ᠲᠡᠷᠢᠭᠦᠨ ᠨᠢᠭᠤᠷ>ᠬᠦᠮᠦᠨ ᠨᠡᠢᠭᠡᠮ>ᠮᠡᠳᠡᠭᠡ

2026-10-09 10:08:39

ᠵᠣᠬᠢᠶᠠᠭ᠍ᠴᠢ᠄ ᠸᠧᠢ ᠮᠧᠩ ᠵᠢᠶᠠ ᠣᠩᠱᠢᠭ᠍ᠰᠠᠨ ᠣᠳᠠᠭ᠎ᠠ᠄ 3

ᠴᠥᠮ᠎ᠡ᠎ᠶᠢᠨ ᠬᠡᠷᠡᠯ᠎ᠦᠨ ᠴᠠᠭ ᠪᠣᠯ ᠯᠠᠢᠰᠧᠷ᠎ᠢ ᠠᠰᠢᠬᠯᠠᠨ ᠨᠢᠭᠡ ᠵᠦᠢᠯ᠎ᠦᠨ ᠣᠨᠴᠠᠭᠠᠶ ᠰᠠᠴᠤᠷᠠᠭ ᠴᠢᠨᠠᠷᠲᠠᠢ ᠢᠵᠢᠯ ᠪᠠᠢᠷᠢᠲᠤ ᠡᠯᠧᠮᠧᠨ᠋ᠲ 《ᠲᠤᠷᠢ — 229》 ᠪᠡᠷ ᠨᠠᠷᠢᠨ ᠣᠨᠣᠪᠴᠢᠲᠠᠶ ᠬᠥᠳᠡᠯᠭᠡᠬᠦᠷ ᠪᠤᠯᠭᠠᠵᠤ ᠲᠡᠬᠦᠨ᠎ᠤ ᠠᠲ᠋ᠣᠮ᠎ᠤᠨ ᠴᠥᠮ᠎ᠡ᠎ᠶᠢᠨ ᠳᠣᠲᠣᠭᠠᠳᠤ᠎ᠶᠢᠨ ᠡᠨᠧᠷᠭᠢ᠎ᠶᠢᠨ ᠲᠠᠰ᠎ᠤᠨ ᠦᠰᠦᠷᠦᠯᠲᠡ᠎ᠶᠢ ᠪᠡᠶᠡᠯᠡᠭᠦᠯᠬᠦ ᠪᠥᠭᠡᠳ ᠡᠨᠡ ᠬᠦ᠌ ᠴᠥᠮ᠎ᠡ᠎ᠶᠢᠨ ᠦᠰᠦᠷᠦᠯᠲᠡ᠎ᠶᠢᠨ ᠳᠠᠪᠲᠠᠮᠵᠢ᠎ᠪᠠᠷ ᠰᠠᠭᠤᠷᠢ ᠪᠠᠷᠢᠮᠵᠢᠶ᠎ᠠ ᠪᠣᠯᠭᠠᠭᠰᠠᠨ ᠴᠠᠭ᠎ᠢ ᠲᠡᠮᠳᠡᠭᠯᠡᠬᠦ ᠲᠥᠬᠦᠭᠡᠷᠦᠮᠵᠢ ᠪᠣᠯᠣᠨ᠎ᠠ᠃ ᠮᠠᠨ᠎ᠤ ᠤᠯᠤᠰ᠎ᠤᠨ ᠰᠢᠨᠵᠢᠯᠡᠬᠦ ᠤᠬᠠᠭᠠᠨᠲᠠᠨ ᠪᠡᠶ᠎ᠡ᠎ᠪᠡᠨ ᠳᠠᠭᠠᠭᠠᠵᠤ ᠰᠤᠳᠤᠯᠤᠨ ᠦᠢᠯᠡᠳᠦᠭᠰᠡᠨ 148 ᠨᠠᠨᠤ᠋ ᠦᠷᠭᠦᠯᠵᠢᠯᠡᠭᠰᠡᠨ ᠳᠣᠯᠭᠢᠶᠠᠨ᠎ᠤ ᠬᠣᠭᠣᠰᠤᠮ ᠬᠦᠷᠢᠨ᠎ᠦ ᠭᠠᠳᠠᠨᠠᠬᠢ ᠯᠠᠢᠰᠧᠷ ᠵᠢᠴᠢ ᠲᠤᠷᠢ — 229 ᠹᠯᠣᠷᠲᠤ ᠺᠠᠯᠼ᠎ᠤᠨ ᠲᠠᠯᠠᠰᠲᠤ᠎ᠶᠢ ᠠᠰᠢᠭ᠍ᠯᠠᠨ᠂ ᠳᠡᠯᠡᠬᠡᠢ ᠳᠡᠭᠡᠷ᠎ᠡ ᠡᠩ ᠲᠡᠷᠢᠭᠦᠨ᠎ᠳᠦ ᠴᠥᠮ᠎ᠡ᠎ᠶᠢᠨ ᠬᠡᠷᠡᠯ᠎ᠦᠨ ᠴᠠᠭ᠎ᠢ ᠰᠤᠳᠤᠯᠤᠨ ᠦᠢᠯᠡᠳᠦᠭᠰᠡᠨ ᠪᠥᠭᠡᠳ ᠲᠡᠭᠦᠨ᠎ᠦ ᠲᠣᠭᠲᠠᠭᠤᠨ ᠠᠵᠢᠯᠯᠠᠭᠠᠨ᠎ᠢ ᠪᠡᠶᠡᠯᠡᠭᠦᠯᠵᠦ᠂ ᠺᠸᠠᠨ᠋ᠲ᠎ᠤᠨ ᠨᠠᠷᠢᠯᠢᠭ᠋ ᠬᠡᠮᠵᠢᠯᠲᠡ᠎ᠶᠢ ᠡᠯᠧᠺᠲᠷᠣᠨ᠎ᠤ ᠦᠰᠦᠷᠦᠯᠲᠡ᠎ᠡᠴᠡ ᠥᠷᠭᠡᠳᠬᠡᠭᠡᠳ ᠠᠲ᠋ᠣᠮ᠎ᠤᠨ ᠴᠥᠮ᠎ᠡ᠎ᠶᠢᠨ ᠦᠰᠦᠷᠦᠯᠲᠡ᠎ᠳᠦ ᠬᠦᠷᠭᠡᠪᠡ᠃ ᠲᠣᠰ ᠦᠷ᠎ᠡ ᠪᠦᠲᠦᠭᠡᠯ᠎ᠢ 7᠎ᠤ᠋ ᠣᠷᠣᠢ 《ᠪᠠᠢᠭᠠᠯᠢ》 ᠰᠡᠳᠬᠦᠯ ᠳ᠋ᠤ ᠨᠡᠢᠲᠡᠯᠡᠪᠡ᠃

ᠴᠢᠩᠬᠤᠸᠠ ᠶᠡᠬᠡ ᠰᠤᠷᠭᠠᠭᠤᠯᠢ᠎ᠶᠢᠨ ᠹᠢᠽᠢᠺ᠎ᠦᠨ ᠰᠠᠯᠪᠤᠷᠢ᠎ᠶᠢᠨ ᠡᠷᠬᠢᠯᠡᠭᠴᠢ᠂ ᠶᠠᠩ ᠵᠧᠨ ᠨᠢᠩ ᠳᠡᠭᠡᠳᠦ ᠵᠡᠷᠭᠡ᠎ᠶᠢᠨ ᠰᠤᠳᠤᠯᠭᠠᠨ᠎ᠤ ᠬᠦᠷᠢᠶᠡᠯᠡᠩ᠎ᠦᠨ ᠫᠷᠤᠹᠸᠰᠰᠤᠷ ᠵᠠᠢ ᠬᠤᠢ᠂ ᠴᠥᠮ᠎ᠡ᠎ᠶᠢᠨ ᠭᠡᠷᠡᠯ᠎ᠦᠨ ᠴᠠᠭ ᠰᠢᠨ᠎ᠡ ᠨᠢᠭᠡ ᠦᠶ᠎ᠡ᠎ᠶᠢᠨ ᠴᠠᠭ᠎ᠤᠨ ᠳᠠᠪᠲᠠᠮᠵᠢ᠎ᠶᠢᠨ ᠰᠠᠭᠤᠷᠢ ᠪᠠᠷᠢᠮᠵᠢᠶ᠎ᠠ ᠪᠣᠯᠬᠤ ᠪᠣᠯᠣᠮᠵᠢ᠎ᠲᠠᠢ᠂ ᠲᠡᠭᠦᠨ᠎ᠢ ᠰᠤᠳᠤᠯᠤᠨ ᠦᠢᠯᠡᠳᠴᠦ ᠠᠮᠵᠢᠯᠲᠠ ᠣᠯᠣᠭᠰᠠᠨ ᠨᠢ ᠲᠤᠰ ᠵᠠᠭᠤᠨ᠎ᠡᠴᠡ ᠨᠠᠭᠠᠰᠢᠬᠢ ᠺᠸᠠᠨ᠋ᠲ᠎ᠤᠨ ᠨᠠᠷᠢᠯᠢᠭ᠋ ᠬᠡᠮᠵᠢᠯᠲᠡ᠎ᠶᠢᠨ ᠬᠦᠷᠢᠶᠡᠨ᠎ᠦ ᠴᠢᠬᠤᠯᠠ ᠰᠢᠪᠲᠤᠯᠤᠯᠲᠠ ᠪᠣᠯᠣᠨ᠎ᠠ᠃ 《ᠴᠥᠮ᠎ᠡ᠎ᠶᠢᠨ ᠬᠡᠷᠡᠯ᠎ᠦᠨ ᠴᠠᠭ᠎ᠢ ᠠᠮᠵᠢᠯᠲᠠ᠎ᠲᠠᠢ ᠰᠤᠳᠤᠯᠤᠨ ᠪᠦᠲᠦᠭᠡᠭᠰᠡᠨ ᠪᠠ ᠲᠣᠭᠲᠠᠭᠤᠨ᠎ᠢᠶᠠᠷ ᠠᠵᠢᠯᠯᠠᠭᠤᠯᠬᠤ ᠨᠢ ᠺᠸᠠᠨ᠋ᠲ᠎ᠤᠨ ᠡᠵᠡᠮᠳᠡᠯ᠎ᠦᠨ ᠴᠢᠳᠠᠪᠤᠷᠢ᠎ᠶᠢ ᠠᠲ᠋ᠣᠮ᠎ᠤᠨ ᠴᠥᠮ᠎ᠡ᠎ᠶᠢᠨ ᠬᠡᠮ ᠬᠡᠮᠵᠢᠶ᠎ᠡ᠎ᠳᠦ ᠭᠦᠨᠵᠡᠭᠡᠢᠷᠡᠭᠦᠯᠵᠦ᠂ ᠺᠸᠠᠨ᠋ᠲ᠎ᠤᠨ ᠨᠠᠷᠢᠯᠢᠭ᠋ ᠬᠡᠮᠵᠢᠯᠲᠡ ᠪᠠ ᠺᠸᠠᠨ᠋ᠲ᠎ᠤᠨ ᠡᠵᠡᠮᠳᠡᠯ᠎ᠳᠦ ᠰᠢᠨ᠎ᠡ ᠰᠤᠳᠤᠯᠭᠠᠨ᠎ᠤ ᠴᠢᠭᠯᠡᠯ᠎ᠢ ᠨᠡᠭᠡᠭᠡᠭᠰᠡᠨ᠎ᠢ ᠬᠠᠷᠠᠭᠤᠯᠵᠤ ᠪᠠᠢᠨ᠎ᠠ》 ᠭᠡᠵᠦ ᠢᠯᠡᠳᠬᠡᠪᠡ᠃

ᠠᠲ᠋ᠣᠮ᠎ᠤᠨ ᠴᠠᠭ ᠪᠣᠯ ᠠᠲ᠋ᠣᠮ᠎ᠤᠨ ᠳᠣᠲᠣᠭᠠᠳᠤᠬᠢ ᠡᠯᠧᠺᠲᠷᠣᠨ᠎ᠤ ᠣᠨᠴᠠ ᠡᠨᠧᠷᠭᠢ᠎ᠶᠢᠨ ᠲᠡᠰ᠎ᠤᠨ ᠬᠣᠭᠣᠷᠣᠨᠳᠣᠬᠢ ᠦᠰᠦᠷᠦᠯᠲᠡ ᠪᠡᠷ ᠳᠠᠪᠲᠠᠮᠵᠢ᠎ᠶᠢᠨ ᠰᠠᠭᠤᠷᠢ ᠪᠠᠷᠢᠮᠵᠢᠶ᠎ᠠ ᠪᠣᠯᠭᠠᠵᠤ᠂ ᠣᠳᠣᠬᠠᠨ᠎ᠤ ᠳᠡᠯᠡᠬᠡᠢ ᠳᠡᠭᠡᠷᠡᠬᠢ ᠬᠠᠮᠤᠭ᠎ᠤᠨ ᠣᠨᠣᠪᠴᠢᠲᠠᠢ ᠴᠠᠭ᠎ᠢ ᠬᠡᠮᠵᠢᠬᠦ ᠪᠠᠭᠠᠵᠢ ᠪᠠᠢᠵᠤ᠂ ᠶᠠᠭ ᠯᠠ 《ᠡᠯᠧᠺᠲᠷᠣᠨ᠎ᠤ ᠴᠣᠬᠢᠯᠭ᠎ᠠ᠎ᠶᠢ ᠰᠣᠨᠣᠰᠴᠤ》 ᠴᠠᠭ ᠲᠡᠮᠳᠡᠭᠯᠡᠳᠡᠭ ᠰᠢᠭ ᠶᠤᠮ᠃ ᠴᠥᠮ᠎ᠡ᠎ᠶᠢᠨ ᠭᠡᠷᠡᠯ᠎ᠦᠨ ᠴᠠᠭ ᠪᠣᠯ ᠬᠠᠷᠢᠨ 《ᠴᠠᠭ᠎ᠤᠨ ᠳᠡᠭᠦᠵᠢᠩ》᠎ᠢ᠋ ᠠᠲ᠋ᠣᠮ᠎ᠤᠨ ᠴᠥᠮ᠎ᠡ᠎ᠶᠢᠨ ᠳᠣᠲᠣᠭᠠᠳᠤ᠎ᠳᠤ ᠲᠠᠯᠪᠢᠵᠤ᠂ ᠠᠲ᠋ᠣᠮ᠎ᠤᠨ ᠴᠥᠮ᠎ᠡ᠎ᠶᠢᠨ ᠠᠳᠠᠯᠢ ᠪᠤᠰᠤ ᠡᠨᠧᠷᠭᠢ᠎ᠶᠢᠨ ᠲᠡᠰ᠎ᠤᠨ ᠬᠣᠭᠣᠷᠣᠨᠳᠣᠬᠢ ᠦᠰᠦᠷᠦᠯᠲᠡ᠎ᠪᠡᠷ ᠴᠠᠭ᠎ᠢ ᠬᠡᠮᠵᠢᠳᠡᠭ᠂ ᠡᠨᠡ ᠨᠢ 《ᠰᠣᠨᠣᠷ᠎ᠤᠨ ᠠᠲ᠋ᠣᠮ᠎ᠤᠨ ᠴᠥᠮ᠎ᠡ᠎ᠶᠢᠨ ᠳᠣᠲᠣᠭᠠᠳᠤ᠎ᠶᠢᠨ ᠴᠣᠬᠢᠯᠭ᠎ᠠ》 ᠪᠡᠷ ᠴᠠᠭ᠎ᠢ ᠬᠡᠮᠵᠢᠳᠡᠭ᠎ᠲᠠᠢ ᠠᠳᠠᠯᠢ ᠶᠤᠮ᠃ ᠠᠲ᠋ᠣᠮ᠎ᠤᠨ ᠴᠥᠮ᠎ᠡ᠎ᠶᠢᠨ ᠭᠡᠮ᠎ᠦᠨ ᠬᠡᠮᠵᠢᠶ᠎ᠡ ᠨᠢ ᠠᠲ᠋ᠣᠮ᠎ᠤᠨ ᠭᠡᠮ᠎ᠡᠴᠡ ᠬᠤᠯᠠ ᠪᠠᠭ᠎ᠠ᠂ ᠭᠠᠳᠠᠭᠠᠳᠤ ᠶᠢᠷᠲᠢᠨᠴᠦ᠎ᠶᠢᠨ ᠴᠠᠬᠢᠯᠭᠠᠨ ᠰᠣᠷᠢᠨᠵᠢᠨ ᠣᠷᠴᠢᠨ᠎ᠤ ᠬᠤᠳᠬᠤᠷᠠᠯ᠎ᠤᠨ ᠨᠥᠯᠥᠭᠡ᠎ᠶᠢ ᠬᠦᠷᠳᠡᠬᠦ ᠨᠢ ᠨᠡᠡᠭ ᠪᠠᠭ᠎ᠠ ᠪᠠᠢᠳᠠᠭ᠎ᠡᠴᠡ ᠴᠥᠮ᠎ᠡ᠎ᠶᠢᠨ ᠭᠡᠷᠡᠯ᠎ᠦᠨ ᠴᠠᠭ ᠨᠢ ᠠᠲ᠋ᠣᠮ᠎ᠤᠨ ᠴᠠᠭ᠎ᠡᠴᠡ ᠨᠡᠡᠭ ᠨᠠᠷᠢᠯᠢᠭ᠋᠂ ᠨᠡᠡᠭ ᠬᠡᠷᠡᠭᠴᠡᠭᠡ ᠲᠠᠢ ᠴᠠᠭ᠎ᠤᠨ ᠳᠠᠪᠲᠠᠮᠵᠢ᠎ᠶᠢᠨ ᠰᠠᠭᠤᠷᠢ ᠪᠠᠷᠢᠮᠵᠢᠶ᠎ᠠ᠎ᠶᠢ ᠬᠠᠩᠭᠠᠬᠤ ᠪᠣᠯᠣᠮᠵᠢ᠎ᠲᠠᠢ᠃

ᠴᠢᠩᠬᠤᠸᠠ ᠶᠡᠬᠡ ᠰᠤᠷᠭᠠᠭᠤᠯᠢ᠎ᠶᠢᠨ ᠹᠢᠽᠢᠺ᠎ᠦᠨ ᠰᠠᠯᠪᠤᠷᠢ᠎ᠶᠢᠨ ᠳᠡᠳ᠋ ᠫᠷᠤᠹᠸᠰᠰᠤᠷ᠂ ᠪᠡᠭᠡᠵᠢᠩ᠎ᠦᠨ ᠺᠸᠠᠨ᠋ᠲ ᠎ᠤᠨ ᠮᠡᠳᠡᠭᠡ ᠵᠠᠩᠭᠢ᠎ᠶᠢᠨ ᠰᠢᠨᠵᠢᠯᠡᠬᠦ ᠤᠬᠠᠭᠠᠨ᠎ᠤ ᠰᠤᠳᠤᠯᠭᠠᠨ᠎ᠤ ᠬᠦᠷᠢᠶᠡᠯᠡᠩ᠎ᠤᠨ ᠬᠠᠪᠰᠤᠷᠭᠠᠨ ᠤᠷᠢᠭᠰᠠᠨ ᠰᠤᠳᠤᠯᠤᠭ᠍ᠴᠢ ᠳ᠋ᠢᠩ ᠱᠢ ᠴᠢᠶᠠᠨ ᠰᠤᠳᠤᠯᠭᠠᠨ᠎ᠤ ᠪᠦᠯᠬᠦᠮ᠎ᠢᠶᠡᠨ ᠳᠠᠭᠠᠭᠤᠯᠤᠨ᠂ ᠳᠡᠯᠡᠬᠡᠢ ᠳᠡᠭᠡᠷ᠎ᠡ ᠠᠩᠬ᠎ᠠ ᠤᠳᠠᠭ᠎ᠠ 148 ᠨᠠᠨᠤ᠋ ᠦᠷᠭᠦᠯᠵᠢᠯᠡᠭᠰᠡᠨ ᠳᠣᠯᠭᠢᠶᠠᠨ᠎ᠤ ᠬᠣᠭᠣᠰᠤᠮ ᠬᠦᠷᠢᠨ᠎ᠦ ᠭᠠᠳᠠᠨᠠᠬᠢ ᠯᠠᠢᠰᠧᠷ᠎ᠢ ᠰᠤᠳᠤᠯᠤᠨ ᠦᠢᠯᠡᠳᠴᠦ᠂ ᠨᠠᠷᠢᠯᠢᠭ ᠣᠨᠣᠪᠴᠢᠲᠤ ᠬᠥᠳᠡᠯᠭᠡᠬᠦᠷ ᠲᠤᠷᠢ — 229 ᠠᠲ᠋ᠣᠮ᠎ᠤᠨ ᠴᠥᠮ᠎ᠡ᠎ᠶᠢᠨ ᠳᠣᠲᠣᠭᠠᠳᠤ ᠡᠨᠧᠷᠭᠢ᠎ᠶᠢᠨ ᠲᠠᠰ᠎ᠤᠨ ᠦᠰᠦᠷᠦᠯᠲᠡ᠎ᠶᠢᠨ ᠭᠣᠣᠯ ᠪᠣᠯᠬᠤ ᠬᠡᠷᠡᠯ ᠡᠭᠦᠰᠬᠡᠭᠴᠢ᠎ᠶᠢᠨ ᠪᠡᠷᠬᠡ ᠰᠡᠳᠦᠪ᠎ᠢ ᠰᠢᠢᠳᠪᠦᠷᠢᠯᠡᠭᠰᠡᠨ᠎ᠦ ᠬᠠᠮᠲᠤ ᠬᠠᠮᠲᠤᠷᠠᠯᠴᠠᠭᠠᠨ᠎ᠤ ᠪᠦᠯᠬᠦᠮ᠎ᠲᠠᠢ ᠬᠠᠮᠲᠤ᠎ᠪᠠᠷ ᠪᠢᠴᠢᠯ ᠲᠤᠷᠢ — 229 ᠬᠤᠯᠢᠴᠠᠳᠤ ᠹᠯᠣᠷᠲᠤ ᠺᠠᠯᠼ᠎ᠤᠨ ᠲᠠᠯᠠᠰᠲᠤ ᠪᠡᠶ᠎ᠡ᠎ᠶᠢ ᠰᠤᠳᠤᠯᠤᠨ ᠭᠠᠷᠭᠠᠵᠤ᠂ ᠴᠥᠮ᠎ᠡ᠎ᠶᠢᠨ ᠬᠡᠷᠡᠯ᠎ᠦᠨ ᠴᠠᠭ᠎ᠢ ᠰᠤᠳᠤᠯᠤᠨ ᠦᠢᠯᠡᠳᠬᠦ᠎ᠳᠦ ᠭᠣᠣᠯᠯᠠᠬᠤ ᠮᠡᠷᠭᠡᠵᠢᠯ᠎ᠦᠨ ᠰᠠᠭᠤᠷᠢ᠎ᠶᠢ ᠲᠠᠯᠪᠢᠭ᠍ᠰᠠᠨ ᠪᠠᠢᠨ᠎ᠠ᠃

ᠳ᠋ᠢᠩ ᠱᠢ ᠴᠢᠶᠠᠨ᠂ ᠮᠠᠨ᠎ᠤ ᠪᠦᠯᠬᠦᠮ ᠨᠢᠭᠡᠨᠲᠡ ᠯᠠᠢᠰᠧᠷ ᠳᠠᠪᠲᠠᠮᠵᠢ᠎ᠶᠢ ᠴᠥᠮ᠎ᠡ᠎ᠶᠢᠨ ᠦᠰᠦᠷᠦᠯᠲᠡ ᠬᠦᠷᠲᠡᠯ᠎ᠡ ᠲᠣᠭᠲᠠᠪᠤᠷᠢᠵᠢᠭᠤᠯᠵᠤ᠂ ᠴᠥᠮ᠎ᠡ᠎ᠶᠢᠨ ᠬᠡᠷᠡᠯ᠎ᠦᠨ ᠰᠧᠺᠦ᠋ᠨ᠋ᠳ᠋᠎ᠦᠨ ᠲᠠᠰ᠎ᠤᠨ ᠲᠣᠭᠲᠠᠭᠤᠨ᠎ᠤ ᠬᠡᠮᠵᠢᠶ᠎ᠡ ᠨᠢ ᠠᠳᠠᠯᠢ ᠬᠤᠭᠤᠴᠠᠭᠠᠨ᠎ᠤ ᠡᠸᠦ᠋ᠷᠦᠫᠡ ᠲᠢᠪ᠎ᠦᠨ ᠪᠦᠯᠬᠦᠮ᠎ᠤᠨ ᠬᠢ ᠡᠴᠡ ᠰᠠᠢᠨ ᠪᠠᠢᠵᠤ᠂ ᠲᠡᠰ ᠴᠢᠳᠠᠮᠵᠢ ᠨᠢ ᠳᠡᠯᠡᠬᠡᠢ᠎ᠳᠦ ᠲᠡᠷᠢᠭᠦᠯᠡᠬᠦ᠎ᠶᠢ ᠪᠡᠶᠡᠯᠡᠭᠦᠯᠪᠡ᠃ 《ᠣᠳᠣᠬᠠᠨ᠎ᠳᠤ ᠪᠢᠳᠡ ᠨᠢᠭᠡᠨᠲᠡ ᠭᠣᠣᠯᠯᠠᠬᠤ ᠬᠡᠷᠡᠯ ᠡᠭᠦᠰᠬᠡᠭᠴᠢ᠂ ᠴᠥᠮ᠎ᠡ᠎ᠶᠢᠨ ᠬᠡᠷᠡᠯ᠎ᠦᠨ ᠴᠠᠭ᠎ᠤᠨ ᠲᠠᠯᠠᠰᠲᠤ᠂ ᠴᠥᠮ᠎ᠡ᠎ᠶᠢᠨ ᠦᠰᠦᠷᠦᠯᠲᠡ᠎ᠶᠢᠨ ᠬᠡᠷᠡᠯ ᠵᠢᠭ᠍ᠰᠠᠯ᠎ᠠᠴᠠ ᠪᠢᠲᠡᠭᠦᠦ ᠬᠡᠯᠬᠢᠶᠡᠳᠦ ᠠᠵᠢᠯᠯᠠᠭᠠᠨ ᠬᠦᠷᠲᠡᠯᠡᠬᠢ ᠪᠦᠷᠢᠨ ᠪᠦᠲᠦᠨ ᠮᠡᠷᠭᠡᠵᠢᠯ᠎ᠦᠨ ᠰᠢᠰᠲᠧᠮ᠎ᠢ ᠪᠠᠢᠭᠤᠯᠪᠠ》 ᠬᠡᠵᠦ ᠳᠠᠨᠢᠯᠴᠠᠭᠤᠯᠪᠠ᠃

(ᠰᠢᠨᠬᠤᠸᠠ ᠬᠣᠷᠢᠶ᠎ᠠ ᠵᠢᠨ ᠪᠡᠭᠡᠵᠢᠩ᠎ᠦᠨ 10 ᠰᠠᠷ᠎ᠠ᠎ᠶᠢᠨ 7᠎ᠤ᠋ ᠴᠠᠬᠢᠯᠭᠠᠨ ᠮᠡᠳᠡᠭᠡ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面