ᠲᠡᠷᠢᠭᠦᠨ ᠨᠢᠭᠤᠷ>ᠣᠨᠣᠯ ᠱᠢᠭᠦᠮᠵᠢ>ᠰᠢᠭᠦᠮᠵᠢ

2025-05-09 16:05:28

ᠵᠣᠬᠢᠶᠠᠭ᠍ᠴᠢ᠄ ᠸᠠᠩ ᠬᠠᠢ ᠷᠦᠩ ᠣᠩᠱᠢᠭ᠍ᠰᠠᠨ ᠣᠳᠠᠭ᠎ᠠ᠄ 3

ᠬᠦᠯᠦᠨ ᠪᠤᠢᠷ ᠬᠤᠲᠠ ᠭᠠᠵᠠᠷ ᠵᠦᠢ᠎ᠶ᠋ᠢᠨ ᠪᠠᠢᠷᠢᠱᠢᠯ᠎ᠤᠨ ᠬᠤᠪᠢ᠎ᠳᠤ᠂ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠬᠠᠮᠤᠭ᠎ᠤᠨ ᠵᠡᠬᠦᠨ ᠬᠤᠢᠲᠤ ᠬᠡᠰᠡᠭ᠎ᠲᠤ ᠪᠠᠢᠷᠢᠯᠠᠵᠤ᠂ 25.3 ᠲᠦᠮᠡᠨ ᠲᠡᠭ᠌ᠰᠢ ᠳᠦᠷᠪᠡᠯᠵᠢᠨ ᠺᠢᠯᠤᠮᠧᠲᠷ᠎ᠤᠨ ᠨᠣᠳᠣᠭ ᠳᠡᠪᠢᠰᠭᠡᠷ ᠳᠠᠢ ᠪᠠᠢᠵᠣ᠂ ᠬᠠᠭ᠎ᠤᠨ ᠪᠠᠭᠤᠷᠢ᠎ᠠᠴᠠ ᠮᠠᠨᠵᠤᠤᠷ ᠪᠤᠭᠤᠮᠲᠠ ᠬᠦᠷᠲᠡᠯ᠎ᠡ᠂ ᠡᠩᠬᠡ ᠬᠠᠳᠠ᠎ᠠᠴᠠ ᠬᠤᠷᠤᠭ᠎ᠠ ᠠᠭᠤᠯᠠ ᠬᠦᠷᠳᠡᠯ᠎ᠡ ᠪᠦᠷ ᠦᠷᠭᠡᠨ ᠠᠭᠤᠳᠠᠮ ᠲᠠᠯ᠎ᠠ ᠨᠤᠳᠤᠭ ᠬᠢᠭᠡᠳ ᠢᠭ᠍ᠴᠤ ᠰᠠᠬᠤᠯᠢᠭ ᠤᠢ ᠱᠢᠭᠤᠢ᠎ᠪᠠᠷ ᠬᠤᠴᠢᠭ᠍ᠳᠠᠵᠤ᠂ ᠪᠤᠳᠠᠰ᠎ᠤᠨ ᠪᠤᠰᠤ ᠰᠤᠶᠤᠯ᠂ ᠬᠤᠪᠢᠰᠭᠠᠯᠳᠦ ᠰᠤᠶᠤᠯ᠂ ᠲᠠᠯ᠎ᠠ ᠨᠤᠲᠤᠭ᠎ᠤᠨ ᠰᠤᠶᠤᠯ᠂ ᠲᠠᠷᠢᠶᠠᠯᠠᠬᠤ ᠰᠤᠶᠤᠯ᠂ ᠬᠢᠯᠢ ᠬᠠᠮᠠᠭᠠᠯᠠᠯᠳᠠ᠎ᠶ᠋ᠢᠨ ᠰᠤᠶᠤᠯ᠂ ᠤᠢ ᠱᠢᠭᠤᠢ᠎ᠶ᠋ᠢᠨ ᠰᠤᠶᠤᠯ ᠬᠢᠭᠡᠳ ᠬᠢᠯᠢ᠎ᠶ᠋ᠢᠨ ᠪᠤᠭᠤᠮᠲᠠ᠎ᠶ᠋ᠢᠨ ᠰᠤᠶᠤᠯ ᠵᠡᠷᠭᠡ ᠤᠯᠠᠨ ᠦᠨᠳᠦᠰᠦᠲᠡᠨ᠎ᠤ ᠰᠤᠶᠤᠯ᠎ᠤᠨ ᠤᠯᠠᠨ ᠡᠱᠢᠲᠤ ᠡᠶ᠎ᠡ ᠵᠤᠬᠢᠴᠠᠩᠭᠤᠢ ᠤᠷᠤᠱᠢᠬᠤᠢ᠎ᠶ᠋ᠢᠨ ᠤᠨᠴᠠᠯᠢᠭ ᠱᠢᠨᠵᠢ᠎ᠶ᠋ᠢ ᠪᠦᠷᠢᠯᠳᠦᠭᠦᠯᠵᠠᠢ᠃ ᠡᠢᠨ ᠬᠦ᠌ ᠬᠦᠯᠦᠨ ᠪᠤᠢᠷ᠎ᠤᠨ ᠲᠠᠯ᠎ᠠ ᠨᠤᠳᠤᠭ᠎ᠲᠤ ᠲᠤᠬᠠᠢ᠎ᠶ᠋ᠢᠨ ᠤᠷᠤᠨ᠎ᠤ ᠵᠢᠭᠤᠯᠴᠢᠯᠠᠯ᠎ᠤᠨ ᠦᠢᠯᠡᠰ᠎ᠲᠠᠢ ᠠᠭᠤᠰᠤᠯᠴᠠᠭᠤᠯᠤᠨ ᠬᠦᠭ᠌ᠵᠢᠬᠦᠯᠵᠤ᠂ ᠡᠭᠦᠨ ᠤ᠋ ᠤᠯᠠᠮ᠎ᠢᠶᠠᠷ ᠤᠮᠠᠷᠠᠳᠤ ᠬᠢᠯᠢ᠎ᠶ᠋ᠢᠨ ᠰᠤᠶᠤᠯ᠎ᠤᠨ ᠪᠠᠢᠭᠤᠯᠤᠯᠳᠠ᠎ᠳᠤ ᠬᠦᠴᠦᠨ ᠨᠡᠮᠡᠷᠢᠯᠡᠵᠤ ᠪᠤᠯᠬᠤ ᠰᠤᠶᠤᠯ᠎ᠤᠨ ᠬᠦᠴᠦᠨ ᠵᠦᠢᠯ ᠮᠠᠰᠢ ᠡᠯᠪᠡᠭ ᠪᠠᠶᠠᠯᠢᠭ ᠪᠠᠢᠳᠠᠭ᠃

ᠨᠢᠭᠡ᠂ ᠪᠤᠳᠠᠰ᠎ᠤᠨ ᠪᠤᠰᠤ ᠰᠤᠶᠤᠯ᠎ᠤᠨ ᠦᠪ

ᠬᠦᠯᠦᠨ ᠪᠤᠢᠷ᠎ᠤᠨ ᠠᠷᠠᠳ᠎ᠤᠨ ᠳᠤᠮᠳᠠᠬᠢ ᠪᠤᠳᠠᠰ᠎ᠤᠨ ᠪᠤᠰᠤ ᠰᠤᠶᠤᠯ᠎ᠤᠨ ᠦᠪ ᠮᠠᠰᠢ ᠡᠯᠪᠡᠭ ᠪᠠᠶᠠᠯᠢᠭ ᠪᠠᠢᠳᠠᠭ᠃ ᠤᠳᠤ ᠪᠤᠯᠲᠠᠯ᠎ᠠ ᠨᠢᠭᠡᠨᠳᠠ ᠪᠦᠷᠢᠳᠭᠡᠭ᠌ᠳᠡᠭᠡᠳ ᠪᠠᠢᠭ᠎ᠠ ᠬᠦᠯᠦᠨ ᠪᠤᠢᠷ᠎ᠤᠨ ᠡᠯ᠎ᠡ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ ᠨᠡᠢᠲᠡ 833 ᠪᠣᠢ᠂ ᠡᠭᠦᠨ᠎ᠤ ᠳᠤᠲᠤᠷ᠎ᠠ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ 18 ᠪᠠᠢᠵᠤ᠂ ᠦᠪᠡᠷᠲᠡᠭᠡᠨ ᠵᠠᠰᠠᠬᠤ ᠤᠷᠤᠨ᠎ᠳᠤ ᠲᠦᠷᠦᠭᠦᠯᠡᠵᠤ᠂ ᠦᠪᠡᠷᠳᠡᠭᠡᠨ ᠵᠠᠰᠠᠬᠣ ᠤᠷᠤᠨ᠎ᠤ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ ᠨᠡᠢᠲᠡ 123 ᠪᠠᠢᠵᠤ᠂ ᠪᠦᠬᠦ᠌ ᠤᠷᠤᠨ᠎ᠤ ᠬᠡᠪᠴᠢᠶᠡᠨ᠎ᠳᠤ ᠳᠡᠳ᠋ᠯᠡᠵᠤ ᠪᠤᠢ᠃ ᠪᠠᠷᠭᠤ ᠤᠷᠳᠤ᠎ᠶ᠋ᠢᠨ ᠳᠠᠭᠤᠤ᠂ ᠬᠤᠰᠤ ᠮᠤᠳᠤᠨ᠎ᠤ ᠬᠠᠯᠢᠰᠦᠨ᠎ᠤ ᠤᠷ᠎ᠠ ᠳᠠᠷᠬ᠎ᠠ ᠵᠡᠷᠭᠡ᠎ᠨᠢ ᠦᠪᠦᠷ ᠮᠤᠩᠭᠤᠯ ᠤᠷᠤᠨ᠎ᠤ ᠤᠯᠠᠮᠵᠢᠯᠠᠯᠲᠤ ᠰᠤᠶᠤᠯ᠎ᠤᠨ ᠪᠦᠷᠢᠯᠳᠦᠭᠦᠨ ᠪᠠᠢᠵᠤ᠂ ᠮᠥᠨ ᠴᠦ᠍ ᠳᠤᠮᠳᠠᠳᠤ᠎ᠶ᠋ᠢᠨ ᠦᠨᠳᠦᠰᠦᠲᠡᠨ᠎ᠤ ᠤᠯᠠᠮᠵᠢᠯᠠᠯᠲᠤ ᠱᠢᠯᠢᠳᠡᠭ ᠰᠤᠶᠤᠯ᠎ᠤᠨ ᠴᠢᠬᠤᠯᠠ ᠪᠦᠷᠢᠯᠳᠦᠭᠦᠨ ᠬᠡᠰᠡᠭ ᠪᠤᠯᠬᠤ ᠶᠤᠮ᠃

ᠬᠤᠶᠠᠷ᠂ ᠬᠤᠪᠢᠰᠭᠠᠯᠲᠦ ᠰᠤᠶᠤᠯ

ᠬᠦᠯᠦᠨ ᠪᠤᠢᠷ᠎ᠲᠤ ᠡᠯᠪᠡᠭ ᠪᠠᠶᠠᠯᠢᠭ ᠬᠤᠪᠢᠰᠭᠠᠯᠳᠦ ᠰᠤᠶᠤᠯ᠎ᠤᠨ ᠡᠬᠢ ᠪᠠᠶᠠᠯᠢᠭ᠎ᠲᠠᠢ ᠪᠠᠢᠳᠠᠭ᠂ ᠨᠢᠭᠡᠨᠳᠠ ᠲᠤᠳᠤᠯᠠᠭ᠍ᠳᠠᠭ᠍ᠰᠠᠨ ᠬᠤᠪᠢᠰᠭᠠᠯᠳᠦ ᠰᠤᠶᠤᠯ᠎ᠤᠨ ᠦᠪ ᠦᠯᠡᠳᠡᠭ᠌ᠳᠡᠯ ᠨᠡᠢᠲᠡ 71 ᠪᠣᠢ᠂ ᠡᠳᠡᠭᠡᠷ᠎ᠨᠢ ᠬᠦᠯᠦᠨ ᠪᠤᠢᠷ᠎ᠤᠨ ᠠᠷᠠᠳ ᠲᠦᠮᠡᠨ᠎ᠤ ᠡᠷᠡᠯᠭᠡᠭ ᠪᠠᠭᠠᠲᠤᠷᠯᠢᠭ ᠲᠡᠮᠡᠴᠡᠯ ᠬᠢᠭᠡᠳ ᠡᠭᠡ ᠣᠯᠣᠰ᠎ᠢᠶᠠᠨ ᠬᠠᠮᠠᠭᠠᠯᠠᠭ᠍ᠰᠠᠨ ᠳᠠᠢᠴᠢᠨ ᠦᠢᠯᠡᠰ᠎ᠢ ᠲᠡᠮᠳᠡᠭ᠌ᠯᠡᠵᠤ ᠮᠦᠩᠬᠡᠯᠡᠭ᠌ᠰᠡᠨ ᠶᠤᠮ᠃ ᠲᠠᠪᠤᠨ ᠰᠠᠷ᠎ᠠ᠎ᠶ᠋ᠢᠨ ᠳᠦᠷᠪᠡᠨ᠎ᠤ ᠬᠦᠳᠡᠯᠭᠡᠭᠡᠨ ᠪᠠ ᠤᠯᠤᠰ᠎ᠤᠨ ᠲᠤᠳᠤᠭᠠᠳᠤ᠎ᠶ᠋ᠢᠨ ᠬᠤᠪᠢᠰᠭᠠᠯ᠎ᠤᠨ ᠨᠦᠯᠦᠭᠡ᠎ᠪᠠᠷ᠂ ᠬᠦᠯᠦᠨ ᠪᠤᠢᠷ ᠤᠷᠤᠨ᠎ᠳᠤ ᠤᠷᠢᠳ ᠬᠤᠵᠢᠳ ᠵᠦᠩ ᠳ᠋ᠦᠩ ᠲᠡᠮᠦᠷ ᠵᠠᠮ᠎ᠤᠨ ᠠᠵᠢᠯᠴᠢᠨ᠎ᠤ ᠠᠵᠢᠯ ᠬᠠᠶᠠᠯᠳᠠ᠂ ᠵᠠᠯᠠᠢᠨᠠᠭᠤᠷ᠎ᠤᠨ ᠠᠭᠤᠷᠬᠠᠢ᠎ᠶ᠋ᠢᠨ ᠠᠵᠢᠯᠴᠢᠳ᠎ᠤᠨ ᠠᠵᠢᠯ ᠬᠠᠶᠠᠯᠳᠠ ᠬᠢᠭᠡᠳ ᠮᠤᠷᠢᠨᠳᠠᠪᠠᠭ᠎ᠠ ᠵᠢᠨ ᠵᠡᠪᠰᠡᠭ᠌ᠲᠤ ᠪᠤᠰᠤᠯᠭ᠎ᠠ ᠵᠡᠷᠭᠡ᠎ᠨᠢ ᠡᠵᠡᠷᠭᠡᠭ ᠳᠦᠷᠢᠮᠡᠬᠡᠢᠲᠡᠨ᠎ᠢ ᠡᠰᠡᠷᠭᠦᠴᠡᠬᠦ᠂ ᠹᠸᠤᠳᠠᠯ ᠶᠣᠰᠣᠨ ᠬᠢᠭᠡᠳ ᠴᠡᠷᠢᠭ᠎ᠤᠨ ᠡᠷᠬᠡᠳᠡᠨ᠎ᠢ ᠡᠰᠡᠷᠭᠦᠴᠡᠭ᠌ᠰᠡᠨ ᠤᠯᠠᠨ ᠲᠦᠮᠡᠨᠴᠢ ᠬᠤᠪᠢᠰᠭᠠᠯᠳᠤ ᠲᠡᠮᠡᠴᠡᠯ ᠪᠤᠯᠤᠨ᠎ᠠ᠃ ᠳᠤᠮᠳᠠᠳᠤ ᠤᠯᠤᠰ᠎ᠤᠨ ᠡᠪ ᠬᠠᠮᠳᠤ ᠨᠠᠮ ᠪᠠᠢᠭᠤᠯᠤᠭ᠍ᠳᠠᠭ᠍ᠰᠠᠨ᠎ᠤ ᠳᠠᠷᠠᠭ᠎ᠠ᠂ ᠯᠢ ᠳ᠋ᠠ ᠵᠤᠤ᠂ ᠴᠧᠨ ᠳ᠋ᠦ᠋ ᠱᠢᠦ᠂ ᠴᠢᠦᠢ ᠴᠢᠦ ᠪᠠᠢ᠂ ᠵᠸᠦ ᠡᠸᠨ ᠯᠠᠢ ᠵᠡᠷᠭᠡ ᠨᠠᠮ᠎ᠤᠨ ᠡᠷᠲᠡ ᠦᠶ᠎ᠡ᠎ᠶ᠋ᠢᠨ ᠤᠳᠤᠷᠢᠳᠤᠭ᠍ᠴᠢᠳ ᠵᠦᠩ ᠳ᠋ᠦᠩ ᠲᠡᠮᠦᠷ ᠵᠠᠮ᠎ᠢᠶᠠᠷ ᠳᠠᠮᠵᠢᠨ ᠮᠠᠨᠵᠤᠤᠷ᠎ᠢᠶᠠᠷ ᠬᠢᠯᠢ ᠳᠠᠪᠠᠵᠤ᠂ ᠤᠤᠯ᠎ᠤᠨ ᠵᠦᠪᠯᠡᠯᠳᠤ ᠬᠤᠯᠪᠤᠭᠠᠲᠤ ᠤᠯᠤᠰ᠎ᠲᠤ ᠬᠦᠷᠴᠦ᠍ ᠠᠵᠢᠯᠯᠠᠵᠤ ᠰᠤᠷᠤᠯᠴᠠᠬᠤ ᠪᠤᠶᠤ ᠡᠪ ᠬᠠᠮᠳᠤ᠎ᠶ᠋ᠢᠨ ᠢᠨᠲ᠋ᠧᠷᠨᠠᠼᠢᠦᠨᠠᠯ᠎ᠤᠨ ᠬᠤᠷᠠᠯ᠎ᠳᠤ ᠤᠷᠤᠯᠴᠠᠵᠤ᠂ ᠠᠭᠠᠵᠢᠮ᠎ᠢᠶᠠᠷ ᠨᠢᠭᠡ ᠵᠤᠷᠪᠤᠰ ᠤᠤᠯ᠎ᠤᠨ ᠵᠦᠪᠯᠡᠯᠲᠤ ᠬᠤᠯᠪᠤᠭᠠᠲᠤ ᠤᠯᠤᠰ ᠪᠠ ᠡᠪ ᠬᠠᠮᠳᠤ᠎ᠶ᠋ᠢᠨ ᠢᠨᠲ᠋ᠧᠷᠨᠠᠼᠢᠦᠨᠠᠯ᠎ᠢ ᠬᠤᠯᠪᠤᠭ᠍ᠰᠠᠨ 《ᠬᠤᠪᠢᠰᠭᠠᠯ᠎ᠤᠨ ᠵᠠᠮ》 ᠪᠤᠢ ᠪᠤᠯᠵᠤ ᠪᠦᠷᠢᠯᠳᠦᠭ᠌ᠰᠡᠨ ᠶᠤᠮ᠃

ᠭᠤᠷᠪᠠ᠂ ᠲᠠᠯ᠎ᠠ ᠨᠤᠳᠤᠭ᠎ᠤᠨ ᠰᠤᠶᠤᠯ

ᠬᠦᠯᠦᠨ ᠪᠤᠢᠷ᠎ᠤᠨ ᠲᠠᠯ᠎ᠠ ᠨᠤᠳᠤᠭ ᠪᠤᠯ ᠳᠡᠯᠡᠬᠡᠢ᠎ᠶ᠋ᠢᠨ ᠳᠦᠷᠪᠡᠨ ᠶᠡᠭᠡ ᠲᠠᠯ᠎ᠠ ᠨᠤᠲᠤᠭ᠎ᠤᠨ ᠨᠢᠭᠡ ᠪᠠᠢᠵᠤ᠂ ᠶᠡᠷᠦᠩᠬᠡᠢ ᠲᠠᠯᠠᠪᠠᠢ ᠨᠢ 8 ᠲᠦᠮᠡᠨ ᠲᠡᠭ᠌ᠰᠢ ᠳᠦᠷᠪᠡᠯᠵᠢᠨ ᠮᠧᠲᠷ᠎ᠲᠤ ᠬᠦᠷᠴᠦ᠂ ᠶᠡᠷᠦᠩᠬᠡᠢᠯᠡᠭ᠌ᠰᠡᠨ ᠤᠷᠭᠤᠮᠠᠯ ᠬᠤᠴᠢᠯᠭ᠎ᠠ᠎ᠶ᠋ᠢᠨ ᠬᠡᠮᠵᠢᠶ᠎ᠡ᠎ᠨᠢ 76.15% ᠎ᠳᠤ ᠬᠦᠷᠴᠦ᠍ ᠪᠠᠢᠳᠠᠭ᠃ 2000 ᠭᠠᠷᠤᠢ ᠵᠢᠯ᠎ᠤᠨ ᠲᠤᠷᠰᠢ᠂ ᠾᠦᠩᠨᠤ᠂ ᠳ᠋ᠦᠩᠬᠤ᠂ ᠱᠢᠶᠠᠨᠪᠢ᠂ ᠱ᠌ᠢ ᠸᠧᠢ᠂ ᠮᠤᠩᠭᠤᠯ ᠵᠡᠷᠭᠡ ᠠᠷᠪᠠᠭᠠᠳ ᠨᠡᠭᠦᠳᠡᠯᠴᠢᠨ ᠦᠨᠳᠦᠰᠦᠲᠡᠨ ᠤᠬ᠍ᠰᠠᠭᠠᠲᠠᠨ ᠠᠳᠠ ᠤᠷᠤᠱᠢᠨ ᠠᠮᠢᠳᠤᠷᠠᠵᠤ᠂ ᠮᠤᠩᠭᠤᠯ᠂ ᠡᠸᠡᠩᠬᠢ ᠵᠡᠷᠭᠡ ᠦᠨᠳᠦᠰᠦᠲᠡᠨ ᠤᠰᠤᠨ᠎ᠤ ᠲᠤᠩᠭᠠᠯᠠᠭ᠂ ᠡᠪᠡᠰᠦᠨ᠎ᠤ ᠰᠤᠷᠭᠤᠭ᠎ᠢ ᠳᠠᠭᠠᠵᠤ ᠨᠡᠭᠦᠳᠡᠯᠯᠡᠨ ᠠᠮᠢᠳᠤᠷᠠᠵᠤ᠂ ᠠᠭᠠᠵᠢᠮ᠎ᠳᠠᠭᠠᠨ ᠦᠪᠡᠷᠮᠢᠴᠡ ᠨᠡᠭᠦᠳᠡᠯᠯᠡᠨ ᠮᠠᠯᠵᠢᠬᠤ ᠠᠮᠢᠳᠤᠷᠠᠯ᠎ᠤᠨ ᠠᠷᠭ᠎ᠠ ᠮᠠᠶᠢᠭ ᠬᠢᠭᠡᠳ ᠰᠤᠶᠤᠯ᠎ᠤᠨ ᠤᠯᠠᠮᠵᠢᠯᠠᠯ᠎ᠢ ᠪᠦᠷᠢᠯᠳᠦᠭᠦᠯᠵᠤ᠂ 《ᠲᠠᠯ᠎ᠠ ᠨᠤᠳᠤᠭ》 ᠎ᠢᠶᠠᠷ ᠴᠢᠮᠦᠭᠡ ᠪᠤᠯᠭᠠᠭ᠍ᠰᠠᠨ ᠪᠤᠳᠠᠰ᠎ᠤᠨ ᠰᠤᠶᠤᠯ ᠬᠢᠭᠡᠳ ᠵᠠᠩ ᠵᠠᠩᠱᠢᠯ᠂ ᠠᠮᠠᠨ ᠤᠷᠠᠯᠢᠭ᠂ ᠤᠳᠭ᠎ᠠ ᠵᠤᠬᠢᠶᠠᠯ ᠵᠡᠷᠭᠡ ᠮᠠᠰᠢ ᠡᠯᠪᠡᠭ ᠪᠠᠶᠠᠯᠢᠭ ᠤᠶᠤᠨ᠎ᠤ ᠰᠤᠶᠤᠯ᠎ᠢ ᠪᠤᠢ ᠪᠤᠯᠭᠠᠭ᠍ᠰᠠᠨ ᠪᠠᠢᠨ᠎ᠠ᠃ 《ᠪᠠᠢᠭᠠᠯᠢ᠎ᠶ᠋ᠢ ᠳᠡᠭᠡᠳᠦᠯᠡᠬᠦ᠂ ᠨᠡᠭᠡᠭᠡᠯᠲᠡᠳᠡᠢ᠂ ᠢᠲᠡᠭᠡᠯ ᠵᠢᠷᠤᠮ᠎ᠢ ᠰᠠᠬᠢᠬᠤ》 ᠪᠤᠯ ᠬᠦᠯᠦᠨ ᠪᠤᠢᠷ᠎ᠤᠨ ᠲᠠᠯ᠎ᠠ ᠨᠤᠳᠤᠭ᠎ᠤᠨ ᠰᠤᠶᠤᠯ᠎ᠤᠨ ᠭᠤᠤᠯ ᠠᠭᠤᠯᠤᠭ᠍ᠳᠠᠬᠤᠨ᠎ᠨᠢ ᠪᠤᠯᠬᠤ ᠶᠤᠮ᠃

ᠳᠦᠷᠪᠡ᠂ ᠲᠠᠷᠢᠶᠠᠯᠠᠬᠤ ᠰᠤᠶᠤᠯ

ᠬᠦᠯᠦᠨ ᠪᠤᠢᠷ ᠤᠷᠤᠨ᠎ᠤ ᠲᠠᠷᠢᠶᠠᠯᠠᠬᠤ ᠰᠤᠶᠤᠯ᠎ᠨᠢ ᠲᠤᠰ ᠤᠷᠤᠨ᠎ᠤ ᠮᠠᠯ ᠮᠠᠯᠵᠢᠯ᠂ ᠵᠢᠭᠠᠰᠦ ᠠᠩᠨᠠᠯ᠎ᠲᠠᠢ ᠠᠳᠠᠯᠢ᠎ᠪᠠᠷ ᠪᠦᠷ ᠮᠠᠰᠢ ᠤᠷᠲᠤ ᠬᠤᠭᠤᠴᠠᠭᠠᠨ᠎ᠤ ᠡᠭᠦᠰᠦᠯ ᠬᠦᠭ᠌ᠵᠢᠯ᠎ᠤᠨ ᠲᠡᠦᠭᠡ᠎ᠶ᠋ᠢ ᠡᠯᠡᠭᠡᠵᠤ᠂ ᠨᠡᠯᠢᠶᠡᠳ ᠦᠷᠭᠡᠨ ᠠᠭᠤᠳᠠᠮ ᠤᠷᠤᠨ ᠵᠠᠢ᠎ᠳᠤ ᠲᠠᠷᠬᠠᠵᠤ ᠪᠠᠢᠭ᠎ᠠ ᠶᠤᠮ᠃ ᠲᠤᠰ ᠤᠷᠤᠨ᠎ᠳᠤ ᠠᠮᠢᠳᠤᠷᠠᠵᠤ ᠪᠠᠢᠭ᠍ᠰᠠᠨ ᠾᠦᠩᠨᠤ᠂ ᠦᠬᠤᠸᠠᠨ᠂ ᠱᠢᠶᠠᠨᠪᠢ᠂ ᠲᠦᠷᠦᠭ᠂ ᠬᠢᠳᠠᠨ᠂ ᠵᠦᠷᠴᠢᠨ᠂ ᠮᠤᠩᠭᠤᠯ ᠵᠡᠷᠭᠡ ᠦᠨᠳᠦᠰᠦᠲᠡᠨ᠎ᠨᠦᠭᠦᠳ᠎ᠤᠨ ᠠᠷᠠᠳ ᠲᠦᠮᠡᠨ ᠪᠦᠷ ᠠᠳᠠᠯᠢ ᠪᠤᠰᠤ ᠬᠡᠮᠵᠢᠶᠠᠨ᠎ᠤ ᠲᠠᠷᠢᠶᠠᠯᠠᠬᠤ ᠮᠡᠷᠭᠡᠵᠢᠯ᠎ᠢ ᠰᠤᠷᠴᠤ᠌ ᠡᠵᠡᠮᠱᠢᠨ᠂ ᠳᠤᠮᠳᠠᠳᠤ ᠤᠷᠤᠨ᠎ᠤ ᠲᠠᠷᠢᠶᠠᠯᠠᠬᠤ ᠮᠡᠷᠭᠡᠵᠢᠯ ᠬᠢᠭᠡᠳ ᠰᠤᠶᠤᠯ᠎ᠤᠨ ᠨᠦᠯᠦᠭᠡ᠎ᠶ᠋ᠢ ᠬᠦᠨ ᠬᠦᠯᠢᠶᠡᠵᠤ ᠠᠪᠴᠠᠢ᠃ ᠪᠦᠬᠦᠳᠠ ᠨᠠᠢᠷᠠᠮᠳᠠᠬᠤ ᠳᠤᠮᠳᠠᠳᠤ ᠠᠷᠠᠳ ᠤᠯᠤᠰ ᠪᠠᠢᠭᠤᠯᠤᠭ᠍ᠳᠠᠭ᠍ᠰᠠᠨ᠎ᠤ ᠳᠠᠷᠠᠭ᠎ᠠ᠂ 1954 ᠤᠨ᠎ᠳᠤ ᠬᠦᠯᠦᠨ ᠪᠤᠢᠷ᠎ᠤᠨ ᠠᠲᠠᠷ ᠬᠠᠭᠠᠯᠪᠤᠷᠢᠯᠠᠬᠤ ᠤᠷᠤᠨ ᠪᠠᠢᠭᠤᠯᠤᠭ᠍ᠳᠠᠪᠠ᠂ ᠡᠨᠡ᠎ᠨᠢ ᠲᠤᠬᠠᠢ᠎ᠶ᠋ᠢᠨ ᠦᠶ᠎ᠡ᠎ᠳᠤ ᠪᠦᠬᠦ᠌ ᠤᠯᠤᠰ᠎ᠤᠨ ᠭᠤᠷᠪᠠᠳᠤᠭᠠᠷ ᠲᠤᠮᠤ ᠠᠲᠠᠷ ᠬᠠᠭᠠᠯᠪᠤᠷᠢᠯᠠᠬᠤ ᠤᠷᠤᠨ ᠪᠠᠢᠵᠤ᠂ ᠮᠠᠰᠢ ᠤᠯᠠᠨ ᠠᠲᠠᠷ ᠬᠠᠭᠠᠯᠪᠤᠷᠢᠯᠠᠬᠤ ᠳᠠᠷᠣᠭ᠎ᠠ ᠪᠠᠢᠯᠳᠤᠭ᠍ᠴᠢᠳ ᠠᠳᠡᠬᠢ ᠬᠢᠯᠢ ᠬᠢᠵᠠᠭᠠᠷ ᠤᠷᠤᠨ᠎ᠤ ᠲᠠᠷᠢᠶᠠᠯᠠᠬᠤ ᠦᠢᠯᠡᠰ᠎ᠤᠨ ᠪᠦᠲᠦᠭᠡᠨ ᠪᠠᠢᠭᠤᠯᠤᠯᠳᠠ᠎ᠳᠤ ᠤᠷᠤᠯᠴᠠᠵᠤ᠂ ᠠᠳᠠᠬᠢ᠎ᠶ᠋ᠢ 《ᠳᠤᠮᠳᠠᠳᠤ᠎ᠶ᠋ᠢᠨ ᠠᠮᠤ᠎ᠶ᠋ᠢᠨ ᠰᠠᠩ》 ᠪᠤᠯᠭᠠᠵᠤ ᠪᠦᠲᠦᠭᠡᠨ ᠪᠠᠢᠭᠤᠯᠤᠭ᠍ᠰᠠᠨ ᠶᠤᠮ᠃ 2023 ᠤᠨ ᠪᠤᠯᠬᠤ᠎ᠳᠤ᠂ ᠬᠦᠯᠦᠨ ᠪᠤᠢᠷ᠎ᠤᠨ ᠠᠲᠠᠷ ᠬᠠᠭᠠᠯᠪᠤᠷᠢᠯᠠᠬᠤ ᠪᠦᠯᠦᠭ᠌ᠯᠡᠯ᠎ᠨᠢ 600 ᠲᠦᠮᠡᠨ ᠮᠤ᠌ ᠲᠠᠷᠢᠶᠠᠨ ᠭᠠᠵᠠᠷ᠎ᠠᠴᠠ ᠡᠭᠡ ᠤᠯᠤᠰ᠎ᠲᠠᠭᠠᠨ ᠨᠡᠢᠲᠡ 3750 ᠲᠦᠮᠡᠨ ᠲᠤᠨ ᠠᠮᠤ ᠪᠣᠳᠠᠭ᠎ᠠ᠂ ᠪᠤᠷᠴᠠᠭ ᠵᠡᠷᠭᠡ᠎ᠶ᠋ᠢ ᠬᠠᠨᠳᠢᠪᠯᠠᠭ᠍ᠰᠠᠨ ᠶᠤᠮ᠃ ᠠᠲᠠᠷ ᠬᠠᠭᠠᠯᠪᠤᠷᠢᠯᠠᠵᠤ ᠲᠠᠷᠢᠶᠠᠯᠠᠬᠤ ᠰᠤᠶᠤᠯ᠎ᠤᠨ ᠭᠤᠤᠯ ᠵᠤᠷᠢᠭ ᠰᠠᠨᠠᠭ᠎ᠠ ᠪᠤᠯ 《ᠬᠠᠷᠠᠮ ᠦᠭᠡᠢ ᠵᠤᠷᠢᠭᠤᠯᠬᠤ᠂ ᠠᠵᠢᠯᠴᠢ ᠪᠤᠷᠤᠭ᠍ᠵᠢᠭᠤᠨ᠂ ᠪᠦᠯᠬᠦᠮᠳᠡᠨ ᠬᠠᠪᠰᠤᠷᠤᠯᠴᠠᠬᠤ》 ᠪᠠᠢᠵᠤ᠂ ᠲᠠᠷᠢᠶᠠᠯᠠᠬᠤ ᠰᠤᠶᠤᠯ᠎ᠤᠨ ᠬᠦᠯᠦᠨ ᠪᠤᠢᠷ ᠤᠷᠤᠨ᠎ᠳᠠᠬᠢ ᠠᠮᠢᠳᠤᠯᠢᠭ ᠦᠢᠯᠡᠳᠦᠯᠭᠡᠵᠢᠬᠦᠯᠦᠯ ᠪᠤᠯᠤᠨ᠎ᠠ᠃

ᠲᠠᠪᠤ᠂ ᠬᠢᠯᠢ ᠬᠠᠮᠠᠭᠠᠯᠠᠯᠳᠠ᠎ᠶ᠋ᠢᠨ ᠰᠤᠶᠤᠯ

ᠬᠦᠯᠦᠨ ᠪᠤᠢᠷ᠎ᠨᠢ ᠡᠭᠡ ᠤᠯᠤᠰ᠎ᠤᠨ ᠤᠮᠠᠷᠠᠳᠤ ᠬᠢᠵᠠᠭᠠᠷ᠎ᠲᠤ ᠪᠠᠢᠷᠢᠱᠢᠵᠤ᠂ ᠨᠡᠢᠲᠡ 1733.32 ᠺᠢᠯᠤᠮᠧᠲᠷ ᠬᠢᠯᠢ᠎ᠶ᠋ᠢᠨ ᠱᠤᠭᠤᠮ᠎ᠢᠶᠠᠷ ᠤᠷᠤᠰ᠎ᠤᠨ ᠬᠤᠯᠪᠤᠭ᠎ᠠ ᠪᠠ ᠮᠤᠩᠭᠤᠯ ᠤᠯᠤᠰ᠎ᠲᠠᠢ ᠬᠢᠯᠢ ᠨᠡᠢᠯᠡᠵᠦ᠂ ᠦᠪᠦᠷ ᠮᠤᠩᠭᠤᠯ᠎ᠤᠨ ᠪᠦᠬᠦ᠌ ᠬᠢᠯᠢ᠎ᠶ᠋ᠢᠨ ᠱᠤᠭᠤᠮ᠎ᠤᠨ 41.3% ᠎ᠶ᠋ᠢ ᠡᠵᠡᠯᠡᠵᠤ ᠪᠠᠢᠳᠠᠭ᠃ ᠠᠯᠢ ᠡᠷᠲᠡ ᠲᠠᠩ ᠤᠯᠤᠰ᠎ᠤᠨ ᠦᠶ᠎ᠡ᠎ᠳᠤ ᠱ᠌ᠢ ᠸᠧᠢ ᠳ᠋ᠦᠳᠦ᠋ ᠶᠠᠮᠤᠨ ᠪᠠᠢᠭᠤᠯᠤᠭ᠍ᠳᠠᠵᠤ᠂ ᠬᠦᠯᠦᠨ ᠪᠤᠢᠷ ᠤᠷᠤᠨ᠎ᠢ ᠲᠦᠪ᠎ᠤᠨ ᠵᠠᠬᠢᠷᠭᠠᠨ᠎ᠳᠤ ᠤᠷᠤᠭᠤᠯᠤᠨ ᠬᠠᠮᠢᠶᠠᠷᠴᠤ᠌ ᠪᠠᠢᠵᠠᠢ᠃ ᠮᠢᠩ ᠤᠯᠤᠰ᠎ᠤᠨ ᠶᠦᠩ ᠯᠧ᠎ᠶ᠋ᠢᠨ ᠳᠦᠷᠪᠡᠳᠦᠭᠡᠷ ᠤᠨ (1406 ᠤᠨ) ᠎ᠳᠤ ᠮᠢᠩ ᠤᠯᠤᠰ ᠤᠨᠤᠨ ᠭᠤᠤᠯ᠎ᠤᠨ ᠤᠷᠤᠰᠭᠠᠯ ᠳᠠᠭᠠᠦ ᠤᠨᠤᠨ ᠭᠤᠤᠯ᠎ᠤᠨ ᠬᠠᠮᠠᠭᠠᠯᠠᠬᠤ ᠪᠠᠢᠭᠤᠯᠤᠮᠵᠢ᠎ᠪᠠᠢᠭᠤᠯᠵᠤ᠂ ᠡᠯ᠎ᠡ ᠦᠨᠳᠦᠰᠦᠲᠡᠨ᠎ᠤ ᠠᠷᠠᠳ ᠲᠦᠮᠡᠨ᠎ᠢ ᠬᠠᠮᠢᠶᠠᠷᠴᠤ᠌᠂ ᠳᠠᠭᠠᠦ᠍᠎ᠳᠤᠨᠢ ᠬᠢᠯᠢ᠎ᠶ᠋ᠢᠨ ᠬᠠᠮᠠᠭᠠᠯᠠᠯᠳᠠ᠎ᠪᠠᠨ ᠪᠠᠬᠢᠵᠢᠭᠦᠯᠵᠤ ᠪᠠᠢᠵᠠᠢ᠃ ᠴᠢᠩ ᠤᠯᠤᠰ᠎ᠤᠨ ᠦᠶ᠎ᠡ ᠪᠠ ᠤᠢᠷ᠎ᠠ ᠦᠶ᠎ᠡ᠎ᠶ᠋ᠢᠨ ᠲᠡᠦᠭᠡᠨ ᠳᠡᠭᠡᠷ᠎ᠡ ᠬᠦᠯᠦᠨ ᠪᠤᠢᠷ ᠤᠷᠤᠨ᠎ᠨᠢ ᠴᠠᠭᠠᠨ ᠬᠠᠭᠠᠨᠲᠤ ᠤᠷᠤᠰ᠎ᠤᠨ ᠳᠦᠷᠢᠮᠡᠬᠡᠢᠯᠡᠯ᠎ᠢ ᠤᠯᠠᠨ ᠤᠳᠠᠭ᠎ᠠ ᠪᠤᠳᠠ ᠨᠢᠷᠭᠡᠵᠤ᠂ ᠬᠦᠯᠦᠨ ᠪᠤᠢᠷ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ ᠰᠡᠳᠭᠢᠯ ᠨᠢᠭᠡᠳᠦᠨ ᠪᠦᠯᠬᠦᠮᠳᠡᠵᠤ᠂ ᠬᠠᠮᠳᠤ᠎ᠪᠠᠷ ᠡᠬᠡ ᠤᠯᠤᠰ᠎ᠤᠨ᠎ᠢᠶᠠᠨ ᠳᠠᠷᠬᠠᠨ ᠬᠢᠯᠢ᠎ᠶ᠋ᠢ ᠬᠠᠮᠠᠭᠠᠯᠠᠬᠤ ᠢᠷᠠᠭᠤ ᠠᠯᠳᠠᠷᠲᠠᠢ ᠲᠡᠦᠭᠡ᠎ᠶ᠋ᠢ ᠪᠢᠴᠢᠭ᠌ᠯᠡᠭ᠌ᠰᠡᠨ ᠪᠠᠢᠨ᠎ᠠ᠃ 《ᠦᠨᠡᠨᠴᠢ ᠱᠢᠳᠤᠷᠭᠤ᠂ ᠤᠯᠤᠰ᠎ᠢᠶᠠᠨ ᠬᠠᠢᠷᠠᠯᠠᠬᠤ᠂ ᠬᠠᠷᠢᠭᠤᠴᠠᠯᠭ᠎ᠠ᠎ᠲᠠᠢ᠂ ᠬᠠᠨᠳᠢᠪᠯᠠᠬᠤ》 ᠬᠢᠯᠢ ᠬᠠᠮᠠᠭᠠᠯᠠᠯᠳᠠ᠎ᠶ᠋ᠢᠨ ᠵᠤᠷᠢᠭ ᠰᠠᠨᠠᠭ᠎ᠠ᠎ᠨᠢ ᠨᠢᠭᠡᠨᠳᠠ ᠬᠦᠯᠦᠨ ᠪᠤᠢᠷ᠎ᠤᠨ ᠡᠭᠡ ᠭᠠᠵᠠᠷ ᠳᠡᠭᠡᠷ᠎ᠡ ᠦᠨᠳᠦᠰᠦ᠎ᠪᠠᠨ ᠬᠦᠨ ᠬᠠᠳᠭᠤᠭ᠍ᠰᠠᠨ ᠶᠤᠮ᠃

ᠵᠢᠷᠭᠤᠭ᠎ᠠ᠂ ᠤᠢ ᠱᠢᠭᠤᠢ᠎ᠶ᠋ᠢᠨ ᠰᠤᠶᠤᠯ

ᠤᠢ ᠱᠢᠭᠤᠢ᠎ᠶ᠋ᠢᠨ ᠰᠤᠶᠤᠯ ᠪᠤᠯ ᠬᠦᠯᠦᠨ ᠪᠤᠢᠷ ᠤᠷᠤᠨ᠎ᠤ ᠤᠨᠴᠠᠭᠠᠢ ᠭᠠᠵᠠᠷ ᠵᠦᠢ᠂ ᠪᠠᠢᠭᠠᠯᠢ ᠤᠷᠴᠢᠨ ᠬᠢᠭᠡᠳ ᠲᠡᠦᠭᠡ ᠰᠤᠶᠤᠯ᠎ᠤᠨ ᠤᠶᠠᠯᠳᠤᠯ᠎ᠤᠨ ᠶᠠᠪᠤᠴᠠ᠎ᠳᠤ ᠪᠤᠢ ᠪᠤᠯᠤᠭ᠍ᠰᠠᠨ ᠤᠨᠴᠠᠭᠠᠢ ᠰᠤᠶᠤᠯ᠎ᠤᠨ ᠦᠵᠡᠭ᠌ᠳᠡᠯ ᠪᠣᠯᠣᠨ᠎ᠠ᠂ ᠲᠡᠭᠦᠨ᠎ᠤ ᠬᠦᠮᠦᠨ ᠪᠠᠢᠭᠠᠯᠢ ᠡᠶ᠎ᠡ ᠵᠤᠬᠢᠴᠠᠯ ᠳᠠᠢ ᠤᠷᠤᠱᠢᠬᠤᠢ᠎ᠶ᠋ᠢ ᠮᠠᠰᠢ ᠠᠮᠢᠳᠤᠯᠢᠭ ᠬᠠᠷᠠᠭᠤᠯᠤᠭ᠍ᠰᠠᠨ ᠭᠠᠵᠠᠷ ᠤᠷᠤᠨ᠎ᠤ ᠰᠤᠶᠤᠯ᠎ᠤᠨ ᠰᠤᠳᠤᠨ ᠵᠢᠱ᠌ᠢᠶ᠎ᠡ ᠭᠡᠵᠤ ᠬᠡᠯᠡᠵᠤ ᠪᠤᠯᠣᠨ᠎ᠠ᠃ ᠬᠦᠯᠦᠨ ᠪᠤᠢᠷ ᠤᠷᠤᠨ᠎ᠳᠤ ᠤᠢ ᠱᠢᠭᠤᠢ᠎ᠶ᠋ᠢᠨ ᠡᠬᠢ ᠪᠠᠶᠠᠯᠢᠭ ᠮᠠᠰᠢ ᠡᠯᠪᠡᠭ ᠪᠠᠶᠠᠯᠢᠭ ᠪᠠᠢᠵᠤ᠂ 13 ᠲᠦᠮᠡᠨ ᠲᠡᠭ᠌ᠰᠢ ᠳᠦᠷᠪᠡᠯᠵᠢᠨ ᠺᠢᠯᠤᠮᠧᠲᠷ ᠲᠠᠯᠠᠪᠠᠢ ᠪᠦᠬᠦᠢ ᠤᠢ ᠱᠢᠭᠤᠢ᠎ᠨᠢ ᠬᠦᠯᠦᠨ ᠪᠤᠢᠷ᠎ᠤᠨ ᠡᠬᠡ ᠭᠠᠵᠠᠷ᠎ᠤᠨ 52.35% ᠎ᠶ᠋ᠢ ᠪᠦᠷᠬᠦᠵᠤ᠂ 1400 ᠭᠠᠷᠦᠢ ᠵᠦᠢᠯ᠎ᠤᠨ ᠭᠡᠭᠡᠷ᠎ᠡ᠎ᠶ᠋ᠢᠨ ᠤᠷᠭᠤᠮᠠᠯ ᠤᠷᠭᠤᠵᠤ᠂ ᠭᠡᠭᠡᠷ᠎ᠡ᠎ᠶ᠋ᠢᠨ ᠠᠮᠢᠲᠠᠨ᠎ᠤ ᠲᠦᠷᠦᠯ ᠵᠦᠢᠯ᠎ᠨᠢ ᠪᠦᠬᠦ᠌ ᠤᠯᠤᠰ᠎ᠤᠨ ᠭᠡᠭᠡᠷ᠎ᠡ᠎ᠶ᠋ᠢᠨ ᠠᠮᠢᠲᠠᠨ᠎ᠤ ᠲᠦᠷᠦᠯ ᠵᠦᠢᠯ᠎ᠤᠨ 12.3% ᠎ᠶ᠋ᠢ ᠡᠵᠡᠯᠡᠵᠤ᠂ ᠶᠤᠰᠤᠲᠠᠢ ᠤᠢ ᠱᠢᠭᠤᠢ᠂ ᠭᠡᠭᠡᠷ᠎ᠡ᠎ᠶ᠋ᠢᠨ ᠠᠮᠢᠲᠠᠨ ᠤᠷᠭᠤᠮᠠᠯ᠎ᠤᠨ ᠬᠦᠭ᠌ᠵᠢᠶᠡᠨᠲᠤ ᠶᠢᠷᠲᠢᠨᠴᠦ᠍ ᠪᠤᠯᠤᠭ᠍ᠰᠠᠨ ᠪᠠᠢᠳᠠᠭ᠃ ᠤᠷᠴᠤᠨ᠂ ᠡᠸᠡᠩᠬᠢ ᠵᠡᠷᠭᠡ ᠦᠨᠳᠦᠰᠦᠲᠡᠨ ᠲᠡᠦᠭᠡᠨ᠎ᠠᠴᠠ ᠠᠪᠤᠭᠠᠳ ᠪᠢᠲᠡᠭᠦᠦ ᠪᠠᠯᠠᠷ ᠤᠢ᠎ᠳᠤ ᠠᠩ ᠠᠩᠨᠠᠯ᠎ᠢᠶᠠᠷ ᠠᠮᠢᠳᠤᠷᠠᠨ ᠤᠷᠤᠱᠢᠵᠤ᠂ ᠦᠢᠯᠡᠳᠪᠦᠷᠢᠯᠡᠯ᠂ ᠬᠤᠪᠴᠠᠰᠦ ᠵᠠᠰᠠᠯ᠂ ᠢᠳᠡᠭᠡᠨ ᠤᠮᠳᠠᠭᠠᠨ᠎ᠠᠴᠠ ᠠᠪᠤᠭᠠᠳ ᠨᠠᠭᠠᠳᠤᠮ ᠲᠤᠭ᠍ᠯᠠᠭᠠᠮ᠎ᠳᠠᠭᠠᠨ ᠬᠦᠷᠲᠡᠯ᠎ᠡ ᠤᠢ ᠱᠢᠭᠤᠢ᠎ᠠᠴᠠ ᠰᠠᠯᠵᠤ ᠴᠢᠳᠠᠬᠤ ᠦᠭᠡᠢ ᠪᠠᠢᠵᠠᠢ᠃ ᠡᠢᠨ ᠬᠦ᠌ ᠬᠠᠬᠢᠷ ᠬᠦᠢᠲᠡᠨ ᠪᠠᠢᠭᠠᠯᠢ ᠤᠷᠴᠢᠨ᠂ ᠪᠡᠷᠭᠡ ᠬᠠᠲᠠᠭᠤ ᠠᠮᠢᠳᠤᠷᠠᠯ᠎ᠤᠨ ᠨᠦᠭᠦᠴᠡᠯ ᠬᠢᠭᠡᠳ ᠤᠨᠴᠠᠭᠠᠢ ᠠᠮᠢᠳᠤᠷᠠᠯ᠎ᠤᠨ ᠠᠷᠭ᠎ᠠ ᠮᠠᠶᠢᠭ ᠵᠡᠷᠭᠡ᠎ᠨᠢ ᠠᠳᠡᠬᠢ ᠬᠦᠮᠦᠰ᠎ᠢ ᠳᠠᠪᠲᠠᠨ ᠪᠤᠯᠪᠠᠰᠤᠷᠠᠭᠤᠯᠵᠤ᠂ ᠠᠭᠠᠵᠢᠮ᠎ᠢᠶᠠᠷ 《ᠨᠤᠭᠤᠭᠠᠨ᠂ ᠤᠷᠴᠢᠯ᠎ᠲᠠᠢ᠂ ᠬᠠᠮᠳᠤ ᠤᠷᠤᠱᠢᠬᠤ᠂ ᠨᠡᠭᠦᠷᠡᠰᠦᠳᠦ᠋ᠷᠦᠭ᠌ᠴᠢ ᠪᠠᠭᠠᠲᠠᠢ》 ᠤᠢ ᠱᠢᠭᠤᠢ᠎ᠶ᠋ᠢᠨ ᠰᠤᠶᠤᠯ᠎ᠤᠨ ᠵᠤᠷᠢᠭ ᠰᠠᠨᠠᠭ᠎ᠠ᠎ᠶ᠋ᠢ ᠪᠦᠷᠢᠯᠳᠦᠭᠦᠯᠦᠭ᠌ᠰᠡᠨ ᠪᠠᠢᠨ᠎ᠠ᠃

ᠬᠦᠯᠦᠨ ᠪᠤᠢᠷ᠎ᠤᠨ ᠲᠠᠯ᠎ᠠ᠎ᠨᠢ ᠠᠭᠤᠳᠠᠮ᠂ ᠤᠢ ᠱᠢᠭᠤᠢ᠂ ᠭᠡᠭᠡᠷ᠎ᠡ᠎ᠶ᠋ᠢᠨ ᠠᠷᠢᠶᠠᠲᠠᠨ ᠠᠮᠢᠲᠠᠨ ᠡᠯᠪᠡᠭ ᠪᠠᠢᠳᠠᠭ᠎ᠢᠶᠠᠷ ᠪᠠᠷᠠᠬᠤ ᠦᠭᠡᠢ᠂ ᠰᠤᠶᠤᠯ᠎ᠨᠢ ᠴᠦ᠍ ᠤᠯᠠᠨ ᠲᠠᠯᠠᠴᠢᠯᠠᠭ᠍ᠰᠠᠨ ᠪᠤᠯᠬᠤ᠎ᠨᠢ ᠢᠯᠡᠷᠬᠡᠢ ᠶᠤᠮ᠃ ᠨᠦᠭᠦᠭᠡ ᠲᠠᠯ᠎ᠠ᠎ᠪᠠᠷ᠂ ᠬᠦᠯᠦᠨ ᠪᠤᠢᠷ᠎ᠨᠢ ᠪᠦᠬᠦ᠌ ᠤᠯᠤᠰ᠎ᠤᠨ ᠬᠡᠪᠴᠢᠶᠡᠨ᠎ᠳᠤ ᠵᠢᠭᠤᠯᠴᠢᠯᠠᠯ᠎ᠤᠨ ᠦᠢᠯᠡᠰ ᠬᠦᠭ᠌ᠵᠢᠭ᠌ᠰᠡᠨ ᠪᠠᠢᠳᠠᠭ᠎ᠢᠶᠠᠷ᠎ᠢᠶᠠᠨ ᠠᠯᠳᠠᠷ ᠨᠡᠷ᠎ᠡ᠎ᠪᠠᠨ ᠮᠠᠨᠳᠤᠭᠤᠯᠵᠤ᠂ ᠤᠷᠢᠳ ᠬᠤᠵᠢᠳ 《ᠳᠤᠮᠳᠠᠳᠤ ᠤᠯᠤᠰ᠎ᠤᠨ ᠬᠠᠮᠤᠭ᠎ᠤᠨ ᠦᠵᠡᠰᠭᠦᠯᠡᠩᠲᠤ ᠲᠠᠯ᠎ᠠ ᠨᠤᠳᠤᠭ》᠂ 《ᠳᠤᠮᠳᠠᠳᠤ ᠤᠯᠤᠰ᠎ᠤᠨ ᠱᠢᠯᠢᠳᠡᠭ ᠵᠢᠭᠤᠯᠴᠢᠯᠠᠯ᠎ᠤᠨ ᠬᠤᠲᠠ》 ᠵᠡᠷᠭᠡ 20 ᠭᠠᠷᠤᠢ ᠢᠷᠠᠭᠤ ᠠᠯᠳᠠᠷ᠎ᠢ ᠬᠦᠷᠲᠡᠵᠤ᠂ ᠦᠪᠦᠷ ᠮᠤᠩᠭᠤᠯ ᠤᠷᠤᠨ᠎ᠤ 5A ᠳᠡᠰ᠎ᠤᠨ ᠦᠵᠡᠮᠵᠢ᠎ᠶ᠋ᠢᠨ ᠤᠷᠤᠨ᠎ᠤ ᠲᠤᠭ᠎ᠠ ᠬᠠᠮᠤᠭ ᠤ᠋ᠨ ᠤᠯᠠᠨ ᠠᠢᠮᠠᠭ ᠬᠤᠲᠠ ᠪᠤᠯᠤᠭ᠍ᠰᠠᠨ ᠶᠤᠮ᠃ ᠡᠢᠨ ᠎ᠬᠦ 2025 ᠤᠨ᠎ᠳᠤ ᠬᠦᠯᠦᠨ ᠪᠦᠢᠷ ᠬᠤᠲᠠ ᠰᠤᠶᠤᠯ ᠵᠢᠭᠤᠯᠴᠢᠯᠠᠯ᠎ᠤᠨ ᠲᠦᠷᠦᠯ ᠲᠡᠮᠳᠡᠭ᠎ᠢ ᠠᠭᠤᠰᠤᠯᠴᠠᠭᠤᠯᠤᠨ ᠬᠦᠭ᠌ᠵᠢᠬᠦᠯᠬᠦ᠌ ᠠᠱᠢᠭ᠍ᠲᠠᠢ ᠳᠤᠬᠢᠶᠠᠯ᠎ᠢ ᠠᠱᠢᠭ᠍ᠯᠠᠨ᠂ ᠬᠦᠯᠦᠨ ᠪᠤᠢᠷ᠎ᠤᠨ ᠰᠤᠶᠤᠯ ᠵᠢᠭᠤᠯᠴᠢᠯᠠᠯ᠎ᠤᠨ ᠦᠢᠯᠡᠰ᠎ᠤᠨ ᠬᠡᠯᠪᠡᠷᠢ᠎ᠶ᠋ᠢ ᠬᠤᠪᠢᠷᠠᠭᠤᠯᠬᠤ᠂ ᠳᠡᠭᠡᠭ᠌ᠰᠢᠯᠡᠬᠦᠯᠬᠦ᠌᠎ᠶ᠋ᠢ ᠪᠦᠬᠦ᠌ ᠬᠦᠴᠦᠨ᠎ᠢᠶᠠᠷ ᠵᠢᠡᠨ ᠠᠬᠢᠭᠤᠯᠬᠤ᠎ᠪᠠᠷ ᠬᠠᠷᠠᠯᠳᠠ ᠵᠤᠷᠢᠯᠭ᠎ᠠ᠎ᠪᠠᠨ ᠪᠤᠯᠭᠠᠵᠤ ᠪᠠᠢᠭ᠎ᠠ ᠶᠤᠮ᠃ ᠡᠭᠦᠨ᠎ᠳᠤ ᠵᠤᠷᠢᠭᠤᠯᠵᠤ ᠬᠦᠯᠦᠨ ᠪᠤᠢᠷ ᠬᠤᠲᠠ᠎ᠨᠢ 《〈ᠠᠭᠤᠰᠤᠯᠴᠠᠯ᠎ᠤᠨ ᠵᠠᠮ〉 ᠭᠡᠬᠦ᠌ ᠰᠤᠶᠤᠯ ᠵᠢᠭᠤᠯᠴᠢᠯᠠᠯ᠎ᠤᠨ ᠲᠦᠷᠦᠯ ᠲᠡᠮᠳᠡᠭ᠎ᠢ ᠪᠤᠢ ᠪᠤᠯᠭᠠᠬᠤ᠎ᠪᠠᠷ ᠳᠠᠮᠵᠢᠭᠤᠯᠵᠤ ᠦᠨᠳᠦᠰᠦᠲᠡᠨ᠎ᠨᠦᠭᠦᠳ᠎ᠤᠨ ᠬᠤᠭᠤᠷᠤᠨᠳᠤᠬᠢ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯ᠎ᠢ ᠠᠬᠢᠭᠤᠯᠬᠤ ᠠᠵᠢᠯ᠎ᠤᠨ ᠲᠦᠰᠦᠯ》᠎ᠢ ᠨᠡᠢᠲᠡᠯᠡᠨ ᠬᠡᠷᠡᠭ᠌ᠵᠢᠭᠦᠯᠵᠤ᠂ 《ᠵᠢᠷᠭᠤᠭᠠᠨ ᠨᠢᠭᠡ》 ᠎ᠶ᠋ᠢᠨ ᠠᠵᠢᠯ᠎ᠤᠨ ᠰᠡᠳᠭᠢᠴᠡ᠎ᠶ᠋ᠢ ᠳᠤᠷᠠᠳᠴᠠᠢ᠃ ᠲᠤᠬᠠᠢᠯᠠᠪᠠᠯ᠂ ᠨᠢᠭᠡ ᠤᠳᠠᠭ᠎ᠠ ᠵᠢᠨ ᠳᠡᠯᠭᠡᠨ ᠦᠵᠡᠭᠦᠯᠭᠡ ᠡᠷᠬᠢᠯᠡᠬᠦ᠂ ᠨᠢᠭᠡ ᠵᠤᠷᠪᠤᠰ ᠵᠢᠭᠤᠯᠴᠢᠯᠠᠯ᠎ᠤᠨ ᠵᠠᠮ ᠱᠤᠭᠤᠮ᠎ᠢ ᠲᠦᠰᠦᠪᠯᠡᠬᠦ᠂ ᠨᠢᠭᠡ ᠤᠬᠠᠭᠤᠯᠭ᠎ᠠ ᠰᠤᠷᠲᠠᠯᠴᠢᠯᠠᠭ᠎ᠠ ᠵᠢᠨ ᠬᠠᠮᠳᠤ ᠨᠢᠭᠡᠴᠢ᠎ᠶ᠋ᠢ ᠨᠢᠭᠡᠳᠭᠡᠵᠤ ᠪᠠᠢᠭᠤᠯᠬᠤ᠂ ᠨᠢᠭᠡ ᠤᠳᠠᠭ᠎ᠠ ᠵᠢᠨ ᠦᠪᠡᠷ᠎ᠢᠶᠠᠨ ᠮᠠᠱᠢᠨ ᠪᠠᠷᠢᠵᠤ ᠵᠢᠭᠤᠯᠴᠢᠯᠠᠬᠤ ᠠᠵᠢᠯᠯᠠᠭ᠎ᠠ ᠵᠤᠬᠢᠶᠠᠨ ᠪᠠᠢᠭᠤᠯᠬᠤ᠂ ᠨᠢᠭᠡ ᠤᠳᠠᠭ᠎ᠠ ᠵᠢᠨ ᠱᠢᠯᠢᠳᠡᠭ ᠲᠤᠭ᠍ᠯᠠᠯᠳᠠ᠎ᠶ᠋ᠢ ᠵᠤᠬᠢᠶᠠᠨ ᠪᠠᠢᠭᠤᠯᠬᠤ᠂ ᠨᠢᠭᠡ ᠢᠵᠢ ᠴᠤᠪᠤᠷᠠᠯ ᠨᠤᠮ ᠨᠠᠢᠷᠠᠭᠤᠯᠵᠤ ᠪᠢᠴᠢᠬᠦ᠌ ᠵᠡᠷᠭᠡ 《ᠵᠢᠷᠭᠤᠭᠠᠨ ᠨᠢᠭᠡ》 ᠎ᠶ᠋ᠢ ᠳᠤᠷᠠᠳᠴᠦ᠍᠂ ᠲᠦᠷᠦᠯ ᠲᠡᠮᠳᠡᠭ᠎ᠤᠨ ᠪᠠᠢᠭᠤᠯᠤᠯᠳᠠ᠎ᠳᠠᠭᠠᠨ ᠪᠤᠲᠠᠲᠠᠢ ᠪᠦᠭᠡᠳ ᠲᠤᠳᠤᠷᠬᠠᠢ ᠵᠠᠮ ᠴᠢᠭ᠌ᠯᠡᠯ᠎ᠢ ᠵᠢᠭᠠᠭᠰᠠᠨ ᠶᠤᠮ᠃ ᠡᠨᠡ ᠬᠦ᠌ 《ᠠᠭᠤᠰᠤᠯᠴᠠᠯ᠎ᠤᠨ ᠵᠠᠮ》 ᠭᠡᠬᠦ᠌ ᠲᠦᠷᠦᠯ ᠲᠡᠮᠳᠡᠭ᠎ᠤᠨ ᠪᠠᠢᠭᠤᠯᠤᠯᠳᠠ᠎ᠶ᠋ᠢ ᠪᠡᠶᠡᠯᠡᠬᠦᠯᠬᠦ᠌ ᠎ᠳᠤ ᠵᠠᠪᠠᠯ ᠰᠤᠶᠤᠯ ᠪᠠ ᠵᠢᠭᠤᠯᠴᠢᠯᠠᠯ᠎ᠢ ᠨᠢᠭ᠍ᠲᠠ ᠠᠭᠤᠰᠤᠯᠴᠠᠭᠤᠯᠬᠤ ᠬᠡᠷᠡᠭ᠌ᠲᠡᠢ᠂ ᠳᠠᠷᠤᠢ ᠵᠢᠭᠤᠯᠴᠢᠯᠠᠯ᠎ᠤᠨ ᠦᠢᠯᠡᠰ᠎ᠢ ᠡᠷᠬᠢᠯᠡᠨ ᠶᠠᠪᠤᠭ᠍ᠳᠠᠭᠤᠯᠬᠤ᠂ ᠵᠢᠭᠤᠯᠴᠢᠯᠠᠭ᠍ᠰᠠᠳ᠎ᠲᠤ ᠦᠢᠯᠡᠴᠢᠯᠡᠬᠦ᠌ ᠶᠠᠪᠤᠴᠠ᠎ᠳᠠᠭᠠᠨ ᠵᠠᠪᠠᠯ ᠰᠤᠶᠤᠯ᠎ᠤᠨ ᠡᠯᠧᠮᠧᠨ᠋ᠲ᠎ᠢ ᠤᠷᠤᠭᠤᠯᠬᠤ ᠠᠰᠠᠭᠤᠳᠠᠯ᠎ᠢ ᠬᠦᠢᠴᠡᠳ ᠪᠤᠳᠤᠯᠬᠢᠯᠠᠵᠤ᠂ ᠵᠢᠭᠤᠯᠴᠢᠯᠠᠯ᠎ᠤᠨ ᠵᠠᠮ ᠱᠤᠭᠤᠮ᠎ᠤᠨ ᠪᠦᠬᠦ᠌ ᠶᠠᠪᠤᠴᠠ᠎ᠳᠤ ᠳᠡᠭᠡᠷ᠎ᠡ ᠳᠤᠷᠠᠳᠤᠭ᠍ᠰᠠᠨ ᠰᠤᠶᠤᠯ᠎ᠤᠨ ᠬᠦᠴᠦᠨ ᠵᠦᠢᠯᠡᠰ᠎ᠢ ᠠᠭᠤᠰᠭᠠᠨ ᠤᠷᠤᠭᠤᠯᠵᠤ᠂ ᠵᠢᠭᠤᠯᠴᠢᠯᠠᠭ᠍ᠰᠠᠳ᠎ᠲᠤ ᠵᠢᠭᠤᠯᠴᠢᠯᠠᠬᠤ ᠶᠠᠪᠤᠴᠠ᠎ᠳᠤ ᠰᠤᠶᠤᠯ᠎ᠤᠨ ᠬᠦᠷᠲᠡᠭᠡᠮᠵᠢ ᠤᠯᠭᠤᠬᠤ᠎ᠶ᠋ᠢ ᠪᠡᠶᠡᠯᠡᠬᠦᠯᠬᠦ᠌᠎ᠪᠠᠷ ᠴᠢᠷᠮᠠᠢᠬᠤ ᠬᠡᠷᠡᠭ᠌ᠲᠡᠢ᠃ ᠢᠩᠬᠢᠮᠡᠨᠵᠢᠨ ᠰᠠᠶᠢ ᠳᠤᠮᠳᠠᠳᠤ᠎ᠶ᠋ᠢᠨ ᠦᠨᠳᠦᠰᠦᠲᠡᠨ᠎ᠤ ᠰᠤᠶᠤᠯ᠎ᠤᠨ ᠡᠴᠢᠨ᠎ᠡ ᠭᠠᠢᠬᠠᠮᠱᠢᠭ᠎ᠢ ᠬᠦᠮᠦᠰ᠎ᠲᠤ ᠮᠡᠳᠡᠷᠡᠭᠦᠯᠵᠤ᠂ ᠤᠮᠠᠷᠠᠲᠤ ᠬᠢᠯᠢ᠎ᠶ᠋ᠢᠨ ᠰᠤᠶᠤᠯ᠎ᠤᠨ ᠪᠠᠢᠭᠤᠯᠤᠯᠳᠠ᠎ᠳᠤ ᠵᠢᠩᠬᠢᠨᠢ ᠨᠢᠭᠡ ᠮᠦᠷᠦᠨ᠎ᠤ ᠬᠦᠴᠦᠨ᠎ᠢ ᠨᠡᠮᠡᠷᠢᠯᠡᠵᠤ ᠴᠢᠳᠠᠨ᠎ᠠ᠃

(ᠵᠤᠬᠢᠶᠠᠭᠴᠢ ᠵᠢᠨ ᠬᠠᠶᠢᠭ ᠄ ᠦᠪᠦᠷ ᠮᠤᠩᠭᠤᠯ᠎ᠤᠨ ᠨᠡᠢᠭᠡᠮ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠤᠨ ᠤᠮᠠᠷᠠᠳᠤ ᠬᠢᠯᠢ ᠵᠢᠨ ᠰᠤᠶᠤᠯ ᠰᠤᠳᠤᠯᠬᠤ ᠭᠠᠵᠠᠷ᠎ᠤᠨ ᠳᠠᠷᠤᠭ᠎ᠠ᠂ ᠰᠤᠳᠤᠯᠤᠭ᠍ᠴᠢ )

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面