ᠲᠡᠷᠢᠭᠦᠨ ᠨᠢᠭᠤᠷ>ᠬᠦᠮᠦᠨ ᠨᠡᠢᠭᠡᠮ>ᠨᠡᠢᠭᠡᠮ ᠠᠮᠢᠳᠣᠷᠠᠯ

2026-08-25 10:07:03

ᠵᠣᠬᠢᠶᠠᠭ᠍ᠴᠢ᠄ ᠬᠦᠭᠵᠢᠯᠳᠦ ᠣᠩᠱᠢᠭ᠍ᠰᠠᠨ ᠣᠳᠠᠭ᠎ᠠ᠄ 3

ᠣᠢᠷ᠎ᠠ ᠳ᠋ᠦ ᠥᠪᠥᠷ ᠮᠣᠩᠭᠣᠯ ᠤ᠋ᠨ ᠨᠣᠮ ᠤ᠋ᠨ ᠰᠠᠩ ᠤ᠋ᠨ ᠣᠶᠤᠨᠴᠢ ᠤᠩᠰᠢᠯᠭ᠎ᠠ ᠶ᠋ᠢᠨ ᠲᠣᠭᠣᠷᠢᠭ ᠢ᠋ ᠪᠠᠢᠭᠤᠯᠤᠨ ᠳᠠᠭᠤᠰᠬᠠᠵᠤ᠂ ᠤᠩᠰᠢᠭ᠍ᠴᠢᠳ ᠲᠦ᠍ ᠦᠢᠯᠡᠴᠢᠯᠡᠵᠦ ᠡᠬᠢᠯᠡᠪᠡ᠃ ᠡᠨᠡ ᠨᠢ ᠪᠥᠬᠥ ᠣᠷᠣᠨ ᠤ᠋ ᠣᠶᠤᠨᠴᠢ ᠨᠣᠮ ᠤ᠋ᠨ ᠰᠠᠩ ᠤ᠋ᠨ ᠰᠢᠰᠲᠧᠮ ᠤ᠋ᠨ ᠪᠠᠢᠭᠤᠯᠤᠯᠲᠠ ᠶ᠋ᠢᠨ ᠴᠣ ᠰᠢᠨ᠎ᠡ ᠦᠷ᠎ᠡ ᠪᠦᠲᠦᠭᠡᠯ ᠪᠠᠢᠵᠤ᠂ ᠤᠩᠰᠢᠯᠭ᠎ᠠ ᠶ᠋ᠢᠨ ᠲᠣᠭᠣᠷᠢᠭ᠋ ᠲᠦ᠍ AI ᠣᠶᠤᠨᠴᠢ ᠰᠢᠷᠡᠭᠡ ᠪᠡᠷ ᠭᠣᠣᠯ ᠠᠴᠢᠶᠠᠯᠠᠪᠤᠷᠢ ᠪᠣᠯᠭᠠᠨ᠂ ᠵᠣᠬᠢᠶᠠᠮᠠᠯ ᠣᠶᠤᠨᠳᠤ ᠮᠡᠷᠭᠡᠵᠢᠯ ᠢ᠋ ᠤᠩᠰᠢᠯᠭ᠎ᠠ ᠶ᠋ᠢᠨ ᠳᠠᠰᠤᠭ ᠲᠦ᠍ ᠭᠦᠨᠵᠡᠬᠡᠢ ᠠᠰᠢᠭᠯᠠᠵᠦ᠂ ᠤᠩᠰᠢᠯᠭ᠎ᠠ ᠶ᠋ᠢᠨ ᠰᠢᠷᠡᠭᠡ ᠨᠢᠭᠡ ᠪᠦᠷᠢ ᠵᠢ ᠴᠥᠮ 《ᠨᠢᠭᠡ ᠥᠷᠲᠡᠭᠡᠴᠢᠯᠡᠭᠰᠡᠨ ᠣᠶᠤᠨᠴᠢ ᠦᠢᠯᠡᠴᠢᠯᠡᠭᠡᠨ ᠤ᠋ ᠴᠣᠩᠬᠣᠪᠴᠢ》 ᠪᠣᠯᠭᠠᠨ ᠪᠠᠢᠭᠤᠯᠵᠦ᠂ ᠤᠩᠰᠢᠭ᠍ᠴᠢᠳ ᠲᠦ᠍ ᠨᠠᠩ ᠣᠶᠤᠨᠴᠢ᠂ ᠨᠠᠩ ᠪᠦᠲᠦᠮᠵᠢᠲᠡᠶ᠂ ᠨᠠᠩ ᠳᠣᠲᠣᠨᠣ᠌ ᠤᠩᠰᠢᠯᠭ᠎ᠠ ᠰᠤᠷᠤᠯᠴᠠᠯᠭ᠎ᠠ ᠶ᠋ᠢᠨ ᠰᠢᠨ᠎ᠡ ᠤᠷᠴᠢᠨ ᠨᠦᠬᠦᠴᠡᠯ ᠢ᠋ ᠪᠦᠷᠢᠯᠳᠦᠬᠦᠯᠵᠤ ᠦᠭᠬᠦᠭᠰᠡᠨ ᠪᠠᠢᠨ᠎ᠠ᠃

ᠣᠶᠤᠨᠴᠢ ᠤᠩᠰᠢᠯᠭ᠎ᠠ ᠶ᠋ᠢᠨ ᠲᠣᠭᠣᠷᠢᠭ᠋ ᠤ᠋ᠨ ᠰᠠᠭᠤᠳᠠᠯ ᠨᠢᠭᠡ ᠪᠦᠷᠢ ᠳ᠋ᠦ ᠴᠥᠮ ᠨᠢᠭᠡ ᠴᠣᠭᠴᠠᠵᠢᠭᠤᠯᠤᠭᠰᠠᠨ AI ᠣᠶᠤᠨᠴᠢ ᠰᠢᠷᠡᠭᠡᠨ ᠨᠢᠭᠤᠷ ᠤ᠋ᠨ ᠲᠥᠬᠦᠭᠡᠷᠦᠮᠵᠢ ᠲᠣᠬᠢᠷᠠᠭᠤᠯᠵᠠᠢ᠃ ᠰᠢᠷᠡᠭᠡᠨ ᠨᠢᠭᠤᠷ ᠳᠡᠭᠡᠷ᠎ᠡ ᠥᠨᠳᠥᠷ ᠲᠣᠳᠣᠴᠠᠳᠦ ᠤᠶᠤᠨᠯᠢᠭ᠋ ᠰᠢᠷᠪᠢᠯᠲᠡ ᠶ᠋ᠢᠨ ᠲᠤᠷᠠᠨᠳᠠᠭᠤᠷ ᠲᠤᠬᠢᠷᠠᠭᠤᠯᠤᠨ OCR ᠰᠢᠷᠪᠢᠯᠳᠡ᠂ ᠰᠡᠬᠦᠳᠡᠷᠯᠡᠵᠦ ᠦᠬᠡ ᠦᠰᠦᠭ ᠣᠷᠴᠢᠭᠤᠯᠬᠤ ᠪᠠ ᠦᠨᠡᠮᠯᠡᠯ ᠰᠢᠷᠪᠢᠵᠦ ᠲᠠᠩᠰᠠᠨ ᠳ᠋ᠦ ᠬᠠᠳᠠᠭᠠᠯᠠᠬᠤ ᠵᠡᠷᠭᠡ ᠴᠢᠳᠠᠮᠵᠢ ᠲᠠᠢ ᠪᠠᠢᠵᠦ᠂ ᠴᠠᠭᠠᠰᠤᠨ ᠮᠠᠲᠧᠷᠢᠶᠠᠯ ᠢ᠋ ᠨᠢᠭᠡ ᠳᠠᠷᠤᠪᠴᠢ ᠪᠠᠷ ᠡᠯᠧᠺᠲᠷᠣᠨ ᠲᠸᠺᠰᠲ ᠪᠣᠯᠭᠠᠨ ᠬᠤᠪᠢᠷᠠᠭᠤᠯᠵᠤ᠂ ᠰᠤᠷᠤᠯᠴᠠᠬᠤ ᠮᠠᠲᠧᠷᠢᠶᠠᠯ ᠢ᠋ ᠡᠮᠬᠢᠯᠡᠬᠦ ᠳ᠋ᠦ ᠨᠠᠩ ᠪᠦᠲᠦᠮᠵᠢᠲᠡᠶ ᠪᠣᠯᠭᠠᠵᠠᠢ᠃ ᠪᠠᠰᠠ ᠨᠣᠮ ᠤ᠋ᠨ ᠰᠠᠩ ᠤ᠋ᠨ ᠲᠣᠮᠣ᠌ ᠵᠠᠭᠪᠤᠷ ᠬᠢᠭᠡᠳ ᠨᠣᠮ ᠤ᠋ᠨ ᠰᠠᠩ ᠤ᠋ᠨ ᠲᠤᠰᠬᠠᠢ ᠮᠡᠳᠡᠯᠭᠡ ᠶ᠋ᠢᠨ ᠬᠥᠮᠥᠷᠭᠡ᠂ ᠣᠶᠤᠨᠴᠢ ᠤᠩᠰᠢᠯᠭ᠎ᠠ ᠶ᠋ᠢᠨ ᠲᠣᠭᠣᠷᠢᠭ᠋ ᠲᠦ᠍ ᠲᠦᠰᠢᠭᠯᠡᠨ ᠤᠩᠰᠢᠭ᠍ᠴᠢᠳ ᠲᠦ᠍ ᠲᠤᠢᠯ ᠤ᠋ᠨ ᠣᠨᠣᠪᠴᠢᠲᠠᠶ ᠣᠶᠤᠨᠴᠢᠯᠠᠭᠰᠠᠨ ᠮᠡᠳᠡᠯᠭᠡ ᠶ᠋ᠢᠨ ᠦᠢᠯᠡᠴᠢᠯᠡᠭᠡ ᠬᠠᠩᠭᠠᠵᠤ ᠲᠠᠢᠯᠬᠦ ᠪᠤᠯᠵᠠᠢ᠃ ᠤᠩᠰᠢᠭ᠍ᠴᠢᠳ ᠰᠢᠷᠡᠭᠡᠨ ᠳᠡᠭᠡᠷ᠎ᠡ ᠡᠴᠡ ᠨᠤᠮ ᠤ᠋ᠨ ᠰᠠᠩ ᠤ᠋ᠨ ᠬᠠᠳᠠᠭᠠᠯᠠᠯᠲᠠ᠂ ᠨᠤᠮ ᠵᠢᠭᠡᠯᠡᠵᠦ ᠤᠩᠰᠢᠬᠤ ᠳᠦᠷᠢᠮ ᠤ᠋ᠨ ᠲᠠᠢᠯᠤᠮᠵᠢ᠂ ᠨᠤᠮ ᠤ᠋ᠨ ᠰᠠᠩ ᠤ᠋ᠨ ᠠᠵᠢᠯᠯᠠᠭ᠎ᠠ ᠶ᠋ᠢᠨ ᠮᠡᠳᠡᠭᠡ ᠵᠠᠩᠭᠢ ᠵᠡᠷᠭᠡ ᠵᠢ ᠣᠯᠵᠤ ᠪᠣᠯᠣᠨ᠎ᠠ᠃

ᠭᠣᠣᠯ ᠪᠣᠯᠬᠤ ᠤᠩᠰᠢᠬᠤ ᠪᠠ ᠬᠠᠢᠬᠤ ᠦᠢᠯᠡᠴᠢᠯᠡᠭᠡ ᠡᠴᠡ ᠭᠠᠳᠠᠨ᠎ᠠ᠂ ᠣᠶᠤᠨᠴᠢ ᠤᠩᠰᠢᠯᠭ᠎ᠠ ᠶ᠋ᠢᠨ ᠲᠣᠭᠣᠷᠢᠭ᠋ ᠲᠦ᠍ ᠪᠥᠬᠥ ᠶᠠᠪᠤᠴᠠ ᠶ᠋ᠢᠨ ᠠᠦ᠋ᠲ᠋ᠣ᠋ ᠦᠢᠯᠡᠴᠢᠯᠡᠭᠡ ᠪᠠ ᠰᠤᠷᠤᠯᠴᠠᠯᠭ᠎ᠠ ᠶ᠋ᠢᠨ ᠲᠤᠰᠠᠯᠠᠬᠤ ᠪᠠᠭᠠᠵᠢ ᠲᠤᠬᠢᠷᠠᠭᠤᠯᠵᠦ᠂ ᠬᠢᠵᠦ ᠳᠠᠭᠤᠰᠬᠠᠭᠠᠳᠤᠢ ᠠᠵᠢᠯ ᠤ᠋ᠨ ᠰᠠᠨᠠᠭᠤᠯᠤᠮᠵᠢ᠂ ᠤᠶᠤᠨᠳᠦ ᠴᠠᠭ᠂ ᠡᠯᠧᠺᠲᠷᠣᠨ ᠨᠣᠮ ᠤᠩᠰᠢᠭ᠍ᠰᠠᠨ ᠲᠡᠮᠳᠡᠭᠯᠡᠯ᠂ ᠥᠪᠡᠷᠮᠢᠴᠡ ᠲᠥᠯᠥᠪᠯᠡᠭᠡᠲᠦ ᠬᠦᠰᠦᠨᠦᠭᠲᠦ᠂ ᠤᠰᠤ ᠤᠤᠭᠤᠬᠤ ᠰᠠᠨᠠᠭᠤᠯᠤᠮᠵᠢ ᠵᠡᠷᠭᠡ ᠪᠠᠭᠲᠠᠵᠤ᠂ ᠤᠩᠰᠢᠯᠭ᠎ᠠ ᠶ᠋ᠢᠨ ᠰᠢᠷᠡᠭᠡ ᠵᠢ 《ᠰᠤᠷᠤᠯᠴᠠᠬᠤ ᠠᠵᠢᠯᠯᠠᠬᠤ ᠦᠷᠳᠡᠭᠡ》 ᠪᠤᠯᠭᠠᠪᠠ᠃ ᠪᠠᠰᠠ ᠮᠠᠨ ᠤ᠋ ᠣᠷᠣᠨ ᠤ᠋ ᠦᠨᠳᠦᠰᠦᠲᠡᠨ ᠤ᠋ ᠰᠣᠶᠣᠯ ᠤ᠋ᠨ ᠡᠬᠢ ᠪᠠᠶᠠᠯᠢᠭ᠋ ᠤ᠋ᠨ ᠤᠭ ᠰᠤᠷᠪᠤᠯᠵᠢ᠂ ᠮᠣᠩᠭᠣᠯ ᠬᠡᠯᠡᠨ ᠤ᠋ ᠡᠷᠲᠡᠨ ᠤ᠋ ᠨᠣᠮ ᠰᠤᠳᠤᠷ᠂ ᠡᠯ᠎ᠡ ᠲᠥᠷᠥᠯ ᠤ᠋ᠨ ᠰᠣᠶᠣᠯ ᠤ᠋ᠨ ᠮᠡᠳᠡᠯᠭᠡ ᠵᠡᠷᠭᠡ ᠮᠦᠽᠧᠢ ᠳ᠋ᠦ ᠬᠠᠳᠠᠭᠠᠯᠠᠭᠳᠠᠵᠤ ᠪᠠᠢᠭ᠎ᠠ ᠣᠨᠴᠠᠯᠢᠭ᠍ᠲᠤ ᠡᠬᠢ ᠪᠠᠶᠠᠯᠢᠭ ᠢ᠋ ᠵᠠᠯᠭᠠᠨ ᠣᠷᠣᠭᠤᠯᠵᠤ᠂ ᠣᠶᠤᠨᠴᠢᠯᠠᠭᠰᠠᠨ ᠬᠠᠢᠯᠲᠠ᠂ ᠣᠯᠠᠨ ᠵᠠᠭᠪᠤᠷᠲᠤ ᠢᠯᠡᠷᠡᠭᠦᠯᠦᠯ ᠤ᠋ᠨ ᠠᠷᠭ᠎ᠠ ᠬᠡᠯᠪᠡᠷᠢ ᠪᠡᠷ ᠲᠠᠮᠵᠢᠨ ᠦᠨᠳᠦᠰᠦᠲᠡᠨ ᠤ᠋ ᠰᠣᠶᠣᠯ ᠬᠢᠭᠡᠳ ᠣᠷᠣᠨ ᠨᠤᠲᠤᠭ ᠤ᠋ᠨ ᠰᠤᠷᠪᠤᠯᠵᠢ ᠪᠢᠴᠢᠭ ᠤ᠋ᠨ ᠡᠬᠢ ᠪᠠᠶᠠᠯᠢᠭ ᠢ᠋ ᠨᠠᠩ ᠳᠥᠭᠥᠮ ᠳᠥᠲᠡ ᠪᠡᠷ ᠤᠩᠰᠢᠭ᠍ᠴᠢᠳ ᠲᠦ᠍ ᠬᠦᠷᠲᠡᠭᠡᠵᠦ᠂ ᠰᠣᠶᠣᠯ ᠤ᠋ᠨ ᠥᠪ ᠢ᠋ ᠠᠮᠢᠯᠠᠭᠤᠯᠤᠨ ᠵᠠᠯᠭᠠᠮᠵᠢᠯᠠᠬᠤ ᠳ᠋ᠦ ᠬᠦᠴᠦᠨ ᠨᠡᠮᠡᠷᠢᠯᠡᠪᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面