ᠲᠡᠷᠢᠭᠦᠨ ᠨᠢᠭᠤᠷ>ᠬᠦᠮᠦᠨ ᠨᠡᠢᠭᠡᠮ>ᠳᠤᠷᠠᠨ ᠬᠠᠷᠠᠭᠠᠰᠤ

2026-08-05 11:38:59

ᠵᠣᠬᠢᠶᠠᠭ᠍ᠴᠢ᠄ ᠬᠦᠭᠵᠢᠯᠳᠦ ᠬᠦᠪᠴᠢᠨ ᠣᠩᠱᠢᠭ᠍ᠰᠠᠨ ᠣᠳᠠᠭ᠎ᠠ᠄ 3

ᠢᠳᠡ ᠵᠤᠨ᠎ᠤ ᠬᠠᠯᠠᠭᠤᠨ ᠵᠤᠯᠠᠢ ᠲᠥᠭᠡᠨᠡᠵᠦ ᠪᠠᠢᠭᠰᠠᠨ ᠴᠤ᠌ ᠥᠪᠥᠷ ᠮᠣᠩᠭᠣᠯ᠎ᠤᠨ ᠮᠦᠽᠧᠢ ᠬᠥᠮᠥᠨ᠎ᠤ ᠳᠠᠯᠠᠢ ᠪᠣᠯᠣᠨ ᠴᠠᠯᠭᠢᠵᠤ᠂ ᠣᠨᠴᠠ᠎ᠶᠢᠨ ᠭᠦᠷ ᠬᠥᠭᠵᠢᠶᠡᠨ ᠲᠠᠢ᠃ ᠲᠦᠷᠦᠭᠦᠬᠡᠨ᠂ ᠥᠪᠥᠷ ᠮᠣᠩᠭᠣᠯ᠎ᠤᠨ ᠠᠩᠬᠠᠳᠠᠭ᠍ᠴᠢ ᠲᠡᠦᠬᠡ᠎ᠶᠢᠨ ᠳᠤᠷᠠᠰᠬᠠᠯᠲᠤ ᠵᠦᠢᠯ᠎ᠤᠨ ᠲᠠᠢᠰᠠᠨ᠎ᠤ ᠦᠵᠡᠭᠦᠯᠭᠡ 《ᠤᠴᠠᠷᠠᠯ·ᠲᠠᠯ᠎ᠠ᠎ᠶᠢᠨ ᠡᠭᠡᠰᠢᠭᠯᠡᠩᠳᠦ ᠠᠶᠠᠰ᠎ᠤᠨ ᠰᠠᠯᠬᠢ》 ᠲᠤᠬ᠍ᠯᠠᠯᠳᠠ ᠶ᠋ᠢ ᠥᠪᠥᠷ ᠮᠣᠩᠭᠣᠯ᠎ᠤᠨ ᠮᠦᠽᠧᠢ᠎ᠳᠦ ᠠᠩᠬ᠎ᠠ ᠲᠤᠷᠰᠢᠨ ᠲᠣᠭᠯᠠᠵᠤ᠂ ᠬᠥᠮᠥᠰ᠎ᠤᠨ ᠠᠩᠬᠠᠷᠤᠯ᠎ᠢ ᠲᠠᠲᠠᠵᠠᠢ᠃


1.png


ᠦᠨᠳᠦᠷ ᠳᠣᠭᠣᠢ ᠵᠢᠨ ᠼᠢᠷᠺ ᠦᠵᠡᠭᠴᠢᠳ᠎ᠤᠨ ᠪᠠᠬ᠎ᠠ ᠵᠢ ᠲᠠᠲᠠᠨ᠎ᠠ


ᠡᠨᠡ ᠬᠦ᠌ ᠦᠵᠡᠭᠦᠯᠭᠡ᠎ᠶᠢ ᠥᠪᠥᠷ ᠮᠣᠩᠭᠣᠯ᠎ᠤᠨ ᠤᠷᠠᠯᠢᠭ᠋ ᠵᠦᠴᠦᠭᠡ᠎ᠶᠢᠨ ᠬᠦᠷᠢᠶᠡᠯᠡᠩ᠎ᠡᠴᠡ ᠥᠪᠥᠷ ᠮᠣᠩᠭᠣᠯ᠎ᠤᠨ ᠮᠦᠽᠧᠢ᠂ ᠥᠪᠥᠷ ᠮᠣᠩᠭᠣᠯ᠎ᠤᠨ ᠮᠧᠩ ᡁᠢ ᠯᠢᠦᠢ ᠵᠤᠭᠠᠴᠠᠯ᠎ᠤᠨ ᠡᠵᠡᠩᠨᠡᠯᠲᠡ ᠬᠠᠮᠢᠶᠠᠷᠤᠯᠲᠠ᠎ᠶᠢᠨ ᠺᠤᠮᠫᠠᠨᠢ᠂ ᠥᠪᠥᠷ ᠮᠣᠩᠭᠣᠯ᠎ᠤᠨ ᠤᠯᠠᠭᠠᠨ ᠲᠢᠶᠠᠲᠷ ᠲᠣᠬ᠍ᠯᠠᠯᠲᠠ ᠤᠷᠠᠯᠢᠭ᠋᠎ᠤᠨ ᠺᠤᠮᠫᠠᠨᠢ ᠲᠠᠢ ᠬᠠᠮᠲᠤᠷᠠᠨ ᠵᠣᠬᠢᠶᠠᠨ ᠪᠦᠲᠦᠭᠡᠵᠦ᠂ ᠥᠪᠥᠷ ᠮᠣᠩᠭᠣᠯ᠎ᠤᠨ ᠤᠷᠠᠯᠢᠭ᠋ ᠵᠦᠴᠦᠭᠡ᠎ᠶᠢᠨ ᠬᠦᠷᠢᠶᠡᠯᠡᠩ᠎ᠦᠨ ᠼᠢᠷᠺ᠎ᠦᠨ ᠪᠦᠯᠭᠦᠮ᠂ ᠶᠠᠷᠢᠶᠠᠲᠤ ᠵᠦᠴᠦᠭᠡ᠎ᠶᠢᠨ ᠪᠦᠯᠭᠦᠮ᠂ ᠦᠨᠳᠦᠰᠦᠲᠡᠨ᠎ᠦ ᠬᠥᠭᠵᠢᠮ᠎ᠦᠨ ᠪᠦᠯᠭᠦᠮ᠂ ᠦᠨᠳᠦᠰᠦᠲᠡᠨ᠎ᠦ ᠳᠠᠭᠤᠤᠷᠢᠯᠢᠭ᠋᠎ᠤᠨ ᠪᠦᠯᠭᠦᠮ᠂ ᠮᠣᠩᠭᠣᠯ ᠵᠦᠴᠦᠭᠡ᠎ᠶᠢᠨ ᠤᠷᠠᠯᠢᠭ᠋᠎ᠤᠨ ᠪᠦᠯᠭᠦᠮ᠎ᠦᠨ ᠰᠢᠯᠢᠳᠡᠭ ᠲᠣᠭᠯᠠᠭ᠍ᠴᠢᠳ᠎ᠠᠴᠠ ᠼᠢᠷᠺ᠂ ᠪᠥᠵᠢᠭ᠂ ᠤᠷᠲᠤ᠎ᠶᠢᠨ ᠳᠠᠭᠤᠤ᠂ ᠬᠥᠭᠡᠮᠡᠢ᠂ ᠮᠣᠷᠢᠨ ᠬᠤᠭᠤᠷ᠂ ᠮᠣᠩᠭᠣᠯ ᠦᠨᠳᠦᠰᠦᠲᠡᠨ᠎ᠦ ᠠᠷᠠᠳ᠎ᠤᠨ ᠳᠠᠭᠤᠤ ᠵᠡᠷᠭᠡ ᠣᠯᠠᠨ ᠵᠦᠢᠯ᠎ᠦᠨ ᠪᠣᠳᠠᠰ᠎ᠤᠨ ᠪᠤᠰᠤ ᠰᠣᠶᠣᠯ᠎ᠤᠨ ᠥᠪ᠎ᠲᠠᠢ ᠤᠶᠠᠯᠳᠤᠭᠤᠯᠤᠨ᠂ ᠰᠢᠨ᠎ᠡ ᠰᠡᠪᠡᠭᠦᠨ᠂ ᠢᠷᠠᠭᠤ ᠰᠠᠢᠬᠠᠨ᠂ ᠰᠣᠨᠢᠷᠬᠠᠯ᠎ᠲᠠᠢ ᠲᠠᠢᠰᠠᠨ᠎ᠤ ᠲᠤᠬ᠍ᠯᠠᠯᠳᠠ ᠪᠣᠯᠭᠠᠨ᠂ ᠤᠯᠠᠮᠵᠢᠯᠠᠯᠲᠤ ᠮᠦᠽᠧᠢ᠎ᠶᠢᠨ ᠲᠠᠢᠯᠪᠤᠷᠢ ᠪᠣᠯᠣᠨ ᠲᠠᠢᠰᠠᠨ᠎ᠤ ᠤᠷᠠᠨ ᠰᠠᠢᠬᠠᠨ᠎ᠤ ᠲᠤᠬ᠍ᠯᠠᠯᠳᠠ᠎ᠶᠢ ᠡᠪᠯᠢᠭ ᠤᠶᠠᠯᠳᠤᠭᠤᠯᠵᠠᠢ᠃ 40 ᠮᠢᠨᠦ᠋ᠲ᠎ᠤᠨ ᠲᠤᠬ᠍ᠯᠠᠯᠳᠠ ᠡᠪᠯᠢᠭ ᠠᠪᠰᠠᠷ᠂ ᠰᠢᠯᠦᠭᠯᠢᠭ ᠰᠠᠨᠠᠭ᠎ᠠ ᠳᠦᠭᠦᠷᠡᠩ ᠪᠠᠢᠵᠤ᠂ ᠥᠪᠥᠷ ᠮᠣᠩᠭᠣᠯ᠎ᠤᠨ ᠳᠥᠷᠪᠡᠨ ᠤᠯᠠᠷᠢᠯ ᠡᠭᠡᠯᠵᠢᠯᠡᠨ᠂ ᠬᠥᠮᠥᠨ ᠬᠢᠭᠡᠳ ᠪᠠᠢᠭᠠᠯᠢ ᠡᠶ᠎ᠡ ᠵᠣᠬᠢᠴᠠᠩᠭᠤᠢ ᠰᠢᠲᠦᠯᠴᠡᠨ ᠣᠷᠣᠰᠢᠭ᠍ᠰᠠᠨ ᠪᠠᠢᠳᠠᠯ᠎ᠢ ᠦᠵᠡᠭᠦᠯᠵᠦ᠂ ᠰᠣᠶᠣᠯ ᠵᠢᠭᠤᠯᠴᠢᠯᠠᠯ᠎ᠤᠨ ᠠᠭᠤᠰᠤᠯᠴᠠᠯ᠎ᠤᠨ ᠰᠢᠨ᠎ᠡ ᠵᠠᠭᠪᠤᠷ᠎ᠢ ᠡᠭᠦᠳᠴᠦ᠂ ᠥᠪᠥᠷ ᠮᠣᠩᠭᠣᠯ᠎ᠤᠨ ᠰᠣᠶᠣᠯ ᠦᠵᠡᠰᠭᠦᠯᠡᠩ᠎ᠦᠨ ᠲᠠᠯᠠᠪᠠᠢ ᠣᠷᠳᠣᠨ᠎ᠳᠦ ᠤᠷᠠᠨ ᠰᠠᠢᠬᠠᠨ᠎ᠤ ᠲᠣᠬ᠍ᠯᠠᠯᠲᠠ ᠪᠠᠢᠭ᠎ᠠ ᠦᠭᠡᠢ ᠬᠣᠭᠣᠰᠤᠨ᠎ᠢ ᠨᠥᠬᠥᠪᠦᠷᠢᠯᠡᠵᠡᠢ᠃


2.png


ᠼᠢᠷᠺ ᠎ᠤᠨ ᠡᠷᠳᠡᠮ ᠵᠢᠡᠨ ᠭᠠᠢᠬᠠᠭᠤᠯᠤᠨ᠎ᠠ


3.png


ᠪᠦᠵᠢᠭ ᠤᠷᠠᠯᠢᠭ ᠵᠢᠡᠷ ᠲᠡᠥᠬᠡ ᠵᠢᠨ ᠳᠤᠷᠠᠰᠬᠠᠯᠲᠤ ᠵᠦᠢᠯ᠎ᠢ᠎ᠠᠮᠢᠯᠠᠭᠤᠯᠤᠨ᠎ᠠ


4.png


ᠠᠮᠠᠨ ᠬᠤᠭᠤᠷ᠎ᠤᠨ ᠲᠤᠭᠯᠠᠯᠲᠠ


6.png


ᠬᠦᠯᠢᠰ ᠳᠡᠭᠡᠷᠡᠬᠢ ᠣᠷᠠᠨ ᠨᠤᠬᠢᠯᠤᠯ


5.png


ᠲᠤᠭᠯᠠᠯᠲᠠ ᠵᠢᠨ ᠠᠬᠤᠢ ᠲᠠᠯᠠᠪᠠᠢ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面