ᠲᠡᠷᠢᠭᠦᠨ ᠨᠢᠭᠤᠷ>ᠬᠦᠮᠦᠨ ᠨᠡᠢᠭᠡᠮ>ᠳᠤᠷᠠᠨ ᠬᠠᠷᠠᠭᠠᠰᠤ

2026-03-04 11:18:05

ᠵᠣᠬᠢᠶᠠᠭ᠍ᠴᠢ᠄ ᠰᠡᠷᠭᠦᠯᠡᠨᠭᠴᠡᠴᠡᠭ ᠰᠡᠴᠡᠨᠮᠥ᠋ᠨᠭᠬᠡ ᠣᠩᠱᠢᠭ᠍ᠰᠠᠨ ᠣᠳᠠᠭ᠎ᠠ᠄ 3

ᠤᠯᠠᠭᠠᠨ ᠮᠤᠷᠢᠨ ᠵᠢᠯ ᠵᠢᠡᠨ ᠤᠬᠳᠤᠵᠤ᠂ ᠤᠯᠠᠭᠠᠨᠬᠠᠳᠠ ᠬᠤᠲᠠ ᠵᠢᠨ ᠬᠡᠰᠢᠭᠳᠡᠨ ᠬᠤᠰᠢᠭᠤᠨ᠎ᠤ ᠤᠯᠠᠭᠠᠨᠪᠤᠳᠤᠩ ᠲᠠᠯ᠎ᠠ ᠨᠤᠲᠤᠭ ᠨᠢ ᠬᠦᠭᠰᠡᠨ ᠲᠤᠭᠳᠤᠯᠤᠭᠰᠠᠨ ᠰᠡᠳᠬᠢᠯ ᠵᠢᠡᠷ ᠎ᠨᠠᠢ᠍ᠮᠠᠨ ᠵᠤᠪᠬᠢᠰ᠎ᠤᠨ ᠭᠡᠢᠴᠢᠨ ᠵᠢᠭᠤᠯᠴᠢᠯᠠᠭᠰᠠᠳ ᠵᠢᠡᠨ ᠰᠠᠢᠨ᠎ᠤ ᠢᠷᠦᠭᠡᠯ ᠲᠠᠢ ᠤᠬᠳᠤᠨ ᠠᠪᠴᠤ᠂ 《ᠮᠦᠨᠭᠭᠦᠨ ᠡᠪᠦᠯ᠎ᠤᠨ ᠴᠠᠰᠤ ᠮᠦᠰᠦᠨ᠎ᠤ ᠮᠤᠨᠭᠭᠤᠯ ᠠᠳᠤᠭᠤᠨ ᠰᠤᠶᠤᠯ᠎ᠤᠨ ᠨᠠᠭᠠᠳᠤᠮ》 ᠵᠢᠡᠨ ᠬᠦᠷ ᠨᠠᠷᠭᠢᠶᠠᠨ ᠲᠠᠢ ᠶᠠᠪᠤᠭᠳᠠᠭᠤᠯᠤᠯ᠎ᠠ᠃


QQ20260304-111008.png


ᠴᠠᠰᠤᠲᠤ ᠲᠠᠯ᠎ᠠ᠎ᠳᠤ ᠲᠠᠪᠬᠢᠭ᠎ᠠ ᠠᠳᠤᠭᠤᠨ ᠰᠦᠷᠦᠭ


QQ20260304-110911.png


ᠮᠠᠨᠲᠤᠬᠤ ᠨᠠᠷᠠᠨ


ᠡᠪᠦᠯ᠎ᠤᠨ ᠤᠯᠠᠷᠢᠯ᠎ᠤᠨ ᠢᠳᠡ ᠬᠦᠢᠳᠡᠨ ᠴᠠᠭ ᠵᠢᠡᠷ ᠶᠠᠪᠤᠭᠳᠠᠭᠰᠠᠨ ᠡᠨᠡ᠎ᠬᠦ ᠠᠶᠠᠯᠠᠯ ᠵᠢᠭᠤᠯᠴᠢᠯᠠᠯ᠎ᠤᠨ ᠠᠵᠢᠯᠯᠠᠭ᠎ᠠ ᠨᠢ᠂ ᠤᠯᠤᠰ᠎ᠤᠨ ᠲᠤᠳᠤᠭᠠᠳᠤ ᠭᠠᠳᠠᠭᠠᠳᠤ ᠵᠢᠨ ᠵᠢᠭᠤᠯᠴᠢᠯᠠᠭᠰᠠᠳ ᠪᠤᠯᠤᠨ ᠭᠡᠷᠡᠯ ᠵᠢᠷᠤᠭ᠎ᠤᠨ ᠪᠠᠬᠠᠳᠠᠳ᠎ᠤᠨ ᠪᠠᠬᠠᠷᠬᠠᠯ᠎ᠢ ᠲᠠᠳᠠᠭᠰᠠᠨ ᠵᠢᠡᠷ ᠪᠠᠷᠠᠬᠤ ᠦᠭᠡᠢ᠂ ᠬᠤᠯᠠ ᠤᠢᠷ᠎ᠠ ᠵᠢᠨ ᠵᠤᠴᠢᠳ᠎ᠲᠤ ᠲᠠᠯ᠎ᠠ ᠨᠤᠲᠤᠭ᠎ᠤᠨ ᠬᠦᠮᠦᠨ ᠠᠷᠠᠳ᠎ᠤᠨ ᠭᠠᠯ ᠬᠠᠯᠠᠭᠤᠨ ᠰᠡᠳᠬᠢᠯ᠎ᠢ ᠮᠡᠳᠡᠷᠡᠭᠦᠯᠦᠯ᠎ᠡ᠃


QQ20260304-110854.png


ᠵᠢᠭᠤᠯᠴᠢᠨ᠎ᠤ ᠵᠤᠭ᠎ᠠ


QQ20260304-110903.png


ᠲᠠᠪᠬᠢᠭ᠎ᠠ ᠮᠤᠷᠢᠳ


QQ20260304-111021.png


ᠤᠯᠠᠭᠠᠨᠪᠤᠳᠤᠩ᠎ᠤᠨ ᠲᠠᠯ᠎ᠠ ᠦᠦᠷ᠎ᠤᠨ ᠲᠤᠶᠠᠭ᠎ᠠ ᠵᠢ ᠤᠭᠳᠤᠨ᠎ᠠ


QQ20260304-110943.png


ᠠᠳᠤᠭᠤᠴᠢᠨ᠎ᠤ ᠵᠢᠪᠬᠤᠭ᠎ᠠ


QQ20260304-110952.png


ᠠᠮᠤᠭᠤᠯᠠᠩ ᠲᠠᠢᠪᠤᠩ ᠲᠠᠯ᠎ᠠ ᠨᠤᠲᠤᠭ


ᠲᠠᠪᠬᠢᠨ ᠲᠤᠪᠳᠤᠯᠬᠤ ᠠᠳᠤᠭᠤᠳ᠎ᠤᠨ ᠲᠦᠪᠡᠷᠭᠡᠨ ᠮᠦᠰᠦ ᠴᠠᠰᠤᠨ᠎ᠳᠤ ᠬᠤᠴᠢᠭᠳᠠᠭᠰᠠᠨ ᠮᠦᠨᠭᠭᠦᠨ ᠴᠠᠭᠠᠨ ᠲᠡᠯᠡᠭᠡᠢ ᠵᠢ ᠠᠮᠢᠯᠠᠯ᠎ᠤᠨ ᠠᠶᠠᠯᠭᠤ ᠪᠡᠷ ᠴᠢᠪᠬᠠᠳᠠᠵᠤ᠂ ᠨᠠᠮ ᠬᠦᠮ᠎ᠤᠨ ᠲᠤᠮᠳᠠ ᠦᠷᠭᠡᠯᠡᠵᠦ ᠪᠠᠢᠭᠰᠠᠨ ᠤᠯᠠᠭᠠᠨᠪᠤᠳᠤᠩ᠎ᠤᠨ ᠲᠠᠯ᠎ᠠ ᠨᠤᠲᠤᠭ᠎ᠢ ᠪᠠᠢᠭᠠᠯᠢ ᠳᠡᠯᠡᠭᠡᠢ᠂ ᠠᠳᠤᠭᠤ ᠮᠠᠯ᠂ ᠬᠦᠮᠦᠨ ᠠᠷᠠᠳ ᠬᠠᠷᠢᠯᠴᠠᠨ ᠬᠦᠭᠯᠡᠷᠡᠨ ᠵᠤᠬᠢᠴᠠᠯᠳᠤᠭᠰᠠᠨ ᠦᠪᠡᠳᠡᠭᠰᠢ ᠴᠤᠭᠯᠠᠭᠠᠨ ᠲᠤᠮᠳᠠ ᠪᠢᠯᠬᠠᠭᠤᠯᠤᠯ᠎ᠠ᠃ ᠡᠨᠡ ᠤᠳᠠᠭᠠᠨ᠎ᠤ ᠠᠵᠢᠯᠯᠠᠭ᠎ᠠ ᠨᠢ ᠰᠢᠨ᠎ᠡ ᠵᠢᠯ᠎ᠳᠡᠭᠡᠨ ᠤᠭᠳᠤᠯᠭ᠎ᠠ ᠲᠠᠯᠪᠢᠭᠰᠠᠨ ᠨᠠᠢᠷ ᠨᠠᠭᠠᠳᠤᠮ ᠲᠡᠳᠤᠢ ᠦᠭᠡᠢ᠂ᠤᠷᠤᠨ ᠨᠤᠲᠤᠭ᠎ᠤᠨ ᠰᠤᠶᠤᠯ ᠤᠷᠠᠯᠢᠭ ᠵᠢᠡᠨ ᠤᠯᠠᠨ ᠲᠦᠮᠡᠨ ᠎ᠳᠤ ᠲᠠᠨᠢᠭᠤᠯᠬᠤ᠂ ᠮᠤᠨᠭᠭᠤᠯ ᠮᠤᠷᠢᠨ᠎ᠤ ᠴᠤᠴᠠᠰᠢ ᠦᠭᠡᠢ ᠵᠤᠷᠢᠭ ᠰᠠᠨᠠᠭ᠎ᠠ ᠵᠢ ᠪᠠᠳᠠᠷᠠᠭᠤᠯᠬᠤ᠂ ᠲᠡᠷᠡᠴᠢᠯᠡᠨ ᠤᠯᠠᠭᠠᠨᠬᠠᠳᠠ ᠬᠤᠳᠠ ᠵᠢᠨ ᠰᠤᠶᠤᠯ ᠵᠢᠭᠤᠯᠴᠢᠯᠠᠯ᠎ᠤᠨ ᠦᠢᠯᠡᠰ᠎ᠢ ᠤᠬᠠᠭᠤᠯᠤᠨ ᠬᠦᠭᠵᠢᠬᠦᠯᠬᠦ ᠵᠢ ᠢᠳᠡ ᠬᠦᠴᠦᠳᠠᠢ ᠠᠬᠢᠭᠤᠯᠬᠤ ᠴᠢᠬᠤᠯᠠ ᠠᠴᠢ ᠬᠤᠯᠪᠤᠭᠳᠠᠯ ᠪᠦᠬᠦᠢ ᠤᠷᠤᠨ ᠨᠤᠲᠤᠭ᠎ᠤᠨ ᠦᠢᠯᠡᠳᠦᠯᠭᠡ ᠪᠤᠯᠤᠭᠰᠠᠨ ᠶᠤᠮ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面