2026-09-02 09:54:00
ᠲᠠᠯ᠎ᠠ ᠶ᠋ᠢᠨ ᠦᠷᠦᠴᠡᠨ ᠡᠴᠡ ᠲᠡᠯᠡᠭᠡᠢ ᠶ᠋ᠢᠨ ᠲᠠᠪᠴᠠᠩ ᠳᠦ ᠲᠠᠭᠤᠯᠠᠬᠰᠠᠨ 《ᠲᠠᠪᠤᠨ ᠳᠠᠩᠰᠤᠭ ᠬᠥᠯᠥᠨ ᠪᠤᠢ᠍ᠢᠷ》
ᠲᠦᠷᠦᠭᠦᠬᠡᠨ 《ᠲᠠᠪᠤᠨ ᠳᠠᠩᠰᠤᠭ ᠬᠥᠯᠥᠨ ᠪᠤᠢ᠍ᠢᠷ》 ᠬᠡᠦᠬᠡᠳ ᠤ᠋ᠨ ᠨᠠᠢᠷᠠᠯ ᠳᠠᠭᠤᠤ ᠶ᠋ᠢᠨ ᠪᠦᠯᠭᠦᠮ ᠤ᠋ᠨ ᠭᠢᠨᠤ 20 ᠵᠢᠯᠦᠨ ᠤᠢᠳᠤᠪᠠᠨ ᠵᠣᠷᠢᠭᠤᠯᠤᠭᠰᠠᠨ ᠠᠷᠠᠳ ᠲᠸ᠋ ᠠᠰᠢᠭ᠋ ᠬᠦᠷᠲᠡᠭᠡᠬᠦ ᠲᠤᠬ᠍ᠯᠠᠯᠲᠠ ᠬᠥᠰᠢᠭᠡᠪᠡᠨ ᠰᠡᠬᠦᠯ᠎ᠡ᠃

ᠳᠠᠭᠤᠯᠠᠨ ᠪᠥᠵᠢᠭᠯᠡᠨ᠎ᠡ
《ᠲᠠᠪᠤᠨ ᠳᠠᠩᠰᠤᠭ ᠬᠥᠯᠥᠨ ᠪᠤᠢ᠍ᠢᠷ》 ᠬᠡᠦᠬᠡᠳ ᠤ᠋ᠨ ᠨᠠᠢᠷᠠᠯ ᠳᠠᠭᠤᠤ ᠶ᠋ᠢᠨ ᠪᠦᠯᠭᠦᠮ 2006 ᠣᠨ ᠤ᠋ 12 ᠰᠠᠷ᠎ᠠ ᠳ᠋ᠦ᠍ ᠪᠠᠢᠭᠤᠯᠤᠭᠳᠠᠵᠤ᠂ ᠮᠠᠨ ᠤ᠋ ᠤᠯᠤᠰ ᠤ᠋ᠨ ᠠᠩᠬᠠᠳᠠᠭ᠍ᠴᠢ ᠤᠯᠠᠨ ᠦᠨᠳᠦᠰᠦᠲᠡᠨ ᠤ᠋ ᠬᠡᠦᠬᠡᠳ ᠤ᠋ᠨ ᠨᠠᠢᠷᠠᠯ ᠳᠠᠭᠤᠤ ᠶ᠋ᠢᠨ ᠪᠦᠯᠭᠦᠮ ᠪᠣᠯᠵᠤ᠂ ᠣᠲᠣ᠌ ᠪᠠᠢᠭ᠎ᠠ 37 ᠭᠡᠰᠢᠭᠦᠨ ᠨᠢ 6 - 12 ᠨᠠᠰᠤᠨ ᠤ᠋ ᠬᠣᠭᠣᠷᠣᠨᠳᠤᠭᠢ ᠬᠢᠲᠠᠳ᠂ ᠮᠣᠩᠭᠣᠯ᠂ ᠡᠸᠡᠩᠬᠢ᠂ ᠳᠠᠭᠤᠷ᠂ ᠬᠣᠲᠣᠩ ᠦᠨᠳᠦᠰᠦᠲᠡᠨ ᠤ᠋ ᠬᠡᠦᠬᠡᠳ ᠪᠠᠢᠵᠤ᠂ ᠪᠠᠢᠭᠤᠯᠤᠭᠳᠠᠭᠰᠠᠨ ᠡᠴᠡ ᠣᠳᠣᠬᠠᠨ ᠪᠤᠯᠲᠠᠯ᠎ᠠ 100 ᠭᠠᠷᠤᠢ ᠳᠠᠭᠤᠤ ᠨᠠᠢᠷᠠᠭᠤᠯᠤᠨ ᠳᠠᠭᠤᠯᠠᠵᠤ᠂ ᠪᠦᠭᠦ ᠤᠯᠤᠰ ᠤ᠋ᠨ ᠭᠣᠣᠯ ᠰᠡᠳᠦᠪᠲᠦ ᠲᠣᠬ᠍ᠯᠠᠯᠲᠠ ᠳ᠋ᠦ᠍ 200 ᠭᠠᠷᠤᠢ ᠤᠳᠠᠭ᠎ᠠ ᠣᠷᠣᠯᠴᠠᠵᠤ᠂ ᠲᠥᠪ ᠲᠸᠯᠸᠢᠰ ᠤ᠋ᠨ ᠴᠠᠭᠠᠨ ᠰᠠᠷ᠎ᠠ ᠶ᠋ᠢᠨ ᠦᠳᠡᠰᠢᠯᠡᠭᠡ ᠳ᠋ᠦ᠍ 2 ᠤᠳᠠᠭ᠎ᠠ ᠲᠣᠭᠯᠠᠵᠤ᠂ ᠨᠢᠭᠡᠨᠲᠡ ᠬᠥᠯᠥᠨ ᠪᠤᠢᠷ ᠤ᠋ᠨ ᠦᠵᠡᠰᠬᠦᠯᠡᠩᠲᠦ ᠰᠠᠢᠬᠠᠨ ᠰᠣᠶᠣᠯ ᠤ᠋ᠨ ᠨᠡᠷ᠎ᠡ ᠶ᠋ᠢᠨ ᠬᠠᠭᠤᠳᠠᠰᠤ ᠪᠣᠯᠵᠤ᠂ ᠰᠣᠶᠣᠯ ᠤ᠋ᠨ ᠲᠥᠷᠥᠯ ᠲᠡᠮᠳᠡᠭ ᠢ᠋ ᠳᠡᠯᠭᠡᠷᠡᠭᠦᠯᠬᠦ᠂ ᠲᠤᠮᠳᠠᠳᠤᠶᠢᠨ ᠦᠨᠳᠦᠰᠦᠲᠡᠨᠦ ᠬᠠᠮᠲᠤᠶᠢᠨ ᠴᠣᠭᠴᠠᠶᠢᠨ ᠤᠬᠠᠮᠰᠠᠷᠢ ᠪᠠᠲᠤ ᠴᠣᠭᠴᠠᠯᠠᠬᠤ᠂ ᠳᠤᠮᠳᠠᠳᠤ ᠶ᠋ᠢᠨ ᠰᠢᠯᠢᠳᠡᠭ ᠤᠯᠠᠮᠵᠢᠯᠠᠯᠲᠤ ᠰᠣᠶᠣᠯ ᠢ᠋ ᠤᠯᠠᠮᠵᠢᠯᠠᠨ ᠪᠠᠳᠠᠷᠠᠭᠤᠯᠬᠤ ᠳ᠋ᠤ᠌ ᠴᠢᠬᠤᠯᠠ ᠦᠢᠯᠡᠳᠦᠯ ᠦᠵᠡᠭᠦᠯᠵᠦ ᠪᠠᠢᠨ᠎ᠠ᠃

《ᠵᠡᠭᠡᠷᠡᠩᠬᠡᠢ》 ᠠᠷᠠᠳ ᠤ᠋ᠨ ᠳᠠᠭᠤᠤ ᠪᠠᠨ ᠲᠠᠭᠤᠯᠠᠨ᠎ᠠ
《ᠲᠠᠪᠤᠨ ᠳᠠᠩᠰᠤᠭ ᠬᠥᠯᠥᠨ ᠪᠤᠢ᠍ᠢᠷ》 ᠬᠡᠦᠬᠡᠳ ᠤ᠋ᠨ ᠨᠠᠢᠷᠠᠯ ᠳᠠᠭᠤᠤ ᠶ᠋ᠢᠨ ᠪᠦᠯᠭᠦᠮ ᠨᠢ ᠪᠠᠰᠠ ᠳᠠᠭᠤᠤ ᠡᠭᠡᠰᠢᠭ ᠢ᠋ᠶ᠋ᠡᠨ ᠤᠷᠤᠰ᠂ ᠠᠮᠧᠷᠢᠺᠠ᠂ ᠮᠣᠩᠭᠣᠯ ᠵᠡᠷᠭᠡ ᠤᠯᠤᠰ ᠲᠦ᠍ ᠬᠦᠷᠭᠡᠵᠦ᠂ ᠲᠠᠯ᠎ᠠ ᠨᠤᠲᠤᠭ ᠤ᠋ᠨ ᠰᠣᠶᠣᠯ ᠤ᠋ᠨ ᠭᠠᠳᠠᠭᠠᠳᠤ ᠰᠣᠯᠢᠯᠴᠠᠭᠠᠨ ᠤ᠋ ᠴᠢᠬᠤᠯᠠ ᠡᠯᠴᠢ ᠪᠣᠯᠵᠠᠢ᠃ ᠲᠣᠰ ᠤᠳᠠᠭ᠎ᠠ ᠵᠢᠨ ᠠᠷᠠᠳ ᠲᠦ᠍ ᠠᠰᠢᠭ᠋ ᠬᠦᠷᠲᠡᠭᠡᠬᠦ ᠲᠣᠬ᠍ᠯᠠᠯᠲᠠ ᠨᠢ ᠨᠠᠢᠷᠠᠯ ᠳᠠᠭᠤᠤ ᠶ᠋ᠢᠨ ᠪᠦᠯᠭᠦᠮ ᠤ᠋ᠨ 20 ᠵᠢᠯ ᠤ᠋ᠨ ᠤᠷᠠᠯᠢᠭ᠋ ᠵᠢᠳᠬᠦᠯ ᠤ᠋ᠨ ᠠᠮᠵᠢᠯᠲᠠ ᠪᠦᠳᠦᠮᠵᠢ ᠶ᠋ᠢᠨ ᠬᠤᠷᠢᠶᠠᠩᠭᠤᠢ ᠪᠣᠯᠤᠭᠰᠠᠨ ᠵᠢᠡᠷ ᠪᠠᠷᠠᠬᠤ ᠦᠭᠡᠢ ᠨᠠᠩ ᠴᠤ᠌ ᠤᠷᠠᠯᠢᠭ᠋ ᠢ᠋ ᠠᠷᠠᠳ ᠲᠦᠮᠡᠨ ᠳ᠋ᠦ᠍ ᠰᠣᠨᠢᠷᠬᠠᠭᠤᠯᠵᠤ᠂ ᠠᠷᠠᠳ ᠲᠦᠮᠡᠨ ᠳ᠋ᠦ᠍ ᠦᠢᠯᠡᠴᠢᠯᠡᠭᠦᠯᠬᠦ ᠠᠮᠢᠳᠤᠯᠢᠭ᠋ ᠦᠢᠯᠡᠳᠦᠯᠭᠡ ᠪᠣᠯᠵᠠᠢ᠃

ᠠᠩᠬᠠᠨ ᠤ᠋ ᠦᠶ᠎ᠡ ᠵᠢᠨ ᠭᠡᠰᠢᠭᠦᠨ ᠪᠠᠭᠠᠲᠤᠷᠳᠣᠷᠵᠢ 《ᠲᠡᠭᠷᠢ ᠠᠪᠤ》 ᠲᠠᠭᠤᠤᠪᠠᠨ ᠡᠷᠭᠦᠯ᠎ᠡ

《ᠳᠥᠷᠪᠡᠨ ᠨᠠᠰᠤᠲᠠᠢ ᠬᠠᠯᠢᠭᠤᠨ》 ᠲᠠᠭᠤᠤᠶᠢ ᠮᠠᠯᠴᠢᠨ ᠲᠠᠭᠤᠴᠢᠨ ᠣᠷᠠᠨᠰᠠᠢᠬᠠᠨ ᠡᠵᠢ ᠲᠠᠢ ᠬᠠᠮᠲᠤ ᠲᠠᠭᠤᠯᠠᠯ᠎ᠠ

《ᠡᠬᠡ ᠤᠯᠤᠰ ᠵᠢᠡᠨ ᠮᠠᠭᠲᠠᠨ ᠳᠠᠭᠤᠯᠠᠶ᠎ᠠ》 ᠲᠠᠭᠤᠤᠪᠠᠨ ᠲᠠᠭᠤᠯᠠᠨ᠎ᠠ

ᠠᠷᠠᠳ ᠤ᠋ᠨ ᠳᠠᠭᠤᠤ 《ᠶᠤᠬᠤᠷ》

ᠠᠷᠠᠳ ᠲᠸ᠋ ᠠᠰᠢᠭ᠋ ᠬᠦᠷᠲᠡᠭᠡᠬᠦ ᠲᠤᠬ᠍ᠯᠠᠯᠲᠠᠪᠡᠨ ᠬᠦᠬᠡᠬᠤᠲᠡᠳᠤ ᠲᠤᠬᠯᠠᠯᠠ

37 ᠪᠢᠴᠢᠬᠠᠨ ᠬᠡᠰᠢᠬᠦᠨ
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃