2026-05-13 10:13:08
ᠬᠥᠬᠡᠬᠣᠲᠠ᠎ᠶ᠋ᠢᠨ ᠮᠦᠽᠧᠶ ᠪᠣᠯᠤᠨ ᠭᠤᠸᠠᠩᠳᠦ᠋ᠩ ᠮᠤᠵᠢ᠎ᠶ᠋ᠢᠨ ᠮᠦᠽᠧᠶ᠎ᠶ᠋ᠢᠨ ᠬᠠᠮᠲᠤᠷᠠᠨ ᠡᠷᠭᠢᠯᠡᠭ᠌ᠰᠡᠨ《ᠭᠤᠸ᠎ᠠ ᠦᠵᠡᠰᠬᠦᠯᠡᠩ᠎ᠤᠨ ᠤᠬᠢ — ᠭᠤᠸᠠᠩᠳᠦ᠋ᠩ᠎ᠤᠨ ᠫᠠᠯᠠᠨ ᠡᠳ᠋ᠯᠡᠯ᠎ᠤᠨ ᠣᠨᠴᠠ ᠦᠵᠡᠬᠦᠯᠬᠡ》 ᠬᠥᠬᠡᠬᠣᠲᠠ᠎ᠶ᠋ᠢᠨ ᠮᠦᠽᠧᠶ᠎ᠳᠦ ᠦᠷᠬᠦᠯᠵᠢᠯᠡᠵᠦ᠂ ᠳᠤᠮᠳᠠᠳᠤ ᠡᠧᠦ᠋ᠷᠦᠫᠠ᠎ᠶᠢᠨ ᠭᠠᠷ ᠤᠷᠠᠯᠠᠯ ᠠᠭᠤᠰᠤᠯᠴᠠᠭ᠍ᠰᠠᠨ ᠭᠤᠤ᠎ᠠ ᠵᠦᠶ᠎ᠶ᠋ᠢᠨ ᠦᠵᠡᠰᠬᠦᠯᠡᠩ ᠬᠦᠮᠦᠰ᠎ᠤᠨ ᠪᠠᠬ᠎ᠠ᠎ᠵᠢ ᠳᠠᠳᠠᠨ᠎ᠠ᠃

ᠲᠣᠰ ᠤᠳᠠᠭᠠᠨ᠎ᠤ ᠦᠵᠡᠬᠦᠯᠬᠡ ᠳᠦ ᠬᠠᠭᠠᠨ᠎ᠤ ᠣᠷᠳᠣᠨ᠎ᠤ ᠡᠳ᠋ᠯᠡᠯ᠂ ᠠᠷᠠᠳ᠎ᠤᠨ ᠳᠤᠮᠳᠠᠬᠢ ᠡᠳ᠋ᠯᠡᠯ ᠵᠢᠴᠢ ᠭᠠᠳᠠᠭᠠᠳᠦ᠎ᠳᠦ ᠭᠠᠷᠭᠠᠭᠰᠠᠨ ᠡᠳ᠋ᠯᠡᠯ ᠵᠡᠷᠭᠡ 3 ᠲᠥᠷᠥᠯ᠎ᠦᠨ ᠭᠤᠸᠠᠩᠳᠦ᠋ᠩ᠎ᠤᠨ ᠫᠠᠯᠠᠨ ᠡᠳ᠋ᠯᠡᠯ᠎ᠢ 114 ᠵᠠᠬ᠎ᠠ (ᠢᠵᠢ) ᠦᠵᠡᠬᠦᠯᠵᠦ᠂ ᠦᠵᠡᠭᠦᠯᠭᠡ᠎ᠶ᠋ᠢᠨ ᠪᠣᠳᠠᠰ᠎ᠲᠤ ᠵᠡᠰ ᠬᠡᠪ ᠲᠠᠢ ᠫᠠᠯᠠᠨ ᠵᠢᠷᠤᠭᠳᠦ ᠡᠳ᠋᠂ ᠰᠢᠳᠠᠭᠠᠨ ᠦᠩᠭᠡᠯᠡᠭᠰᠡᠨ ᠫᠠᠯᠠᠨ ᠵᠡᠷᠭᠡ ᠣᠯᠠᠨ ᠵᠦᠶ᠋ᠯ᠎ᠦᠨ ᠭᠠᠷ ᠤᠷᠠᠯᠠᠯ᠎ᠢ ᠦᠵᠡᠬᠦᠯᠵᠦ᠂ ᠤᠷᠠᠨ ᠨᠠᠷᠢᠨ ᠬᠡ ᠤᠭᠠᠯᠵᠠ᠂ ᠥᠩᠭᠡ ᠢᠯᠭᠠᠷᠠᠮ᠎ᠠ ᠫᠠᠯᠠᠨ ᠪᠤᠳᠤᠭ᠂ ᠬᠡᠬᠡᠨᠴᠢᠷ ᠴᠡᠮᠴᠡᠭᠡᠷ ᠬᠢᠴᠡ ᠤᠷᠠᠯᠠᠯ ᠨᠢ ᠭᠤᠸᠠᠩᠳᠦ᠋ᠩ᠎ᠤᠨ ᠫᠠᠯᠠᠨ ᠡᠳ᠋ᠯᠡᠯ᠎ᠤᠨ ᠥᠪᠡᠷᠮᠢᠴᠡ ᠭᠤᠸ᠎ᠠ ᠰᠠᠢᠬᠠᠨ᠎ᠢ ᠬᠠᠷᠠᠭᠤᠯᠵᠠᠢ᠃ ᠭᠤᠸᠠᠩᠳᠦ᠋ᠩ᠎ᠤᠨ ᠫᠠᠯᠠᠨ ᠡᠳ᠋ᠯᠡᠯ ᠪᠣᠯ ᠴᠢᠩ ᠤᠯᠤᠰ᠎ᠤᠨ ᠦᠶ᠎ᠡ᠎ᠶ᠋ᠢᠨ ᠳᠤᠮᠳᠠᠳᠤ ᠡᠧᠦ᠋ᠷᠦᠫᠠ᠎ᠶᠢᠨ ᠰᠣᠶᠣᠯ᠎ᠤᠨ ᠰᠣᠯᠢᠯᠴᠠᠭᠠᠨ᠎ᠤ ᠤᠷᠠᠯᠢᠭ᠎ᠤᠨ ᠲᠠᠯᠠᠰᠲᠤ ᠮᠥᠨ᠂ ᠥᠷᠥᠨᠡᠳᠠᠬᠢᠨ᠎ᠤ ᠫᠠᠯᠠᠨᠤ ᠮᠡᠷᠭᠡᠵᠢᠯ ᠪᠠ ᠳᠤᠮᠳᠠᠳᠤ ᠤᠯᠤᠰ᠎ᠤᠨ ᠤᠯᠠᠮᠵᠢᠯᠠᠯᠲᠤ ᠭᠠᠷ ᠤᠷᠠᠯᠠᠯ᠎ᠤᠨ ᠣᠬᠢ ᠰᠣᠳᠣ᠎ᠶ᠋ᠢ ᠠᠭᠤᠰᠬᠠᠵᠦ᠂ ᠣᠯᠠᠨ ᠠᠯᠬᠤᠮ᠎ᠤᠨ ᠦᠢᠯᠡᠳᠬᠡᠯ᠎ᠢ ᠳᠠᠮᠵᠢᠨ ᠣᠯᠠᠨ ᠤᠳᠠᠭ᠎ᠠ ᠱᠢᠲᠠᠭᠠᠨ ᠪᠦᠲᠦᠭᠡᠭ᠌ᠰᠡᠨ᠎ᠢᠶᠡᠷ ᠴᠢᠩ ᠤᠯᠤᠰ᠎ᠤᠨ ᠦᠶ᠎ᠡ᠎ᠶ᠋ᠢᠨ ᠬᠠᠭᠠᠨ᠎ᠤ ᠣᠷᠳᠣᠨ᠎ᠤ ᠬᠣᠪᠣᠷ ᠨᠠᠨᠳᠢᠨ ᠡᠳ᠋ ᠪᠣᠯᠤᠭᠰᠠᠨ᠎ᠢᠶᠡᠷ ᠪᠠᠷᠠᠬᠤ ᠥᠬᠡᠶ᠂ ᠪᠠᠰᠠ ᠴᠤ᠌ ᠭᠠᠳᠠᠭᠠᠳᠤ᠎ᠳᠤ ᠪᠣᠷᠣᠯᠠᠭᠤᠯᠭ᠎ᠠ ᠰᠠᠢᠲᠠᠶ ᠱᠢᠯᠢᠳᠡᠭ ᠪᠦᠲᠦᠭᠡᠭᠳᠡᠬᠦᠨ ᠪᠠᠢᠵᠦ᠂ ᠣᠲᠣ ᠭᠤᠧᠠᠩᠳᠦ᠋ᠩ ᠮᠤᠵᠢ᠎ᠶ᠋ᠢᠨ ᠪᠣᠳᠠᠰ᠎ᠤᠨ ᠪᠤᠰᠤ ᠰᠣᠶᠣᠯ᠎ᠤᠨ ᠥᠪ ᠪᠣᠯᠵᠠᠶ᠃ ᠲᠣᠰ ᠤᠳᠠᠭᠠᠨ᠎ᠤ ᠣᠨᠴᠠ ᠦᠵᠡᠭᠦᠯᠭᠡ᠎ᠨᠢ ᠦᠵᠡᠭ᠌ᠴᠢᠳ᠎ᠲᠦ ᠪᠣᠳᠠᠰ᠎ᠤᠨ ᠪᠤᠰᠤ ᠰᠣᠶᠣᠯ᠎ᠤᠨ ᠥᠪ᠎ᠦᠨ ᠭᠠᠷ ᠤᠷᠠᠯᠠᠯ᠎ᠤᠨ ᠭᠤᠤ᠎ᠠ ᠰᠠᠢᠬᠠᠨ᠎ᠢ ᠣᠢᠯᠠᠭᠠᠭᠤᠯᠤᠭ᠍ᠰᠠᠨ ᠢᠶᠠᠷ ᠪᠠᠷᠠᠬᠤ ᠥᠬᠡᠶ᠂ ᠨᠠᠩ ᠴᠤ᠌ ᠡᠮᠦᠨᠡᠲᠦ ᠤᠮᠠᠷᠠᠲᠤ᠎ᠶ᠋ᠢᠨ ᠰᠣᠶᠣᠯ᠎ᠤᠨ ᠰᠣᠯᠢᠯᠴᠠᠭᠠᠨ᠎ᠤ ᠬᠥᠭᠥᠷᠭᠡ᠎ᠶ᠋ᠢ ᠪᠠᠢᠭᠤᠯᠵᠤ᠂ ᠭᠤᠷᠪᠠᠨ ᠵᠠᠭᠤᠨ ᠵᠢᠯ᠎ᠦᠨ ᠫᠠᠯᠠᠨᠤ ᠭᠠᠢᠬᠠᠮᠱᠢᠭ᠎ᠢ ᠦᠵᠡᠬᠦᠯᠵᠡᠢ᠃ ᠦᠵᠡᠬᠦᠯᠬᠡ ᠨᠢ 8 ᠰᠠᠷ᠎ᠠ᠎ᠶ᠋ᠢᠨ 25 ᠤ ᠡᠳᠦᠷ ᠪᠣᠯᠲᠠᠯ᠎ᠠ ᠶᠠᠪᠤᠭᠳᠠᠨ᠎ᠠ᠃









- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃