ᠲᠡᠷᠢᠭᠦᠨ ᠨᠢᠭᠤᠷ>ᠬᠦᠮᠦᠨ ᠨᠡᠢᠭᠡᠮ>ᠳᠤᠷᠠᠨ ᠬᠠᠷᠠᠭᠠᠰᠤ

2026-11-04 18:20:53

ᠵᠣᠬᠢᠶᠠᠭ᠍ᠴᠢ᠄ ᠰᠡᠷᠭᠦᠯᠡᠩᠴᠡᠴᠡᠭ ᠣᠩᠱᠢᠭ᠍ᠰᠠᠨ ᠣᠳᠠᠭ᠎ᠠ᠄ 3

2026 ᠣᠨ᠎ᠤ 11 ᠰᠠᠷ᠎ᠠ ᠵᠢᠨ 26᠎ᠦ ᠡᠳᠦᠷ᠎ᠦᠨ ᠲᠡᠭ ᠴᠠᠭ᠎ᠲᠤ᠂ 68 ᠵᠢᠯ᠎ᠦᠨ ᠲᠡᠤᠬᠡ ᠲᠠᠢ ᠬᠦᠬᠡᠬᠤᠳᠠ ᠵᠢᠨ ᠴᠠᠭᠠᠨ ᠰᠤᠪᠤᠷᠭ᠎ᠠ ᠤᠯᠠᠨ ᠤᠯᠤᠰ᠎ᠤᠨ ᠨᠢᠰᠭᠡᠯ ᠦ᠋ᠨ ᠪᠠᠭᠤᠳᠠᠯ ᠠᠯᠪᠠᠨ ᠶᠤᠰᠤᠭᠠᠷ ᠡᠬᠦᠳᠡ ᠪᠠᠨ ᠬᠠᠭᠠᠵᠤ᠂ ᠦᠪᠤᠷ ᠮᠤᠩᠭᠤᠯ᠎ᠤᠨ ᠠᠩᠬᠠᠳᠠᠭ᠍ᠴᠢ 4 F ᠲᠡᠰ᠎ᠦᠨ ᠤᠯᠠᠨ ᠤᠯᠤᠰ᠎ᠦᠨ ᠨᠢᠰᠭᠡᠯ᠎ᠦᠨ ᠪᠠᠭᠤᠳᠠᠯ ᠪᠣᠯᠬᠤ ᠱᠸᠩ ᠯᠸ ᠤᠯᠠᠨ ᠤᠯᠤᠰ᠎ᠤᠨ ᠨᠢᠰᠭᠡᠯ᠎ᠦᠨ ᠪᠠᠭᠤᠳᠠᠯ ᠵᠢᠩᠭᠢᠨᠢ ᠪᠠᠷ ᠡᠷᠦᠭᠡ ᠪᠠᠨ ᠰᠡᠬᠦᠨ ᠠᠭᠠᠷ ᠠᠶᠠᠯᠠᠯ ᠵᠢᠡᠨ ᠡᠬᠢᠯᠡᠬᠦᠯᠬᠦ ᠪᠣᠯᠵᠠᠢ᠃



ᠪᠠᠢᠴᠠᠭᠠᠯᠲᠠ 



ᠭᠡᠷᠡᠯᠳᠦᠭᠦᠯᠭᠡ



ᠤᠭᠳᠤᠯᠭ᠎ᠠ


ᠴᠠᠭᠠᠨ ᠰᠣᠪᠤᠷᠭ᠎ᠠ ᠨᠢᠰᠭᠡᠯ᠎ᠦᠨ ᠪᠠᠭᠤᠳᠠᠯ ᠨᠢ 1958 ᠣᠨ᠎ᠤ 10 ᠰᠠᠷ᠎ᠠ ᠵᠢᠨ 1᠎ᠦ ᠡᠳᠦᠷ ᠠᠶᠠᠯᠠᠯ ᠨᠡᠪᠳᠡᠷᠡᠵᠦ᠂ ᠠᠩᠬ᠎ᠠ ᠡᠬᠢᠯᠡᠭᠡᠳ 1500 ᠮᠸᠲᠷ᠎ᠦᠨ ᠰᠢᠷᠦᠢ ᠵᠢᠨ ᠬᠦᠶᠦᠯᠳᠡ ᠵᠢᠨ ᠵᠠᠮ᠂ ᠬᠡᠳᠤᠭᠡᠨ ᠮᠠᠢᠬᠠᠨ ᠵᠢᠡᠷ ᠨᠢᠰᠭᠡᠯ ᠬᠦᠯᠢᠶᠡᠬᠦ ᠲᠠᠰᠤᠭ ᠪᠣᠯᠭᠠᠵᠤ ᠪᠠᠢᠭᠰᠠᠨ ᠵᠢᠡᠨ ᠰᠡᠭᠦᠯᠡᠷ ᠨᠢ ᠤᠯᠠᠨ ᠤᠳᠠᠭ᠎ᠠ ᠦᠷᠭᠡᠳᠭᠡᠨ ᠪᠠᠢᠭᠤᠯᠵᠤ᠂ ᠨᠢᠰᠦᠯᠲᠡ ᠵᠢᠨ ᠲᠤᠭᠤᠷᠢᠭ᠋ ᠨᠢ ᠲᠡᠪᠰᠢᠭᠡᠳ 4 E ᠲᠡᠰ᠎ᠲᠦ ᠬᠦᠷᠴᠦ᠂ ᠦᠪᠤᠷ ᠮᠤᠩᠭᠤᠯ᠎ᠤᠨ ᠵᠢᠡᠨ ᠨᠢᠭᠡᠳᠤᠭᠡᠷ ᠲᠤᠮᠤ ᠠᠭᠠᠷ ᠠᠶᠠᠯᠠᠯ᠎ᠤᠨ ᠬᠦᠢᠰᠦ᠂ ᠨᠡᠢᠰᠯᠡᠯ᠎ᠦᠨ ᠨᠢᠰᠭᠡᠯ᠎ᠦᠨ ᠪᠠᠭᠤᠳᠠᠯ᠎ᠤᠨ ᠴᠢᠬᠤᠯᠠ ᠪᠠᠭᠤᠬᠤ ᠴᠡᠭ ᠪᠣᠯᠵᠤ᠂ ᠬᠦᠬᠡᠬᠤᠳᠠ᠎ᠶᠢᠨ ᠬᠢᠯᠢ ᠵᠢᠨ ᠨᠢᠭᠡᠨ ᠵᠢᠵᠢᠭ ᠬᠤᠳᠠ ᠪᠠᠢᠭᠰᠠᠨ ᠡᠴᠡ ᠬᠦᠭᠵᠢᠯᠲᠡ ᠳᠠᠪᠰᠢᠯᠲᠠ᠎ᠶᠢ ᠬᠠᠷᠠᠭᠤᠯᠤᠭᠰᠠᠨ ᠲᠤᠮᠤ ᠬᠤᠳᠠ ᠪᠤᠯᠳᠠᠯᠠᠬᠢ ᠶᠠᠪᠤᠴᠠ᠎ᠶᠢ ᠲᠡᠷᠡ ᠬᠡᠪ ᠵᠢᠡᠷ ᠵᠢᠡᠨ ᠭᠡᠷᠡᠴᠢᠯᠡᠭᠰᠡᠨ ᠶᠤᠮ᠃



ᠬᠤᠳᠠ ᠲᠤᠭᠤᠷᠢᠭ᠋᠎ᠤᠨ ᠤᠷᠤᠨ ᠵᠠᠢ ᠵᠢᠨ ᠬᠢᠵᠠᠭᠠᠷᠯᠠᠯ ᠡᠴᠡ ᠪᠣᠯᠵᠤ ᠴᠠᠭᠠᠨ ᠰᠤᠪᠤᠷᠭ᠎ᠠ ᠤᠯᠠᠨ ᠤᠯᠤᠰ᠎ᠤᠨ ᠨᠢᠰᠭᠡᠯ᠎ᠦᠨ ᠪᠠᠭᠤᠳᠠᠯ ᠨᠢ ᠡᠭᠦᠳᠡ ᠪᠠᠨ ᠬᠠᠭᠠᠬᠤ ᠪᠠᠷ ᠪᠣᠯᠤᠯ᠎ᠠ᠃ 68 ᠵᠢᠯ᠎ᠦᠨ ᠲᠤᠷᠰᠢ᠂ ᠲᠤᠭ᠎ᠠ ᠲᠤᠮᠰᠢ ᠦᠭᠡᠢ ᠤᠯᠠᠨ ᠬᠦᠮᠦᠰ ᠡᠨᠳᠡ ᠡᠴᠡ ᠮᠤᠷᠳᠠᠵᠤ᠂ ᠪᠠᠰᠠ ᠡᠨᠳᠡ ᠪᠠᠭᠤᠳᠠᠯᠯᠠᠭᠰᠠᠭᠠᠷ ᠤᠯᠠᠨ ᠰᠠᠢᠬᠠᠨ ᠠᠭᠠᠷ ᠠᠶᠠᠯᠠᠯ᠎ᠦᠨ ᠲᠤᠷᠠᠰᠤᠮᠵᠢ ᠲᠠᠢ ᠬᠤᠷᠤᠮ᠎ᠢ ᠦᠯᠡᠳᠡᠭᠡᠭᠰᠡᠨ ᠪᠢᠯᠡ᠂ ᠡᠨᠡ ᠬᠦ᠌ ᠮᠦᠴᠡ᠎ᠳᠦ ᠨᠢᠰᠭᠡᠯ᠎ᠦᠨ ᠪᠠᠭᠤᠳᠠᠯ᠎ᠤᠨ ᠲᠡᠤᠬᠡᠨ ᠵᠢᠷᠤᠭ ᠰᠡᠭᠦᠳᠡᠷ᠎ᠢ ᠬᠠᠷᠠᠵᠤ᠂ ᠲᠡᠳᠡᠭᠡᠷ ᠲᠤᠷᠠᠳᠬᠠᠯ ᠨᠤᠭᠤᠳ᠎ᠢ ᠬᠠᠮᠲᠤ ᠪᠠᠷ ᠡᠷᠬᠢᠴᠡᠭᠦᠯᠦᠶ᠎ᠡ᠃



ᠦᠢᠯᠡᠴᠢᠯᠡᠭᠡ



AI ᠪᠦᠬᠦ ᠦᠵᠡᠮᠵᠢ ᠵᠢᠨ ᠵᠢᠷᠤᠭᠯᠠᠯ


(ᠵᠢᠷᠤᠭ᠎ᠢ ᠦᠪᠤᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠠᠷᠠᠳ᠎ᠤᠨ ᠠᠭᠠᠷ᠎ᠤᠨ ᠲᠡᠭᠡᠭᠡᠪᠦᠷᠢ ᠵᠢᠨ ᠨᠢᠰᠭᠡᠯ᠎ᠦᠨ ᠪᠠᠭᠤᠳᠠᠯ᠎ᠤᠨ ᠪᠦᠯᠦᠭᠯᠡᠯ᠎ᠤᠨ ᠬᠢᠵᠠᠭᠠᠷᠲᠤ ᠬᠠᠷᠢᠭᠤᠴᠠᠯᠭᠠᠳᠤ ᠺᠤᠮᠫᠠᠨᠢ ᠵᠢᠨ ᠬᠦᠬᠡᠬᠤᠳᠠ ᠳ᠋ᠡᠬᠢ ᠬᠤᠪᠢᠶᠠᠷᠢ ᠺᠤᠮᠫᠠᠨᠢ ᠬᠠᠩᠭᠠᠪᠠ )

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面