠠᠯ ᠪᠦᠳᠦᠬᠡᠯ᠎ᠦᠨ 《ᠴᠢᠭᠤᠯᠭᠠᠨ》ᠪᠤᠯ ᠠ᠊·ᠡᠷᠳᠡᠨᠢᠪᠠᠶᠠᠷ ᠫᠷᠤᠹᠸᠰᠰᠤᠷ᠎ᠤᠨ ᠨᠢᠭᠡ ᠨᠠᠰᠤᠨ᠎ᠤ ᠡᠷᠳᠡᠮ ᠰᠢᠨᠵᠢᠯᠡᠭᠡᠨ᠎ᠤ ᠦᠷ᠎ᠠ ᠪᠦᠳᠤᠭᠡᠯ᠎ᠤᠨ ᠡᠮᠬᠢᠳᠭᠡᠯ᠂ ᠡᠷᠳᠡᠮ ᠰᠢᠨᠵᠢᠯᠡᠭᠡᠨ᠎ᠤ ᠠᠮᠵᠢᠯᠳᠠ ᠪᠦᠳᠤᠮᠵᠢ ᠵᠢᠨ ᠴᠤᠮᠬᠠᠳᠬᠠᠯ᠂ ᠮᠦᠨ ᠴᠤ ᠲᠡᠬᠦᠨ᠎ᠤ ᠮᠤᠡᠭᠭᠤᠯ ᠦᠨᠳᠤᠰᠤᠳᠡᠨ᠎ᠤ ᠲᠦᠪᠡᠳ ᠬᠡᠯᠡᠨ ᠲᠡᠭᠡᠷᠡᠬᠢ ᠰᠤᠷᠪᠤᠯᠵᠢ ᠪᠢᠴᠢᠭ᠎ᠤᠨ ᠤᠷᠴᠢᠭᠤᠯᠭ᠎ᠠ ᠪᠠ ᠰᠤᠳᠤᠯᠤᠯ ᠵᠢᠴᠢ ᠮᠤᠡᠭᠭᠤᠯ ᠲᠦᠪᠡᠳ᠎ᠤᠨ ᠰᠤᠶᠤᠯ᠎ᠤᠨ ᠰᠢᠨᠵᠢᠯᠡᠭᠡᠨ᠎ᠤ ᠰᠠᠯᠠᠭ᠎ᠠ ᠵᠢᠨ ᠪᠦᠳᠤᠭᠡᠨ ᠪᠠᠢᠭᠤᠯᠤᠯᠳᠠ᠎ᠳᠤ ᠦᠵᠡᠬᠦᠯᠦᠭᠰᠡᠨ ᠭᠠᠷᠮᠠᠭᠠᠢ ᠬᠤᠪᠢ ᠨᠡᠮᠡᠷᠢ ᠵᠢᠨ ᠬᠠᠷᠠᠭᠤᠯᠤᠯ ᠪᠤᠯᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠴᠠᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃