ᠲᠡᠷᠢᠭᠦᠨ ᠨᠢᠭᠤᠷ>ᠬᠦᠮᠦᠨ ᠨᠡᠢᠭᠡᠮ>ᠳᠤᠷᠠᠨ ᠬᠠᠷᠠᠭᠠᠰᠤ

2026-01-07 10:50:21

ᠵᠣᠬᠢᠶᠠᠭ᠍ᠴᠢ᠄ ᠳ ᠂ ᠪᠠᠢᠭᠠᠯᠢ ᠣᠩᠱᠢᠭ᠍ᠰᠠᠨ ᠣᠳᠠᠭ᠎ᠠ᠄ 3

2025ᠤᠨ ᠎ᠤ 12 ᠰᠠᠷ᠎ᠠ᠎ᠶᠢᠨ 28 ᠎ᠦ ᠡᠳᠦᠷ᠂ ᠵᠡᠭᠦᠨ ᠦᠵᠦᠮᠦᠴᠢᠨ ᠬᠤᠰᠢᠭᠣᠨ᠎ᠤ ᠮᠠᠨᠳᠤᠬᠤᠪᠤᠯᠠᠭ ᠪᠠᠯᠭᠠᠰᠤᠨ᠎ᠤ ᠮᠠᠨᠳᠤᠬᠤᠪᠤᠯᠠᠭ ᠭᠠᠴᠠᠭᠠᠨ᠎ᠤ ᠮᠠᠯᠴᠢᠨ ᠬᠤᠤᠰᠪᠠᠶᠠᠷ ᠡᠬᠡᠨᠡᠷ ᠮᠦᠩᠭᠦᠨᠴᠡᠴᠡᠭ ᠲᠠᠢ ᠪᠠᠨ 《ᠴᠠᠭᠠᠨ ᠰᠢᠷᠡᠭᠡᠲᠤ ᠵᠢᠨ ᠡᠪᠦᠯᠵᠢᠶ᠎ᠡ》 ᠳᠠᠯᠠᠨ ᠭᠠᠵᠠᠷ᠎ᠤᠨ ᠮᠤᠷᠢᠲᠠᠢ ᠠᠶᠠᠯᠠᠯ᠎ᠢ ᠵᠤᠬᠢᠶᠠᠨ ᠪᠠᠢᠭᠤᠯᠵᠤ ᠶᠠᠪᠤᠭᠳᠠᠭᠤᠯᠪᠠ ᠃



ᠠᠶᠠᠯᠠᠯ ᠲᠤᠮᠳᠠᠬᠢ ᠠᠨᠳᠠ ᠨᠠᠢᠵᠠ ᠎ᠤᠳ




ᠴᠠᠰᠤᠲᠤ ᠲᠠᠯ᠎ᠠ ᠪᠡᠷ ᠠᠶᠠᠯᠠᠨ᠎ᠠ


ᠲᠤᠰ ᠤᠳᠠᠭᠠᠨ᠎ᠤ ᠮᠤᠷᠢᠲᠠᠢ ᠠᠶᠠᠯᠠᠯ᠎ᠳᠤ᠂ ᠪᠠᠷᠠᠭᠤᠨ ᠦᠵᠦᠮᠦᠴᠢᠨ ᠬᠤᠰᠢᠭᠣ᠌ ᠪᠠ ᠵᠡᠭᠦᠨ ᠦᠵᠦᠮᠦᠴᠢᠨ ᠬᠤᠰᠢᠭᠣᠨ᠎ᠤ ᠡᠯ᠎ᠡ ᠰᠤᠮᠤ ᠪᠠᠯᠭᠠᠰᠤ ᠡᠴᠡ 60 ᠭᠠᠷᠤᠢ ᠮᠤᠷᠢᠳᠠᠨ ᠤᠷᠤᠯᠴᠠᠵᠤ᠂ ᠴᠠᠭᠠᠨ ᠰᠢᠷᠡᠭᠡᠳᠤ ᠡᠴᠡ ᠡᠬᠢᠯᠡᠨ ᠮᠤᠷᠳᠠᠵᠤ᠂ ᠰᠡᠷᠪᠡᠭᠡᠷ ᠬᠠᠳᠠᠨ᠎ᠳᠤ ᠬᠦᠷᠴᠦ ᠡᠷᠬᠢᠨ ᠴᠠᠭᠠᠨ ᠰᠢᠷᠡᠭᠡᠳᠤ ᠳ᠋ᠡᠭᠡᠨ ᠪᠤᠴᠠᠵᠠᠢ᠃ ᠵᠤᠬᠢᠶᠠᠨ ᠪᠠᠢᠭᠤᠯᠤᠭ᠍ᠴᠢ ᠡᠴᠡ ᠤᠷᠤᠯᠴᠠᠭᠰᠠᠳ ᠎ᠤᠨ ᠢᠳᠡᠪᠬᠢᠵᠢᠯ᠎ᠢ ᠤᠯᠠᠮ ᠢᠯᠡᠭᠦᠦ ᠲᠠᠢᠴᠢᠯᠠᠬᠤ ᠵᠢᠨ ᠲᠤᠰᠠᠳᠠ᠂ ᠪᠠᠳᠤᠰᠠᠢᠨ ᠵᠡᠷᠭᠡ ᠠᠷᠪᠠᠨ ᠮᠤᠷᠢᠲᠠᠨ᠎ᠢ 《ᠨᠠᠮᠪᠠᠭᠠᠲᠤ ᠭᠠᠩᠭᠠᠩ ᠮᠤᠷᠢᠲᠠᠨ 》 ᠵᠢᠡᠷ ᠬᠦᠬᠢᠭᠦᠯᠦᠨ ᠱᠠᠩᠨᠠᠵᠠᠢ᠃


QQ20260107-104329.png


ᠲᠤᠰ ᠠᠵᠢᠯᠯᠠᠭ᠎ᠠ ᠵᠢᠨ ᠵᠤᠬᠢᠶᠡᠨ ᠪᠠᠢᠭᠤᠯᠤᠭᠴᠢ ᠬᠤᠤᠰᠪᠠᠶᠠᠷ ᠬᠦᠦᠤᠶᠤᠨᠪᠠᠲᠤ ᠲᠠᠢᠪᠠᠨ



ᠠᠶᠠᠨ ᠎ᠳᠤ ᠮᠤᠷᠳᠠᠬᠤ ᠪᠡᠷ ᠪᠡᠯᠡᠳᠭᠡᠨ᠎ᠡ


ᠠᠶᠠᠯᠠᠯ ᠲᠤᠮᠳᠡ ᠪᠡᠨ




ᠥᠨᠭᠭᠡ ᠲᠡᠪᠡᠯ ᠦᠨᠡᠭᠡᠨ ᠮᠠᠯᠠᠭᠠᠢ


ᠲᠤᠰ ᠤᠳᠠᠭᠠᠨ ᠎ᠤ ᠠᠵᠢᠯᠯᠠᠭ᠎ᠠ᠎ᠳᠦ᠂ ᠬᠤᠷᠢ ᠬᠦᠷᠦᠭᠡ ᠦᠭᠡᠢ ᠵᠠᠯᠠᠭᠤᠴᠤᠳ ᠪᠠᠭᠠᠴᠤᠳ ᠡᠴᠡ ᠳᠠᠯᠠ ᠰᠢᠬᠠᠬ᠍ᠰᠠᠨ ᠪᠤᠭᠤᠷᠤᠯ ᠮᠤᠷᠢᠳᠠᠳ ᠬᠦᠷᠳᠡᠯ᠎ᠡ ᠢᠳᠡᠪᠬᠢᠯᠡᠨ ᠤᠷᠤᠯᠴᠠᠵᠤ᠂ ᠭᠤᠷᠪᠠᠨ ᠴᠠᠭ ᠭᠠᠷᠤᠢ ᠵᠢᠨ ᠪᠠᠶᠠᠷ ᠬᠦᠷ ᠲᠠᠢ ᠠᠶᠠᠯᠠᠯ ᠨᠢ ᠮᠦᠩᠭᠦᠨ ᠡᠪᠦᠯ᠎ᠦᠨ ᠬᠠᠬᠢᠷ ᠬᠦᠢᠳᠡᠨ ᠎ᠳᠦ ᠮᠠᠯᠴᠢᠳ᠎ᠤᠨ ᠰᠡᠳᠬᠢᠯ ᠎ᠢ ᠪᠠᠶᠠᠰᠬᠠᠨ᠂ ᠪᠡᠶ᠎ᠡ ᠮᠠᠬᠠᠪᠤᠳ᠎ᠢ ᠴᠢᠬᠢᠷᠠᠭᠵᠢᠭᠤᠯᠤᠨ᠂ ᠪᠦᠯᠬᠦᠮᠳᠡᠯ ᠨᠢᠬ᠍ᠳᠠᠷᠠᠯ ᠎ᠢ ᠠᠬᠢᠭᠤᠯᠤᠭᠰᠠᠨ ᠬᠢᠯᠢ ᠨᠤᠲᠤᠭ ᠎ᠤᠨ ᠮᠠᠯᠴᠢᠳ᠎ᠤᠨ ᠬᠦᠭᠵᠢᠯ ᠲᠠᠢ ᠠᠵᠢᠯᠯᠠᠭ᠎ᠠ ᠪᠣᠯᠵᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面