ᠲᠡᠷᠢᠭᠦᠨ ᠨᠢᠭᠤᠷ>ᠬᠦᠮᠦᠨ ᠨᠡᠢᠭᠡᠮ>ᠳᠤᠷᠠᠨ ᠬᠠᠷᠠᠭᠠᠰᠤ

2026-09-30 10:07:39

ᠵᠣᠬᠢᠶᠠᠭ᠍ᠴᠢ᠄ ᠬᠦᠭᠵᠢᠯᠳᠦ ᠰᠡᠷᠬᠦᠯᠡᠩᠴᠡᠴᠡᠭ ᠬᠦᠪᠴᠢᠨ ᠨᠠᠢᠷᠠᠭ ᠣᠩᠱᠢᠭ᠍ᠰᠠᠨ ᠣᠳᠠᠭ᠎ᠠ᠄ 3

ᠤᠨᠠᠭᠠᠨ ᠨᠠᠰᠤᠨ᠎ᠦ ᠬᠦᠰᠡᠯ ᠤᠷᠭᠤᠵᠤ ᠲᠦᠯᠵᠢᠬᠦ ᠲᠡᠮᠡᠤᠯᠤᠯ

9 ᠰᠠᠷ᠎ᠡ 23᠎ᠦ ᠡᠳᠤᠷ᠂ ᠡᠷᠴᠢ ᠬᠦᠴᠦ ᠪᠠᠨ ᠰᠤᠷᠢᠵᠦ᠂ ᠡᠪ ᠨᠠᠢᠷ᠎ᠢ ᠡᠷᠬᠢᠮᠯᠡᠭᠰᠡᠨ ᠬᠦᠬᠡᠬᠤᠳᠠ᠎ᠶᠢᠨ ᠦᠨᠳᠦᠰᠦᠳᠡᠨ᠎ᠤ ᠲᠤᠷᠰᠢᠯᠳᠠ᠎ᠶᠢᠨ ᠰᠤᠷᠭᠠᠭᠤᠯᠢ᠎ᠶᠢᠨ 《ᠢᠳᠡᠭᠡᠯ᠎ᠤᠨ ᠤᠷᠢᠶ᠎ᠠ》 ᠭᠤᠴᠢᠨ ᠵᠢᠷᠭᠤᠳᠤᠭᠠᠷ ᠬᠤᠭᠤᠴᠠᠭᠠᠨ᠎ᠤ ᠪᠡᠶ᠎ᠠ᠎ᠶᠢᠨ ᠲᠠᠮᠢᠷ᠎ᠤᠨ ᠤᠷᠤᠯᠳᠤᠭᠠᠨ ᠬᠦᠷ ᠬᠦᠭᠵᠢᠶᠡᠨᠲᠠᠢ ᠡᠬᠢᠯᠡᠪᠡ᠃

ᠰᠦᠷ ᠵᠢᠪᠬᠤᠭᠠᠳᠦ ᠤᠯᠤᠰ᠎ᠤᠨ ᠲᠤᠭ᠎ᠤᠨ ᠡᠩᠨᠡᠭᠡ᠂ ᠦᠩᠬᠡᠳᠦ ᠲᠤᠭ᠎ᠤᠨ ᠡᠩᠨᠡᠭᠡ᠂ ᠬᠠᠳᠠᠭ᠎ᠤᠨ ᠡᠩᠨᠡᠭᠡ ᠨᠢ ᠦᠰᠪᠦᠷᠢ᠎ᠶᠢᠨ ᠪᠠᠭᠠᠴᠤᠳ᠎ᠤᠨ ᠴᠤᠭ ᠵᠤᠯᠢ᠎ᠵᠢ ᠬᠠᠷᠠᠭᠤᠯᠤᠨ᠎ᠡ᠃


1.png


ᠤᠷᠠᠨ ᠪᠦᠵᠢᠭ᠎ᠦᠨ ᠦᠵᠡᠭᠦᠯᠭᠡ


ᠤᠷᠠᠨ ᠰᠠᠢᠬᠠᠨ᠎ᠤ ᠲᠤᠭᠯᠠᠯᠳᠠ᠎ᠳᠦ ᠪᠠᠭᠰᠢ ᠰᠤᠷᠤᠭᠴᠢ᠂ ᠬᠡᠷ᠎ᠤᠨ ᠠᠬᠠᠮᠠᠳ ᠬᠠᠮᠳᠤᠪᠡᠷ ᠠᠶ᠎ᠠ ᠳᠠᠭᠤᠤ ᠪᠠᠨ ᠡᠷᠬᠦᠨ᠂ ᠤᠷᠠᠨ ᠪᠦᠵᠢᠭ᠎ᠢᠶᠡᠷ ᠤᠯᠠᠨ᠎ᠢᠶᠡᠨ ᠪᠠᠶᠠᠰᠬᠠᠵᠦ᠂ ᠰᠤᠷᠤᠭᠴᠢᠳ᠎ᠤᠨ ᠪᠡᠶ᠎ᠠ ᠮᠠᠬᠠᠪᠤᠳ ᠡᠷᠡᠬᠦᠯ ᠲᠤᠷᠨᠢᠭᠤᠨ᠂ ᠭᠤᠸ᠎ᠠ ᠰᠠᠢᠬᠠᠨ᠎ᠢ ᠡᠷᠬᠢᠮᠨᠡᠨ᠂ ᠬᠦᠰᠡᠯ ᠮᠦᠷᠦᠭᠡᠳᠦᠯ ᠲᠠᠢ᠂ ᠦᠭᠡᠳᠡᠷᠭᠡᠭ ᠦᠵᠡᠯ ᠰᠠᠨᠠᠭ᠎ᠠ ᠲᠠᠢ᠂ ᠶᠤᠰᠤ ᠮᠤᠷᠠᠯ ᠰᠠᠢᠳᠠᠢ᠂ ᠬᠢᠴᠢᠶᠡᠯ ᠰᠤᠷᠤᠯᠭ᠎ᠠ᠎ᠳᠠᠭᠠᠨ ᠤᠯᠠᠮ ᠰᠢᠮᠳᠠᠬᠤ᠎ᠵᠢ ᠵᠤᠷᠢᠭᠵᠢᠭᠤᠯᠵᠠᠢ᠃ 《ᠰᠤᠷᠭᠠᠭᠤᠯᠢ᠂ ᠪᠠᠭᠰᠢ᠂ ᠬᠡᠷ᠎ᠤᠨ ᠠᠬᠠᠮᠠᠳ ᠰᠡᠳᠬᠢᠯ ᠬᠦᠴᠦ ᠨᠢᠭᠡᠳᠬᠡᠨ᠂ ᠪᠡᠶ᠎ᠠ᠎ᠶᠢᠨ ᠲᠠᠮᠢᠷ ᠨᠢ ᠵᠦᠪᠬᠡᠨ ᠬᠦᠴᠦ ᠬᠤᠷᠳᠤᠴᠠ ᠳᠡᠳᠦᠢ ᠪᠢᠰᠢ᠂ ᠬᠠᠷᠢᠨ ᠤᠶᠤᠨ ᠤᠬᠠᠭᠠᠨ᠂ ᠵᠤᠷᠢᠭ ᠰᠠᠨᠠᠭ᠎ᠠ᠂ ᠡᠶ᠎ᠠ ᠪᠦᠯᠬᠦᠮᠳᠡᠯ ᠭᠡᠳᠡᠭ᠎ᠢ ᠮᠡᠳᠡᠬᠦᠯᠬᠦ᠎ᠵᠢ ᠵᠤᠷᠢᠭᠰᠠᠨ》 ᠭᠡᠵᠦ ᠰᠤᠷᠭᠠᠭᠤᠯᠢ᠎ᠶᠢᠨ ᠲᠡᠳ᠋ ᠵᠠᠬᠢᠷᠤᠯ ᠪᠠᠶᠠᠨᠵᠢᠷᠦᠬᠡ ᠬᠡᠯᠡᠨ᠎ᠠ᠃


3.png


ᠮᠤᠳ᠋ᠸᠯ᠎ᠤᠨ ᠡᠩᠨᠡᠭᠡ


ᠳᠠᠮᠢᠷ᠎ᠤᠨ ᠳᠠᠯᠠᠪᠠᠢ᠎ᠳᠦ ᠤᠤᠬᠠᠢ ᠳᠠᠭᠤᠨ ᠴᠤᠤᠷᠢᠶᠠᠳᠤᠵᠦ᠂ ᠬᠦᠷᠢᠶᠡᠯᠡᠵᠦ ᠰᠠᠭᠤᠭᠰᠠᠨ ᠤᠯᠠᠨ᠎ᠢᠶᠡᠷ᠎ᠢᠶᠡᠨ ᠢᠯᠠᠵᠦ ᠢᠯᠠᠭᠳᠠᠬᠤ᠎ᠶᠢᠨ ᠬᠤᠷᠤᠮ᠎ᠳᠦ ᠪᠠᠶᠠᠷ ᠪᠠᠬᠠᠳᠤᠯ᠂ ᠬᠠᠷᠠᠮᠰᠠᠯ ᠳᠠᠪᠬᠤᠴᠠᠨ᠂ ᠰᠡᠳᠬᠢᠯ᠎ᠤᠨ ᠲᠡᠩᠬᠡᠬᠡ ᠪᠠᠨ ᠰᠢᠯᠭᠠᠨ᠂ ᠮᠠᠰᠢ ᠬᠦᠭᠵᠢᠶᠡᠨᠳᠡᠢ ᠶᠠᠪᠤᠬᠳᠠᠯ᠎ᠡ᠃

2 ᠡᠳᠦᠷ ᠶᠠᠪᠤᠭᠳᠠᠭᠰᠠᠨ ᠪᠡᠶ᠎ᠠ᠎ᠶᠢᠨ ᠳᠠᠮᠢᠷ᠎ᠤᠨ ᠤᠷᠤᠯᠳᠤᠭᠠᠨ ᠨᠢ ᠬᠤᠯᠠ ᠤᠢᠷ᠎ᠠ ᠵᠠᠢ᠎ᠶᠢᠨ ᠬᠦᠶᠦᠯᠳᠡ᠂ ᠬᠤᠯᠠ ᠦᠰᠦᠷᠬᠦ᠂ ᠪᠦᠮᠪᠦᠭᠡ ᠠᠯᠠᠭᠠᠳᠠᠬᠤ᠂ ᠲᠡᠭᠡᠰᠦ ᠦᠰᠦᠷᠬᠦ᠂ ᠬᠦᠴᠦᠨ ᠵᠠᠯᠭᠠᠬᠤ᠂ ᠦᠨᠳᠦᠷ ᠦᠰᠦᠷᠬᠦ ᠵᠡᠷᠭᠡ ᠲᠦᠷᠦᠯ᠎ᠢ ᠲᠤᠬᠢᠷᠠᠭᠤᠯᠵᠦ᠂ ᠰᠤᠷᠤᠭᠴᠢᠳ᠎ᠲᠦ ᠪᠡᠶ᠎ᠠ ᠳᠠᠮᠢᠷ᠎ᠤᠨ ᠦᠷᠢᠰᠦᠯᠳᠦᠬᠡᠨ᠎ᠤ ᠤᠬᠠᠮᠰᠠᠷ᠎ᠢ ᠮᠡᠳᠡᠬᠦᠯᠵᠦ᠂ ᠪᠠᠳᠤ ᠴᠢᠩᠭ᠎ᠠ ᠵᠤᠭᠰᠤᠯᠳᠠ ᠲᠠᠢ ᠪᠠᠢᠬᠤ᠂ ᠵᠤᠷᠢᠭᠰᠠᠨ ᠎ᠳᠠᠭᠠᠨ ᠵᠠᠪᠠᠯ ᠬᠦᠷᠬᠦ ᠵᠠᠩ ᠠᠷᠠᠨᠰᠢᠨ᠎ᠢ ᠪᠦᠷᠢᠯᠳᠦᠬᠦᠯᠬᠦ᠎ᠳᠦ ᠨᠦᠬᠦᠴᠡᠯ ᠪᠦᠷᠢᠯᠳᠦᠬᠦᠯᠵᠦ᠂ ᠪᠡᠶ᠎ᠠ ᠮᠠᠬᠠᠪᠤᠳ᠎ᠢᠶᠡᠨ ᠴᠢᠬᠢᠷᠠᠭᠵᠢᠭᠤᠯᠬᠤ ᠦᠵᠡᠯ ᠤᠬᠠᠮᠰᠠᠷ᠎ᠢ ᠨᠢ ᠲᠡᠭᠡᠭᠰᠢᠯᠡᠬᠦᠯᠵᠡᠢ᠃


2.png


ᠦᠩᠭᠡᠲᠤ ᠲᠣᠭ᠎ᠤᠨ ᠡᠩᠨᠡᠭᠡ


6.png


ᠤᠯᠤᠰ᠎ᠤᠨ ᠲᠣᠭ᠎ᠤᠨ ᠡᠩᠨᠡᠭᠡ


4.png


ᠪᠢᠴᠢᠬᠠᠨ ᠪᠦᠬᠡᠴᠤᠳ᠎ᠤᠨ ᠵᠢᠪᠬᠤᠭ᠎ᠠ

5.png


ᠬᠣᠷᠲᠤ ᠰᠢᠯᠭᠠᠨ᠎ᠠ

7.png


ᠦᠨᠳᠦᠷ ᠦᠰᠦᠷᠦᠨ᠎ᠠ


8.png


ᠤᠢᠷ᠎ᠠ ᠬᠦᠶᠦᠯᠲᠡ᠎ᠶᠢᠨ ᠤᠷᠤᠯᠳᠤᠭᠠᠨ


1707f5f8-a62c-4ee9-adee-cfc5814ce26a.png

ᠤᠷᠠᠨ ᠰᠠᠢᠬᠠᠨ᠎ᠤ ᠲᠣᠬ᠍ᠯᠠᠯᠳᠡ᠎ᠪᠠᠷ ᠤᠯᠤᠰ᠎ᠤᠨ ᠪᠠᠶᠠᠷ᠎ᠢᠶᠠᠨ ᠤᠬ᠍ᠳᠤᠨ᠎ᠠ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面