ᠲᠡᠷᠢᠭᠦᠨ ᠨᠢᠭᠤᠷ>ᠬᠦᠮᠦᠨ ᠨᠡᠢᠭᠡᠮ>ᠳᠤᠷᠠᠨ ᠬᠠᠷᠠᠭᠠᠰᠤ

2026-11-18 11:23:43

ᠵᠣᠬᠢᠶᠠᠭ᠍ᠴᠢ᠄ ᠭᠤᠤ ᠬᠤᠢ ᠬᠤᠢᠲᠤᠡᠤᠯᠤᠰ ᠣᠩᠱᠢᠭ᠍ᠰᠠᠨ ᠣᠳᠠᠭ᠎ᠠ᠄ 3

ᠬᠥᠮᠥᠰ ᠶᠡᠷᠦᠨᠢ ᠡᠭᠡᠯ ᠵᠢᠷ᠎ᠦᠨ  ᠠᠵᠢᠯ᠎ᠤᠨ  ᠹᠷᠤᠨᠲ  ᠳᠡᠭᠡᠷ᠎ᠡ᠎ᠪᠡᠨ  ᠡᠭᠡᠯ ᠵᠢᠷ ᠎ᠦᠨ  ᠪᠤᠰᠤ ᠦᠢᠯᠡ᠎ᠶᠢ ᠪᠦᠲᠦᠭᠡᠵᠦ᠂ ᠥᠪᠡᠷ᠎ᠦᠨ ᠠᠮᠢᠳᠤᠷᠠᠯ᠎ᠢᠶᠠᠨ ᠥᠭᠡᠳᠡ᠎ᠪᠡᠨ ᠲᠠᠲᠠᠵᠤ᠂ ᠦᠢᠯᠡᠰ᠎ᠢᠶᠡᠨ ᠴᠣᠭᠴᠠᠯᠠᠨ᠂ ᠴᠢᠨᠠᠭᠰᠢᠯᠠᠭᠠᠳ ᠤᠯᠤᠰ ᠭᠡᠷ᠎ᠲᠦ᠎ᠪᠡᠨ ᠥᠪᠡᠷ ᠎ᠦᠨ ᠭᠡᠰᠡᠨ ᠬᠦᠴᠦᠨ  ᠵᠢᠳᠬᠦᠯ᠎ᠢᠶᠡᠨ  ᠦᠵᠡᠭᠦᠯᠵᠦ ᠪᠠᠢᠳᠠᠭ᠃ ᠭᠦᠸᠧ ᠶᠤᠸᠠᠢ ᠰᠢᠶᠠ ᠪᠣᠯ  ᠲᠡᠭᠦᠨ ᠎ᠦ  ᠨᠢᠭᠡᠨ᠂  ᠥᠪᠥᠷ ᠮᠣᠩᠭᠣᠯ᠎ᠤᠨ ᠵᠥᠩ ᠵᠢᠶᠠ ᠲᠠᠷᠢᠶᠠᠯᠠᠩ᠎ᠤᠨ ᠠᠮᠢᠳᠤ ᠪᠣᠳᠠᠰ᠎ᠤᠨ ᠰᠢᠨᠵᠢᠯᠡᠬᠦ ᠤᠬᠠᠭᠠᠨ ᠮᠡᠷᠭᠡᠵᠢᠯ᠎ᠦᠨ ᠬᠢᠵᠠᠭᠠᠷᠲᠤ ᠺᠤᠮᠫᠠᠨᠢ ᠎ᠶᠢᠨ ᠲᠥᠮᠥᠰᠥᠨ᠎ᠦ ᠦᠷ᠎ᠡ ᠪᠣᠢᠵᠢᠭᠤᠯᠬᠤ  ᠰᠤᠳᠤᠯᠭᠠᠨ   ᠬᠢᠳᠡᠭ ᠮᠡᠷᠭᠡᠵᠢᠯᠲᠡᠨ᠃  

  

 

ᠤᠷᠭᠤᠯᠲᠡ ᠶ᠋ᠢᠨ  ᠲᠤᠬᠠᠢ ᠪᠠᠢᠴᠠᠭᠠᠯᠳᠡ ᠬᠢᠨ᠎ᠡ


ᠲᠦᠮᠤᠰᠤᠨ ᠎ᠤ ᠬᠡᠯᠪᠡᠷᠢ ᠲᠦᠷᠰᠤ ᠵᠢ ᠰᠢᠨᠵᠢᠨ᠎ᠠ

 


ᠭᠦᠷᠦᠰᠤᠨ ᠳ᠋ᠤ ᠬᠢᠨᠡᠨ ᠬᠡᠮᠵᠢᠯᠳᠡ ᠬᠢᠨ᠎ᠠ 



ᠰᠤᠳᠤᠯᠭᠠᠨ ᠎ᠤ ᠲᠡᠮᠳᠡᠭᠯᠡᠯ ᠵᠢᠨᠨ ᠬᠢᠨᠡᠨ ᠰᠢᠯᠭᠠᠨ᠎ᠠ 

ᠭᠦᠸᠧ ᠶᠤᠸᠠᠢ ᠰᠢᠶᠠ ᠵᠢᠷ ᠎ᠦᠨ  ᠨᠢᠭᠡᠨ ᠠᠵᠢᠯᠲᠠᠨ ᠪᠠᠢᠭᠰᠠᠨ᠎ᠠᠴᠠ᠎ᠪᠠᠨ ᠰᠢᠨ᠎ᠡ ᠡᠭᠦᠯᠳᠡᠷ᠎ᠢ ᠰᠣᠩᠭᠣᠨ ᠪᠣᠢᠵᠢᠭᠤᠯᠬᠤ ᠮᠡᠷᠭᠡᠵᠢᠯᠲᠡᠨ ᠪᠣᠯᠵᠤ᠂ ᠲᠤᠷᠰᠢᠯᠲᠠ᠎ᠶᠢᠨ ᠲᠠᠰᠤᠭ ᠪᠣᠯᠣᠨ ᠲᠠᠷᠢᠶᠠᠨ ᠵᠥᠷᠢᠭ᠎ᠲᠦ  ᠤᠷᠢ ᠵᠠᠯᠠᠭᠤ ᠨᠠᠰᠤᠨ᠎ᠤ  ᠭᠢᠯᠪᠠᠭ᠎ᠠ᠎ᠪᠠᠨ  ᠰᠠᠴᠤᠷᠠᠭᠤᠯᠤᠨ᠎ᠠ᠃  ᠲᠡᠷᠡ᠎ᠪᠠᠷ 《 ᠵᠦᠩ ᠵᠢᠶᠠ 5  ᠨᠣᠮᠧᠷ》᠎ᠢ  ᠰᠤᠳᠤᠯᠤᠨ ᠳᠡᠯᠭᠡᠷᠡᠭᠦᠯᠵᠦ᠂ ᠲᠥᠮᠥᠰᠥ᠎ᠶᠢᠨ ᠭᠠᠷᠤᠯᠲᠠ ᠵᠢ ᠪᠦᠲᠦᠮᠵᠢᠲᠡᠢ ᠳᠡᠭᠡᠭᠰᠢᠯᠡᠭᠦᠯᠵᠦ᠂ ᠮᠠᠯᠴᠢᠨ ᠲᠠᠷᠢᠶᠠᠴᠢᠳ᠎ᠤᠨ ᠣᠷᠣᠯᠭ᠎ᠠ᠎ᠶᠢ ᠨᠡᠮᠡᠭᠳᠡᠭᠦᠯᠦᠭᠰᠡᠨ᠎ᠢᠶᠡᠷ  ᠪᠠᠷᠠᠬᠤ ᠦᠭᠡᠢ ᠡᠪᠡᠳᠴᠢᠨ ᠡᠰᠡᠷᠭᠦᠴᠡᠬᠦ ᠰᠢᠯᠢᠳᠡᠭ ᠡᠭᠦᠯᠳᠡᠷ᠎ᠢ ᠰᠣᠩᠭᠣᠨ ᠪᠣᠢᠵᠢᠭᠤᠯᠵᠤ᠂ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ᠎ᠢᠶᠡᠷ  ᠲᠠᠷᠢᠶᠠᠯᠠᠩ᠎ᠤᠨ ᠡᠯᠪᠡᠭ ᠬᠤᠷᠢᠶᠠᠯᠲᠠ ᠎ᠶᠢ  ᠪᠠᠲᠤᠯᠠᠵᠤ᠂ ᠨᠤᠲᠤᠭ  ᠤᠰᠤᠨ ᠎ᠤ ᠎ᠪᠠᠨ  ᠬᠥᠮᠥᠨ ᠠᠷᠠᠳ᠎ᠤᠨ ᠣᠷᠣᠯᠭ᠎ᠠ᠎ᠪᠠᠨ ᠨᠡᠮᠡᠭᠳᠡᠭᠦᠯᠵᠦ ᠪᠠᠶᠠᠵᠢᠬᠤ᠎ᠳᠤ ᠮᠡᠷᠭᠡᠵᠢᠯ ᠎ᠦᠨ  ᠪᠠᠲᠤᠯᠠᠭ᠎ᠠ ᠬᠠᠩᠭᠠᠪᠠ᠃


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面