ᠲᠡᠷᠢᠭᠦᠨ ᠨᠢᠭᠤᠷ>ᠬᠦᠮᠦᠨ ᠨᠡᠢᠭᠡᠮ>ᠳᠤᠷᠠᠨ ᠬᠠᠷᠠᠭᠠᠰᠤ

2025-12-24 11:29:47

ᠵᠣᠬᠢᠶᠠᠭ᠍ᠴᠢ᠄ ᠰᠠᠷᠠᠭᠤᠯᠬᠠᠨ ᠣᠩᠱᠢᠭ᠍ᠰᠠᠨ ᠣᠳᠠᠭ᠎ᠠ᠄ 3

ᠴᠠᠭ ᠬᠤᠭᠤᠴᠠᠭᠠᠨ᠎ᠤ ᠲᠡᠦᠬᠡ ᠪᠣᠯᠣᠨ ᠦᠯᠡᠳᠡᠭᠰᠡᠨ ᠬᠠᠭᠤᠴᠢᠨ ᠣᠨ᠎ᠢᠶᠠᠨ ᠴᠠᠭᠯᠠᠰᠢ ᠦᠭᠡᠢ ᠶᠡᠬᠡ ᠠᠮᠵᠢᠯᠲᠠ ᠪᠡᠷ ᠦᠳᠡᠵᠦ ᠪᠠᠢᠭ᠎ᠠ ᠡᠨᠡ ᠴᠠᠭ ᠮᠥᠴᠡ᠎ᠳᠦ᠂ 《ᠲᠤᠷᠠᠨ ᠬᠠᠷᠠᠭ᠎ᠠ》 ᠴᠢᠨᠢ 2025 ᠣᠨ᠎ᠤ ᠬᠠᠭᠤᠳᠠᠰᠤ᠎ᠪᠠᠨ ᠡᠪᠬᠡᠨ᠂ ᠨᠢᠭᠡᠨ ᠵᠢᠯ᠎ᠦᠨ ᠣᠯᠣᠯᠲᠠ ᠠᠮᠵᠢᠯᠲᠠ᠎ᠪᠠᠨ ᠳ᠋ᠦᠩᠨᠡᠵᠦ᠂ ᠣᠨ ᠴᠠᠭ᠎ᠤᠨ ᠲᠣᠭᠠᠯᠠᠯ᠎ᠳᠤ ᠤᠴᠠᠷᠠᠨ ᠵᠣᠯᠭᠠᠵᠤ ᠪᠠᠢᠭ᠎ᠠ ᠰᠢᠨ᠎ᠡ ᠣᠨ᠎ᠳᠠᠭᠠᠨ ᠤᠯᠠᠮ ᠶᠡᠬᠡ ᠠᠮᠵᠢᠯᠲᠠ᠎ᠶᠢ ᠬᠤᠷᠤᠢᠯᠠᠨ ᠪᠠᠷᠠᠯᠠᠵᠤ ᠪᠠᠢᠨ᠎ᠠ᠃


QQ20251224-112430.png


ᠠᠮᠢᠳᠤᠷᠠᠯ᠎ᠤᠨ ᠥᠷᠲᠡᠭᠡ ᠪᠣᠯᠭᠠᠨ᠎ᠳᠤ ᠥᠪᠡᠷ ᠥᠪᠡᠷ᠎ᠦᠨ ᠬᠢᠨᠢ ᠦᠵᠡᠮᠵᠢ ᠪᠠᠢᠳᠠᠭ ᠲᠠᠢ ᠠᠳᠠᠯᠢᠬᠠᠨ ᠮᠠᠨ᠎ᠤ 《ᠲᠤᠷᠠᠨ ᠬᠠᠷᠠᠭ᠎ᠠ》 ᠎ᠶᠢᠨ ᠬᠠᠭᠤᠳᠠᠰᠤ ᠪᠣᠯᠭᠠᠨ᠎ᠳᠤ ᠲᠦᠮᠡᠨ᠎ᠦ 《ᠬᠠᠷᠠᠭ᠎ᠠ》 ᠪᠠᠶᠠᠰᠬᠠᠭᠰᠠᠨ ᠦᠵᠡᠮᠵᠢ ᠪᠠᠢᠳᠠᠭ᠂ ᠴᠠᠭᠠᠨ᠎ᠠ ᠨᠢ ᠤᠳᠬ᠎ᠠ ᠰᠠᠨᠠᠭ᠎ᠠ ᠨᠢ ᠴᠤ᠌ ᠠᠭᠤᠯᠣᠬ᠍ᠳᠠᠳᠠᠭ᠃ ᠲᠥᠷᠥ᠎ᠶᠢᠨ ᠢᠪᠡᠭᠡᠯ᠂ ᠲᠦᠮᠡᠨ᠎ᠦ ᠢᠲᠡᠭᠡᠯ᠎ᠳᠦ 《ᠲᠤᠷᠠᠨ ᠬᠠᠷᠠᠭ᠎ᠠ》 ᠴᠢᠨᠢ 2025 ᠣᠨ᠎ᠳᠠᠭᠠᠨ ᠥᠪᠥᠷ ᠮᠣᠩᠭᠣᠯ᠎ᠤᠨ ᠪᠠᠢᠭᠠᠯᠢ ᠠᠬᠤᠢ᠂ ᠰᠣᠶᠣᠯ ᠢᠷᠭᠡᠨᠰᠢᠯ᠂ ᠠᠵᠤ ᠠᠬᠤᠢ᠂ ᠨᠡᠢᠭᠡᠮ ᠠᠮᠢᠳᠤᠷᠠᠯ᠂ ᠪᠦᠯᠬᠦᠮᠳᠡᠯ ᠲᠠᠪᠰᠢᠯᠳᠡ᠁ ᠵᠡᠷᠭᠡ ᠲᠠᠯ᠎ᠠ ᠲᠠᠯ᠎ᠠ᠎ᠶᠢᠨ ᠬᠦᠷᠢᠶ᠎ᠡ ᠴᠠᠷᠠᠭ᠎ᠠ ᠎ᠶᠢ 《ᠲᠤᠷᠠᠨ》᠎ᠢᠶᠠᠷ᠎ᠢᠶᠠᠨ ᠵᠢᠷᠤᠭᠯᠠᠵᠤ᠂ 《ᠲᠤᠷᠠᠨ》 ᠎ᠢᠶᠠᠷ᠎ᠢᠶᠠᠨ ᠲᠡᠮᠳᠡᠭᠯᠡᠵᠦ᠂ 《ᠲᠤᠷᠠᠨ》 ᠎ᠢᠶᠠᠷ᠎ᠢᠶᠠᠨ ᠳᠡᠯᠭᠡᠯ᠎ᠡ᠂ ᠦᠨᠡᠬᠡᠷ ᠴᠤ᠌ ᠰᠠᠢᠬᠠᠨ ᠡᠬᠡ ᠤᠯᠤᠰ᠎ᠤᠨ ᠦᠵᠡᠰᠬᠦᠯᠡᠩᠲᠦ ᠰᠠᠢᠬᠠᠨ ᠦᠵᠡᠮᠵᠢ᠎ᠶᠢᠨ ᠵᠢᠷᠣᠭ ᠪᠠᠢᠯ᠎ᠠ᠃

ᠠᠯᠳᠠᠭ᠎ᠠ ᠤᠨᠤᠭ᠎ᠠ᠎ᠶᠢ ᠮᠢᠨᠢ ᠪᠠᠭᠲᠠᠭᠠᠵᠤ᠂ ᠦᠷᠭᠦᠯᠵᠢ ᠬᠠᠮᠲᠤ ᠪᠠᠢᠯᠴᠠᠭᠰᠠᠨ ᠥᠷᠭᠡᠨ ᠤᠯᠠᠨ ᠤᠩᠰᠢᠭ᠍ᠴᠢᠳ ᠲᠠᠭᠠᠨ ᠪᠠᠶᠠᠷᠯᠠᠯ᠎ᠠ᠃ ᠢᠲᠡᠭᠡᠯ ᠰᠡᠳᠬᠢᠯ ᠬᠠᠢᠷᠠᠯᠠᠭᠰᠠᠨ ᠤᠩᠰᠢᠭ᠍ᠴᠢᠳ ᠲᠠᠭᠠᠨ ᠲᠠᠯᠠᠷᠬᠠᠯ᠎ᠠ᠃ ᠢᠷᠡᠵᠤ ᠪᠠᠢᠭ᠎ᠠ ᠰᠢᠨ᠎ᠡ ᠣᠨ᠎ᠳᠠᠭᠠᠨ ᠪᠢᠳᠡ ᠦᠷᠭᠦᠯᠵᠢᠯᠡᠨ ᠬᠢᠴᠢᠶᠡᠨ ᠠᠵᠢᠯᠯᠠᠬᠤ ᠪᠣᠯᠣᠨ᠎ᠠ᠃

ᠤᠴᠠᠷᠠᠯ᠎ᠤᠨ ᠳᠥᠷᠥᠭᠡᠨ ᠳᠡᠭᠡᠷ᠎ᠡ᠎ᠪᠠᠨ ᠰᠦ ᠳᠤᠰᠤᠭᠠᠶ᠎ᠠ !

ᠳᠡᠯᠭᠡᠭᠰᠡᠨ ᠬᠠᠳᠠᠭ ᠳᠡᠭᠡᠷ᠎ᠡ᠎ᠪᠠᠨ ᠢᠷᠦᠭᠡᠯ ᠬᠤᠷᠤᠢᠯᠠᠶ᠎ᠠ !

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面