ᠲᠡᠷᠢᠭᠦᠨ ᠨᠢᠭᠤᠷ>ᠣᠨᠣᠯ ᠱᠢᠭᠦᠮᠵᠢ>ᠰᠢᠭᠦᠮᠵᠢ

2026-11-02 17:22:28

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠣᠢᠷ᠎ᠠ᠎ᠳᠤ ᠨᠢᠬᠡᠨ ᠡᠮᠡᠭᠲᠡᠢ ᠳᠡᠯᠭᠡᠭᠦᠷ ᠎ᠦᠨ ᠡᠵᠡᠨ ᠬᠡᠷᠡᠭᠯᠡᠭᠴᠢ ᠵᠢᠨ ᠮᠠᠭᠣ ᠦᠨᠡᠯᠡᠯᠳᠡ ᠦᠯᠡᠳᠡᠭᠡᠭᠰᠡᠨ ᠡᠴᠡ ᠪᠣᠯᠵᠦ ᠤᠰᠤᠨ ᠎ᠳᠤ ᠬᠠᠷᠠᠢᠵᠤ ᠠᠮᠢ ᠎ᠪᠠᠨ ᠬᠤᠤᠷᠯᠠᠬᠰᠠᠨ᠂ ᠡᠪᠡᠳᠴᠢᠲᠡᠨ 1.9 ᠲᠥᠭᠥᠷᠢᠭ ᠎ᠦᠨ ᠤᠮᠳᠠᠭᠠᠨ ᠬᠦᠷᠭᠡᠭᠰᠡᠨ ᠎ᠦ ᠳᠠᠷᠠᠭ᠎ᠠ ᠡᠮᠨᠡᠯᠭᠡ ᠎ᠶᠢᠨ ᠬᠣᠷᠢᠶᠠᠨ ᠎ᠤ ᠡᠮ᠎ᠦᠨ ᠲᠠᠰᠤᠭ᠎ᠤᠨ ᠠᠵᠢᠯᠲᠠᠨ ᠲᠣᠭᠲᠠᠭᠠᠯ᠎ᠠᠴᠠ ᠵᠥᠷᠢᠴᠡᠨ ᠪᠡᠯᠡᠭ ᠬᠤᠷᠢᠶᠠᠵᠠᠢ ᠬᠡᠵᠦ ᠵᠠᠭᠠᠯᠳᠣᠬᠰᠠᠨ ᠵᠡᠷᠭᠡ ᠰᠣᠨᠢᠨ ᠮᠡᠳᠡᠭᠡ ᠨᠢ ᠨᠡᠢᠭᠡᠮ ᠨᠡᠶ᠋ᠢᠲᠡ᠎ᠶᠢᠨ ᠠᠩᠬᠠᠷᠤᠯ ᠎ᠢ ᠥᠷᠭᠡᠨ᠎ᠢᠶᠡᠷ ᠲᠠᠲᠠᠪᠠ᠃ ᠡᠬᠦᠨ ᠡᠴᠡ ᠭᠠᠳᠠᠨ᠎ᠠ᠂  ᠣᠯᠠᠨ ᠭᠠᠵᠠᠷ᠎ᠤᠨ 12345 ᠬᠠᠯᠠᠮᠰᠢᠯ ᠤᠲᠠᠰᠤ ᠨᠢ ᠪᠠᠰᠠ ᠡᠯᠳᠡᠪ ᠎ᠦᠨ ᠰᠠᠨᠠᠭᠠᠨ  ᠡᠴᠡ ᠭᠠᠳᠠᠭᠣᠷ ᠬᠦᠰᠡᠯ ᠱᠠᠭᠠᠷᠳᠠᠯᠭ᠎ᠠ ᠲᠣᠷᠠᠳᠣᠬᠰᠠᠨ ᠣᠳᠠᠰᠣ  ᠵᠢ ᠲᠣᠰᠪᠠ᠃ ᠪᠠᠷᠠᠭᠤᠨ ᠡᠮᠦᠨᠡᠲᠦ ᠎ᠶᠢᠨ ᠨᠢᠭᠡᠨ ᠦᠨᠳᠦᠰᠦᠨ ᠱᠠᠲᠤᠨ᠎ᠤ ᠰᠤᠷᠭᠠᠨ ᠬᠥᠮᠦᠵᠢᠯ᠎ᠦᠨ ᠲᠣᠪᠴᠢᠶ᠎ᠠ ᠨᠡᠶ᠋ᠢᠲᠡ 128 ᠵᠤᠷᠪᠤᠰ ᠪᠠᠭ᠍ᠰᠢ ᠎ᠶᠢ ᠢᠯᠡᠴᠢᠯᠡᠨ ᠮᠡᠳᠡᠭᠦᠯᠦᠭᠰᠡᠨ ᠮᠡᠳᠡᠭᠡ ᠵᠠᠩᠭᠢ᠎ᠶᠢ ᠣᠯᠣᠭᠰᠠᠨ ᠪᠣᠯᠪᠠᠴᠤ ᠪᠠᠢᠴᠠᠭᠠᠯᠲᠠ᠎ᠪᠠᠷ ᠳᠠᠮᠵᠢᠭᠠᠳ ᠵᠥᠪᠬᠡᠨ 7 ᠵᠤᠷᠪᠤᠰ ᠨᠢ ᠦᠨᠳᠦᠰᠦᠨ᠎ᠳᠡᠭᠡᠨ ᠦᠨᠡᠨ ᠪᠣᠳᠠᠲᠠᠢ ᠶᠠᠪᠣᠳᠠᠯ ᠪᠣᠯᠬᠣ ᠵᠢ ᠣᠢᠯᠠᠭᠠᠬᠰᠠᠨ ᠪᠠᠢᠨ᠎ᠠ᠃

                     — 《 ᠫᠸᠩ ᠫᠠᠢ ᠰᠤᠨᠢᠨ ᠮᠡᠳᠡᠭᠡ》 ᠡᠴᠡ

ᠦᠨᠡᠯᠡᠯᠳᠡ᠄ ᠵᠠᠭᠠᠯᠳᠣᠬᠣ ᠡᠷᠭᠡ ᠲᠠᠢ ᠪᠣᠯᠪᠠᠴᠤ ᠳᠡᠬᠦᠨ ᠵᠢᠡᠷ ᠵᠡᠪᠰᠡᠭ ᠪᠣᠯᠭᠠᠵᠦ ᠪᠣᠯᠬᠣ ᠦᠬᠡᠢ᠃  ᠬᠡᠨ ᠨᠢ ᠠᠭᠠᠰᠢᠯᠠᠪᠠᠯ ᠬᠡᠨ ᠨᠢ ᠶᠣᠰᠣ᠌᠎ᠲᠠᠢ ᠬᠡᠳᠡᠭ ᠣᠴᠢᠷ ᠪᠢᠰᠢ᠃ ᠬᠥᠮᠥᠨ ᠪᠣᠯᠭᠠᠨ᠎ᠢ ᠴᠥᠮ ᠬᠦᠰᠡᠯ ᠱᠠᠭᠠᠷᠳᠠᠯᠭ᠎ᠠ᠎ᠪᠠᠨ ᠢᠯᠡᠳᠬᠡᠬᠦ ᠰᠠᠭᠠᠳ ᠦᠭᠡᠢ ᠠᠷᠭ᠎ᠠ ᠵᠠᠮ᠎ᠲᠠᠢ ᠪᠣᠯᠭᠠᠬᠤ᠎ᠪᠠᠷ ᠪᠠᠷᠠᠬᠤ ᠦᠭᠡᠢ ᠪᠠᠰᠠ ᠬᠠᠣᠯᠢ ᠶᠣᠰᠣᠭᠠᠷ ᠡᠵᠡᠩᠨᠡᠯᠳᠡ ᠬᠢᠵᠦ ᠪᠠᠢᠭ᠎ᠠ᠂ ᠠᠵᠢᠯᠯᠠᠵᠤ ᠪᠠᠢᠭ᠎ᠠ ᠡᠩ᠎ᠦᠨ ᠬᠥᠮᠥᠨ ᠎ᠢ ᠮᠠᠭᠤ ᠰᠠᠨᠠᠭ᠎ᠠ ᠡᠪᠦᠷᠯᠡᠨ᠂ ᠬᠣᠳᠠᠯ ᠬᠠᠭᠣᠷᠮᠠᠭ ᠵᠢᠡᠷ ᠢᠯᠡᠴᠢᠯᠠᠨ ᠮᠡᠳᠡᠬᠦᠯᠵᠦ ᠬᠣᠬᠢᠷᠠᠯ ᠠᠮᠰᠠᠭᠤᠯᠬᠣ ᠡᠴᠡ ᠵᠠᠢᠯᠠᠰᠬᠢᠪᠡᠯ ᠵᠣᠬᠢᠨ᠎ᠠ᠃


                                       

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠲᠤᠮᠳᠠᠳᠤ ᠤᠯᠤᠰ ᠎ᠤᠨ ᠮᠤᠩᠭᠤᠯ ᠬᠡᠯᠡᠨ ᠰᠤᠨᠢᠨ ᠮᠡᠳᠡᠭᠡᠨ ᠎ᠦ ᠰᠦᠯᠵᠢᠶ᠎ᠠ
兼容浏览器的HTML页面