ᠲᠡᠷᠢᠭᠦᠨ ᠨᠢᠭᠤᠷ>ᠬᠦᠮᠦᠨ ᠨᠡᠢᠭᠡᠮ>ᠮᠡᠳᠡᠭᠡ

2025-09-22 10:49:41

ᠵᠣᠬᠢᠶᠠᠭ᠍ᠴᠢ᠄ ᠸᠠᠩ ᠰᠢᠶᠣᠣ ᠮᠢᠩ ᠣᠩᠱᠢᠭ᠍ᠰᠠᠨ ᠣᠳᠠᠭ᠎ᠠ᠄ 3

ᠣᠢᠷ᠎ᠠ ᠳ᠋ᠦ ᠵᠢᠷᠭᠣᠲᠣᠭᠠᠷ ᠬᠣᠭᠣᠴᠠᠭᠠᠨ᠎ᠤ 《ᠴᠢᠩ ᠺᠸ ᠣᠳᠬ᠎ᠠ ᠵᠣᠬᠢᠶᠠᠯ᠎ᠤᠨ ᠱᠠᠩᠨᠠᠯ》 ᠣᠯᠭᠣᠬᠣ ᠶᠣᠰᠣᠯᠠᠯ ᠰᠸᠴᠣᠸᠠᠨ ᠮᠣᠵᠢ ᠳ᠋ᠦ ᠶᠠᠪᠣᠬᠲᠠᠵᠦ᠂ ᠮᠠᠨ᠎ᠤ ᠣᠷᠣᠨ᠎ᠤ ᠵᠣᠬᠢᠶᠠᠯᠴᠢ ᠴᠸᠨ ᠰᠠᠷᠠᠨ᠎ᠠ 《ᠠᠭᠣᠯᠠ ᠣᠰᠣ᠎ᠶᠢ ᠲᠠᠪᠠᠭᠠᠳ》 ᠭᠡᠬᠦ ᠪᠦᠲᠦᠭᠡᠯ ᠶ᠋ᠢᠡᠷ ᠶ᠋ᠢᠡᠨ ᠲᠣᠭᠣᠵᠢᠰ᠎ᠤᠨ ᠱᠠᠩᠨᠠᠯ᠎ᠢ ᠬᠦᠷᠲᠡᠪᠡ᠃

ᠴᠢᠩ ᠺᠸ ᠣᠳᠬ᠎ᠠ ᠵᠣᠬᠢᠶᠠᠯ᠎ᠤᠨ ᠱᠠᠩᠨᠠᠯ᠎ᠢ ᠰᠸᠴᠣᠸᠠᠨ ᠮᠣᠵᠢ᠎ᠶᠢᠨ ᠠᠸᠠ ᠲᠦᠪᠡᠳ ᠦᠨᠳᠦᠰᠦᠲᠡᠨ ᠴᠢᠶᠠᠩ ᠦᠨᠳᠦᠰᠦᠲᠡᠨ᠎ᠤ ᠦᠪᠡᠷᠲᠡᠭᠡᠨ ᠵᠠᠰᠠᠬᠣ ᠵᠸᠦ᠎ᠶᠢᠨ ᠠᠷᠠᠳ᠎ᠤᠨ ᠵᠠᠰᠠᠬ᠎ᠤᠨ ᠣᠷᠲᠣᠨ ᠪᠣᠯᠣᠨ ᠰᠸᠴᠣᠸᠠᠨ ᠮᠣᠵᠢ᠎ᠶᠢᠨ ᠵᠣᠬᠢᠶᠠᠯᠴᠢᠳ᠎ᠤᠨ ᠡᠪᠯᠡᠯ ᠡᠴᠡ ᠬᠠᠮᠲᠣᠷᠠᠨ ᠭᠣᠣᠯᠯᠠᠨ ᠡᠷᠬᠢᠯᠡᠵᠡᠢ᠃ ᠲᠣᠰ ᠣᠲᠠᠭᠠᠨ᠎ᠤ ᠰᠢᠯᠭᠠᠷᠠᠭᠣᠯᠣᠯᠲᠠ ᠳ᠋ᠦ 2024 ᠤᠨ᠎ᠤ 7 ᠰᠠᠷ᠎ᠠ᠎ᠶᠢᠨ 1᠎ᠤ᠋ ᠡᠳᠦᠷ ᠡᠴᠡ 2025 ᠤᠨ᠎ᠤ 6 ᠰᠠᠷ᠎ᠠ᠎ᠶᠢᠨ 30 ᠤ᠋ ᠡᠳᠦᠷ ᠪᠣᠯᠲᠠᠯᠠᠬᠢ ᠣᠯᠣᠰ᠎ᠤᠨ ᠲᠣᠲᠣᠭᠠᠲᠣ ᠳ᠋ᠦ ᠨᠡᠢᠲᠡᠯᠡᠬᠦᠯᠦᠭᠰᠡᠨ ᠪᠣᠶᠣ ᠬᠡᠪᠯᠡᠬᠦᠯᠦᠭᠰᠡᠨ ᠲᠣᠭᠣᠵᠢ᠂ ᠷᠣᠮᠠᠨ᠂ ᠺᠢᠨᠣ᠋ ᠵᠦᠴᠦᠭᠡ᠎ᠶᠢᠨ ᠵᠣᠬᠢᠶᠠᠯ ᠪᠣᠯᠣᠨ ᠰᠸᠴᠣᠸᠠᠨ ᠮᠣᠵᠢ᠎ᠶᠢᠨ ᠠᠸᠠ ᠵᠸᠦ᠎ᠶᠢᠨ ᠠᠮᠢᠲᠣᠷᠠᠯ᠎ᠢ ᠲᠣᠰᠬᠠᠬᠰᠠᠨ ᠮᠡᠳᠡᠭᠡᠯᠡᠯ᠎ᠤᠨ ᠣᠷᠠᠨ ᠵᠣᠬᠢᠶᠠᠯ ᠪᠠ ᠨᠠᠢᠷᠠᠭᠣᠯᠣᠯ᠎ᠢ ᠡᠯᠰᠡᠵᠦ᠂ ᠨᠡᠢᠲᠡ 920 ᠭᠠᠷᠣᠢ ᠪᠦᠲᠦᠭᠡᠯ ᠣᠷᠣᠯᠴᠠᠵᠣ᠂ ᠰᠢᠯᠭᠠᠷᠠᠭᠣᠯᠣᠯᠲᠠ ᠪᠡᠷ ᠲᠠᠮᠵᠢᠨ ᠲᠣᠭᠣᠵᠢ᠎ᠶᠢᠨ ᠱᠠᠩᠨᠠᠯ 3᠂ ᠨᠠᠢᠷᠠᠭᠣᠯᠣᠯ᠎ᠤᠨ ᠱᠠᠩᠨᠠᠯ 2᠎ᠢ᠋ ᠰᠢᠯᠭᠠᠷᠠᠭᠣᠯᠣᠨ ᠭᠠᠷᠭᠠᠵᠠᠢ᠃

ᠵᠣᠬᠢᠶᠠᠯᠴᠢ ᠴᠸᠨ ᠰᠠᠷᠠᠨ᠎ᠠ ᠪᠣᠯ ᠲᠣᠮᠲᠠᠲᠣ ᠣᠯᠣᠰ᠎ᠤᠨ ᠵᠣᠬᠢᠶᠠᠯᠴᠢᠳ᠎ᠤᠨ ᠡᠪᠯᠡᠯ᠎ᠤᠨ ᠭᠡᠰᠢᠬᠦᠨ᠂ ᠯᠦ᠍ ᠰᠢᠶᠦᠢ᠍ᠨ ᠣᠳᠬ᠎ᠠ ᠵᠣᠬᠢᠶᠠᠯ᠎ᠤᠨ ᠬᠦᠷᠢᠶᠡᠯᠡᠩ᠎ᠤᠨ ᠭᠣᠴᠢᠨ ᠲᠦᠷᠪᠡᠲᠦᠭᠡᠷ ᠬᠣᠭᠣᠴᠠᠭᠠᠨ᠎ᠤ ᠢᠲᠡᠷ ᠵᠠᠯᠠᠭᠣ ᠵᠣᠬᠢᠶᠠᠯᠴᠢᠳ᠎ᠤᠨ ᠲᠡᠭᠡᠲᠦ ᠵᠡᠷᠭᠡ᠎ᠶᠢᠨ ᠰᠣᠲᠣᠯᠣᠨ ᠶᠠᠷᠢᠯᠴᠠᠬᠣ ᠠᠩᠬᠢ᠎ᠶᠢᠨ ᠰᠣᠷᠣᠯᠭᠠᠲᠠᠨ᠂ ᠦᠪᠦᠷ ᠮᠣᠩᠭᠣᠯ᠎ᠤᠨ ᠣᠷᠴᠢᠭᠣᠯᠣᠬᠴᠢᠳ᠎ᠤᠨ ᠨᠡᠢᠭᠡᠮᠯᠢᠭ᠎ᠤᠨ ᠲᠡᠳ᠋ ᠲᠡᠷᠢᠬᠦᠯᠡᠭᠴᠢ ᠪᠣᠯᠣᠨ᠎ᠠ᠃ ᠲᠡᠷᠡ ᠪᠡᠷ ᠣᠷᠢᠳ ᠬᠣᠵᠢᠳ 《ᠦᠨᠳᠦᠰᠦᠲᠡᠨ᠎ᠤ ᠣᠳᠬ᠎ᠠ ᠵᠣᠬᠢᠶᠠᠯ》᠂ 《ᠱᠠᠩᠬᠠᠢ᠎ᠶᠢᠨ ᠣᠳᠬ᠎ᠠ ᠵᠣᠬᠢᠶᠠᠯ》᠂ 《ᠵᠠᠯᠠᠭᠣᠴᠣᠳ᠎ᠤᠨ ᠣᠳᠬ᠎ᠠ ᠵᠣᠬᠢᠶᠠᠯ》᠂ 《ᠦᠨᠢᠷ ᠴᠡᠴᠡᠭ》 ᠵᠡᠷᠭᠡ ᠰᠡᠳᠬᠦᠯ ᠤ᠋ᠤᠨ ᠲᠦ᠍ ᠪᠦᠲᠦᠭᠡᠯ ᠶ᠋ᠢᠡᠨ ᠨᠡᠢᠲᠡᠯᠡᠬᠦᠯᠵᠦ᠂ ᠬᠡᠰᠡᠭ ᠪᠦᠲᠦᠭᠡᠯ ᠨᠢ 《2023 ᠤᠨ᠎ᠤ ᠲᠣᠮᠲᠠᠲᠣ ᠣᠯᠣᠰ᠎ᠤᠨ ᠦᠬᠦᠯᠡᠯᠭᠡ ᠲᠣᠭᠣᠵᠢ᠎ᠶᠢᠨ ᠵᠢᠬᠰᠠᠭᠠᠯᠲᠠ》 ᠳ᠋ᠦ ᠲᠣᠲᠣᠷᠠᠬᠰᠠᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面