ᠲᠡᠷᠢᠭᠦᠨ ᠨᠢᠭᠤᠷ - ᠵᠢᠷᠤᠭᠲᠤ ᠮᠡᠳᠡᠭᠡ

2026-11-16 17:21:39

ᠵᠣᠬᠢᠶᠠᠭ᠍ᠴᠢ᠄ ᠴᠢᠬᠢᠷᠠᠭ ᠭᠤᠤ ᠬᠤᠡᠭ ᠯᠢᠶᠠᠨ ᠪᠦᠷᠢᠨᠪᠠᠶᠠᠷ ᠪᠠᠶᠠᠷᠴᠡᠡᠭᠭᠡᠯ ᠴᠢᠤ ᠯᠢᠡᠭ ᠣᠩᠱᠢᠭ᠍ᠰᠠᠨ ᠣᠳᠠᠭ᠎ᠠ᠄ 3

ᠬᠠᠮᠢᠶ᠎ᠠ ᠪᠦᠬᠦᠢ ᠬᠤᠯᠪᠤᠭᠠᠰᠦ᠄

ᠳᠤᠯᠤᠭᠠᠲᠤ ᠵᠢᠨ ᠨᠠᠭᠤᠷ ᠨᠢ ᠤᠯᠠᠨ ᠵᠢᠵᠢᠭ᠌ ᠨᠠᠭᠤᠷ᠎ᠤᠳ ᠵᠢᠨᠷ ᠪᠦᠷᠢᠯᠳᠦᠵᠡᠢ᠃ ᠬᠢᠩᠭᠠᠨ  ᠲᠠᠪᠠᠭᠠᠨ᠎ᠦ ᠠᠷᠤ ᠪᠡᠷ ᠠᠬ᠎ᠠ ᠳᠡᠬᠦᠦ ᠮᠡᠳᠤ ᠬᠤᠶᠠᠷ ᠶᠡᠬᠡ ᠵᠤᠰᠠᠯᠠᠩ ᠪᠠᠢᠳᠠᠭ᠎ᠤᠨ ᠨᠢᠭᠡ ᠨᠢ ᠳᠤᠯᠤᠭᠠᠳᠤ ᠵᠢᠨ ᠵᠤᠰᠠᠯᠠᠩ ᠪᠢᠯᠡ᠃ ᠪᠠᠷᠰᠳᠤ᠂ ᠰᠢᠭᠤᠢᠳᠤ᠂ ᠦᠯᠦᠩᠳᠤ᠂ ᠵᠠᠮᠳᠤ᠂ ᠳᠤᠭᠤᠭᠠᠳᠤ᠂ ᠬᠠᠰᠢᠶᠠᠳᠤ᠂ ᠬᠤᠰᠤᠳᠤ ᠭᠡᠵᠦ ᠳᠤᠯᠤᠭᠠᠨ 《ᠳ᠋ᠸ᠋》 ᠪᠡᠷ ᠪᠦᠷᠢᠳᠦᠭᠰᠡᠨ᠎ᠦ ᠤᠴᠢᠷ᠂ ᠬᠦᠨᠳᠡᠢ ᠰᠢᠯᠢ ᠳ᠋ᠤᠨᠢ ᠰᠢᠬᠢᠳᠬᠡᠭᠡᠷᠢᠯᠡᠭᠰᠡᠨ ᠨᠤᠮᠢᠨ ᠬᠦᠭᠡ ᠪᠢᠨᠳᠠᠷᠢᠶ᠎ᠠ ᠬᠡᠮᠡᠷ ᠨᠠᠭᠤᠷ ᠲᠤᠭᠤᠷᠢᠮ ᠤ᠋ᠤᠨ᠎ᠢ ᠨᠢ ᠨᠡᠢᠯᠡᠬᠦᠯᠦᠭᠡᠳ ᠳᠤᠯᠤᠭᠠᠳᠤ ᠵᠢᠨ ᠨᠠᠭᠤᠷ ᠭᠡᠮᠡᠳᠡᠭ᠂ ᠬᠤᠵᠢᠮ ᠨᠢ ᠠᠶᠠᠯᠠᠯ ᠵᠢᠭᠤᠯᠴᠢᠯᠡᠯ ᠳ᠋ᠤ ᠵᠤᠷᠢᠭᠤᠯᠵᠦ᠂ 《ᠳᠤᠯᠤᠭᠠᠨ ᠳᠠᠬᠢᠨᠢ ᠵᠢᠨ ᠨᠠᠭᠤᠷ》 ᠬᠡᠵᠤ ᠳᠠᠬᠢᠨ ᠨᠠᠷᠠᠢᠳᠦᠭᠰᠡᠨ ᠠᠵᠢ᠃ ᠳᠤᠯᠤᠭᠠᠳᠤ ᠵᠢᠨ ᠨᠠᠭᠤᠷ ᠨᠢ ᠪᠠᠷᠭᠤ ᠵᠢᠨ ᠲᠠᠯ᠎ᠠ ᠵᠢᠨ ᠴᠢᠬᠤᠯᠠ ᠤᠰᠤᠨ᠎ᠤ ᠡᠬᠢ ᠰᠤᠷᠪᠤᠯᠵᠢ ᠪᠦᠭᠡᠳ ᠨᠠᠭᠤᠷ ᠬᠤᠭᠤᠷᠤᠨᠳᠤ ᠪᠠᠨ ᠭᠤᠤᠯ ᠭᠤᠷᠤᠬ᠎ᠠ ᠪᠡᠷ ᠵᠢᠨᠨ ᠵᠠᠯᠭᠠᠯᠳᠤᠵᠤ᠂ ᠡᠷᠬᠢᠨ ᠲᠤᠭᠤᠷᠢᠨ᠎ᠳ᠋ᠤᠨᠢ ᠦᠨᠢᠷ ᠰᠦᠷᠦᠭ ᠲᠠᠷᠬᠠᠨ ᠪᠡᠯᠴᠢᠵᠤ᠂ ᠬᠦᠮᠦᠨ ᠪᠠᠢᠭᠠᠯᠢ ᠵᠢᠨ ᠡᠶ᠎ᠡ ᠵᠤᠬᠢᠴᠠᠨᠭᠭᠤᠢ ᠨᠠᠢᠷᠠᠯ ᠬᠦᠭᠵᠢᠮ᠎ᠢ ᠪᠢᠴᠢᠭᠯᠡᠵᠤ ᠪᠠᠢᠳᠠᠭ᠃



ᠨᠠᠷᠠᠨ ᠰᠠᠷᠠᠨ ᠪᠦᠮᠪᠦᠷᠢᠭᠰᠡᠨ ᠬᠦᠬᠡ ᠮᠦᠩᠬᠦᠨ ᠳᠡᠭᠷᠢ᠂ ᠨᠠᠷᠠᠰᠤ ᠮᠠᠢᠯᠠᠰᠤ ᠪᠦᠷᠬᠦᠭᠰᠡᠨ ᠬᠦᠷᠤᠰᠤᠳᠤ ᠠᠯᠳᠠᠨ ᠳᠡᠯᠡᠬᠡᠢ᠂ ᠡᠭᠡᠯᠵᠢᠯᠡᠬᠦ ᠬᠤᠨᠤᠭ ᠳᠤᠭᠠᠯᠠᠩ᠂ ᠡᠷᠬᠢᠬᠦ ᠲᠦᠷᠪᠡᠨ ᠤᠯᠠᠷᠢᠯ ᠵᠢᠠᠷ  ᠠᠭᠤᠯᠠ ᠳᠤᠯᠤᠭᠠᠳ ᠡᠮᠦᠰᠬᠡᠯ ᠵᠠᠰᠠᠯ ᠵᠢᠠᠨ ᠰᠤᠯᠢᠵᠦ᠂ ᠤᠰᠤ ᠮᠦᠷᠡᠨ ᠦᠩᠭᠡ ᠵᠢᠰᠤ ᠪᠡᠷ ᠵᠢᠠᠨ ᠭᠠᠩᠭᠠᠷᠠᠨ᠎ᠠ᠃

ᠠᠯᠳᠠᠨ ᠰᠦᠮᠪᠤᠷ ᠬᠢᠩᠭᠠᠨ ᠲᠠᠪᠠᠭᠠᠨ᠎ᠦ ᠠᠷᠤ ᠶᠡᠬᠡ ᠬᠤᠷᠮᠤᠢ ᠳ᠋ᠤ᠂ ᠪᠠᠶᠠᠠ ᠪᠠᠷᠭᠤ ᠵᠢᠨ ᠳᠠᠯ᠎ᠠ ᠳᠡᠭᠡᠷᠡᠬᠢ ᠪᠢᠨᠳᠡᠷᠢᠶ᠎ᠠ ᠴᠡᠩᠭᠡᠷ ᠮᠠᠯᠮᠠᠢ ᠮᠡᠳᠤ ᠠᠨᠢᠪᠴᠢᠭᠰᠠᠨ ᠳᠤᠯᠤᠭᠠᠳᠤ ᠵᠢᠨ ᠵᠤᠰᠠᠯᠠᠩ ᠳ᠋ᠡᠬᠢ ᠨᠠᠭᠤᠷ ᠳᠤᠭᠤᠷᠢᠮ᠎ᠤᠳ ᠤᠰᠤ ᠭᠤᠷᠤᠬ᠎ᠠ ᠪᠡᠷ ᠵᠢᠠᠨ ᠵᠠᠯᠭᠠᠯᠳᠤᠨ᠂ ᠵᠢᠷᠤᠭᠡ ᠰᠤᠳᠠᠰᠤ ᠪᠡᠷ ᠵᠢᠡᠨ ᠬᠤᠯᠪᠤᠯᠳᠤᠨ ᠳᠤᠯᠤᠭᠠᠳᠤ ᠵᠢᠨ ᠨᠠᠭᠤᠷ ᠪᠤᠯᠵᠦ᠂ ᠦᠷᠡᠵᠢᠬᠦ ᠲᠦᠯᠵᠢᠬᠦ ᠲᠦᠮᠡᠨ ᠠᠮᠢᠳᠠᠨ᠎ᠢ ᠤᠭᠤᠷᠠᠭ ᠰᠢᠮ᠎ᠠ ᠪᠡᠷ ᠵᠢᠠᠨ ᠳᠡᠵᠢᠭᠡᠵᠦ᠂ ᠦᠵᠡᠬᠦ ᠨᠢᠳᠤᠨ᠎ᠦ ᠴᠡᠴᠡᠭᠡᠢ ᠨᠢ ᠰᠢᠭ ᠬᠦᠮᠦᠨ ᠠᠷᠠᠳ᠎ᠵᠢᠠᠨ ᠢᠪᠡᠬᠡᠨ ᠰᠤᠶᠤᠷᠬᠠᠵᠦ ᠪᠠᠢᠳᠠᠭ ᠰᠠᠨ!

ᠨᠤᠳᠤᠭ᠎ᠤᠨ ᠰᠠᠢᠬᠠᠨ ᠳ᠋ᠤ ᠬᠦᠮᠦᠨ ᠴᠤᠭᠯᠠᠷᠠᠵᠦ᠂ ᠤᠰᠤᠨ᠎ᠦ ᠰᠠᠢᠬᠠᠨ ᠳ᠋ᠤ ᠰᠢᠪᠠᠭᠤ ᠴᠤᠭᠯᠠᠷᠠᠨ᠎ᠠ ᠭᠡᠭᠴᠢ ᠪᠡᠷ ᠳᠤᠯᠤᠭᠠᠳᠤ ᠵᠢᠨ ᠵᠤᠰᠠᠯᠠᠩ ᠳ᠋ᠤ ᠬᠦᠷᠪᠡᠯ᠂ ᠤᠰᠤ ᠭᠤᠷᠤᠬ᠎ᠠ ᠡᠯᠪᠡᠭ ᠨᠤᠳᠤᠭ ᠰᠠᠷᠠᠭᠤᠯ ᠬᠦᠨᠳᠡᠢ ᠳ᠋ᠤ ᠬᠦᠷᠦᠨ᠎ᠠ᠂ ᠬᠠᠪᠤᠷ᠎ᠤᠨ ᠡᠬᠢ ᠨᠠᠮᠤᠷ᠎ᠤᠨ ᠰᠡᠬᠦᠯᠴᠢ ᠳ᠋ᠤ ᠰᠦᠷᠦᠭ ᠰᠦᠷᠦᠭ ᠠᠶᠠᠨ᠎ᠦ ᠰᠢᠪᠠᠭᠤᠳ ᠳᠤᠯᠤᠭᠠᠳᠤ ᠵᠢᠨ ᠨᠠᠭᠤᠷ᠎ᠤᠳ ᠵᠢᠠᠷ ᠦᠷᠳᠡᠭᠡᠯᠡᠨ ᠪᠠᠭᠤᠵᠦ᠂ ᠳᠡᠯᠭᠡᠷ ᠵᠤᠨ ᠵᠢᠠᠷ ᠤᠰᠤ ᠨᠢ ᠴᠡᠩᠭᠡᠷᠯᠡᠨ ᠠᠭᠤᠳᠠᠮ ᠳᠠᠯ᠎ᠠ ᠨᠢ ᠤᠭ᠌ᠶᠦ ᠨᠤᠭᠤᠭᠠᠨ ᠵᠢᠠᠷ ᠬᠤᠴᠢᠭᠳᠠᠵᠦ᠂ ᠡᠪᠤᠯ ᠢᠷᠡᠬᠦ ᠳ᠋ᠤ ᠤᠰᠤᠨ ᠡᠴᠡ ᠨᠢ ᠠᠭᠤᠷ ᠰᠠᠪᠰᠠᠵᠦ᠂ ᠤᠨᠳᠤᠷᠤᠯ ᠪᠠᠳᠠᠷᠠᠯ᠎ᠢ ᠬᠤᠷᠤᠢᠯᠠᠬᠤ ᠮᠡᠳᠤ᠃ ᠨᠠᠭᠤᠷ᠎ᠤᠨ ᠳᠤᠭᠤᠷᠢᠨ ᠵᠢᠠᠷ ᠤᠳᠤᠮ ᠳᠠᠮᠵᠢᠨ ᠨᠤᠳᠤᠭᠰᠢᠭᠰᠠᠨ ᠮᠠᠯᠴᠢᠳ ᠮᠠᠨᠢ ᠦᠨᠢᠷ ᠰᠦᠷᠦᠭ ᠵᠢᠠᠨ ᠦᠰᠬᠡᠨ᠂ ᠦᠢᠯᠡᠳᠪᠤᠷᠢᠯᠡᠯ ᠠᠮᠢᠳᠤᠷᠠᠯ ᠳ᠋ᠠᠭᠠᠨ ᠭᠠᠪᠰᠢᠭᠠᠢᠯᠠᠵᠦ᠂ ᠴᠠᠭ ᠦᠶ᠎ᠠ ᠳᠠᠢ ᠠᠯᠬᠤᠭ᠎ᠠ ᠪᠡᠨ ᠨᠡᠢᠴᠡᠬᠦᠯᠦᠨ᠂ ᠳᠠᠯᠠᠢ ᠶᠡᠬᠡ ᠵᠠᠬ᠎ᠠ ᠵᠢᠨ ᠤᠷᠤᠰᠬᠠᠯ ᠳ᠋ᠤ ᠰᠡᠳᠬᠢᠯ᠎ᠤᠨ ᠳᠡᠩᠭᠡᠭᠡ ᠪᠡᠨ ᠰᠢᠯᠭᠠᠵᠦ ᠶᠠᠪᠤᠨ᠎ᠠ  ᠁



ᠳᠤᠯᠤᠭᠠᠲᠤ ᠵᠢᠨ ᠨᠠᠭᠤᠷ᠎ᠤᠨ ᠨᠡᠭᠦᠳᠡᠯ᠎ᠤᠨ ᠳᠤᠷᠠᠰᠤᠮᠵᠢ ︱  ᠠᠢᠷᠠᠭ ᠱᠤᠤᠭᠢᠭᠰᠠᠨ ᠠᠳᠤᠭᠤᠴᠢᠨ ᠠᠢᠯ

ᠤᠷᠤᠢ ᠨᠠᠮᠤᠷ᠎ᠤᠨ ᠪᠠᠷᠭᠤ ᠨᠤᠲᠤᠭ ᠭᠦᠨ ᠰᠢᠷᠭᠠᠯ ᠦᠩᠭᠡᠨ᠎ᠳᠤ ᠳᠡᠢᠯᠦᠭᠳᠡᠭᠰᠡᠨ᠎ᠴᠤ ᠬᠠᠶᠠ ᠨᠢᠭᠡ ᠲᠠᠭᠠᠷᠠᠯᠳᠤᠬᠤ ᠨᠠᠷᠠᠰᠤᠨ ᠮᠤᠳᠤ ᠮᠦᠩᠬᠡ ᠨᠤᠭᠤᠭᠠᠨ ᠵᠢᠡᠨ ᠭᠠᠢᠬᠠᠭᠤᠯᠤᠨ ᠰᠠᠯᠬᠢ ᠰᠦᠷᠦᠨ ᠰᠡᠬᠦᠢᠨ᠎ᠡ᠃ ᠨᠡᠯᠦᠢᠮ᠎ᠡ ᠦᠷᠭᠡᠨ ᠲᠠᠯ᠎ᠠ ᠭᠠᠵᠠᠷ᠎ᠤᠨ ᠳᠦᠷᠰᠦ ᠢᠳᠡᠭ ᠢᠳᠡᠭ ᠵᠢᠡᠷ ᠬᠤᠪᠢᠷᠠᠨ ᠦᠭᠡᠷᠡᠴᠢᠯᠡᠭᠳᠡᠵᠦ᠂ ᠭᠤᠤ ᠵᠢᠯᠠᠭ᠎ᠠ ᠠᠷᠪᠢᠳᠤᠬᠤ ᠵᠢ ᠳᠠᠭᠠᠯᠳᠤᠨ᠂ ᠬᠠᠶᠠ ᠬᠠᠷᠠᠭᠳᠠᠵᠤ ᠪᠠᠢᠭᠰᠠᠨ ᠨᠠᠷᠠᠰᠤᠨ ᠮᠤᠳᠤ ᠴᠤ᠌ ᠤᠯᠠᠮ ᠵᠢᠡᠷ ᠦᠳᠬᠡᠷᠡᠵᠦ᠂ ᠬᠢᠩᠭᠠᠨ ᠨᠢᠷᠤᠭᠤᠨ᠎ᠤ ᠠᠷᠤ ᠬᠤᠷᠮᠤᠢ ᠵᠦᠭ ᠤᠢᠷᠠᠳᠴᠤ ᠪᠤᠢ ᠵᠢ ᠦᠭᠦᠯᠡᠬᠦ ᠮᠡᠲᠦ᠃ ᠨᠤᠭᠤᠭᠠᠡᠨᠠᠭᠤᠷ᠎ᠤᠨ ᠤᠢ ᠰᠢᠭᠤᠢ ᠵᠢᠨ ᠲᠠᠯᠠᠪᠠᠢ ᠪᠡᠷ ᠦᠩᠭᠡᠷᠡᠵᠦ᠂ ᠪᠠᠷᠰᠳᠤ ᠵᠢᠨ ᠰᠢᠭᠤᠢ ᠵᠢ ᠳᠠᠭᠠᠷᠢᠭᠠᠳ ᠲᠤᠯᠤᠭᠠᠳᠤ ᠵᠢᠨ ᠵᠤᠰᠠᠯᠠᠡᠭ᠎ᠳᠤ᠎ᠪᠠᠭᠤᠬᠤ᠎ᠳᠤ᠂ ᠨᠠᠭᠤᠷ ᠭᠤᠤᠯ ᠮᠡᠯᠮᠠᠯᠵᠠᠨ᠂ ᠨᠡᠬᠦᠳᠡᠯ᠎ᠤᠨ ᠰᠢᠪᠠᠭᠤᠳ ᠬᠤᠷᠭᠤᠳᠠᠨ᠂ ᠠᠳᠤᠭᠤ ᠮᠠᠯ ᠲᠠᠷᠬᠠᠨ ᠪᠡᠯᠴᠢᠭᠰᠡᠨ ᠨᠠᠮᠤᠷ᠎ᠤᠨ ᠰᠡᠬᠦᠯᠴᠢ ᠵᠢᠨ ᠤᠨᠴᠠ ᠵᠢᠨ ᠭᠤᠶᠤᠮᠰᠤᠭ  ᠦᠵᠡᠮᠵᠢ ᠲᠤᠳᠤᠷᠠᠨ᠎ᠠ᠃

ᠢᠨᠵᠠᠭᠠᠨ ᠠᠭᠤᠯᠠ ᠵᠢᠨ ᠡᠡᠭᠭᠡᠷ᠎ᠲᠤ ᠵᠢᠭᠳᠡᠷᠡᠨ ᠴᠠᠢᠯᠵᠠᠬᠤ 13 ᠮᠤᠩᠭᠤᠯ ᠭᠡᠷ ᠲᠠᠢ ᠵᠢᠭᠤᠯᠴᠢᠯᠠᠯ᠎ᠤᠨ ᠴᠡᠭ᠎ᠤᠨ ᠪᠠᠷᠠᠭᠤᠨ ᠬᠤᠢᠨᠠᠬᠠᠨ ᠨᠢ ᠴᠡᠡᠭᠭᠡᠷ ᠬᠦᠭᠡ ᠤᠷᠤᠢ ᠲᠠᠢ 900 ᠲᠡᠭᠰᠢ ᠲᠦᠷᠪᠡᠯᠵᠢᠡ ᠮᠸᠲᠷ᠎ᠤ᠋ᠨ ᠬᠤᠶᠠᠷ ᠲᠤᠮᠤ ᠦᠢᠯᠡᠳᠪᠤᠷᠢ ᠵᠢᠨ ᠲᠠᠰᠤᠭ ᠰᠦᠷ ᠢᠯᠡᠲᠡᠢᠬᠡᠨ ᠬᠠᠷᠠᠭᠳᠠᠬᠤ ᠨᠢ ᠰᠢᠨ᠎ᠠ ᠪᠠᠷᠭᠤ ᠵᠡᠬᠦᠨ ᠬᠤᠰᠢᠭᠤᠨ᠎ᠦ ᠦᠪᠤᠷᠪᠤᠯᠠᠭ ᠰᠤᠮᠤᠨ᠎ᠦ ᠰᠠᠷᠠᠭᠤᠯᠳᠤᠶᠠᠭ᠎ᠠ ᠭᠠᠴᠠᠭᠠᠨ᠎ᠦ ᠬᠠᠰᠢᠷ ᠮᠠᠯᠴᠢᠨ ᠪᠠ᠊·ᠰᠤᠶᠤᠯ᠎ᠤᠨ ᠬᠢ ᠪᠠᠢᠯ᠎ᠠ᠃

《ᠤᠬᠢ 》 ᠴᠡᠭᠡ ᠵᠢᠨ ᠦᠢᠯᠡᠳᠪᠤᠷᠢ ᠭᠡᠵᠦ ᠨᠡᠷᠡᠯᠡᠭᠰᠡᠨ ᠡᠨᠡ ᠬᠦ᠌ ᠦᠢᠯᠡᠳᠪᠦᠷᠢ ᠵᠢᠨ ᠲᠠᠰᠤᠭ᠂《ᠠᠳᠤᠭᠤᠴᠢᠨ ᠠᠢᠯ》 ᠮᠠᠯᠴᠢᠨ ᠠᠢᠯ᠎ᠤᠨ ᠵᠢᠭᠤᠯᠴᠢᠯᠠᠯ ᠭᠡᠵᠦ ᠨᠡᠷᠡᠯᠡᠭᠰᠡᠨ ᠨᠦᠭᠦᠭᠡ ᠯᠡ ᠢᠨᠵᠠᠭᠠᠨ ᠠᠭᠤᠯᠠ ᠵᠢᠨ ᠡᠩᠭᠡᠷ ᠲᠡᠬᠢ ᠵᠢᠭᠤᠯᠴᠢᠯᠠᠯ᠎ᠤᠨ ᠴᠡᠭ ᠪᠦᠷ ᠯᠡ  ᠪᠠ᠊·ᠰᠤᠶᠤᠯ ᠭᠤᠸᠠᠢ ᠵᠢᠨ ᠬᠢ ᠭᠡᠳᠡᠭ᠎ᠢ ᠨᠤᠲᠤᠭ ᠤᠰᠤᠨ᠎ᠤ ᠬᠢᠨ ᠠᠨᠳᠠᠬᠤ ᠦᠭᠡᠢ᠃ ᠲᠡᠷᠡ ᠴᠤ᠌ ᠪᠤᠤ ᠬᠡᠯᠡ᠂ ᠬᠤᠰᠢᠭᠤᠨ ᠲᠦᠪ ᠲᠡᠭᠡᠨ 《ᠲᠤᠯᠤᠭᠠᠳᠤ》 ᠤᠨᠴᠠ ᠭᠠᠷᠤᠯᠳᠡ ᠵᠢᠨ ᠲᠡᠯᠭᠡᠬᠦᠷ ᠠᠵᠢᠯᠯᠠᠭᠤᠯᠵᠤ᠂ ᠤᠷᠤᠨ ᠨᠤᠲᠤᠭ ᠲᠠᠭᠠᠨ ᠮᠠᠯᠵᠢᠯ᠎ᠤᠨ ᠲᠤᠰᠬᠠᠢ ᠬᠤᠷᠰᠢᠶ᠎ᠠ ᠡᠵᠡᠩᠨᠡᠬᠦ ᠡᠴᠡ ᠡᠬᠢᠯᠡᠭᠡᠳ ᠲᠡᠭᠦᠨ᠎ᠳᠤ ᠬᠢᠭᠰᠡᠨ ᠦᠭᠡᠢ ᠴᠤ᠌ ᠶᠠᠭᠤᠮ᠎ᠠ ᠬᠤᠪᠤᠷ᠂ ᠪᠦᠲᠦᠭᠡᠭᠰᠡᠨ ᠦᠭᠡᠢ᠎ᠴᠤ ᠶᠠᠭᠤᠮ᠎ᠠ ᠴᠦᠬᠡᠨ ᠠᠵᠢ᠃

《ᠳᠤᠯᠤᠭᠠᠲᠤ》 ᠭᠡᠵᠦ ᠨᠡᠷᠡᠰᠢᠭᠰᠡᠨ ᠡᠨᠡ ᠨᠤᠲᠤᠭ ᠪᠠ᠊·ᠰᠤᠶᠤᠯ ᠭᠤᠸᠠᠢ ᠵᠢᠨ ᠪᠤᠳᠤᠯ᠎ᠳᠤ ᠶᠠᠭᠤ ᠪᠡᠷ᠎ᠴᠤ ᠰᠤᠯᠢᠬᠤ ᠦᠭᠡᠢ ᠦᠨᠡᠲᠦ ᠡᠷᠳᠡᠨᠢ ᠪᠠᠢᠳᠠᠭ ᠨᠢ ᠦᠨᠡᠨᠲᠡᠢ︕ ᠰᠠᠢᠨ ᠳ᠋ᠠᠭᠠᠨ᠎ᠴᠤ 《1997 ᠣᠨ᠎ᠳᠤ 13000 ᠭᠠᠷᠤᠢ ᠮᠤ᠌ ᠨᠤᠲᠤᠭ ᠬᠤᠪᠢᠳᠠᠵᠤ ᠤᠯᠤᠭᠰᠠᠨ ᠮᠠᠨᠢ ᠨᠠᠳᠠ᠎ᠳᠠᠭᠠᠨ ᠰᠤᠳᠤᠯᠬᠤ ᠰᠤᠷᠤᠭᠴᠢ ᠰᠢᠯᠭᠠᠵᠤ ᠤᠷᠤᠭᠰᠠᠨ ᠡᠴᠡ ᠢᠯᠡᠭᠦᠦ ᠠᠰᠢᠭ ᠲᠠᠢ 》 ᠭᠡᠵᠦ ᠬᠡᠯᠡᠵᠦ ᠶᠠᠪᠤᠬᠤ ᠪᠤᠢ ᠳ᠋ᠠ᠃ ᠡᠭᠦᠨ᠎ᠤ ᠳᠤᠬᠠᠢ ᠳᠤᠷᠠᠰᠪᠠᠯ ᠦᠯᠢᠭᠡᠷ ᠪᠤᠢ᠂ 1973 ᠣᠨ᠎ᠳᠤ ᠲᠦᠷᠦᠭᠰᠡᠨ ᠪᠠ᠊·ᠰᠤᠶᠤᠯ ᠠᠩᠬ᠎ᠠ ᠳᠤᠮᠳᠠᠳᠤ ᠪᠠᠨ ᠲᠡᠭᠦᠰᠦᠭᠡᠳ ᠯᠡ ᠰᠤᠷᠭᠠᠭᠤᠯᠢ ᠡᠴᠡ ᠭᠠᠷᠴᠤ᠂ ᠰᠡᠬᠦᠯᠡᠷ ᠨᠢ ᠠᠪᠠᠭᠠᠢ ᠤᠷᠠᠨᠭᠡᠷᠡᠯ ᠲᠠᠢ ᠪᠠᠨ ᠡᠭᠦᠳᠡ ᠪᠠᠨ ᠲᠤᠯᠵᠤ ᠡᠷᠦᠬᠡ ᠪᠠᠨ ᠲᠠᠲᠠᠨ᠂ ᠮᠠᠯᠴᠢᠨ ᠵᠠᠶᠠᠭ᠎ᠠ ᠪᠠᠨ ᠲᠦᠰᠢᠵᠡᠢ᠃ ᠲᠡᠭᠡᠭᠰᠡᠨ ᠵᠢᠡᠷ 1997 ᠣᠨ ᠪᠤᠯᠬᠤ ᠦᠶ᠎ᠡ᠎ᠳᠤ  ᠬᠤᠶᠠᠷ ᠦᠬᠢᠨ ᠨᠢ ᠪᠦᠯᠢ ᠨᠡᠮᠡᠨ ᠶᠢᠷᠲᠢᠨᠴᠦ᠎ᠳᠤ ᠮᠡᠨᠳᠦᠯᠡᠵᠦ᠂ ᠳᠡᠳᠡᠨ ᠎ᠤ ᠬᠢ  ᠳᠦᠷᠪᠡᠨ ᠠᠮᠠᠨ ᠲᠤᠭ᠎ᠠ ᠪᠡᠷ ᠪᠡᠯᠴᠢᠭᠡᠷ ᠨᠤᠲᠤᠭ ᠬᠤᠪᠢᠳᠠᠵᠤ ᠤᠯᠤᠭᠰᠠᠨ ᠤᠴᠢᠷ ᠲᠠᠢ ᠪᠠᠢᠵᠠᠢ᠃

ᠤᠨᠠᠭᠠᠨ ᠪᠠᠭ᠎ᠠ ᠡᠴᠡ ᠪᠠᠨ ᠤᠰᠤ ᠪᠡᠯᠴᠢᠭᠡᠷ᠎ᠵᠢᠡᠨ ᠳᠠᠭᠠᠨ ᠨᠡᠭᠦᠳᠡᠯᠯᠡᠵᠦ᠂ ᠲᠤᠭᠤᠷᠭ᠎ᠠ ᠲᠤᠰᠠᠭᠠᠷᠯᠠᠭᠰᠠᠨ ᠬᠤᠢᠨ᠎ᠠ ᠪᠠᠨ ᠲᠤᠭᠤᠭᠰᠠᠨ ᠨᠤᠲᠤᠭ ᠵᠢᠡᠨ ᠬᠤᠪᠢᠳᠠᠵᠤ ᠤᠯᠤᠭᠰᠠᠨ ᠲᠡᠭᠦᠨ᠎ᠤ ᠬᠤᠪᠢ᠎ᠳᠤ ᠵᠦᠭᠡᠷ ᠯᠡ ᠬᠤᠪᠢ ᠪᠠᠨ ᠰᠠᠬᠢᠵᠤ ᠳᠤᠪᠤ ᠪᠠᠨ ᠰᠢᠷᠠᠯᠠᠭᠤᠯᠤᠭᠠᠳ ᠨᠠᠰᠤ ᠪᠠᠨ ᠡᠯᠡᠭᠡᠬᠦ ᠵᠢ ᠰᠠᠨᠠᠭᠰᠠᠨ ᠦᠭᠡᠢ᠂ ᠬᠠᠷᠢᠨ ᠨᠤᠲᠤᠭ ᠤᠰᠤᠨ ᠳ᠋ᠠᠭᠠᠨ ᠶᠠᠭᠤ ᠨᠢᠭᠡ ᠵᠢ ᠬᠢᠴᠢᠬᠡᠬᠦ ᠶᠤᠮᠰᠠᠨ ᠭᠡᠰᠡᠨ ᠪᠤᠳᠤᠯ ᠳᠠᠩᠳᠠ ᠤᠶᠠᠭᠠᠲᠠᠢ ᠪᠠᠢᠯ᠎ᠠ᠃ ᠲᠡᠭᠡᠭᠡᠳ ᠲᠡᠷᠡ ᠬᠦᠳᠡᠯᠮᠦᠷᠢᠴᠢ ᠬᠤᠶᠠᠷ ᠭᠠᠷ᠂ ᠬᠦᠩᠭᠡᠨ ᠰᠡᠷᠭᠦᠯᠡᠩ ᠤᠬᠠᠭᠠᠨ ᠰᠠᠨᠠᠭᠠᠨ ᠳ᠋ᠠᠭᠠᠨ ᠲᠦᠰᠢᠭᠯᠡᠨ᠂ ᠮᠠᠯ ᠰᠦᠷᠦᠭ ᠵᠢᠡᠨ ᠦᠰᠭᠡᠨ᠂ ᠮᠤᠷᠢ ᠠᠳᠤᠭᠤ ᠲᠠᠢ ᠨᠤᠴᠤᠯᠳᠤᠵᠤ᠂ ᠤᠳᠠᠯ ᠦᠭᠡᠢ ᠤᠰᠤ ᠨᠤᠲᠤᠭ ᠲᠠᠭᠠᠨ ᠠᠯᠳᠠᠷ ᠨᠢ ᠮᠠᠨᠳᠤᠭᠰᠠᠨ ᠬᠠᠰᠢᠷ ᠳᠤᠬᠢ ᠮᠠᠯᠴᠢᠨ ᠪᠤᠯᠬᠤ ᠵᠢᠨ ᠬᠠᠮᠲᠤ ᠭᠠᠴᠠᠭᠠᠨ ᠵᠦᠪᠯᠡᠯ ᠳ᠋ᠡᠭᠡᠨ ᠠᠵᠢᠯᠯᠠᠬᠤ ᠪᠤᠯᠵᠤ᠂ ᠤᠯᠠᠮ ᠵᠢᠡᠷ ᠬᠤᠰᠢᠭᠤᠨ᠎ᠤ ᠪᠠᠨ ᠤᠯᠤᠰ ᠲᠦᠷᠦ ᠵᠢᠨ ᠵᠦᠪᠯᠡᠯᠭᠡᠨ᠎ᠤ ᠭᠡᠰᠢᠭᠦᠨ᠎ᠴᠤ ᠪᠤᠯᠤᠯ᠎ᠠ᠃

《ᠬᠤᠰᠢᠭᠤᠨ᠎ᠤ ᠤᠯᠤᠰ ᠲᠦᠷᠦ ᠵᠢᠨ ᠵᠦᠪᠯᠡᠯᠭᠡᠨ᠎ᠤ ᠭᠡᠰᠢᠭᠦᠨ ᠪᠠᠢᠬᠤ ᠳ᠋ᠠᠭᠠᠨ ᠪᠢ ᠳᠤᠯᠤᠭᠠᠲᠤ ᠵᠢᠨ ᠵᠤᠰᠠᠯᠠᠩ ᠵᠢᠡᠨ ᠠᠷᠤ ᠬᠤᠷᠴᠢᠨ᠎ᠤ ᠨᠡᠭᠦᠳᠡᠯ ᠮᠠᠯᠵᠢᠯ᠎ᠤᠨ ᠰᠢᠰᠲᠧᠮ ᠰᠢᠭ ᠤᠯᠤᠰ᠎ᠤᠨ ᠬᠦᠳᠡᠭᠡ ᠠᠵᠤ ᠠᠬᠤᠢ ᠵᠢᠨ ᠰᠤᠶᠤᠯ᠎ᠤᠨ ᠦᠪ᠎ᠲᠤ ᠤᠷᠤᠭᠤᠯᠴᠢᠬᠠᠬᠤ ᠰᠠᠨᠠᠭᠠᠲᠠᠢ ᠰᠠᠨᠠᠯ ᠳᠤᠷᠠᠳᠤᠯᠭ᠎ᠠ ᠳᠡᠪᠰᠢᠭᠦᠯᠵᠦ ᠪᠠᠢᠯ᠎ᠠ》 ᠭᠡᠵᠦ ᠰᠠᠨᠠᠭᠠᠰᠢᠷᠠᠩᠭᠤᠢ ᠬᠡᠯᠡᠭᠡᠳ ᠬᠠᠷᠠᠴᠠ ᠨᠢ ᠰᠦᠮᠡᠢᠬᠦ ᠵᠢ ᠦᠵᠡᠬᠦ᠎ᠳᠤ ᠯᠡ ᠨᠤᠲᠤᠭ ᠤᠰᠤ ᠪᠠᠨ ᠭᠡᠰᠡᠨ ᠴᠢᠨᠠᠲᠤ ᠵᠢᠨ ᠪᠤᠳᠤᠯ ᠲᠠᠢ ᠨᠢᠭᠡᠨ ᠪᠤᠯᠬᠤ ᠨᠢ ᠠᠵᠢᠶᠠᠷᠠᠭᠳᠠᠨ᠎ᠠ᠃

ᠨᠠᠭᠤᠷ   ᠲᠦᠰᠢᠵᠤ   ᠨᠤᠲᠤᠭ  ᠦᠮᠴᠢᠯᠡᠭᠰᠡᠨ   ᠬᠦᠮᠦᠨ  ᠎ᠤ   ᠬᠤᠪᠢ  ᠎ᠳᠤ   ᠪᠠ᠊·ᠰᠤᠶᠤᠯ ᠎ᠳᠤ ᠦᠭᠡᠷ᠎ᠡ ᠶᠠᠭᠤ ᠲᠤᠲᠠᠪᠠᠴᠤ ᠨᠤᠲᠤᠭ ᠤᠰᠤᠨ᠎ᠤ ᠦᠩᠭᠡ ᠦᠵᠡᠮᠵᠢ ᠳᠤᠲᠠᠬᠤ ᠦᠭᠡᠢ᠃ ᠡᠨᠡ ᠬᠦ᠌ ᠳᠠᠪᠠᠭᠤᠯᠢᠭ ᠵᠢᠡᠨ ᠡᠷᠲᠡ ᠡᠴᠡ ᠤᠬᠠᠭᠠᠷᠠᠭᠰᠠᠨ ᠲᠡᠷᠡ ᠪᠡᠷ 2017  ᠣᠨ ᠡᠴᠡ ᠡᠬᠢᠯᠠᠨ ᠡᠪᠤᠯᠵᠢᠶ᠎ᠠ ᠵᠢᠨ ᠰᠠᠭᠤᠷᠢᠰᠢᠯ ᠲᠡᠭᠡᠷ᠎ᠠ ᠪᠡᠨ 《ᠠᠳᠤᠭᠤᠴᠢᠨ ᠠᠢᠯ》 ᠮᠠᠯᠴᠢᠨ ᠠᠢᠯ᠎ᠤ᠋ᠨ ᠵᠢᠭᠤᠯᠴᠢᠯᠠᠯ ᠵᠢᠡᠨ ᠡᠷᠬᠢᠯᠡᠪᠡ᠃  ᠡᠨᠡ ᠨᠢ ᠮᠠᠰᠢ ᠤᠯᠠᠨ ᠵᠢᠭᠤᠯᠴᠢᠯᠠᠯ᠎ᠤ᠋ᠨ ᠪᠦᠯᠬᠦᠮ᠎ᠤᠨ ᠠᠡᠭᠬᠠᠷᠤᠯ᠎ᠳᠤ ᠬᠦᠷᠴᠤ᠂ ᠬᠠᠮᠳᠤᠷᠠᠨ ᠠᠵᠢᠯᠯᠠᠬᠤ ᠰᠠᠨᠠᠭ᠎ᠠ ᠪᠡᠨ ᠢᠯᠡᠳᠭᠡᠵᠠᠢ᠃ ᠬᠡᠳᠡᠯ᠎ᠠ ᠵᠠᠮ ᠬᠠᠷᠢᠯᠴᠠᠭ᠎ᠠ ᠲᠦᠬᠦᠮ ᠦᠬᠡᠢ᠂ ᠬᠢᠵᠢᠭ ᠡᠪᠡᠳᠴᠢᠨ᠎ᠤ ᠨᠦᠯᠤᠭᠡ᠂ ᠬᠡᠷᠡᠴᠢ ᠪᠠᠷᠢᠮᠳᠠ ᠪᠦᠷᠢᠨ ᠦᠬᠡᠢ ᠵᠡᠷᠭᠡ ᠤᠯᠠᠨ ᠲᠦᠪᠡᠭ ᠠᠰᠠᠭᠤᠳᠠᠯ᠎ᠲᠤᠯᠭᠠᠷᠠᠵᠤ᠂ ᠡᠳᠡᠭᠡᠷ᠎ᠢ ᠪᠡᠨ ᠰᠢᠢᠳᠪᠤᠷᠢᠯᠡᠬᠦ ᠬᠡᠮᠡᠨ 8 ᠵᠢᠯ ᠴᠢᠷᠮᠠᠢᠬᠰᠠᠨ᠎ᠤ ᠡᠴᠦᠰ᠎ᠲᠤ ᠨᠢᠳᠤᠨᠤᠨ ᠵᠢᠭᠤᠯᠴᠢᠯᠠᠯ᠎ᠤᠨ ᠭᠠᠵᠠᠷ᠎ᠤᠨ ᠵᠢᠡᠨ ᠭᠡᠷᠡᠴᠢ ᠪᠠᠷᠢᠮᠲᠠ ᠵᠢ ᠪᠦᠷᠢᠳᠦᠭᠦᠯᠵᠦ ᠠᠪᠤᠭᠠᠳ ᠰᠠᠨᠠᠭ᠎ᠠ ᠨᠢ ᠠᠭᠤᠵᠢᠷᠠᠵᠠᠢ᠃ 

ᠪᠠ᠊·ᠰᠣᠶᠣᠯ ᠬᠠᠷᠠᠬᠠᠨ ᠪᠠᠭ᠎ᠠ ᠡᠴᠡ ᠪᠡᠨ ᠮᠤᠷᠢ ᠬᠡᠪᠡᠯ ᠬᠢᠴᠢᠶᠠᠯ ᠰᠤᠷᠤᠯᠭ᠎ᠠ ᠪᠡᠨ ᠴᠸ᠋ ᠮᠠᠷᠳᠠᠴᠢᠬᠠᠳᠠᠭ ᠠᠯᠢᠶ᠎ᠠ ᠬᠡᠤᠭᠡᠳ ᠪᠠᠢᠭᠰᠠᠨ ᠭᠡᠳᠡᠭ᠃ ᠮᠤᠷᠢ ᠤᠨᠤᠬᠤ᠂ ᠡᠮᠨᠢᠭ ᠰᠤᠷᠭᠠᠬᠤ᠂ ᠮᠤᠷᠢ ᠤᠶᠠᠬᠤ ᠬᠡᠳ ᠬᠤᠷᠢᠭᠠᠳ ᠵᠢᠯ ᠮᠤᠷᠢ ᠲᠠᠢ ᠪᠡᠨ ᠨᠤᠴᠤᠯᠳᠤᠵᠤ᠂ ᠵᠠᠯᠠᠭᠤ ᠽᠠᠨᠳᠠᠨ ᠨᠠᠰᠤ ᠪᠡᠨ ᠶᠠᠭ ᠯᠡ ᠮᠤᠷᠢᠨ ᠨᠢᠷᠤᠭᠤᠨ ᠲᠡᠭᠡᠷ᠎ᠠ ᠦᠡᠭᠭᠡᠷᠡᠬᠦᠯᠵᠤ᠂ ᠬᠠᠢᠷᠠᠳᠠᠢ ᠬᠦᠷᠡᠡᠭ ᠮᠤᠷᠢ ᠨᠢ 2008  ᠣᠨ᠎ᠤ ᠪᠡᠭᠡᠵᠢᠩ᠎ᠤᠨ ᠤᠯᠢᠮᠫᠢᠺ᠎ᠤᠨ ᠲᠠᠮᠢᠷ᠎ᠤᠨ ᠴᠤᠬᠯᠠᠭᠠᠨ᠎ᠳ᠋ᠤ ᠬᠤᠶᠠᠳᠤᠭᠠᠷ ᠲᠡᠰ᠎ᠤ᠋ᠨ ᠱᠠᠡᠭᠨᠠᠯ ᠬᠦᠬᠢᠬᠦᠯᠤᠯ ᠵᠢᠡᠷ ᠮᠢᠯᠢᠶᠠᠯᠭᠠᠵᠤ ᠪᠠᠢᠬᠰᠠᠨ ᠤᠳᠠᠭ᠎ᠠ ᠲᠠᠢ᠃

ᠡᠨᠡ ᠨᠢ ᠮᠦᠨ ᠲᠡᠭᠡᠭᠡᠳ ᠲᠡᠭᠦᠨ᠎ᠤ ᠤᠳᠤᠬᠢ ᠠᠮᠢᠳᠤᠷᠠᠯ᠎ᠤᠨ ᠭᠤᠤᠯ ᠬᠦᠭ ᠠᠶᠠᠰ ᠪᠤᠯᠵᠠᠢ᠃ ᠨᠤᠲᠤᠭ ᠤᠰᠤ ᠪᠠᠨ ᠬᠠᠮᠠᠭᠠᠯᠠᠵᠤ᠂ ᠠᠮᠢ ᠠᠬᠤᠢ ᠵᠢ ᠰᠡᠷᠭᠦᠭᠡᠬᠦ ᠲᠦᠷᠦ ᠵᠢᠨ ᠪᠤᠳᠤᠯᠭ᠎ᠠ ᠵᠢ ᠴᠤᠤᠷᠢᠶᠠᠳᠤᠨ ᠰᠢᠨᠵᠢᠯᠡᠬᠦ᠌ ᠤᠬᠠᠭᠠᠨᠴᠢ᠎ᠪᠠᠷ ᠰᠡᠯᠭᠦᠨ ᠮᠠᠯᠵᠢᠬᠤ᠂ ᠮᠠᠯ ᠪᠡᠯᠴᠢᠭᠡᠷ᠎ᠢ ᠲᠡᠩᠴᠡᠭᠦᠷᠢ᠎ᠲᠡᠶ ᠪᠠᠶ᠋ᠢᠯᠭᠠᠬᠤ᠎ᠶᠢ ᠢᠮᠠᠭᠲᠠ ᠪᠠᠷᠢᠮᠲᠠᠯᠠᠵᠤ ᠢᠷᠡᠭᠰᠡᠨ ᠲᠡᠷᠡ ᠪᠡᠷ ᠪᠡᠯᠴᠢᠭᠡᠷ ᠨᠤᠲᠤᠭ᠎ᠲᠤ ᠬᠠᠷᠢᠴᠠᠩᠭᠤᠢ ᠬᠠᠯᠠ ᠪᠠᠭ᠎ᠠ ᠲᠠᠢ ᠠᠳᠤᠭᠤ ᠪᠠᠨ ᠢᠯᠡᠭᠦᠦ ᠦᠰᠭᠡᠵᠦ᠂ ᠠᠳᠤᠭᠤᠨ᠎ᠤ ᠪᠠᠨ ᠠᠰᠢᠭ ᠰᠢᠮ᠎ᠠ  ᠵᠢ ᠡᠳ᠋ᠰᠢᠭᠦᠯᠬᠦ ᠪᠡᠷ 2023 ᠣᠨ᠎ᠳᠤ᠂ 1800 ᠲᠡᠭᠰᠢ ᠳᠥᠷᠪᠡᠯᠵᠢᠨ ᠮᠸᠲᠷ᠎ᠤᠨ 《ᠤᠬᠢ》 ᠴᠡᠭᠡ ᠵᠢᠨ ᠦᠢᠯᠡᠳᠪᠦᠷᠢ ᠪᠡᠨ ᠪᠠᠶ᠋ᠢᠭᠤᠯᠵᠤ᠂ ᠰᠦ ᠰᠠᠭᠠᠬᠤ ᠲᠠᠰᠤᠭ᠂ ᠢᠰᠬᠡᠯᠲᠡ᠎ᠶᠢᠨ ᠲᠠᠰᠤᠭ᠂ ᠦᠢᠯᠡᠳᠬᠦ ᠲᠠᠰᠤᠭ᠂ ᠰᠠᠪᠠᠯᠠᠬᠤ ᠲᠠᠰᠤᠭ᠂ ᠬᠦᠯᠳᠡᠭᠡᠬᠦ ᠲᠠᠰᠤᠭ ᠲᠠᠢ ᠪᠠᠷᠢᠮᠵᠢᠶᠠᠵᠢᠭᠰᠠᠨ᠂ ᠵᠢᠷᠤᠮᠵᠢᠭᠰᠠᠨ ᠦᠢᠯᠡᠳᠪᠦᠷᠢᠯᠡᠯ᠎ᠢ ᠪᠡᠶᠡᠯᠡᠬᠦᠯᠪᠡ᠃ ᠢᠩᠭᠢᠭᠡᠳ 2024 ᠣᠨ᠎ᠳᠤ᠂《ᠮᠠᠨ᠎ᠤ ᠰᠦ 》 ᠲᠠᠸᠠᠷ᠎ᠤᠨ ᠲᠡᠮᠳᠡᠭ ᠵᠢᠡᠨ ᠠᠮᠵᠢᠯᠲᠠ᠎ᠲᠠᠶ ᠳᠠᠩᠰᠠᠯᠠᠭᠤᠯᠵᠤ᠂ ᠦᠪᠡᠷ᠎ᠤᠨ ᠬᠡᠰᠡᠨ ᠨᠡᠷ᠎ᠠ ᠵᠢᠨ ᠬᠠᠭᠤᠳᠠᠰᠤ ᠲᠠᠢ ᠪᠤᠯᠤᠬᠰᠠᠨ ᠪᠠᠢᠨ᠎ᠠ᠃ 2024 ᠤᠨ᠎ᠤ ᠲᠡᠯᠭᠡᠷ ᠵᠤᠨ ᠵᠢᠡᠷ ᠲᠡᠷᠡ ᠳᠡᠭᠦᠦ ᠲᠠᠢ ᠪᠠᠨ ᠬᠠᠮᠲᠤᠷᠠᠨ ᠮᠢᠡᠭᠭᠠᠨ ᠠᠳᠤᠭᠤᠨ᠎ᠤ ᠮᠢᠯᠢᠶᠠᠯᠭ᠎ᠠ ᠵᠢᠨ ᠨᠠᠢᠷ᠎ᠢ ᠡᠷᠬᠢᠯᠡᠵᠤ᠂ ᠲᠤᠯᠤᠭᠠᠳᠤ ᠵᠢᠨ ᠨᠠᠭᠤᠷ᠎ᠤᠨ ᠵᠢᠡᠨ ᠬᠦᠪᠡᠭᠡᠨ᠎ᠳᠤ ᠮᠢᠩᠭᠠᠨ ᠬᠦᠯᠦᠭ᠎ᠤᠨ ᠵᠢᠡᠨ ᠳᠡᠯ ᠰᠡᠭᠦᠯ᠎ᠢ ᠱᠠᠰᠢᠷᠯᠠᠭᠤᠯᠵᠤ᠂ ᠮᠠᠩᠨᠤᠭ ᠨᠤᠭᠤᠭᠠᠨ ᠲᠠᠯ᠎ᠠ ᠳ᠋ᠠᠭᠠᠨ ᠨᠠᠢ᠍ᠮᠠᠨ ᠵᠤᠪᠬᠢᠰ᠎ᠤᠨ ᠵᠤᠴᠢᠳ᠎ᠢ ᠤᠷᠠᠯᠢᠭ ᠰᠤᠶᠤᠯ  ᠵᠢᠡᠷ  ᠵᠢᠡᠨ ᠳᠠᠢᠯᠠᠵᠠᠢ᠃

ᠪᠠ᠊·ᠰᠤᠶᠤᠯ 《ᠬᠦᠯᠤᠰᠤ ᠪᠡᠨ ᠤᠷᠤᠰᠬᠠᠵᠤ ᠪᠠᠢᠭᠠᠳ ᠤᠯᠤᠬᠰᠠᠨ ᠵᠤᠭᠤᠰ ᠪᠤᠯ ᠬᠡᠵᠢᠶᠡᠳᠡ ᠪᠡᠶ᠎ᠠ᠎ᠳᠤ ᠰᠢᠡᠭᠭᠡᠬᠦᠰᠢᠳᠠᠢ᠂ ᠬᠠᠷᠢᠨ ᠬᠤᠯᠵᠢᠨ ᠤᠬᠠᠭᠠᠨ ᠵᠢᠡᠷ ᠤᠯᠤᠬᠰᠠᠨ ᠵᠤᠭᠤᠰ ᠪᠤᠯ ᠬᠠᠷᠮᠠᠨ᠎ᠳᠤ ᠲᠤᠭᠲᠠᠬᠤ ᠦᠭᠡᠢ ᠭᠤᠭᠤᠵᠢᠴᠢᠬᠠᠳᠠᠭ》 ᠭᠡᠳᠡᠭ ᠵᠠᠷᠴᠢᠮ᠎ᠢ ᠢᠮᠠᠭᠲᠠ ᠪᠠᠷᠢᠮᠲᠠᠯᠠᠵᠤ ᠶᠠᠪᠤᠳᠠᠭ᠃ ᠡᠨᠡ ᠯᠡ ᠵᠠᠷᠴᠢᠮ ᠵᠢᠡᠷ ᠵᠢᠡᠨ ᠲᠡᠷᠡ ᠠᠵᠢᠯ ᠪᠦᠬᠦᠨ ᠵᠢᠡᠨ ᠪᠦᠲᠦᠭᠡᠵᠦ᠂ ᠠᠯᠳᠠᠷ᠎ᠤᠨ ᠵᠡᠷᠭᠡ᠎ᠳᠤ ᠬᠦᠷᠦᠭᠰᠡᠨ ᠡᠴᠡ ᠤᠷᠢᠳ ᠬᠣᠵᠢᠳ  ᠬᠤᠰᠢᠭᠤᠨ᠎ᠤ ᠠᠷᠠᠳ᠎ᠤᠨ ᠲᠦᠯᠤᠭᠡᠯᠡᠭᠴᠢ᠂ ᠤᠯᠤᠰ ᠲᠦᠷᠤ ᠵᠢᠨ ᠵᠦᠪᠯᠡᠯᠭᠡᠨ᠎ᠤ ᠬᠡᠰᠢᠬᠦᠨ᠂ ᠥᠪᠡᠷᠲᠡᠭᠡᠨ ᠵᠠᠰᠠᠬᠤ ᠣᠷᠣᠨ᠎ᠤ ᠰᠢᠯᠢᠳᠡᠭ ᠡᠪ ᠬᠠᠮᠲᠤ᠌ ᠨᠠᠮ᠎ᠤᠨ ᠭᠡᠰᠢᠭᠦᠨ᠂ ᠬᠥᠳᠡᠯᠮᠦᠷᠢ᠎ᠶᠢᠨ ᠵᠢᠱ᠌ᠢᠶᠡᠴᠢ ᠵᠢᠨ ᠢᠷᠠᠭᠤ ᠠᠯᠳᠠᠷ᠎ᠢ ᠬᠦᠷᠳᠡᠵᠤ ᠶᠠᠪᠤᠵᠠᠢ᠃

ᠤᠳᠤ ᠲᠡᠷᠡ ᠪᠡᠷ ᠵᠢᠯ ᠪᠦᠷᠢ ᠵᠢᠨ 6 ᠰᠠᠷ᠎ᠠ ᠵᠢᠨ ᠲᠤᠮᠳᠠᠴᠢ ᠡᠴᠡ ᠡᠬᠢᠯᠡᠨ ᠬᠡᠬᠦᠤ ᠪᠠᠷᠢᠵᠤ᠂ ᠡᠳᠤᠷ᠎ᠤᠨ 150 ᠵᠢᠡᠭ ᠰᠠᠭᠠᠮ᠎ᠠ ᠬᠤᠷᠢᠶᠠᠵᠤ᠂ 9 ᠰᠠᠷ᠎ᠠ ᠵᠢᠨ ᠰᠡᠬᠦᠯᠴᠢ ᠪᠡᠷ ᠤᠨᠠᠭ᠎ᠠ ᠪᠡᠨ ᠲᠠᠯᠪᠢᠬᠤ ᠪᠤᠯᠳᠠᠯ᠎ᠠ ᠠᠷᠪᠠᠭᠠᠳ ᠲᠦᠮᠡᠨ ᠲᠦᠬᠦᠷᠢᠭ᠎ᠤᠨ ᠤᠷᠤᠯᠭ᠎ᠠ ᠡᠬᠦᠳᠴᠢᠬᠡᠳᠡᠭ ᠪᠤᠯᠵᠠᠢ᠃ 《ᠠᠳᠤᠭᠤᠴᠢᠨ ᠠᠢᠯ》 ᠵᠢᠭᠤᠯᠴᠢᠯᠠᠯ᠎ᠤᠨ ᠴᠡᠭ ᠲᠡᠭᠡᠨ ᠵᠢᠯ᠎ᠤᠨ ᠬᠤᠷᠢᠭᠠᠳ ᠪᠦᠯᠬᠦᠮ ᠂ 700 ᠰᠢᠬᠠᠮ ᠵᠢᠭᠤᠯᠴᠢᠯᠠᠬᠴᠢ ᠵᠢ ᠤᠬᠳᠤᠵᠤ ᠵᠤᠴᠢᠯᠠᠭᠠᠳ ᠮᠦᠨ ᠪᠠᠭ᠎ᠠ ᠪᠤᠰᠤ ᠤᠷᠤᠯᠭ᠎ᠠ ᠤᠯᠤᠨ᠎ᠠ᠃

《ᠤᠳᠤ ᠮᠠᠨ᠎ᠤ ᠵᠢᠭᠤᠯᠴᠢᠯᠠᠯ᠎ᠤᠨ ᠤᠷᠤᠯᠭ᠎ᠠ ᠬᠢᠭᠡᠳ ᠴᠡᠭᠡ ᠵᠢᠨ ᠤᠷᠤᠯᠭ᠎ᠠ ᠨᠡᠢᠯᠡᠭᠡᠳ ᠪᠦᠬᠦ ᠵᠢᠯ᠎ᠤᠨ ᠠᠮᠢᠳᠤᠷᠠᠯ᠎ᠤᠨ ᠵᠠᠷᠤᠳᠠᠯ ᠎ᠢ ᠰᠢᠢᠳᠪᠤᠷᠢᠯᠡᠴᠢᠬᠡᠨ᠎ᠠ᠃ ᠮᠠᠯ᠎ᠤᠨ ᠤᠷᠤᠯᠭ᠎ᠠ ᠪᠤᠯ ᠴᠤᠯ ᠴᠡᠪᠡᠷ ᠦᠯᠡᠳᠡᠨ᠎ᠡ》 ᠬᠡᠵᠤ ᠬᠠᠵᠠᠭᠤ ᠡᠴᠡ ᠨᠢ ᠪᠠ᠊·ᠰᠤᠶᠤᠯ᠎ᠤᠨ ᠬᠡᠷᠭᠡᠢ ᠤᠷᠠᠨᠬᠡᠷᠡᠯ ᠤᠴᠢᠷ᠎ᠢ ᠰᠠᠨᠠᠭᠤᠯᠵᠤ ᠤᠴᠢᠭ᠎ᠢ ᠵᠠᠩᠭᠢᠳᠤᠯ᠎ᠠ᠃

ᠳᠤᠯᠤᠭᠠᠲᠤ ᠵᠢᠨ ᠨᠠᠭᠤᠷ᠎ᠤᠨ ᠴᠠᠳᠢᠭ ᠤᠯᠪᠠᠭ᠎ᠠ  ︱   ᠤᠳᠤᠬᠢᠴᠢᠯᠠᠯ ᠳᠠᠢᠴᠢᠯᠠᠭᠰᠠᠨ ᠮᠠᠯᠴᠢᠨ ᠠᠢᠯ

ᠲᠠᠯ᠎ᠠ ᠵᠢᠨ ᠰᠢᠷ᠎ᠠ ᠵᠠᠮ ᠵᠢᠡᠷ ᠰᠤᠭᠰᠤᠯᠵᠠᠭᠤᠯᠤᠨ᠂ ᠭᠡᠷᠡᠯᠲᠦ ᠵᠢᠨ ᠬᠢ ᠭᠡᠳᠡᠭ ᠠᠢᠯ᠎ᠢ ᠵᠤᠷᠢᠵᠤ ᠶᠠᠪᠤᠲᠠᠯ᠎ᠠ ᠬᠠᠷᠠᠭᠠᠨ᠎ᠤ ᠦᠵᠦᠭᠦᠷ᠎ᠲᠤ  ᠨᠠᠭᠤᠷ᠎ᠤᠨ ᠭᠦᠨ᠎ᠳᠤ ᠬᠤᠷᠭᠤᠳᠠᠨ ᠡᠭᠡᠨᠡᠭᠰᠢᠭᠰᠡᠨ ᠰᠡᠭᠦᠯᠴᠢ ᠵᠢᠨ ᠰᠦᠷᠦᠭ ᠰᠢᠪᠠᠭᠤᠳ ᠰᠢᠪᠠᠭᠠᠷᠠᠯᠳᠤᠨ ᠬᠠᠷᠠᠯᠠᠨ᠎ᠠ᠃ ᠪᠠᠢᠭᠠᠯᠢ ᠳᠡᠯᠡᠬᠡᠢ ᠵᠢᠨ ᠡᠨᠡ ᠰᠠᠢᠬᠠᠨ ᠦᠵᠡᠮᠵᠢ ᠵᠢ ᠪᠢᠳᠡ ᠵᠢᠷᠤᠭ᠎ᠤᠨ ᠮᠠᠰᠢᠨ ᠳ᠋ᠠᠭᠠᠨ ᠪᠠᠭᠤᠯᠭᠠᠴᠢᠬᠠᠭᠠᠳ ᠴᠢᠨᠠᠭᠰᠢ ᠬᠦᠳᠡᠯᠦᠭᠡᠳ ᠳᠡᠮᠡᠢ ᠶᠠᠪᠤᠯ ᠦᠭᠡᠢ ᠨᠠᠷᠢᠬᠠᠨ ᠭᠤᠷᠤᠬ᠎ᠠ ᠵᠢᠨ ᠬᠦᠪᠡᠭᠡ ᠲᠤᠯᠵᠤ ᠤᠴᠢᠯ᠎ᠠ᠃ ᠬᠦᠪᠡᠭᠡᠨ᠎ᠤ ᠬᠢᠨᠢ ᠨᠠᠮᠤᠭ ᠰᠢᠪᠠᠷ᠎ᠲᠤ ᠬᠦᠨᠳᠦ ᠮᠠᠰᠢᠨ᠎ᠤ ᠬᠦᠷᠳᠦ ᠲᠦᠭᠡ ᠭᠠᠷᠤᠢ ᠰᠢᠭᠢᠳᠦᠭᠰᠡᠨ ᠳᠤᠲᠤᠬᠠᠨ ᠮᠦᠷ ᠬᠠᠷᠠᠭᠳᠠᠬᠤ ᠠᠭᠠᠳ ᠵᠠᠷᠢᠮ ᠭᠦᠨ ᠰᠢᠭᠢᠳᠦᠭᠰᠡᠨ ᠬᠡᠰᠡᠭ ᠲᠤᠨᠢ ᠪᠤᠯᠠᠭ᠎ᠠ ᠮᠤᠳᠤ ᠳᠡᠪᠢᠰᠴᠦ ᠤᠷᠬᠢᠭᠰᠡᠨ ᠨᠢ ᠡᠨᠳᠡ ᠨᠠᠮᠤᠷ᠎ᠤᠨ ᠠᠵᠢᠯ᠎ᠤᠨ ᠦᠶ᠎ᠡ ᠪᠡᠷ ᠨᠤᠲᠤᠭ᠎ᠤᠨ ᠮᠠᠯᠴᠢᠳ ᠮᠠᠰᠢᠨ ᠵᠢᠡᠨ ᠰᠠᠭᠤᠯᠭᠠᠵᠤ ᠦᠩᠭᠡᠷᠡᠭᠰᠡᠨ ᠪᠠᠢᠬ᠎ᠠ ᠭᠡᠵᠦ ᠪᠤᠳᠤᠭᠳᠠᠭᠤᠯᠤᠨ᠎ᠠ᠃ 

ᠲᠡᠨᠳᠡ ᠡᠴᠡ ᠴᠢᠨᠠᠭᠰᠢ ᠳᠡᠮᠡᠢ ᠶᠠᠪᠤᠯ ᠦᠭᠡᠢ ᠳᠤᠮᠤᠬᠠᠨ ᠭᠡᠷ ᠬᠦᠷᠢᠶ᠎ᠡ ᠪᠦᠬᠦᠢ ᠬᠤᠳᠠ ᠠᠢᠯ ᠰᠢᠵᠢᠷ ᠨᠠᠷᠠᠨ᠎ᠤ ᠳᠤᠶᠠᠭᠠᠨ᠎ᠳᠦ ᠬᠢᠯᠠᠯᠵᠠᠨ ᠤᠨᠴᠠ ᠵᠢᠨ ᠰᠦᠷᠯᠢᠭ ᠬᠠᠷᠠᠬᠳᠠᠨ᠎ᠠ᠃ ᠶᠠᠭ ᠯᠡ ᠮᠠᠨ᠎ᠤ ᠵᠤᠷᠢᠵᠤ ᠶᠠᠪᠤᠭ᠎ᠠ ᠰᠢᠨ᠎ᠡ ᠪᠠᠷᠭᠤ ᠵᠡᠬᠦᠨ ᠬᠤᠰᠢᠭᠤᠨ᠎ᠤ ᠥᠪᠦᠷᠪᠤᠯᠠᠭ ᠰᠤᠮᠤᠨ᠎ᠤ ᠰᠠᠷᠠᠭᠤᠯᠳᠤᠶᠠᠭ᠎ᠠ ᠭᠠᠴᠠᠭ᠎ᠠ ᠪᠡᠷ ᠨᠤᠳᠤᠭ ᠲᠠᠢ ᠮᠠᠯᠴᠢᠨ ᠬᠡᠷᠡᠯᠳᠦ ᠵᠢᠨ ᠬᠢ ᠪᠠᠢᠵᠠᠢ᠃ ᠮᠠᠨᠤᠰ᠎ᠢ ᠬᠦᠷᠬᠦ᠎ᠳᠦ ᠲᠤᠭᠤᠰᠬᠠᠨ ᠬᠠᠰᠢᠶᠠᠨ᠎ᠳᠦ ᠬᠤᠷᠢᠬᠰᠠᠨ ᠠᠳᠤᠭᠤᠳ ᠡᠢᠰᠢ ᠲᠡᠢᠰᠢ ᠦᠷᠬᠦᠨ ᠢᠨᠴᠠᠭᠠᠯᠳᠤᠨ ᠳᠠᠯ᠎ᠠ ᠵᠢᠨ ᠬᠦᠨ ᠳ᠋ᠡᠬᠢ ᠨᠠᠮ ᠬᠦᠮ᠎ᠢ ᠡᠪᠳᠡᠨ ᠪᠠᠢᠯ᠎ᠠ᠃ ᠤᠤᠯ ᠨᠢ ᠭᠡᠷᠡᠯᠳᠦ ᠵᠢᠨ ᠬᠢ ᠤᠨᠠᠭᠠᠨ ᠳ᠋ᠠᠭᠠᠨ ᠴᠠᠬᠢᠮ ᠢᠯᠳᠠᠰᠤ ᠵᠡᠬᠦᠯᠬᠡᠵᠦ ᠪᠠᠢᠬᠰᠠᠨ ᠨᠢ ᠡᠨᠡ ᠪᠠᠢᠵᠠᠢ᠃ ᠭᠡᠷᠡᠯᠳᠦ ᠠᠳᠤᠭᠤ ᠪᠡᠨ ᠬᠤᠷᠢᠶᠠᠬᠤ ᠪᠡᠷ ᠶᠠᠪᠤᠭᠠᠳ ᠢᠷᠡᠭᠡ ᠦᠭᠡᠢ ᠪᠠᠢᠪᠠ᠃ ᠨᠡᠯᠢᠶᠡᠳ ᠤᠳᠠᠭᠠᠳ ᠠᠯᠤᠰ ᠡᠴᠡ ᠮᠤᠲ᠋ᠤᠷ᠎ᠤᠨ ᠲᠠᠭᠤᠨ ᠠᠳᠤᠭᠤᠨ ᠲᠦᠪᠡᠷᠭᠡᠨ ᠰᠤᠨᠤᠰᠳᠠᠵᠤ ᠰᠦᠷᠦᠭ ᠠᠳᠤᠭᠤ ᠲᠠᠭᠤᠬᠰᠠᠨ ᠬᠦᠮᠦᠨ ᠨᠠᠭᠠᠰᠢᠯᠠᠨ ᠠᠢᠰᠤᠢ ᠨᠢ ᠬᠠᠷᠠᠬᠳᠠᠪᠠ᠃

—1995 ᠤᠨ᠎ᠳᠦ ᠤᠳᠤ ᠵᠢᠨ ᠰᠠᠭᠤᠷᠢᠰᠢᠯ ᠡᠴᠡ ᠬᠤᠢᠨᠡᠬᠠᠨ ᠳᠤᠯᠤᠭᠠᠳᠤ ᠵᠢᠨ ᠳᠤᠯᠤᠭᠠᠨ ᠨᠠᠭᠤᠷ᠎ᠤᠨ ᠨᠢᠬᠡ ᠪᠤᠯᠤᠬᠰᠠᠨ ᠭᠠᠯᠰᠠᠡᠭ᠎ᠤᠨ ᠨᠠᠭᠤᠷ᠎ᠤᠨ ᠳᠡᠨᠵᠢᠨ᠎ᠳᠦ ᠰᠢᠨᠡᠬᠡᠨ ᠮᠤᠨᠭᠭᠤᠯ ᠭᠡᠷ ᠲᠠᠢ᠂ ᠠᠷᠪᠠᠨ ᠦᠬᠡᠷ ᠲᠡᠷᠭᠡ ᠲᠠᠢ ᠠᠢᠯ ᠮᠡᠨᠳᠦᠯᠡᠭᠰᠡᠨ ᠨᠢ ᠮᠠᠨ᠎ᠤ ᠬᠢ ᠶᠤᠮ᠃ ᠬᠠᠳᠠᠮ ᠠᠪᠤ ᠡᠵᠢ ᠮᠢᠨᠢ ᠲᠡᠷᠡ ᠦᠶ᠎ᠡ᠎ᠳᠦ ᠮᠠᠨ᠎ᠤ ᠬᠤᠶᠠᠷ᠎ᠢ ᠶᠤᠰᠤᠳᠠᠢ ᠰᠠᠢᠬᠠᠨ ᠠᠢᠯ ᠭᠡᠷ ᠪᠤᠯᠭᠠᠬᠰᠠᠨ ᠰᠢᠤ ᠭᠡᠰᠡᠨ ᠬᠡᠷᠡᠯᠳᠦ ᠵᠢᠨ ᠬᠡᠷᠬᠡᠢ ᠳ᠋ᠤᠯᠮ᠎ᠠ ᠵᠢᠨ ᠡᠷᠭᠢᠴᠡᠭᠦᠯᠦᠯ᠎ᠢ ᠰᠤᠨᠤᠰᠴᠤ᠂ ᠵᠤᠭᠤᠬᠳᠠᠵᠤ ᠰᠠᠭᠤᠬᠤ ᠵᠠᠭᠤᠷ᠎ᠠ ᠠᠳᠤᠭᠤ ᠲᠠᠭᠤᠬᠰᠠᠨ ᠬᠡᠷᠡᠯᠳᠦ ᠴᠸ᠋ ᠬᠦᠷᠴᠦ ᠢᠷᠡᠯ᠎ᠡ᠃ ᠮᠡᠨᠳᠦ ᠤᠰᠤ ᠪᠡᠨ ᠮᠡᠳᠡᠯᠴᠡᠭᠰᠡᠨ᠎ᠤ ᠳᠠᠷᠠᠭ᠎ᠠ ᠭᠡᠷᠡᠯᠳᠦ ᠪᠢᠳᠡᠨ᠎ᠢ ᠰᠢᠨᠡᠬᠡᠨ ᠵᠠᠰᠠᠬᠰᠠᠨ ᠪᠠᠢᠰᠢᠩ ᠳ᠋ᠠᠭᠠᠨ ᠤᠷᠢᠨ ᠵᠠᠯᠠᠯ᠎ᠠ᠃

ᠰᠢᠨ᠎ᠡ ᠮᠠᠶᠢᠭ᠎ᠤᠨ ᠪᠠᠢᠰᠢᠩ︕ ᠤᠷᠤᠭᠠᠳ ᠤᠴᠢᠬᠤ᠎ᠳᠤ ᠶᠠᠭ ᠯᠡ ᠬᠤᠲᠠ ᠵᠢᠨ ᠠᠰᠠᠷ ᠪᠠᠢᠰᠢᠩ᠎ᠳᠤ ᠤᠷᠤᠴᠢᠬᠠᠭᠰᠠᠨ ᠶᠤᠮᠰᠢᠭ ᠲᠦᠷᠦᠭᠳᠡᠯ ᠦᠭᠬᠦ ᠲᠤᠬᠢᠯᠢᠭ ᠴᠢᠮᠡᠭᠯᠡᠯ ᠲᠠᠢ᠂ ᠵᠤᠴᠢᠨ᠎ᠤ ᠦᠷᠦᠬᠡ᠂ ᠳᠤᠭᠤᠭᠠᠨ ᠭᠡᠷ᠂ ᠠᠷᠢᠭᠤᠨ ᠴᠡᠪᠡᠷ᠎ᠤᠨ ᠳᠠᠰᠤᠯᠭ᠎ᠠ ᠢᠵᠢ ᠪᠦᠷᠢᠨ ᠪᠠᠢᠵᠤ᠂ ᠤᠨᠴᠠᠭᠠᠢ ᠨᠢ ᠰᠢᠨ᠎ᠡ ᠴᠠᠬ᠎ᠤᠨ ᠵᠠᠯᠠᠭᠤᠴᠤᠳ᠎ᠤᠨ ᠺᠤᠮᠫᠢᠦ᠋ᠲᠧᠷ ᠳᠤᠬᠯᠠᠳᠠᠭ ᠦᠷᠦᠬᠡ᠎ᠴᠦ ᠪᠤᠢ᠃ ᠡᠨᠡ ᠨᠢ ᠬᠡᠷᠡᠯᠳᠦ ᠳ᠋ᠤᠯᠮ᠎ᠠ ᠵᠢᠨ 40 ᠲᠦᠮᠡᠨ ᠲᠦᠭᠦᠷᠢᠭ ᠵᠠᠷᠤᠴᠠᠭᠤᠯᠵᠤ ᠶᠡᠬᠡ ᠬᠦᠦ ᠳ᠋ᠡᠭᠡᠨ ᠪᠠᠷᠢᠵᠤ ᠦᠭᠭᠦᠭᠰᠡᠨ ᠬᠤᠷᠢᠮ᠎ᠤᠨ ᠬᠡᠷ ᠠᠵᠢ᠃ ᠭᠡᠷᠡᠯᠳᠦ ᠳ᠋ᠤᠯᠮ᠎ᠠ ᠬᠤᠶᠠᠭᠤᠯᠠ ᠬᠤᠶᠠᠷ ᠬᠦᠦ ᠲᠠᠢ᠂ ᠶᠡᠬᠡ ᠬᠦᠦ ᠨᠢ ᠪᠤᠭᠤᠳᠤ ᠵᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠤᠨ ᠶᠡᠬᠡ ᠰᠤᠷᠭᠠᠭᠤᠯᠢ ᠡᠴᠡ ᠲᠡᠭᠦᠰᠦᠨ ᠬᠦᠳᠡᠬᠡ ᠳ᠋ᠡᠭᠡᠨ ᠪᠤᠴᠠᠵᠤ᠂ ᠪᠠᠭ᠎ᠠ ᠬᠦᠦ ᠨᠢ ᠤᠳᠤ ᠥᠪᠦᠷ ᠮᠤᠩᠭᠤᠯ᠎ᠤᠨ ᠪᠠᠬᠰᠢ ᠵᠢᠨ ᠶᠡᠬᠡ ᠰᠤᠷᠭᠠᠭᠤᠯᠢ᠎ᠳᠦ ᠰᠤᠷᠤᠯᠴᠠᠵᠤ ᠪᠤᠢ᠃ ᠬᠦᠦ ᠪᠡᠷᠢ ᠨᠢ ᠭᠡᠵᠦ ᠠᠰᠫᠢᠷᠠᠨᠲ ᠎ᠤᠨ ᠰᠤᠷᠤᠯᠭ᠎ᠠ ᠵᠢᠨ ᠨᠠᠮᠳᠠᠷ ᠲᠠᠢ ᠨᠠᠮ ᠲᠦᠯᠭᠡᠨ ᠵᠠᠩ ᠲᠠᠢ ᠤᠬᠠᠭᠠᠯᠢᠬ ᠬᠦᠮᠦᠨ ᠪᠠᠢᠯ᠎ᠠ᠃ ᠰᠢᠨ᠎ᠡ ᠴᠠᠬ᠎ᠤᠨ ᠮᠠᠯᠴᠢᠨ ᠪᠤᠯᠤᠬᠰᠠᠨ᠎ᠤ ᠬᠤᠪᠢ᠎ᠳᠦ ᠴᠢᠨᠠᠷ᠎ᠢ ᠬᠦᠬᠡᠬᠡᠴᠡᠯᠳᠦᠬᠦ ᠨᠢ ᠳᠤᠭ᠎ᠠ ᠳᠤᠯᠤᠭᠠᠢ᠎ᠶᠢ ᠬᠦᠬᠡᠬᠡᠴᠡᠯᠳᠦᠬᠦ ᠡᠴᠡ ᠨᠡᠩ ᠳᠠᠪᠠᠭᠤᠯᠢᠬ᠂ ᠤᠯᠠᠮᠵᠢᠯᠠᠬᠤ ᠵᠢᠨ ᠲᠠᠭᠠᠤ ᠨᠡᠩ ᠤᠯᠠᠨ ᠵᠦᠢᠯ᠎ᠢ ᠤᠳᠤᠬᠢᠴᠢᠯᠠᠬᠤ ᠰᠠᠨᠠᠭ᠎ᠠ ᠲᠠᠢ ᠭᠡᠳᠡᠭ᠎ᠢ ᠰᠢᠨᠡᠬᠡᠨ ᠬᠤᠤᠰ᠎ᠤᠨ ᠶᠠᠷᠢᠶᠠᠨ ᠡᠴᠡ ᠤᠯᠵᠤ ᠰᠤᠨᠤᠰᠤᠯ᠎ᠠ᠃ 

ᠭᠡᠷᠡᠯᠳᠦ ᠵᠢᠨ ᠠᠪᠤ ᠤᠷᠳᠤᠨᠠᠰᠤᠨ ᠭᠡᠵᠦ ᠠᠢᠮᠠᠭ᠎ᠢ ᠬᠠᠰᠤᠵᠤ᠂ᠬᠦᠯᠦᠨ ᠪᠤᠢᠷ ᠬᠤᠳᠠ ᠬᠡᠵᠤ ᠠᠡᠭᠬ᠎ᠠ  ᠦᠬᠡᠷᠡᠴᠢᠯᠡᠨ ᠨᠡᠷᠡᠢᠳᠬᠦ  ᠦᠶ᠎ᠡ᠎ᠳᠦ ᠠᠷᠠᠳ᠎ᠤᠨ ᠲᠦᠯᠦᠭᠡᠯᠡᠭᠴᠢ ᠶᠠᠪᠤᠵᠤ᠂ ᠤᠤᠯ ᠎ᠳᠠᠭᠠᠨ ᠪᠠᠷᠢᠭᠠᠳᠠ ᠵᠢᠨ ᠪᠠᠬᠰᠢ ᠪᠠᠢᠬᠰᠠᠨ ᠰᠤᠶᠤᠯ ᠮᠡᠳᠡᠯᠭᠡ ᠲᠠᠢ ᠬᠦᠨᠳᠦᠳᠦ ᠪᠤᠭᠤᠷᠤᠯ ᠪᠠᠢᠵᠠᠢ᠃ ᠤᠤᠯ ᠨᠢ ᠭᠡᠷᠡᠯᠳᠦ ᠵᠢᠨ ᠤᠳᠤ ᠵᠢᠨ ᠰᠠᠭᠤᠷᠢᠰᠢᠯ ᠨᠢ ᠳᠡᠳᠡᠨ᠎ᠤ ᠠᠢᠯ ᠠᠢᠮᠠᠬ᠎ᠤᠨ ᠵᠤᠰᠠᠯᠠᠩ ᠪᠠᠢᠵᠤ᠂ ᠤᠷᠳᠤᠨᠠᠰᠤᠨ ᠭᠤᠸᠠᠢ ᠡᠨᠡ ᠨᠤᠲᠤᠭ᠎ᠲᠦ ᠰᠠᠭᠤᠷᠢᠰᠢᠬᠤ ᠭᠤᠶᠤᠴᠢᠯᠠᠯ ᠭᠠᠷᠭᠠᠨ ᠪᠠᠢᠵᠤ ᠬᠠᠮᠤᠭ᠎ᠤᠨ ᠠᠩᠬ᠎ᠠ ᠡᠨᠳᠡ ᠢᠷᠡᠵᠦ ᠰᠠᠭᠤᠷᠢᠰᠢᠬᠰᠠᠨ ᠭᠡᠳᠡᠭ᠃ 2000 ᠤᠨ᠎ᠤ ᠡᠬᠢ ᠪᠡᠷ ᠡᠨᠡ ᠨᠤᠳᠤᠭ᠎ᠲᠦ ᠵᠢᠭᠤᠯᠴᠢᠯᠠᠯ ᠠᠩᠬ᠎ᠠ ᠦᠷᠨᠢᠬᠦ ᠦᠶᠡᠰ ᠤᠷᠲᠤᠨᠠᠰᠤᠨ 《ᠳᠤᠯᠤᠭᠠᠨ ᠳᠠᠬᠢᠨᠢ ᠵᠢᠨ ᠨᠠᠭᠤᠷ ᠵᠢᠭᠤᠯᠴᠢᠯᠠᠯ᠎ᠤᠨ ᠭᠠᠵᠠᠷ》 ᠵᠢᠨᠨ ᠠᠵᠢᠯᠯᠠᠭᠤᠯᠵᠤ᠂ ᠵᠢᠯ ᠳ᠋ᠡᠭᠡᠨ ᠠᠷᠪᠠᠭᠠᠳ ᠲᠦᠮᠡᠨ ᠲᠦᠭᠦᠷᠢᠭ᠎ᠤᠨ ᠴᠡᠪᠡᠷ ᠤᠷᠤᠯᠭ᠎ᠠ ᠲᠠᠢ ᠬᠢᠯᠠᠷᠠᠭᠤᠯᠵᠤ ᠶᠠᠪᠤᠵᠠᠢ ᠃ ᠤᠳᠤ ᠪᠤᠯᠬᠤ᠎ᠳᠦ ᠤᠢᠷ᠎ᠠ ᠤᠷᠴᠢᠮ᠎ᠤᠨ ᠨᠠᠭᠤᠷ ᠲᠠᠭᠠᠬᠰᠠᠨ ᠮᠠᠯᠴᠢᠨ ᠡᠷᠦᠬᠡ ᠵᠢᠨ ᠤᠯᠠᠩᠬᠢ ᠨᠢ ᠥᠪᠡᠷ᠎ᠤᠨ ᠬᠡᠬᠦ ᠵᠢᠭᠤᠯᠴᠢᠯᠠᠯ᠎ᠤᠨ ᠭᠠᠵᠠᠷ ᠲᠠᠢ ᠪᠤᠯᠵᠤ᠂ ᠨᠤᠲᠤᠭ᠎ᠤᠨ ᠰᠠᠢᠬᠠᠨ ᠵᠢᠨᠨ ᠲᠦᠰᠢᠵᠤ ᠤᠷᠤᠯᠭ᠎ᠠ ᠪᠡᠨ ᠨᠡᠮᠡᠭᠳᠡᠬᠦᠯᠵᠦ ᠶᠠᠪᠤᠨ᠎ᠠ ᠃

— ᠮᠠᠨ᠎ᠤ ᠬᠠᠳᠠᠮ ᠠᠪᠤ   ᠨᠤᠲᠤᠭ ᠤᠰᠤ ᠨᠠᠭᠤᠷ ᠪᠦᠷᠢᠳᠦ ᠪᠡᠨ ᠦᠵᠡᠬᠦ ᠨᠢᠳᠦᠨ᠎ᠤ ᠴᠡᠴᠡᠬᠡᠢ ᠰᠢᠭ ᠵᠢᠨᠨ ᠬᠠᠢᠷᠠᠯᠠᠵᠤ ᠶᠠᠪᠤᠬᠤ ᠬᠡᠷᠡᠭᠳᠡᠢ ᠶᠤᠮ ᠰᠢᠤ ᠭᠡᠵᠦ ᠦᠷᠬᠦᠯᠵᠢ ᠪᠢᠳᠡᠨ᠎ᠳᠦ ᠵᠠᠬᠢᠳᠠᠬ ᠪᠠᠢᠬᠰᠠᠨ ᠬᠤᠯᠠᠴᠢ ᠪᠤᠳᠤᠯ ᠲᠠᠢ ᠬᠦᠮᠦᠨ ᠪᠠᠢᠵᠤ ᠪᠢᠯᠡ ᠭᠡᠰᠡᠨ ᠳ᠋ᠤᠯᠮ᠎ᠠ ᠵᠢᠨ ᠶᠠᠷᠢᠶ᠎ᠠ ᠵᠢ ᠰᠤᠨᠤᠰᠴᠤ ᠰᠠᠭᠤᠬᠤ᠎ᠳᠤ ᠲᠡᠷᠲᠡᠭᠡᠬᠢ ᠴᠡᠩᠬᠡᠷ ᠨᠠᠭᠤᠷ ᠠᠷ ᠲᠠᠲᠠᠨ ᠮᠢᠷᠠᠯᠵᠠᠬᠤ ᠰᠢᠭ᠋᠃ ᠠᠷᠭ᠎ᠠ᠎ᠴᠤ ᠦᠭᠡᠢ ᠪᠠᠢᠯᠭᠦᠢ᠂ ᠭᠡᠷᠡᠯᠳᠦ ᠵᠢᠨ ᠬᠢ ᠲᠦᠮᠡ ᠭᠠᠷᠤᠢ ᠮᠦ᠍ ᠨᠤᠲᠤᠭ ᠪᠡᠯᠴᠢᠭᠡᠷ᠂ 8000 ᠭᠠᠷᠤᠢ ᠮᠦ᠍ ᠬᠠᠳᠤᠯᠠᠩ ᠳ᠋ᠠᠭᠠᠨ 1000 ᠭᠠᠷᠤᠢ ᠬᠤᠨᠢ᠂ ᠪᠠᠰᠠ ᠳᠡᠭᠡᠷ᠎ᠡ ᠨᠢ ᠨᠡᠯᠢᠶᠡᠳ ᠲᠤᠭᠠᠨ᠎ᠤ ᠦᠭᠡᠷ ᠠᠳᠤᠭᠤ ᠮᠠᠯᠵᠢᠵᠤ᠂ ᠦᠩᠰᠢᠭ ᠪᠠᠶᠠᠨ ᠠᠮᠢᠳᠤᠷᠠᠵᠤ ᠶᠠᠪᠤᠭ᠎ᠠ ᠮᠠᠯᠴᠢᠨ ᠪᠤᠯᠤᠭᠰᠠᠨ᠎ᠤ ᠬᠤᠪᠢ᠎ᠳᠤ 《ᠮᠠᠯ ᠬᠤᠢ ᠳ᠋ᠠᠭᠠᠨ ᠵᠠᠪᠳᠤᠬᠤ ᠦᠭᠡᠢ ᠪᠤᠯᠬᠤᠷ  ᠁》 ᠭᠡᠰᠡᠨ ᠦᠭᠡ ᠨᠢ ᠶᠠᠭᠠᠬᠢᠬᠤ ᠠᠷᠭ᠎ᠠ ᠦᠭᠡᠢ ᠦᠨᠡᠨ ᠦᠭᠡ ᠃

ᠬᠡᠷᠡᠯᠳᠦ ᠵᠢᠨ ᠬᠢ ᠤᠤᠯ ᠨᠢ ᠰᠦᠷ᠎ᠤᠨ ᠲᠦᠬᠦᠮ ᠭᠡᠳᠡᠭ ᠭᠠᠵᠠᠷ ᠨᠤᠳᠤᠬᠯᠠᠵᠤ᠂ ᠲᠡᠭᠡᠷ᠎ᠡ ᠵᠠᠭᠤᠨ᠎ᠤ ᠶᠡᠷᠡᠭᠡᠳ ᠤᠨ᠎ᠳᠦ ᠵᠠᠮᠳᠤ ᠵᠢᠨ ᠠᠮᠠ ᠬᠡᠬᠦ ᠡᠨᠡ ᠨᠤᠳᠤᠭ᠎ᠲᠦ ᠨᠡᠬᠦᠵᠦ ᠢᠷᠡᠬᠦ᠎ᠳᠦ  ᠭᠠᠯᠰᠠᠡᠭ᠎ᠤ᠋ᠨ ᠨᠠᠭᠤᠷ᠎ᠲᠦ ᠬᠤᠯᠤᠰᠤ ᠵᠡᠭᠡᠰᠦ ᠪᠠᠭᠰᠢᠷᠠᠵᠤ᠂ ᠪᠤᠳᠠ ᠪᠤᠷᠭᠠᠰᠤ ᠦᠯᠦᠩ ᠶᠠᠭᠡᠳᠡᠢ ᠪᠠᠢᠵᠤ᠂ ᠲᠤᠭᠤᠯ ᠬᠡᠪᠳᠡᠴᠢᠬᠡᠪᠡᠯ ᠦᠵᠡᠬᠳᠡᠬᠦ ᠦᠭᠡᠢ ᠪᠡᠯᠴᠢᠭᠡᠷ ᠵᠤᠵᠠᠭᠠᠨ ᠨᠤᠲᠤᠭ ᠪᠠᠢᠵᠠᠢ᠃ ᠰᠡᠬᠦᠯᠡᠷ ᠨᠢ ᠬᠡᠳᠦᠨ ᠵᠢᠯ ᠭᠠᠩᠳᠠᠵᠤ᠂ ᠨᠤᠲᠤᠭ ᠪᠡᠯᠴᠢᠭᠡᠷ ᠳᠠᠴᠢᠷᠳᠠᠵᠤ ᠤᠷᠭᠤᠴᠠ ᠮᠠᠭᠤᠳᠠᠵᠠᠢ᠃ ᠬᠠᠷᠢᠨ ᠰᠡᠬᠦᠯᠡᠷ ᠨᠢ ᠬᠤᠪᠢ ᠠᠢᠯ᠎ᠳᠦ ᠲᠠᠭᠠᠭᠠᠴᠢᠯᠠᠭᠤᠯᠵᠤ ᠦᠭᠭᠦᠭᠰᠡᠨ ᠡᠴᠡ ᠬᠦᠮᠦᠰ᠎ᠤᠨ ᠨᠤᠳᠤᠭ ᠪᠡᠯᠴᠢᠭᠡᠷ ᠵᠢᠨᠨ ᠬᠠᠢᠷᠠᠯᠠᠬᠤ ᠤᠬᠠᠮᠰᠠᠷ ᠳᠡᠭᠡᠭᠰᠢᠯᠡᠵᠦ᠂ ᠨᠤᠲᠤᠭ ᠪᠡᠯᠴᠢᠭᠡᠷ᠎ᠤᠨ ᠳᠡᠩᠴᠡᠬᠦᠷᠢ᠎ᠳᠦ ᠵᠤᠬᠢᠴᠠᠭᠤᠯᠤᠨ ᠮᠠᠯᠵᠢᠬᠤ ᠪᠤᠯᠤᠬᠰᠠᠨ ᠡᠴᠡ ᠪᠠᠢᠭᠠᠯᠢ ᠤᠷᠴᠢᠨ ᠰᠡᠷᠬᠦᠵᠦ᠂ ᠤᠳᠤ ᠪᠤᠯᠬᠤ᠎ᠳᠦ ᠬᠠᠪᠤᠷ᠎ᠤᠨ ᠬᠠᠢᠯ ᠭᠠᠷᠬᠤ ᠪᠡᠷ ᠬᠤᠨ ᠭᠠᠯᠠᠭᠤ ᠲᠦᠷᠦᠭᠦᠳᠡᠢ ᠨᠡᠬᠦᠳᠡᠯ᠎ᠤᠨ ᠤᠯᠠᠨ ᠰᠢᠪᠠᠭᠤᠳ ᠦᠷᠳᠡᠭᠡᠯᠡᠨ ᠪᠠᠭᠤᠵᠤ ᠨᠠᠭᠤᠷ ᠪᠦᠷᠬᠦᠳᠡᠯ᠎ᠡ ᠬᠤᠷᠭᠤᠳᠠᠳᠠᠭ ᠪᠤᠯᠵᠠᠢ᠃ ᠤᠳᠤ ᠪᠤᠯᠬᠤ᠎ᠳᠦ ᠬᠦᠳᠡᠬᠡ ᠵᠢᠨ ᠮᠠᠯᠵᠢᠯ ᠦᠢᠯᠡᠳᠪᠦᠷᠢᠯᠡᠯ᠎ᠴᠦ ᠮᠠᠰᠢᠨᠴᠢᠯᠠᠯᠲᠠ ᠤᠳᠤᠬᠢᠴᠢᠯᠠᠯᠳᠠ ᠵᠢᠨ ᠤᠷᠤᠰᠬᠠᠯ᠎ᠳᠦ ᠠᠪᠳᠠᠵᠤ᠂ ᠬᠦᠮᠦᠨ ᠬᠠᠷ᠎ᠠ ᠵᠢᠨ ᠬᠦᠴᠦ ᠬᠦᠯᠦᠰᠦᠨ᠎ᠳᠦ ᠠᠷᠪᠢᠳᠠᠢ ᠪᠤᠯᠵᠤ᠂ ᠤᠳᠤᠬᠢᠴᠢᠯᠠᠯᠳᠠ ᠵᠢᠨ ᠤᠷ᠎ᠠ ᠳᠡᠮ᠎ᠢ ᠤᠯᠠᠮᠵᠢᠯᠠᠯᠲᠤ ᠦᠢᠯᠡᠳᠪᠦᠷᠢᠯᠡᠯ ᠲᠠᠢ ᠡᠪᠳᠡᠢᠬᠡᠨ ᠤᠶᠠᠯᠳᠤᠭᠤᠯᠬᠤ ᠴᠠᠬ ᠦᠶ᠎ᠡ ᠬᠦᠷᠴᠦ ᠢᠷᠡᠵᠡᠢ᠃ ᠶᠠᠬ ᠡᠨᠡ ᠦᠶ᠎ᠡ᠎ᠳᠦ ᠬᠦᠦ ᠪᠡᠷᠢ ᠬᠤᠶᠠᠷ ᠨᠢ ᠪᠤᠤᠬᠢᠶ᠎ᠠ ᠵᠠᠯᠭᠠᠨ ᠨᠤᠲᠤᠭ ᠪᠤᠴᠠᠬᠰᠠᠨ ᠨᠢ ᠬᠡᠷᠡᠯᠳᠦ ᠳ᠋ᠤᠯᠮ᠎ᠠ ᠬᠤᠶᠠᠷ᠎ᠲᠦ ᠪᠦᠭᠡᠮ ᠪᠠᠶᠠᠷ  ᠪᠤᠯᠤᠬᠰᠠᠨ᠎ᠢ ᠬᠡᠯᠡᠬᠦ ᠶᠠᠭᠤᠨ!

ᠳᠤᠯᠤᠭᠠᠲᠤ ᠵᠢᠨ ᠨᠠᠭᠤᠷ᠎ᠤᠨ ᠰᠤᠶᠤᠯ ᠰᠤᠷᠳᠠᠯᠴᠢᠯᠠᠭ᠎ᠠ  ︱  ᠵᠠᠬ᠎ᠠ ᠬᠠᠢᠬᠰᠠᠨ ᠵᠢᠭᠤᠯᠴᠢᠯᠠᠯ᠎ᠤᠨ ᠡᠷᠦᠬᠡ

ᠳᠤᠯᠤᠭᠠᠳᠤ ᠵᠢᠨ ᠵᠤᠰᠠᠯᠠᠩ ᠳ᠋ᠤ ᠦᠨᠤ ᠵᠢᠯ ᠬᠦᠢᠲᠡ ᠡᠷᠲᠡ ᠤᠷᠤᠵᠠᠢ᠃ ᠮᠤᠷᠢᠳ᠎ᠤᠨ ᠢᠨᠴᠠᠭᠠᠬᠤ ᠲᠠᠭᠤᠨ᠎ᠳᠤᠨᠢ ᠰᠡᠳᠬᠢᠯ ᠢᠭᠳᠦᠯᠤᠨ ᠡᠪᠬᠡᠷᠡᠲᠡᠭ ᠲᠠᠯ᠎ᠠ ᠵᠢᠨ ᠨᠠᠮᠤᠷ ᠠᠶᠠᠷᠯᠠᠵᠦ᠂ ᠬᠦᠨᠳᠡᠢ ᠰᠢᠯᠢ ᠬᠤᠵᠢᠭᠠᠷ ᠰᠢᠷᠠᠯᠠᠨ᠂ ᠭᠦᠳᠦᠰᠬᠡᠨ ᠡᠪᠦᠯ ᠴᠢᠮᠡᠭᠡ ᠦᠭᠡᠢᠬᠡᠨ ᠨᠠᠭᠠᠰᠢᠯᠠᠨ᠎ᠠ᠃

ᠬᠦᠲᠡᠭᠡ ᠨᠠᠭᠤᠷ ᠬᠦᠯᠳᠡᠴᠢᠬᠡᠭᠰᠡᠨ ᠪᠠᠢᠯ᠎ᠠ᠃ᠲᠤᠯᠤᠭᠠᠲᠤ ᠵᠢᠨ ᠨᠠᠭᠤᠷ᠎ᠤᠨ ᠨᠢᠭᠡ ᠪᠤᠯᠬᠤ ᠬᠦᠲᠡᠭᠡ ᠨᠠᠭᠤᠷ ᠤᠭ᠎ᠡᠴᠡ ᠪᠡᠨ ᠬᠤᠵᠢᠷ ᠰᠠᠢᠲᠠᠢ᠂ ᠮᠠᠯ ᠰᠦᠷᠦᠭ ᠬᠦᠴᠦ ᠲᠠᠷᠭᠤ  ᠰᠠᠢᠨ ᠠᠪᠲᠠᠭ᠃ ᠵᠡᠭᠡᠰᠦ ᠬᠤᠯᠤᠰᠤᠨ᠎ᠳᠤᠨᠢ ᠵᠦᠢᠯ᠎ᠤᠨ ᠰᠢᠪᠠᠭᠤᠳ ᠭᠠᠩᠭᠠᠨᠠᠯᠲᠤᠨ᠂ ᠦᠨᠲᠡᠭᠡ ᠵᠤᠯᠵᠠᠭ᠎ᠠ ᠪᠡᠨ ᠦᠷᠡᠵᠢᠭᠦᠯᠦᠨ ᠪᠠᠢᠲᠠᠭ ᠠᠮᠤᠭᠤᠯᠠᠩ ᠳᠠᠭᠱ᠌ᠢᠨ ᠨᠤᠲᠤᠭ ᠤᠰᠤᠨ᠃

ᠤᠷᠲᠤ ᠤᠷᠭ᠎ᠠ ᠰᠤᠨᠤᠯᠵᠠᠭᠤᠯᠤᠭᠰᠠᠨ ᠵᠡᠭᠡᠷᠲᠡ ᠮᠤᠷᠢ ᠲᠠᠢ ᠬᠦᠷᠦᠰᠦᠯᠢᠭ ᠪᠤᠷᠤ ᠡᠷ᠎ᠡ ᠨᠠᠭᠤᠷ ᠤᠷᠤᠭᠤ ᠶᠠᠪᠤᠨ᠎ᠠ᠃《ᠡᠨᠡ ᠰᠠᠢᠠᠬᠨ ᠨᠤᠲᠤᠭ᠎ᠤᠨ᠎ᠢᠶᠡᠨ ᠡᠵᠡᠨ ᠨᠢ ᠪᠤᠯᠤᠭᠰᠠᠨ ᠪᠢ》 ᠭᠡᠵᠦ ᠡᠨᠡ ᠪᠡᠶ᠎ᠡ ᠪᠡᠷ᠎ᠢᠶᠡᠨ ᠲᠠᠭᠤᠯᠠᠵᠦ ᠶᠠᠪᠤᠭ᠎ᠠ ᠬᠦᠮᠦᠨ ᠪᠤᠯ ᠰᠢᠨ᠎ᠠ ᠪᠠᠷᠭᠤ ᠵᠡᠬᠦᠨ ᠬᠤᠰᠢᠭᠤᠨ᠎ᠦ ᠦᠪᠦᠷᠪᠤᠯᠠᠭ ᠰᠤᠮᠤᠨ᠎ᠤ ᠪᠠᠶᠠᠨᠭᠦᠢ᠍ᠨ ᠭᠠᠴᠠᠭᠠᠨ᠎ᠤ ᠬᠠᠯᠪᠢᠨ ᠬᠠᠯᠠ ᠲᠠᠢ ᠪᠠᠲᠤ ᠵᠢᠨ ᠪᠠᠷᠬᠠᠰᠪᠠᠲᠢ ᠪᠠᠢᠯ᠎ᠠ᠃  ᠬᠦᠮᠦᠨ ᠵᠤᠨ ᠨᠢ ᠲᠡᠭᠦᠨ᠎ᠢ ᠪᠠᠷᠬ᠎ᠠ ᠨᠠᠷ᠎ᠠ ᠪᠡᠷ  ᠳᠠᠭᠤᠳᠠᠬᠤ ᠨᠢ ᠢᠯᠡᠭᠦᠦ᠃



ᠪᠠᠷᠬ᠎ᠠ ᠵᠢᠨ ᠬᠢᠨ ᠲᠤᠯᠤᠭᠠᠲᠤ ᠵᠢᠨ ᠵᠤᠰᠠᠯᠠᠩ᠎ᠤᠨ ᠲᠠᠪᠠᠭ᠎ᠤᠨ ᠬᠤᠧᠠ ᠵᠢᠨ ᠡᠨᠭᠭᠡᠷ᠂ ᠪᠤᠯᠵᠤᠭᠠᠨ᠎ᠤ ᠪᠦᠭᠡᠮ᠎ᠤᠨ ᠪᠠᠷᠠᠭᠤᠨᠲᠠᠢ ᠬᠦᠲᠡᠭᠡ ᠨᠠᠭᠤᠷ᠎ᠤᠨ ᠬᠤᠢᠲᠤ ᠳᠡᠨᠵᠢᠨ᠎ᠳᠤ ᠰᠠᠭᠤᠷᠢᠰᠢᠯ ᠲᠠᠢ᠃ ᠪᠠᠢᠰᠢᠩ ᠭᠡᠷ᠎ᠦᠨ᠎ᠢᠶᠡᠨ ᠠᠷᠤ ᠦᠪᠦᠷ ᠵᠢᠡᠷ ᠵᠢᠭᠲᠡᠷᠡᠭᠦᠯᠦᠨ ᠪᠠᠷᠢᠭ᠍ᠰᠠᠨ ᠬᠡᠳᠦᠨ ᠮᠣᠩᠭᠣᠯ ᠭᠡᠷ ᠨᠢ ᠬᠤᠯᠠ᠎ᠡᠴᠡ ᠴᠠᠢᠯᠵᠠᠨ ᠬᠠᠷᠠᠭᠲᠠᠵᠦ᠂ ᠭᠡᠷ ᠎ᠤᠨ ᠬᠢᠨᠢ ᠪᠠᠷᠠᠭᠤᠨ ᠲᠠᠯ᠎ᠠ ᠪᠡᠷ ᠬᠦᠯᠢᠶ᠎ᠡ ᠮᠤᠬᠤᠯᠠᠭ ᠨᠠᠢᠷᠠᠭᠠᠲᠠᠢ᠂ ᠬᠤᠲᠠᠨ᠎ᠳᠤᠨᠢ ᠲᠠᠪᠤᠨ ᠬᠤᠰᠢᠭᠤ ᠮᠠᠯ᠎ᠤᠨ ᠪᠠᠷ᠎ᠠ ᠲᠦᠭᠦᠷᠡᠩ ᠲᠠᠢᠪᠤᠩ ᠠᠶᠠᠲᠠᠢᠬᠠᠨ᠃

ᠬᠦᠯ᠎ᠳᠤ ᠤᠷᠤᠬᠤ᠎ᠡᠴᠡ ᠪᠡᠨ ᠡᠬᠢᠯᠡᠭᠡᠳ ᠬᠦᠲᠡᠭᠡ ᠨᠠᠭᠤᠷ᠎ᠤᠨ᠎ᠢᠶᠡᠨ ᠡᠩᠭᠡᠷ ᠳᠡᠨᠵᠢᠨ᠎ᠳᠤᠨᠢ ᠬᠤᠷᠠᠭ᠎ᠠ ᠲᠤᠭᠤᠯ ᠬᠦᠭᠡᠭᠡᠵᠦ᠂ ᠲᠤᠭᠯᠠᠵᠦ ᠨᠤᠴᠤᠯᠲᠤᠵᠦ ᠦᠰᠦᠭᠰᠡᠨ ᠬᠦᠲᠡᠭᠡ ᠵᠢᠨ ᠪᠤᠷᠤ ᠬᠦᠦ ᠠᠷᠪᠠᠨ ᠵᠢᠷᠭᠤᠭᠠᠲᠠᠢ ᠲᠡᠷᠡ ᠵᠢᠯ᠎ᠢᠶᠡᠨ ᠰᠤᠷᠭᠠᠭᠤᠯᠢ᠎ᠡᠴᠡ ᠪᠡᠨ ᠪᠠᠭᠤᠵᠦ᠂ ᠬᠤᠨᠢ ᠬᠠᠷᠢᠭᠤᠯᠤᠨ ᠶᠠᠪᠤᠬᠤ᠎ᠳᠠᠭᠠᠨ ᠰᠢᠯᠦᠭ ᠲᠡᠷᠯᠡᠵᠦ᠂ ᠨᠤᠮ ᠰᠤᠲᠤᠷ ᠤᠷᠪᠠᠭᠤᠯᠤᠨ ᠡᠪᠦᠭᠡᠳ᠎ᠤᠨ᠎ᠢᠶᠡᠨ ᠨᠤᠲᠤᠭ᠎ᠲᠤ ᠡᠵᠡᠨ ᠰᠠᠭᠤᠵᠦ᠂ ᠦᠨᠦᠲᠦᠷ ᠪᠤᠯᠬᠤ᠎ᠳᠤ ᠮᠠᠯᠴᠢᠨ ᠬᠦᠮᠦᠨ᠎ᠤ ᠮᠢᠨᠭᠭᠠᠨ ᠮᠡᠷᠭᠡᠵᠢᠯ᠂ ᠲᠤᠲᠤᠷ ᠲᠠᠮᠢᠷ᠎ᠢ ᠡᠨᠡ ᠪᠡᠶᠡᠨ᠎ᠳᠡᠭᠡᠨ ᠦᠪᠯᠡᠭᠰᠡᠨ ᠨᠠᠰᠤᠨ ᠵᠠᠯᠠᠭᠤ᠎ᠴᠦ ᠬᠠᠰᠢᠷ ᠪᠤᠲᠤᠯᠭ᠎ᠠ ᠲᠠᠢ ᠨᠢᠭᠡᠨ ᠪᠤᠯᠵᠠᠢ᠃ ᠨᠡᠩ ᠴᠥ᠍ ᠰᠢᠨᠡᠴᠢᠯᠡᠯᠲᠡ ᠵᠢᠨ ᠡᠨᠡ ᠡᠷᠢᠨ᠎ᠳᠤ ᠠᠪᠤ ᠲᠡᠭᠡᠳᠦᠰ᠎ᠡᠴᠡ ᠪᠡᠨ ᠥᠪᠯᠡᠵᠦ ᠢᠷᠡᠭᠰᠡᠨ ᠨᠡᠭᠦᠲᠡᠯ ᠰᠤᠶᠤᠯ᠎ᠢᠶᠡᠨ ᠦᠨᠡᠨ ᠮᠦᠨ᠎ᠢᠶᠡᠷ ᠨᠢ ᠭᠠᠲᠠᠨ᠎ᠠ᠎ᠡᠴᠡ ᠢᠷᠡᠭᠰᠡᠨ ᠵᠢᠭᠤᠯᠴᠢᠯᠠᠭᠰᠠᠳ᠂ ᠤᠯᠠᠨ ᠬᠦᠮᠦᠰ᠎ᠲᠤ ᠲᠠᠨᠢᠭᠤᠯᠵᠦ ᠬᠠᠷᠠᠭᠤᠯᠵᠦ ᠶᠠᠪᠤᠭ᠎ᠠ ᠨᠢ ᠲᠡᠭᠦᠨ᠎ᠢ ᠲᠦᠮᠡᠨ᠎ᠦ ᠠᠩᠬᠠᠷᠤᠯ᠎ᠳᠤ ᠬᠦᠷᠭᠡᠭᠰᠡᠨ ᠪᠢᠯᠡ᠃

— ᠰᠡᠭᠦᠯᠲᠡᠵᠦ ᠬᠤᠨᠢᠨ ᠰᠦᠷᠦᠭ ᠲᠠᠢ ᠪᠡᠨ ᠶᠠᠪᠤᠵᠦ ᠪᠠᠢᠬᠤ᠎ᠳᠠᠭᠠᠨ ᠠᠪᠤ ᠮᠢᠨᠢ ᠬᠦᠲᠡᠭᠡ ᠨᠠᠭᠤᠷ᠎ᠤᠨ ᠠᠷᠤ᠎ᠳᠤ ᠵᠢᠭᠤᠯᠴᠢᠯᠠᠯ᠎ᠤᠨ ᠤᠯᠤᠰ᠎ᠤᠳ ᠪᠦᠭᠡᠮᠨᠡᠷᠡᠵᠦ ᠪᠠᠢᠨ᠎ᠠ᠂ ᠮᠢᠨᠤ ᠬᠦᠦ ᠵᠢᠭᠤᠯᠴᠢᠯᠠᠯ ᠬᠢᠵᠦ ᠪᠤᠯᠤᠨ᠎ᠠ  ᠭᠡᠰᠡᠨ ᠠᠪᠤ ᠵᠢᠨ ᠵᠢᠡᠨ ᠠᠮᠢᠨᠴᠢᠬᠠᠨ ᠶᠠᠷᠢᠶ᠎ᠠ ᠵᠢ ᠴᠢᠬᠢᠨ᠎ᠳᠡᠭᠡᠨ ᠠᠪᠴᠤ᠂  ᠪᠢ ᠮᠠᠯᠴᠢᠨ ᠠᠢᠯ᠎ᠤᠨ ᠵᠢᠭᠤᠯᠴᠢᠯᠠᠯ᠎ᠢᠶᠡᠨ ᠡᠬᠢᠯᠡᠭᠦᠯᠦᠭᠰᠡᠨ ᠶᠤᠮ ᠭᠡᠵᠦ ᠲᠡᠷᠡ ᠪᠡᠷ ᠪᠢᠲᠡᠨ᠎ᠳᠤ ᠶᠠᠷᠢᠨ᠎ᠠ᠃

ᠡᠢᠨ ᠬᠦ᠌  2013 ᠣᠨ ᠠ᠋ᠴᠠ ᠡᠬᠢᠯᠡᠨ ᠪᠠᠷᠬ᠎ᠠ ᠬᠦᠳᠡᠭᠡ ᠨᠠᠭᠤᠷ ᠤ᠋ᠨ᠎ᠢᠶᠠᠨ ᠬᠦᠪᠡᠭᠡᠨ ᠳ᠋ᠥ᠍  《ᠬᠦᠳᠡᠭᠡ ᠨᠠᠭᠤᠷ ᠰᠤᠶᠤᠯ ᠵᠢᠭᠤᠯᠴᠢᠯᠠᠯ ᠤ᠋ᠨ ᠭᠠᠵᠠᠷ》 ᠵᠢᠡᠨ ᠡᠬᠢᠯᠡᠨ ᠬᠢᠵᠦ᠂ ᠦᠭᠡᠷᠡᠴᠢᠯᠡᠯᠲᠡ ᠰᠢᠨᠡᠴᠢᠯᠡᠯᠲᠡ᠂ ᠦᠷᠢᠰᠦᠯᠲᠦᠭᠡᠨᠲᠤ ᠵᠠᠬ᠎ᠠ ᠲᠡᠯᠭᠡᠭᠦᠷ᠎ᠤᠨ ᠤᠷᠤᠰᠬᠠᠯ ᠲᠤᠮᠳᠠ ᠵᠢᠨᠭᠬᠢᠨᠢ 《ᠮᠠᠯᠴᠢᠨ ᠠᠢᠯ》᠂ ᠨᠡᠭᠦᠲᠡᠯ ᠤᠯᠠᠮᠵᠢᠯᠠᠯᠲᠤ ᠰᠤᠶᠤᠯ᠎ᠢᠶᠡᠨ ᠦᠨᠡᠨ ᠮᠦᠨ᠎ᠢᠶᠡᠷ ᠨᠢ ᠦᠵᠡᠬᠦᠯᠵᠦ ᠲᠠᠨᠢᠯᠴᠠᠭᠤᠯᠬᠤ ᠭᠡᠰᠡᠨ ᠦᠪᠡᠷ᠎ᠤᠨ ᠲᠠᠪᠠᠭᠤᠯᠢᠭ ᠤᠨᠴᠠᠯᠢᠭ ᠎ᠢᠶᠡᠨ ᠪᠠᠲᠤ ᠪᠠᠷᠢᠵᠦ᠂ ᠵᠢᠭᠤᠯᠴᠢᠯᠠᠭᠰᠠᠳ ᠲᠣ᠌ ᠮᠤᠷᠢ ᠤᠨᠤᠭᠤᠯᠬᠤ᠂ ᠴᠠᠭᠠᠨ ᠢᠲᠡᠭᠡ ᠠᠮᠰᠠᠭᠤᠯᠬᠤ᠂  ᠴᠠᠢ ᠮᠢᠬ᠎ᠠ ᠵᠤᠭᠤᠭᠯᠠᠭᠤᠯᠬᠤ᠂ ᠨᠡᠭᠦᠳᠡᠯ ᠲᠡᠷᠭᠡ ᠰᠤᠨᠢᠷᠬᠠᠭᠤᠯᠬᠤ᠂ ᠤᠷᠤᠭ ᠬᠤᠷᠢᠮ ᠤ᠋ᠨ ᠵᠢᠷᠤᠭ ᠠᠪᠤᠭᠤᠯᠬᠤ ᠵᠡᠷᠭᠡ ᠦᠢᠯᠡᠴᠢᠯᠡᠭᠡ ᠬᠠᠩᠭᠠᠵᠦ᠂ 2018  ᠣᠨ ᠠ᠋ᠴᠠ ᠡᠬᠢᠯᠡᠨ 《ᠮᠤᠷᠢᠨ ᠨᠢᠷᠤᠭᠤᠨ ᠳ᠋ᠡᠭᠢ ᠰᠤᠷᠭᠠᠯᠳᠠ ᠶ᠋ᠢᠨ ᠲᠦᠪ》᠎ᠢ ᠪᠠᠢᠭᠤᠯᠤᠨ 1000 ᠭᠠᠷᠤᠢ ᠭᠡᠤᠭᠡᠳ ᠲᠣ᠌ ᠨᠠᠭᠦᠳᠡᠯ ᠮᠠᠯᠵᠢᠯ ᠠᠬᠤᠢ ᠵᠢ ᠲᠠᠨᠢᠭᠤᠯᠵᠦ᠂ ᠬᠡᠦᠬᠡᠳ ᠪᠠᠭᠠᠴᠤᠳ᠎ᠲᠤ ᠬᠦᠲᠡᠭᠡ ᠵᠢᠨ ᠠᠮᠢᠲᠤᠷᠠᠯ᠎ᠢ ᠲᠠᠨᠢᠨ ᠮᠡᠲᠡᠷᠡᠭᠦᠯᠬᠦ᠂ ᠨᠡᠭᠦᠳᠡᠯ ᠰᠣᠶᠣᠯ᠎ᠢ ᠲᠠᠨᠢᠭᠤᠯᠬᠤ᠂ ᠤᠯᠠᠮᠵᠢᠯᠠᠯᠲᠤ ᠶᠣᠰᠣ᠌ ᠵᠠᠩᠰᠢᠯ᠎ᠢᠶᠠᠨ ᠰᠤᠷᠭᠠᠨ ᠥᠪᠯᠡᠭᠦᠯᠬᠦ᠂ ᠮᠥᠨ ᠴᠠᠬᠢᠮ ᠶᠢᠷᠲᠢᠨᠴᠤ᠎ᠪᠡᠷ ᠲᠠᠮᠵᠢᠭᠤᠯᠤᠨ ᠣᠷᠣᠨ ᠨᠤᠲᠤᠭ᠎ᠢᠶᠠᠨ᠂ ᠤᠤᠭᠠᠯ ᠰᠣᠶᠣᠯ᠎ᠢᠶᠠᠨ ᠰᠤᠷᠲᠠᠯᠴᠢᠯᠠᠬᠤ ᠠᠵᠢᠯ᠎ᠳᠤ ᠮᠡᠷᠡᠢᠵᠦ ᠡᠬᠢᠯᠡᠭᠰᠡᠨ ᠪᠠᠢᠵᠠᠢ᠃

— ᠵᠢᠭᠤᠯᠴᠢᠯᠠᠭᠰᠠᠳ ᠢᠷᠡᠪᠡᠯ᠂ ᠮᠤᠩᠭᠤᠯ ᠭᠡᠷ᠎ᠲᠤ ᠤᠷᠤᠵᠦ ᠴᠠᠢ ᠤᠤᠭᠤᠬᠤ ᠵᠠᠭᠤᠷ᠎ᠠ ᠪᠡᠨ ᠮᠤᠩᠭᠤᠯ ᠭᠡᠷ᠎ᠤᠨ ᠪᠦᠲᠦᠴᠡ  ᠵᠢ ᠦᠢᠯᠠᠭᠠᠬᠤ᠂ ᠴᠠᠭᠠᠨ ᠢᠲᠡᠭᠡ ᠪᠠᠷᠢᠬᠤ᠂ ᠲᠠᠪᠤᠨ ᠬᠤᠰᠢᠭᠤ ᠮᠠᠯ ᠲᠠᠢ ᠲᠠᠨᠢᠯᠴᠠᠬᠤ᠂ ᠭᠡᠭᠦᠦ ᠰᠠᠭᠠᠬᠤ᠂ ᠲᠡᠮᠡᠭᠡᠨ ᠲᠡᠷᠭᠡ᠂ ᠦᠬᠡᠷ ᠲᠡᠷᠭᠡᠨ᠎ᠳᠤ ᠰᠠᠭᠤᠵᠦ ᠨᠠᠭᠤᠷ᠎ᠤᠨ ᠬᠦᠪᠡᠭᠡᠨ᠎ᠳᠤ ᠵᠢᠷᠤᠭ ᠠᠪᠬᠤ ᠵᠡᠷᠭᠡ ᠪᠡᠷ ᠮᠠᠨ᠎ᠤ ᠮᠠᠯᠵᠢᠬᠤ ᠠᠮᠢᠲᠤᠷᠠᠯ᠎ᠢ ᠦᠨᠡᠨ ᠮᠦᠨ᠎ᠢᠶᠡᠷ ᠨᠢ ᠪᠡᠶᠡᠴᠢᠯᠠᠨ ᠤᠢᠯᠠᠭᠠᠲᠠᠭ᠃ ᠨᠠᠷᠠᠨ᠎ᠤ ᠬᠡᠯᠪᠡᠷᠢ ᠲᠠᠢ ᠲᠤᠭᠤᠨᠤ᠂ ᠰᠠᠴᠤᠷᠠᠭ ᠬᠡᠯᠪᠡᠷᠢ ᠲᠠᠢ ᠤᠨᠢ  ᠵᠢᠨ 《ᠦᠶ᠎ᠡ ᠵᠢᠨ ᠦᠶ᠎ᠡ᠎ᠳᠡᠭᠡᠨ ᠮᠠᠨᠲᠤᠬᠤ ᠨᠠᠷᠠᠨ᠎ᠤ ᠲᠤᠤᠷ᠎ᠠ ᠰᠠᠢᠨ ᠰᠠᠢᠬᠠᠨ ᠵᠢᠷᠭᠠᠵᠦ ᠶᠠᠪᠤᠭ ᠡ》 ᠭᠡᠰᠡᠨ ᠪᠡᠯᠭᠡᠲᠡᠯ ᠤᠳᠬ᠎ᠠ᠂ ᠬᠠᠨ᠎ᠠ ᠵᠢᠨ ᠨᠦᠬᠡ ᠪᠡᠷ᠎ᠢᠶᠡᠨ ᠬᠤᠷᠸ᠎ᠠ ᠵᠢ ᠬᠠᠷᠠᠬᠤ ᠬᠡᠬᠡᠨ ᠤᠬᠠᠭᠠᠨ᠎ᠢᠶᠠᠨ ᠪᠢ ᠢᠷᠡᠭᠰᠡᠨ ᠪᠤᠯᠭᠠᠨ᠎ᠳᠠᠭᠠᠨ ᠬᠡᠯᠡᠵᠦ ᠲᠠᠨᠢᠯᠴᠠᠭᠤᠯᠬᠤ᠎ᠳᠤ ᠤᠷᠮ᠎ᠠ ᠲᠠᠢ ᠪᠠᠢᠲᠠᠭ ᠭᠡᠯ᠎ᠠ ᠃

ᠡᠲᠦᠢ ᠵᠢᠯ᠎ᠤᠨ ᠲᠤᠷᠰᠢ ᠲᠡᠷᠡ 《ᠠᠮᠢᠲᠤᠷᠠᠯ ᠪᠠᠢᠪᠠᠯ ᠵᠢᠭᠤᠯᠴᠢᠯᠠᠯ ᠪᠠᠢᠨ᠎ᠠ᠂ ᠵᠢᠭᠤᠯᠴᠢᠯᠠᠯ ᠪᠠᠢᠪᠠᠯ ᠠᠮᠢᠲᠤᠷᠠᠯ ᠪᠠᠢᠨ᠎ᠠ》 ᠭᠡᠬᠦ ᠪᠠᠷᠢᠮᠳᠠᠯᠠᠯ᠎ᠢ ᠠᠳᠬᠤᠭᠰᠠᠭᠠᠷ ᠢᠷᠡᠵᠦ᠂ 2019  ᠣᠨ᠎ᠳᠤ 《ᠬᠦᠲᠡᠭᠡ ᠨᠠᠭᠤᠷ》 ᠵᠢᠭᠤᠯᠴᠢᠯᠠᠯ᠎ᠤᠨ ᠭᠠᠵᠠᠷ ᠨᠢ ᠬᠦᠯᠦᠨ ᠪᠤᠢᠷ ᠬᠤᠲᠠ ᠵᠢᠨ ᠮᠠᠯᠵᠢᠬᠤ ᠠᠢᠯ᠎ᠤᠨ ᠲᠠᠪᠤᠨ ᠤᠲᠤᠨ ᠳᠡᠰ᠎ᠤᠨ ᠵᠢᠭᠤᠯᠴᠢᠯᠠᠯ᠎ᠤᠨ ᠭᠠᠵᠠᠷ ᠪᠤᠯᠵᠦ᠂ 2026 ᠣᠨ᠎ᠳᠤ ᠲᠡᠷᠡ ᠪᠡᠷ ᠬᠤᠰᠢᠭᠤᠨ᠎ᠤ ᠪᠡᠨ 《ᠤᠯᠠᠮᠵᠢᠯᠠᠯᠲᠤ ᠨᠡᠭᠦᠳᠡᠯ ᠰᠣᠶᠣᠯ᠎ᠤᠨ ᠥᠪᠯᠡᠨ ᠤᠯᠠᠮᠵᠢᠯᠠᠭ᠍ᠴᠢ》 ᠪᠤᠯᠪᠠ᠃

ᠡᠳᠡᠨᠡᠢᠬᠢᠨ ᠡᠨᠡ ᠵᠢᠯ ᠬᠦᠲᠡᠭᠡ ᠨᠠᠭᠤᠷ᠎ᠲᠠᠭᠠᠨ 400 ᠭᠠᠷᠤᠢ ᠵᠢᠭᠤᠯᠴᠢᠯᠠᠭᠴᠢ ᠵᠢ ᠬᠦᠯᠢᠶᠡᠨ ᠠᠪᠴᠤ᠂ ᠲᠡᠷᠡ ᠪᠡᠷ ᠬᠡᠷᠭᠡᠢ ᠨᠠᠨᠵᠢᠳᠮ᠎ᠠ ᠵᠢᠨ ᠬᠠᠮᠲᠤ ᠪᠤᠶᠠᠨᠲᠤ ᠲᠠᠪᠤᠨ ᠬᠤᠰᠢᠭᠤ ᠮᠠᠯ᠎ᠢᠶᠡᠨ ᠲᠡᠭᠰᠢ ᠮᠠᠯᠯᠠᠵᠦ᠂ ᠮᠠᠯ ᠠᠵᠤ ᠠᠬᠤᠢ᠎ᠡᠴᠡ ᠪᠡᠨ ᠰᠠᠭᠤᠷᠢ ᠤᠷᠤᠯᠭ᠎ᠠ ᠲᠠᠢ᠂ ᠵᠢᠭᠤᠯᠴᠢᠯᠠᠯ᠎ᠡᠴᠡ ᠪᠡᠨ ᠲᠤᠭᠲᠠᠭᠰᠠᠨ ᠤᠷᠤᠯᠭ᠎ᠠ ᠲᠠᠢ ᠲᠤᠪᠬᠢᠭᠰᠠᠨ ᠠᠮᠢᠲᠤᠷᠠᠯ ᠲᠠᠢ ᠰᠡᠳᠬᠢᠯ ᠲᠡᠨᠢᠭᠦᠬᠡᠨ ᠶᠠᠪᠤᠨ᠎ᠠ᠃ ᠲᠡᠷᠡ ᠪᠤᠯ ᠮᠦᠨ ᠴᠸ᠋ ᠨᠢᠭᠡᠨ ᠬᠢᠯᠢ ᠬᠠᠮᠠᠭᠠᠯᠠᠭᠴᠢ ᠪᠠᠢᠵᠦ᠂ ᠬᠦᠲᠡᠭᠡ ᠨᠠᠭᠤᠷ᠎ᠤᠨ᠎ᠢᠶᠡᠨ ᠠᠮᠢ ᠠᠬᠤᠢ᠂ ᠠᠮᠢᠲᠠᠨ ᠵᠢᠭᠦᠷᠲᠡᠨ᠎ᠢ ᠬᠠᠮᠠᠭᠠᠯᠠᠵᠦ ᠶᠠᠪᠤᠭ᠎ᠠ ᠪᠢᠯᠡ᠃

ᠰᠤᠷᠪᠤᠯᠵᠢᠯᠠᠭᠴᠢ ᠵᠢᠨ ᠡᠪᠦᠷ ᠲᠡᠮᠳᠡᠭᠯᠡᠯ᠄

ᠬᠦᠪᠡᠭᠡᠨ ᠡᠴᠡ ᠪᠠᠨ ᠵᠠᠢᠷᠮᠠᠭᠲᠤᠭᠰᠠᠨ ᠬᠦᠯᠦᠨ ᠪᠤᠢᠷ᠎ᠤᠨ ᠮᠢᠩᠭᠠᠨ ᠨᠠᠭᠤᠷ᠂ ᠬᠤᠷᠭᠤᠳᠠᠭᠠᠳ ᠬᠤᠯᠠᠳᠠᠭ᠎ᠠ ᠦᠭᠡᠢ ᠨᠡᠭᠦᠳᠡᠯ ᠎ᠤᠨ ᠰᠢᠪᠠᠭᠤᠳ᠎ᠤᠨ ᠰᠡᠭᠦᠯᠴᠢ ᠵᠢᠨ ᠭᠠᠩᠭᠠᠨᠠᠭ᠎ᠠ ᠬᠤᠯᠠ ᠵᠢᠨ ᠪᠢᠳᠡᠨ᠎ᠢ ᠤᠭᠲᠤᠨ ᠲᠤᠰᠤᠭᠰᠠᠨ ᠨᠢ 10 ᠰᠠᠷ᠎ᠠ ᠵᠢᠨ ᠰᠡᠭᠦᠯᠴᠢ ᠪᠠᠢᠯ᠎ᠠ᠃

ᠳᠤᠯᠤᠭᠠᠲᠤ ᠵᠢᠨ ᠨᠠᠭᠤᠷ  ᠨᠡᠷ᠎ᠠ ᠳᠠᠢ ᠴᠸ᠋ ᠦᠨᠡᠨ ᠳ᠋ᠡᠭᠡᠨ ᠳᠤᠯᠤᠭ᠎ᠠ ᠪᠡᠷ ᠲᠤᠭᠲᠠᠬᠤ ᠦᠭᠡᠢ ᠤᠯᠠᠨ ᠵᠢᠵᠢᠭᠬᠡᠨ ᠨᠠᠭᠤᠷ ᠲᠠᠢ ᠡᠨᠡ ᠨᠤᠲᠤᠭ᠎ᠲᠤ ᠬᠦᠯ ᠲᠠᠯᠪᠢᠩᠬᠠᠨ ᠤᠰᠤ ᠨᠤᠲᠤᠭ ᠵᠢᠡᠨ ᠭᠡᠰᠡᠨ ᠬᠦᠮᠦᠨ ᠠᠷᠠᠳ᠎ᠤᠨ ᠬᠢᠨᠢ ᠬᠠᠯᠠᠭᠤᠨ ᠰᠡᠳᠬᠢᠯ᠎ᠢ ᠮᠡᠳᠡᠷᠡᠵᠦ ᠶᠠᠪᠤᠯ᠎ᠠ᠃ ᠨᠡᠭᠦᠳᠡᠯ ᠰᠤᠶᠤᠯ ᠵᠢᠡᠨ ᠦᠪᠯᠡᠨ ᠤᠯᠠᠮᠵᠢᠯᠠᠬᠤ ᠬᠦᠰᠡᠯ᠂ ᠰᠤᠶᠤᠯ ᠵᠢᠭᠤᠯᠴᠢᠯᠠᠯ ᠵᠢᠡᠷ ᠨᠤᠲᠤᠭ ᠵᠢᠡᠨ ᠰᠤᠷᠲᠠᠯᠴᠢᠯᠠᠬᠤ ᠦᠢᠯᠡᠳᠦᠯ ᠂ ᠤᠳᠤᠬᠢᠴᠢᠯᠠᠭᠰᠠᠨ ᠠᠮᠢᠳᠤᠷᠠᠯ᠎ᠳᠤ ᠠᠩᠬᠠᠯᠠᠨ ᠰᠤᠷᠢᠬᠤ ᠤᠷᠤᠯᠳᠤᠯᠭ᠎ᠠ᠁ ᠡᠨᠡ ᠪᠦᠬᠦᠨ ᠨᠢ ᠭᠠᠭᠴᠠᠬᠠᠨ ᠰᠡᠳᠦᠪ ᠡᠴᠡ ᠤᠶᠠᠭᠳᠠᠵᠤ ᠪᠠᠢᠭ᠎ᠠ ᠨᠢ ᠨᠤᠲᠤᠭ ᠤᠰᠤ ᠪᠠᠨ ᠬᠠᠢᠷᠠᠯᠠᠵᠤ᠂ ᠠᠮᠢ ᠠᠬᠤᠢ ᠪᠠᠨ ᠬᠠᠮᠠᠭᠠᠯᠠᠬᠤ ᠢᠵᠢᠯᠭᠡᠨ ᠪᠤᠳᠤᠯ ᠡᠴᠡ ᠡᠭᠦᠰᠦᠯ ᠲᠠᠢ ᠪᠠᠢᠭᠰᠠᠨ ᠶᠤᠮ᠃ ᠤᠤᠯ ᠡᠴᠡ ᠪᠠᠨ ᠤᠰᠤ ᠨᠠᠭᠤᠷ ᠶᠡᠬᠡᠲᠡᠢ ᠬᠦᠯᠦᠨ ᠪᠤᠢᠷ᠎ᠤᠨ ᠲᠠᠯ᠎ᠠ ᠨᠤᠲᠤᠭ᠎ᠲᠤ  ᠪᠠᠢᠭ᠎ᠠ ᠪᠠᠨ ᠦᠪᠯᠡᠵᠦ᠂ ᠪᠤᠭᠤᠨᠢᠳᠠᠭᠰᠠᠨ ᠵᠢᠡᠨ ᠵᠠᠯᠭᠠᠬᠤ ᠤᠷᠲᠤ ᠤᠳᠠᠭᠠᠨ᠎ᠤ ᠪᠠᠷᠢᠮᠲᠠᠯᠠᠯ᠂ ᠵᠠᠯᠭᠠᠮᠵᠢ ᠬᠤᠢᠴᠢ ᠳ᠋ᠠᠭᠠᠨ ᠦᠪᠯᠡᠭᠦᠯᠬᠦ ᠴᠠᠳᠢᠭ ᠤᠯᠪᠠᠭ᠎ᠠ ᠬᠡᠷᠡᠭ ᠲᠠᠢ ᠶᠤᠮ ᠃

ᠦᠨᠢ ᠡᠷᠲᠡᠨ᠎ᠤ ᠳᠤᠮᠤᠭ ᠬᠠᠢᠯᠠᠭᠰᠠᠨ ᠪᠤᠭᠤᠷᠤᠯ ᠲᠠᠯ᠎ᠠ ᠵᠢᠨ ᠡᠯᠢᠭᠡᠨ᠎ᠳᠤ ᠦᠪᠦᠷᠪᠤᠯᠠᠭ ᠰᠤᠮᠤᠨ ᠎ᠤ ᠲᠤᠯᠤᠭᠠᠲᠤ ᠵᠢᠨ ᠵᠤᠰᠠᠯᠠᠩ ᠠᠮᠢᠳᠤᠷᠠᠯ ᠨᠠᠢᠷᠠᠭᠠᠳ ᠳᠤᠯᠠᠭᠠᠬᠠᠨ᠂ ᠦᠷᠡᠵᠢᠯ ᠰᠢᠮ᠎ᠡ ᠪᠡᠷ ᠵᠢᠡᠨ ᠨᠤᠲᠤᠭ ᠵᠢᠡᠨ ᠤᠮᠳᠠᠯᠠᠵᠤ᠂ ᠦᠵᠡᠮᠵᠢ ᠨᠢ ᠪᠤᠯᠤᠭᠰᠠᠨ ᠳᠤᠯᠤᠭᠠᠲᠤ ᠵᠢᠨ ᠨᠠᠭᠤᠷ  ᠬᠤᠨ  ᠵᠢᠡᠨ ᠲᠡᠪᠡᠷᠢᠭᠡᠳ ᠲᠠᠢᠪᠤᠭᠤᠬᠠᠨ ᠁


(ᠬᠥᠯᠥᠨ ᠪᠦᠢᠷ᠎ᠤᠨ ᠬᠠᠮ ᠵᠠᠭᠤᠴᠢᠯᠠᠭᠤᠷ᠎ᠤᠨ ᠲᠥᠪ᠎ᠤᠨ ᠰᠤᠷᠪᠤᠯᠵᠢᠯᠠᠭᠴᠢ᠄  ᠪᠦᠷᠢᠨᠪᠠᠶᠠᠷ    ᠭᠢᠯᠪᠠᠭ᠎ᠠ   ᠣᠢᠲᠠᠢ)

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面