ᠲᠡᠷᠢᠭᠦᠨ ᠨᠢᠭᠤᠷ>ᠣᠨᠣᠯ ᠱᠢᠭᠦᠮᠵᠢ>ᠰᠢᠭᠦᠮᠵᠢ

2026-03-23 11:12:22

ᠵᠣᠬᠢᠶᠠᠭ᠍ᠴᠢ᠄ ᠯᠸ ᠴᠢᠶᠦ᠋ᠨ ᠣᠩᠱᠢᠭ᠍ᠰᠠᠨ ᠣᠳᠠᠭ᠎ᠠ᠄ 3

ᠱᠧᠨᠵᠧᠨ ᠎ᠦ ᠲᠧᠯᠸᠢᠰ ᠬᠣᠷᠢᠶᠠᠨ ᠎ᠤ ᠮᠡᠳᠡᠭᠡᠯᠡᠯ᠎ᠢ ᠦᠨᠳᠦᠰᠦᠯᠡᠪᠡᠯ᠂ ᠣᠢᠷ᠎ᠠ᠎ᠳᠤ ᠱᠧᠨᠵᠧᠨ ᠬᠣᠲᠠ᠎ᠶᠢᠨ ᠵᠠᠷᠢᠮ ᠬᠡᠲᠦ ᠳᠡᠯᠭᠡᠭᠦᠷ ᠨᠢ ᠲᠤᠰᠬᠠᠢᠯᠠᠨ ᠭᠠᠭᠴᠠᠭᠠᠷ ᠰᠠᠭᠤᠭ᠎ᠠ ᠬᠥᠮᠥᠰ᠎ᠲᠦ 《ᠨᠢᠭᠡ ᠬᠥᠮᠥᠨ ᠢᠳᠡᠵᠦ ᠬᠦᠷᠬᠦ ᠬᠡᠮᠵᠢᠶ᠎ᠡ》 ᠪᠦᠬᠦᠢ ᠲᠦᠭᠦᠬᠡᠢ ᠮᠢᠭ᠋᠎ᠠ ᠬᠤᠳᠠᠯᠳᠤᠵᠦ ᠪᠣᠢ᠂ ᠣᠯᠠᠩᠬᠢ ᠨᠢ 80 ᠭᠷᠡᠮ᠎ᠠᠴᠠ 200 ᠭᠷᠡᠮ᠎ᠤᠨ ᠬᠣᠭᠣᠷᠣᠨᠳᠤ ᠪᠠᠢᠬᠤ ᠪᠥᠭᠡᠳ ᠪᠦᠬᠦᠨ ᠎ᠢ ᠬᠡᠷᠴᠢᠭᠡᠳ ᠬᠣᠳᠠᠯᠳᠣᠵᠦ ᠪᠣᠢ᠃ 《ᠨᠢᠭᠡ ᠬᠥᠮᠥᠨ ᠢᠳᠡᠵᠦ ᠬᠦᠷᠬᠦ ᠬᠡᠮᠵᠢᠶ᠎ᠡ》 ᠪᠦᠬᠦᠢ ᠲᠦᠭᠦᠬᠡᠢ ᠮᠢᠭ᠋᠎ᠠ ᠨᠢ ᠨᠡᠢᠭᠡᠮ ᠎ᠦᠨ ᠬᠠᠷᠢᠯᠴᠠᠭᠠᠨ᠎ᠤ ᠰᠦᠯᠵᠢᠶᠡᠨ ᠳᠡᠭᠡᠷ᠎ᠡ ᠤᠯᠠᠨ᠎ᠦ ᠠᠩᠬᠠᠷᠤᠯ᠎ᠢ ᠲᠠᠲᠠᠵᠤ᠂ ᠰᠦᠯᠵᠢᠶᠡᠨ ᠠᠨᠳᠠ ᠨᠠᠷ ᠡᠴᠡ ᠳᠡᠯᠭᠡᠷᠡᠭᠦᠯᠬᠦ᠎ᠶᠢ ᠬᠦᠰᠡᠪᠡ᠃


QQ20260323-111201.png


ᠣᠳᠣᠬᠠᠨ᠎ᠳᠤ ᠬᠣᠲᠠ ᠎ᠳᠤ ᠭᠠᠭᠴᠠᠭᠠᠷ ᠠᠮᠢᠳᠤᠷᠠᠵᠤ ᠪᠠᠢᠭ᠎ᠠ ᠵᠠᠯᠠᠭᠤᠴᠤᠳ᠂ ᠨᠠᠰᠤᠲᠠᠢᠴᠤᠳ ᠣᠯᠠᠰᠢᠷᠠᠭᠰᠠᠨ ᠪᠠᠢᠳᠠᠯ ᠎ᠳᠦ ᠬᠡᠲᠦ ᠳᠡᠯᠭᠡᠭᠦᠷ ᠢᠳᠡᠭᠡᠨ᠎ᠦ ᠮᠠᠲᠧᠷᠢᠶᠠᠯ᠎ᠢ ᠵᠢᠵᠢᠭ ᠵᠢᠵᠢᠭ ᠬᠤᠪᠢ᠎ᠪᠠᠷ ᠬᠤᠪᠢᠶᠠᠨ ᠰᠠᠪᠠᠯᠠᠵᠤ ᠬᠤᠳᠠᠯᠳᠤᠬᠤ ᠪᠣᠯᠤᠭᠰᠠᠨ ᠨᠢ ᠡᠳᠡᠭᠡᠷ ᠬᠥᠮᠥᠰ᠎ᠦᠨ ᠬᠡᠷᠡᠭᠯᠡᠭᠡ ᠵᠢᠨ ᠬᠡᠷᠡᠭᠴᠡᠭᠡ᠎ᠶᠢ ᠣᠨᠣᠪᠴᠢᠲᠠᠶ ᠬᠠᠩᠭᠠᠵᠠᠢ᠃ ᠣᠢᠷ᠎ᠠ᠎ᠶᠢᠨ ᠵᠢᠯ᠎ᠡᠴᠡ ᠭᠠᠭᠴᠠᠭᠠᠷ ᠵᠢᠡᠨ ᠠᠮᠢᠳᠤᠷᠠᠬᠤ᠂ ᠥᠪᠡᠷ᠎ᠢ᠎ᠪᠡᠨ ᠪᠠᠶᠠᠰᠬᠠᠬᠤ ᠬᠡᠷᠡᠭᠴᠡᠭᠡ ᠵᠢᠨ ᠲᠣᠭᠣᠷᠢᠨ᠎ᠳᠡᠬᠢ ᠬᠡᠷᠡᠭᠯᠡᠭᠡ ᠶᠡᠬᠡ ᠬᠥᠭᠵᠢᠶᠡᠨᠲᠡᠢ ᠪᠠᠢᠨ᠎ᠠ᠃ ᠵᠢᠱ᠌ᠢᠶᠡᠯᠡᠪᠡᠯ ᠪᠠᠭ᠎ᠠ ᠪᠠᠭᠲᠠᠭᠠᠮᠵᠢᠲᠤ ᠴᠠᠬᠢᠯᠭᠠᠨ ᠲᠣᠭᠣᠭ᠎ᠠ ᠵᠡᠷᠭᠡ ᠵᠢᠵᠢᠭ ᠴᠠᠬᠢᠯᠭᠠᠨ ᠬᠡᠷᠡᠭᠰᠡᠯ ᠭᠡᠷ᠎ᠦᠨ ᠡᠳ᠋ᠯᠡᠯ᠎ᠦᠨ ᠪᠦᠲᠦᠭᠡᠭᠳᠡᠬᠦᠨ ᠤᠯᠠᠨ ᠪᠣᠯᠵᠤ ᠪᠠᠢᠨ᠎ᠠ; ᠵᠠᠷᠢᠮ ᠬᠠᠯᠠᠭᠤᠨ ᠲᠣᠭᠣᠭᠠᠨ᠎ᠤ ᠳᠡᠯᠭᠡᠭᠦᠷ᠂ ᠰᠢᠷᠠᠭᠰᠠᠨ ᠮᠢᠬᠠᠨ᠎ᠤ ᠳᠡᠯᠭᠡᠭᠦᠷ᠎ᠲᠦ 《 ᠬᠠᠨᠢ ᠪᠣᠯᠵᠤ ᠢᠳᠡᠬᠦ ᠬᠡᠦᠬᠡᠯᠳᠡᠢ》 ᠲᠣᠬᠢᠷᠠᠭᠤᠯᠤᠭᠰᠠᠨ ᠪᠠᠢᠳᠠᠭ; ᠰᠣᠶᠣᠯ ᠵᠢᠭᠤᠯᠴᠢᠯᠠᠯ ᠎ᠤᠨ ᠦᠢᠯᠡᠰ ᠨᠢ ᠨᠡᠢᠭᠡᠮ᠎ᠦᠨ ᠬᠠᠷᠢᠯᠴᠠᠭᠠᠨ᠎ᠤ ᠳᠠᠷᠤᠯᠲᠠ ᠦᠭᠡᠢ ᠭᠠᠭᠴᠠ ᠬᠥᠮᠥᠨ ᠪᠦᠯᠬᠦᠮ ᠳᠠᠭᠠᠵᠤ ᠵᠢᠭᠤᠯᠴᠢᠯᠠᠬᠤ ᠵᠡᠷᠭᠡ ᠵᠤᠭ᠎ᠠ ᠴᠡᠩᠭᠡᠯ᠎ᠦᠨ ᠵᠠᠭᠪᠤᠷ ᠭᠠᠷᠭᠠᠪᠠ᠃ ᠡᠪᠯᠡᠭᠦᠯᠵᠦ ᠠᠮᠢᠳᠤᠷᠠᠬᠤ ᠵᠢ ᠲᠡᠪᠴᠢᠵᠦ᠂ 《ᠭᠠᠭᠴᠠᠭᠠᠷ ᠵᠢᠡᠨ ᠴᠤ᠌ ᠰᠠᠢᠬᠠᠨ ᠠᠮᠢᠳᠤᠷᠠᠬᠤ 》 ᠎ᠳ᠋ᠸ᠋ ᠲᠤᠰᠠᠯᠠᠵᠤ ᠪᠠᠢᠨ᠎ᠠ᠃ ᠨᠡᠢᠭᠡᠮ ᠎ᠦᠨ ᠪᠦᠲᠦᠴᠡ ᠪᠠ ᠬᠡᠷᠡᠭᠯᠡᠭᠡ ᠵᠢᠨ ᠦᠵᠡᠯᠲᠡ᠎ᠶᠢᠨ ᠬᠤᠪᠢᠷᠠᠯᠳᠠ᠎ᠳᠦ ᠵᠤᠬᠢᠴᠠᠭᠤᠯᠵᠦ ᠵᠠᠬ᠎ᠠ ᠳᠡᠯᠭᠡᠭᠦᠷ ᠰᠠᠨᠠᠭᠠᠴᠢᠯᠠᠭ᠎ᠠ᠎ᠠᠴᠠ᠎ᠪᠠᠨ ᠲᠠᠸᠠᠷ ᠪᠠ ᠦᠢᠯᠡᠴᠢᠯᠡᠭᠡᠨ᠎ᠦ ᠲᠠᠯ᠎ᠠ᠎ᠪᠠᠷ ᠰᠢᠨ᠎ᠡ ᠎ᠶᠢ ᠡᠷᠢᠯᠬᠢᠯᠡᠵᠦ᠂ ᠬᠡᠷᠡᠭᠯᠡᠭᠡ ᠵᠢᠨ ᠳᠠᠯᠳᠠ ᠬᠦᠴᠦᠨ᠎ᠢ ᠭᠦᠢᠴᠡᠳ ᠪᠠᠳᠠᠷᠠᠭᠤᠯᠵᠤ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面