ᠲᠡᠷᠢᠭᠦᠨ ᠨᠢᠭᠤᠷ>ᠬᠦᠮᠦᠨ ᠨᠡᠢᠭᠡᠮ>ᠮᠡᠳᠡᠭᠡ

2023-08-21 14:12:10

ᠵᠣᠬᠢᠶᠠᠭ᠍ᠴᠢ᠄ ᠦ᠋ ᠰᠡᠷᠬᠦᠯᠡᠩ ᠣᠩᠱᠢᠭ᠍ᠰᠠᠨ ᠣᠳᠠᠭ᠎ᠠ᠄ 3

ᠮᠤᠩᠭᠤᠯᠴᠤᠳ ᠡᠷᠳᠡ ᠲᠡᠭᠡᠳᠦ ᠡᠴᠡ ᠪᠡᠨ ᠠᠪᠤᠭᠠᠳ ᠦᠪᠡᠷ ᠵᠢᠡᠨ ᠤᠷᠠᠩᠬᠠᠢ᠂ ᠨᠦᠬᠦᠭᠡᠰᠦᠳᠡᠢ ᠲᠡᠪᠡᠯ ᠡᠮᠦᠰᠦᠭᠰᠡᠨ ᠴᠦ᠍ ᠨᠤᠮ ᠰᠤᠳᠤᠷ ᠵᠢᠡᠨ ᠲᠤᠷᠭ᠎ᠠ ᠬᠤᠷᠭᠤᠢ ᠪᠡᠷ ᠪᠠᠷᠢᠨᠳᠠᠬ᠍ᠯᠠᠨ ᠲᠡᠭᠡᠳᠦᠯᠡᠳᠡᠭ ᠶᠤᠮ᠃ ᠢᠨᠲ᠋ᠧᠷ ᠰᠦᠯᠵᠢᠶ᠎ᠡ᠂ ᠭᠠᠷ ᠤᠳᠠᠰᠦ ᠦᠷᠭᠡᠨ ᠵᠢᠡᠷ ᠲᠦᠭᠡᠮᠡᠯᠵᠢᠭᠰᠡᠨ ᠦᠨᠦᠳᠦᠷ ᠤᠯᠠᠮᠵᠢᠯᠠᠯ ᠵᠢᠡᠨ ᠬᠦᠨᠳᠦᠳᠭᠡᠨ᠂ ᠨᠤᠮ ᠪᠢᠴᠢᠭ ᠵᠢᠡᠨ ᠲᠡᠭᠡᠳᠦᠯᠡᠵᠦ᠍ ᠶᠠᠪᠤᠭ᠎ᠠ ᠵᠢᠨ ᠨᠢᠭᠡᠨ ᠦᠯᠢᠭᠡᠷ ᠵᠢᠱ᠌ᠢᠶ᠎ᠡ ᠪᠤᠯ ᠬᠢᠩᠭᠠᠨ ᠠᠢᠮᠠᠭ ᠤ᠋ᠨ ᠬᠤᠷᠴᠢᠨ ᠪᠠᠷᠠᠭᠤᠨ ᠭᠠᠷᠦᠨ ᠡᠮᠦᠨᠡᠳᠤ ᠬᠤᠱᠢᠭᠤᠨ ᠤ᠋ ᠤᠯᠠᠭᠠᠨᠮᠤᠳᠤ ᠰᠤᠮᠤ ᠵᠢᠨ ᠦᠪᠦᠷᠵᠢᠯᠠᠭ᠎ᠠ ᠭᠠᠴᠠᠭᠠᠨ ᠤ᠋ ᠠᠬᠠᠮᠠᠳ ᠪᠠᠭ᠍ᠰᠢ ᠪᠤᠯᠤᠨ᠎ᠠ᠃

ᠪᠦᠬᠡᠪᠡᠶᠠᠷ 1985 ᠤᠨ ᠳ᠋ᠤ ᠤᠯᠠᠭᠠᠨᠮᠤᠳᠤ ᠪᠠᠭ᠎ᠠ ᠰᠤᠷᠭᠠᠭᠤᠯᠢ ᠳ᠋ᠤ ᠠᠵᠢᠯ ᠤ᠋ᠨ ᠭᠠᠷᠤᠭ᠎ᠠ ᠪᠡᠨ ᠠᠪᠴᠦ᠍ ᠪᠠᠭᠰᠢᠯᠠᠭᠠᠳ ᠨᠢᠬᠡᠨᠳᠡ ᠭᠤᠴᠢᠭᠠᠳ ᠵᠢᠯ ᠤ᠋ᠨ ᠨᠢᠭᠤᠷ ᠢ᠋ ᠦᠵᠡᠪᠡ᠃ ᠲᠡᠷᠡ ᠶᠡᠷᠤ ᠨᠢ ᠨᠤᠮ ᠪᠢᠴᠢᠭ ᠲᠤ᠌ ᠳᠤᠷ᠎ᠠ ᠪᠠᠭ᠍ᠠᠳᠠᠢ ᠪᠠᠢᠳᠠᠭ ᠡᠴᠡ ᠨᠠᠰᠦᠨ ᠲᠤᠷᠱᠢᠳᠠ ᠪᠡᠨ ᠤᠯᠠᠨ ᠨᠤᠮ ᠴᠤᠭᠯᠠᠭᠤᠯᠵᠤ ᠤᠩᠱᠢᠳᠠᠭ ᠪᠠᠢᠯ᠎ᠠ᠃

ᠭᠠᠢ ᠭᠠᠵᠠᠷ ᠳᠤᠤᠷ᠎ᠠ ᠡᠴᠡ ᠭᠡᠳᠡᠭᠴᠢᠯᠡᠨ 2010 ᠤᠨ ᠳ᠋ᠤ ᠪᠦᠬᠡᠪᠡᠶᠠᠷ ᠲᠡᠷᠬᠡᠨ ᠡᠨᠳᠡᠯ ᠡᠴᠡ ᠪᠤᠯᠵᠦ᠍ ᠬᠢᠴᠢᠶᠡᠯ ᠤ᠋ᠨ ᠲᠠᠢᠰᠠ ᠳ᠋ᠤ ᠭᠠᠷᠴᠦ ᠬᠢᠴᠢᠶᠡᠯ ᠵᠢᠭᠠᠵᠦ᠍ ᠲᠠᠢᠯᠬᠦ᠌ ᠪᠡᠨ ᠪᠤᠯᠢᠬ᠍ᠰᠠᠨ ᠴᠤ᠌ ᠦᠭᠡᠷ᠎ᠡ ᠶᠠᠮᠠᠷ ᠨᠢᠭᠡᠨ ᠠᠷᠭ᠎ᠠ ᠪᠡᠷ ᠰᠤᠷᠤᠬ᠍ᠴᠢ᠂ ᠤᠯᠠᠨ ᠲᠦᠮᠡᠨ ᠵᠢᠡᠨ ᠨᠤᠮ ᠪᠢᠴᠢᠭ ᠲᠠᠢ ᠤᠢᠷᠠᠳᠤᠭᠤᠯᠬᠤ ᠪᠢᠯᠡ ᠬᠡᠵᠦ᠍ ᠵᠦᠩᠳᠡᠭᠡᠨ ᠪᠤᠳᠤᠵᠦ᠍᠂ ᠨᠤᠮ ᠤ᠋ᠨ ᠦᠷᠦᠬᠡ ᠪᠠᠢᠭᠤᠯᠬᠤ ᠪᠡᠷ ᠵᠤᠷᠢᠭ ᠱᠢᠭᠤᠳᠴᠠᠢ᠃ 2019 ᠤᠨ ᠤ᠋ 1 ᠰᠠᠷ᠎ᠠ ᠳ᠋ᠤ᠂ ᠨᠡᠢᠬᠡᠮ ᠤ᠋ᠨ ᠡᠯ᠎ᠡ ᠡᠳᠡᠭᠡᠳ ᠤ᠋ᠨ ᠬᠠᠯᠠᠭᠤᠨ ᠲᠡᠮᠵᠢᠯᠬᠡ ᠲᠤᠤᠷ᠎ᠠ ᠪᠦᠬᠡᠪᠠᠶᠠᠷ ᠪᠠᠭ᠍ᠰᠢ 《ᠬᠦᠬᠡ ᠤᠴᠢ ᠨᠤᠮ ᠤ᠋ᠨ ᠦᠷᠦᠬᠡ》 ᠪᠠᠨ ᠪᠠᠢᠭᠤᠯᠤᠬ᠍ᠰᠠᠨ ᠪᠠᠢᠨ᠎ᠠ᠃

ᠨᠤᠮ ᠤ᠋ᠨ ᠦᠷᠦᠬᠡᠨ ᠳ᠋ᠤ ᠲᠡᠬᠦᠨ ᠤ᠋ ᠤᠤᠯ ᠤ᠋ᠨ ᠬᠠᠳᠠᠭᠠᠯᠠᠵᠦ᠍ ᠴᠤᠬ᠍ᠯᠠᠭᠤᠯᠤᠬ᠍ᠰᠠᠨ ᠨᠤᠮ ᠡᠴᠡ ᠭᠠᠳᠠᠨ᠎ᠠ᠂ ᠦᠪᠦᠷ ᠮᠤᠩᠭᠤᠯ ᠤ᠋ᠨ ᠨᠤᠮ ᠤ᠋ᠨ ᠰᠠᠩ᠂ ᠠᠢᠮᠠᠭ ᠤ᠋ᠨ ᠨᠤᠮ ᠤ᠋ᠨ ᠰᠠᠩ᠂ ᠬᠤᠱᠢᠭᠤᠨ ᠤ᠋ ᠨᠤᠮ ᠤ᠋ᠨ ᠰᠠᠩ᠂ ᠬᠠᠯᠠᠭᠤᠨ ᠰᠡᠳᠭᠢᠯᠳᠤ ᠮᠠᠯᠴᠢᠳ ᠪᠤᠯᠤᠨ ᠤᠯᠠᠭᠠᠨᠮᠤᠳᠤ ᠲᠤᠮᠳᠠᠳᠤ ᠰᠤᠷᠭᠠᠭᠤᠯᠢ᠂ ᠤᠯᠠᠭᠠᠨᠮᠤᠳᠤ ᠪᠠᠭ᠎ᠠ ᠰᠤᠷᠭᠠᠭᠤᠯᠢ ᠡᠴᠡ ᠬᠠᠨᠳᠢᠪᠯᠠᠭᠰᠠᠨ ᠬᠢᠳᠡᠳ ᠮᠤᠩᠭᠤᠯ ᠡᠯ᠎ᠡ ᠲᠦᠷᠦᠯ ᠤ᠋ᠨ ᠨᠤᠮ 10000 ᠭᠠᠷᠦᠢ ᠲᠡᠪᠳᠡᠷ ᠪᠠᠢᠨ᠎ᠠ ᠃ ᠲᠤᠰ ᠨᠤᠮ ᠤ᠋ᠨ ᠦᠷᠦᠬᠡ ᠵᠢᠯ ᠤ᠋ᠨ ᠲᠦᠷᠪᠡᠨ ᠤᠯᠠᠷᠢᠯ ᠳ᠋ᠤ ᠡᠬᠦᠳᠡ ᠪᠡᠨ ᠨᠡᠬᠡᠬᠡᠵᠦ᠍᠂ ᠮᠠᠯᠴᠢᠨ ᠲᠦᠮᠡᠨ ᠪᠠ ᠰᠤᠷᠤᠬ᠍ᠴᠢᠳ ᠤ᠋ᠨ ᠨᠤᠮ ᠪᠢᠴᠢᠭ ᠦᠵᠡᠬᠦ᠌ ᠳ᠋ᠤ ᠪᠤᠯᠤᠮᠵᠢ ᠬᠠᠩᠭᠠᠪᠠ᠃ ᠲᠤᠰ ᠨᠤᠮ ᠤ᠋ᠨ ᠦᠷᠦᠬᠡ ᠪᠠᠢᠭᠤᠯᠤᠬ᠍ᠳᠠᠬ᠍ᠰᠠᠨ ᠡᠴᠡ ᠨᠠᠭᠠᠰᠢ᠂ ᠪᠠᠭᠠᠴᠤᠳ ᠬᠡᠤᠬᠡᠳ ᠤ᠋ᠨ ᠤᠷᠠᠨ ᠤᠩᠱᠢᠯᠭ᠎ᠠ ᠵᠢᠨ ᠤᠷᠤᠯᠳᠤᠭᠠᠨ᠂ ᠤᠯᠠᠮᠵᠢᠯᠠᠯᠳᠤ ᠱᠠᠭ᠎ᠠ ᠨᠠᠭᠠᠳᠦᠮ ᠤ᠋ᠨ ᠤᠷᠤᠯᠳᠤᠭᠠᠨ ᠵᠡᠷᠭᠡ ᠡᠯᠪᠡᠭ ᠠᠭᠤᠯᠭ᠎ᠠ ᠲᠠᠢ ᠠᠵᠢᠯᠯᠠᠭ᠎ᠠ ᠨᠤᠭᠤᠳ ᠢ᠋ ᠡᠷᠬᠢᠯᠡᠵᠦ᠍᠂ ᠤᠯᠠᠨ ᠲᠦᠮᠡᠨ ᠤ᠋ ᠰᠤᠶᠤᠯ ᠤ᠋ᠨ ᠠᠮᠢᠳᠦᠷᠠᠯ ᠢ᠋ ᠶᠡᠬᠡ ᠪᠡᠷ ᠪᠠᠶᠠᠯᠢᠬ᠍ᠵᠢᠭᠤᠯᠵᠠᠢ᠃ ᠪᠦᠬᠡᠪᠠᠶᠠᠷ ᠪᠠᠭ᠍ᠰᠢ ᠵᠢᠨ 《ᠬᠦᠬᠡ ᠤᠴᠢ ᠨᠤᠮ ᠤ᠋ᠨ ᠦᠷᠦᠬᠡ》 ᠨᠢ ᠦᠪᠦᠷ ᠮᠤᠩᠭᠤᠯ ᠤ᠋ᠨ ᠨᠤᠮ ᠤ᠋ᠨ ᠰᠠᠩ ᠤ᠋ᠨ ᠬᠤᠪᠢᠶᠠᠷᠢ ᠰᠠᠩ᠂ ᠬᠢᠩᠭᠠᠨ ᠠᠢᠮᠠᠭ ᠤ᠋ᠨ ᠨᠤᠮ ᠤ᠋ᠨ ᠰᠠᠩ ᠤ᠋ᠨ ᠤᠯᠠᠭᠠᠨᠮᠤᠳᠤ ᠲᠠᠯ᠎ᠠ ᠨᠤᠳᠤᠭ ᠤ᠋ᠨ ᠮᠤᠩᠭᠤᠯ ᠬᠡᠷ ᠨᠤᠮ ᠤ᠋ᠨ ᠦᠷᠦᠬᠡ᠂ ᠬᠤᠷᠴᠢᠨ ᠪᠠᠷᠠᠭᠤᠨ ᠭᠠᠷᠦᠨ ᠡᠮᠦᠨᠡᠳᠤ ᠬᠤᠱᠢᠭᠤᠨ ᠤ᠋ ᠨᠤᠮ ᠤ᠋ᠨ ᠰᠠᠩ ᠤ᠋ᠨ ᠤᠯᠠᠭᠠᠨᠮᠤᠳᠤ ᠲᠠᠯ᠎ᠠ ᠨᠤᠳᠤᠭ ᠤ᠋ᠨ ᠦᠨᠳᠦᠰᠦᠨ ᠱᠠᠳᠦᠨ ᠳ᠋ᠠᠬᠢ ᠦᠢᠯᠡᠴᠢᠯᠡᠬᠡᠨ ᠤ᠋ ᠭᠠᠵᠠᠷ᠂ ᠱᠢᠨ᠎ᠠ ᠴᠠᠭ ᠦᠶ᠎ᠡ ᠵᠢᠨ ᠪᠤᠯᠪᠠᠰᠦᠨ ᠤ᠋ ᠦᠢᠯᠡᠳᠦᠯᠬᠡ ᠵᠢᠨ ᠰᠠᠢᠨ ᠲᠤᠷ᠎ᠠ ᠵᠢᠨ ᠦᠢᠯᠡᠴᠢᠯᠡᠬᠡᠨ ᠤ᠋ ᠭᠠᠵᠠᠷ ᠪᠤᠯᠤᠭᠰᠠᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面