ᠲᠡᠷᠢᠭᠦᠨ ᠨᠢᠭᠤᠷ>ᠣᠨᠣᠯ ᠱᠢᠭᠦᠮᠵᠢ>ᠰᠢᠭᠦᠮᠵᠢ

2026-11-10 09:01:29

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

◆ ᠣᠢᠷ᠎ᠠ᠎ᠳᠤ ᠵᠠᠭᠤᠴᠢᠯᠠᠭᠤᠷ᠎ᠤᠨ ᠬᠢᠨ ᠰᠸᠴᠤᠸᠠᠨ ᠨᠤᠲᠤᠭ᠎ᠲᠠᠢ ᠠᠴᠢᠶᠠᠨ᠎ᠤ ᠮᠠᠰᠢᠨ ᠲᠡᠷᠭᠡᠨ᠎ᠦ ᠵᠢᠯᠣᠭᠣᠴᠢ᠎ᠳᠤ ᠨᠡᠢᠳᠡᠮ ᠲᠤᠯᠭᠠᠷᠠᠵᠤ ᠪᠠᠢᠭ᠎ᠠ ᠠᠮᠠᠷᠠᠬᠤ᠎ᠳᠤ ᠬᠦᠴᠢᠷᠲᠡᠢ ᠪᠠᠢᠳᠠᠯ᠎ᠢ ᠮᠡᠳᠡᠭᠡᠯᠡᠪᠡ᠃ 《ᠰᠸᠴᠤᠸᠠᠨ ᠮᠤᠵᠢ᠎ᠶᠢᠨ ᠵᠠᠮ ᠲᠡᠭᠡᠭᠡᠪᠦᠷᠢ᠎ᠶᠢᠨ ᠳᠦᠷᠢᠮ》᠎ᠳᠤ᠂ ᠰᠥᠨᠢ᠎ᠵᠠᠯᠭᠠᠭ᠎ᠠ᠎ᠪᠠᠷ ᠲᠡᠷᠭᠡ ᠵᠢᠯᠤᠭᠣᠳᠬᠤ᠎ᠳᠤ ᠬᠣᠶᠠᠷ ᠴᠠᠭ᠎ᠠᠴᠠ ᠬᠡᠲᠦᠷᠡᠵᠦ ᠪᠣᠯᠬᠣ ᠦᠬᠡᠢ᠂ ᠠᠮᠠᠷᠠᠬᠣ ᠪᠦᠷᠢ 20 ᠮᠢᠨᠦ᠋ᠲ᠎ᠡᠴᠡ ᠳᠤᠲᠠᠭᠤ ᠪᠠᠢᠵᠦ ᠪᠣᠯᠬᠣ ᠦᠬᠡᠢ ᠬᠡᠵᠦ ᠱᠠᠭᠠᠷᠳᠠᠪᠠ᠂ ᠭᠡᠪᠡᠴᠦ ᠤᠯᠤᠰ ᠮᠤᠵᠢ ᠰᠢᠶᠠᠨ᠎ᠤ ᠭᠣᠣᠯ ᠵᠠᠮ ᠳᠠᠭᠠᠤ ᠠᠴᠢᠶᠠᠨ᠎ᠤ ᠮᠠᠰᠢᠨ ᠲᠡᠷᠭᠡᠨ᠎ᠦ ᠵᠣᠭᠰᠣᠭᠠᠯ ᠡᠷᠢᠬᠦ᠎ᠳᠦ ᠪᠡᠷᠬᠡ ᠪᠠᠢᠵᠤ᠂ ᠵᠥᠪᠬᠡᠨ ᠵᠠᠮ ᠳᠡᠭᠡᠷ᠎ᠡ ᠵᠣᠭᠰᠣᠵᠤ ᠪᠠᠢᠨ᠎ᠠ᠃

               — 《 ᠳᠤᠮᠳᠠᠳᠤ ᠤᠯᠤᠰ᠎ᠦᠨ ᠰᠣᠨᠢᠨ ᠮᠡᠳᠡᠭᠡᠨ᠎ᠦ ᠭᠠᠷᠠᠭ᠎ᠤᠨ ᠰᠡᠳᠬᠦᠯ》᠎ᠡᠴᠡ

ᠦᠨᠡᠯᠡᠯᠳᠡ᠄ ᠶᠠᠳᠠᠷᠠᠭ᠎ᠠ ᠲᠠᠢ᠎ᠪᠠᠷ ᠲᠡᠷᠭᠡ ᠵᠢᠯᠤᠭᠣᠳᠬᠤ᠎ᠶᠢ ᠬᠤᠷᠢᠬᠯᠠᠬᠤ ᠨᠢ ᠮᠠᠰᠢ ᠴᠢᠬᠤᠯᠠ᠃ᠲᠣᠭ᠎ᠠ ᠪᠠᠷᠢᠮᠲᠠ ᠨᠢ ᠬᠡᠯᠡᠯᠭᠡᠨ ᠦᠭᠡᠢ ᠴᠢᠬᠤᠯᠠ ᠦᠨᠳᠦᠰᠦᠯᠡᠯ ᠪᠤᠯᠳᠠᠭ᠂ ᠭᠡᠪᠡᠴᠦ  ᠬᠠᠤᠯᠢ ᠴᠠᠭᠠᠵᠠ ᠬᠠᠤᠯᠢ ᠲᠣᠭᠲᠠᠭᠠᠯ ᠨᠢ ᠵᠠᠮ᠎ᠦᠨ ᠪᠣᠳᠠᠳᠠᠢ ᠨᠦᠬᠦᠴᠡᠯ ᠪᠣᠯᠣᠯᠴᠠᠭ᠎ᠠ ᠲᠠᠢ ᠲᠣᠬᠢᠷᠠᠬᠣ ᠦᠬᠡᠢ ᠪᠣᠯ ᠵᠢᠯᠣᠭᠣᠴᠢ᠎ᠶᠢ ᠬᠠᠯᠠᠮᠵᠢᠯᠠᠬᠤ ᠤᠤᠯ ᠳᠦᠷᠢᠮ ᠨᠢ ᠬᠦᠮᠦᠯᠢᠭ ᠴᠢᠨᠠᠷ ᠦᠬᠡᠢ ᠪᠣᠯᠵᠦ᠂ ᠵᠢᠯᠣᠭᠣᠴᠢ᠎ᠳᠦ ᠬᠦᠴᠢᠷᠳᠡᠯ ᠠᠪᠴᠢᠷᠠᠬᠰᠠᠨ ᠪᠦᠭᠡᠳ  ᠠᠮᠤᠷ ᠲᠦᠪᠰᠢᠨ᠎ᠦ ᠠᠰᠠᠭᠤᠳᠠᠯ᠎ᠢ ᠡᠭᠦᠰᠬᠡᠵᠦ ᠮᠡᠳᠡᠨ᠎ᠡ᠃


◆ ᠵᠠᠷᠢᠮ ᠰᠢᠭᠤᠳ ᠨᠡᠪᠲᠡᠷᠡᠭᠦᠯᠭᠡ᠎ᠳᠦ᠂ ᠰᠡᠬᠦᠳᠡᠷᠯᠡᠬᠦ ᠲᠣᠷᠠᠨ ᠵᠢᠡᠨ ᠡᠩ᠎ᠦᠨ ᠬᠡᠷᠡᠭᠯᠡᠭᠴᠢ ᠵᠦᠭ ᠬᠠᠨᠳᠣᠭᠣᠯᠵᠦ ᠪᠠᠢᠨ᠎ᠠ᠃ ᠰᠢᠭᠤᠳ ᠨᠡᠪᠲᠡᠷᠡᠭᠦᠯᠭᠡ᠎ᠶᠢᠨ ᠲᠡᠯᠭᠡᠴᠡ ᠲᠡᠭᠡᠷ᠎ᠡ ᠵᠢᠭᠣᠯᠴᠢᠯᠠᠬᠰᠠᠳ᠎ᠢᠯᠡᠷᠡᠵᠦ᠂ ᠬᠣᠭᠣᠯᠠ ᠢᠳᠡᠵᠦ᠂ ᠦᠵᠡᠮᠵᠢ ᠰᠣᠨᠢᠷᠬᠠᠵᠤ ᠪᠠᠢᠬᠣ᠎ᠳᠠᠭᠠᠨ ᠦᠯᠦ ᠮᠡᠳᠡᠭ ᠵᠢᠡᠷ ᠪᠣᠰᠣᠳ ᠬᠦᠮᠦᠨ᠎ᠦ ᠰᠢᠭᠣᠳ ᠨᠡᠪᠳᠡᠷᠡᠬᠦᠯᠬᠡ ᠲᠡᠭᠡᠷ᠎ᠡ ᠭᠠᠷᠴᠤ ᠪᠠᠢᠵᠦ ᠮᠡᠳᠡᠬᠦ ᠶᠣᠮ᠃ ᠶᠠᠮᠠᠷᠴᠤ ᠰᠠᠨᠠᠭᠤᠯᠤᠮᠵᠢ ᠦᠭᠡᠢ᠂ ᠵᠥᠪᠰᠢᠶᠡᠷᠡᠯ ᠦᠭᠡᠢ ᠪᠡᠷ ᠰᠢᠭᠣᠳ ᠨᠡᠪᠳᠡᠷᠡᠬᠦᠯᠬᠡ ᠲᠡᠭᠡᠷ᠎ᠡ ᠨᠢ ᠢᠯᠡᠷᠡᠵᠦ ᠪᠠᠢᠳᠠᠭ᠃ ᠬᠡᠳᠦᠢ᠎ᠳᠦ ᠥᠪᠡᠷ᠎ᠦᠨ ᠪᠡᠶ᠎ᠡ᠎ᠵᠦᠭ᠎ᠲᠦ ᠨᠢ ᠰᠡᠬᠦᠳᠡᠷᠯᠡᠬᠦ ᠮᠠᠰᠢᠨ ᠵᠢᠡᠨ ᠬᠠᠨᠳᠣᠭᠣᠯᠣᠭᠰᠠᠨ᠎ᠢ᠎ᠴᠦ ᠮᠡᠳᠡᠬᠦ ᠦᠬᠡᠢ ᠃

                                    — 《ᠠᠷᠠᠳ᠎ᠤᠨ ᠰᠦᠯᠵᠢᠶ᠎ᠡ》 ᠡᠴᠡ

ᠦᠨᠡᠯᠡᠯᠳᠡ᠄ ᠰᠢᠭᠤᠳ ᠨᠡᠪᠲᠡᠷᠡᠭᠦᠯᠭᠡ ᠨᠢ ᠵᠢᠷᠤᠭ ᠳᠦᠷᠰᠦ᠎ᠶᠢ 《ᠦᠵᠡᠬᠦ᠎ᠳᠦ ᠨᠠᠩ ᠦᠨᠡᠨ ᠪᠣᠳᠠᠲᠠᠢ》 ᠪᠣᠯᠭᠠᠬᠤ᠎ᠶᠢᠨ ᠲᠥᠯᠥᠭᠡ᠂ ᠥᠴᠥᠬᠡᠨ ᠴᠦ᠍ ᠪᠠᠢᠳᠠᠯ᠎ᠢ ᠮᠡᠳᠡᠬᠦ ᠦᠭᠡᠢ ᠬᠥᠮᠥᠨ᠎ᠢ ᠦᠨ᠎ᠡ ᠲᠥᠯᠥᠪᠦᠷᠢ ᠦᠭᠡᠢ ᠤᠷᠤᠰᠴᠠ᠎ᠶᠢᠨ ᠪᠠᠭᠠᠵᠢ ᠪᠣᠯᠭᠠᠵᠤ ᠪᠣᠯᠬᠤ ᠦᠭᠡᠢ᠃ ᠣᠯᠠᠨ ᠨᠡᠶ᠋ᠢᠲᠡ᠎ᠶᠢᠨ ᠲᠠᠯᠠᠪᠤᠷ ᠨᠢ ᠬᠤᠳᠠᠯᠳᠤᠭᠠᠴᠢᠨ᠎ᠤ ᠲᠤᠷ᠎ᠠ ᠪᠡᠷ ᠬᠡᠷᠡᠭᠯᠡᠬᠦ 《ᠠᠷᠤ ᠦᠵᠡᠭᠳᠡᠯ》 ᠪᠤᠯᠵᠦ ᠪᠤᠯᠬᠤ ᠦᠬᠡᠢ᠂ ᠬᠡᠷᠡᠭᠯᠡᠭᠴᠢᠳ ᠰᠢᠭᠤᠳ ᠨᠡᠪᠳᠡᠷᠡᠭᠦᠯᠭᠡ᠎ᠳᠦ ᠬᠠᠮᠤᠷᠤᠭᠳᠠᠵᠦ ᠬᠤᠳᠠᠯᠳᠤᠭᠠᠴᠢᠨ᠎ᠤ ᠤᠷᠤᠰᠴᠠ᠎ᠳᠤ ᠲᠣᠭᠠᠴᠠᠭ᠎ᠠ ᠬᠢᠬᠦ ᠡᠭᠦᠷᠭᠡ ᠦᠭᠡᠢ ᠶᠤᠮ᠃


◆ ᠵᠠᠷᠢᠮ ᠨᠢ ᠭᠡᠷ ᠲᠦ᠍ᠨᠢ ᠣᠴᠢᠵᠤ ᠬᠣᠭᠣᠯᠠ ᠬᠢᠵᠦ᠂ ᠵᠠᠷᠢᠮ ᠨᠢ 5 ᠲᠥᠭᠥᠷᠢᠭ᠎ᠢᠶᠡᠷ ᠨᠢᠭᠡ ᠤᠳᠠᠭ᠎ᠠ ᠬᠣᠭ ᠨᠣᠪᠰᠢ ᠬᠠᠶᠠᠵᠤ᠂ ᠵᠠᠷᠢᠮ ᠨᠢ 15 ᠺᠢᠯᠣᠭ᠌ᠷᠠᠮ᠎ᠤᠨ ᠤᠬᠢᠶᠠᠯᠭ᠎ᠠ᠎ᠶᠢᠨ ᠰᠠᠪᠠ᠎ᠶᠢᠨ ᠲᠥᠬᠦᠭᠡᠷᠦᠮᠵᠢ ᠡᠭᠦᠷᠴᠦ ᠭᠡᠷ ᠲᠦ᠍ᠨᠢ ᠣᠴᠢᠵᠤ ᠴᠢᠳᠠᠯ ᠲᠡᠩᠬᠡᠭᠡ᠎ᠪᠡᠨ ᠠᠯᠳᠠᠭᠰᠠᠨ ᠨᠠᠰᠤᠲᠠᠨ᠎ᠦ ᠪᠡᠶ᠎ᠡ ᠵᠢ ᠨᠢ ᠣᠬᠢᠶᠠᠵᠦ ᠦᠭᠴᠤ ᠪᠠᠢᠨ᠎ᠠ᠃  ᠣᠢᠷ᠎ᠠ᠎ᠳᠤ ᠨᠢᠭᠡ ᠪᠦᠯᠦᠭ ᠵᠠᠯᠠᠭᠤᠴᠤᠳ ᠥᠩᠭᠡᠷᠡᠭᠰᠡᠨ᠎ᠳᠦ ᠪᠤᠳᠤᠵᠤ ᠣᠯᠣᠭᠰᠠᠨ ᠦᠭᠡᠢ ᠡᠳᠡᠭᠡᠷ ᠠᠵᠢᠯ᠎ᠦᠳ᠎ᠢ ᠬᠢᠵᠦ ᠪᠣᠢ᠃ ᠰᠢᠨ᠎ᠡ ᠬᠡᠷᠡᠭᠴᠡᠭᠡ ᠱᠠᠭᠠᠷᠳᠠᠯᠭ᠎ᠠ ᠨᠢ ᠰᠢᠨ᠎ᠡ ᠠᠵᠢᠯ ᠮᠡᠷᠭᠡᠵᠢᠯ᠎ᠢ ᠪᠣᠶ ᠪᠣᠯᠭᠠᠬᠤ᠎ᠶᠢᠨ ᠬᠠᠮᠲᠤ ᠪᠠᠰᠠ ᠨᠢᠭᠡᠨ ᠰᠢᠨ᠎ᠡ ᠠᠰᠠᠭᠤᠳᠠᠯ᠎ᠢ ᠠᠪᠴᠢᠷᠠᠵᠠᠢ᠄ ᠠᠮᠢᠳᠤᠷᠠᠯ ᠤᠯᠠᠮ᠎ᠠᠴᠠ ᠤᠯᠠᠮ ᠲᠥᠬᠥᠮ ᠪᠣᠯᠬᠤ ᠦᠶ᠎ᠡ᠎ᠳᠦ᠂ ᠡᠲᠡᠭᠡᠷ ᠲᠥᠬᠥᠮ ᠨᠥᠬᠥᠴᠡᠯ ᠬᠠᠩᠭᠠᠭᠰᠠᠨ ᠬᠥᠮᠥᠰ ᠲᠣᠭᠲᠠᠭᠤᠨ ᠣᠷᠣᠯᠭ᠎ᠠ ᠪᠠ ᠪᠠᠲᠤᠯᠠᠭ᠎ᠠ ᠣᠯᠵᠤ ᠴᠢᠳᠠᠨ᠎ᠠ ᠦᠦ ᠦᠭᠡᠢ ᠦᠦ ?

                                         — 《ᠡᠮᠦᠨᠡᠲᠦ ᠣᠷᠣᠨ᠎ᠤ ᠰᠦᠯᠵᠢᠶ᠎ᠡ》 ᠡᠴᠡ

ᠦᠨᠡᠯᠡᠯᠳᠡ᠄ ᠰᠢᠨ᠎ᠡ ᠬᠡᠷᠡᠭᠴᠡᠭᠡ᠎ᠶᠢ ᠠᠵᠢᠵᠦ ᠠᠷᠠᠯᠵᠢᠶ᠎ᠠ ᠮᠠᠢᠮᠠᠢ ᠡᠬᠢᠯᠡᠬᠦᠯᠵᠦ ᠪᠠᠢᠨ᠎ᠠ᠂ ᠨᠢᠭᠡ ᠵᠦᠢᠯ᠎ᠦᠨ ᠰᠢᠨ᠎ᠡ ᠠᠵᠢᠯ ᠮᠡᠷᠭᠡᠵᠢᠯ ᠨᠢ ᠪᠦᠷᠢᠨ ᠲᠡᠭᠦᠯᠳᠡᠷ ᠳᠦᠷᠢᠮ ᠪᠠ ᠦᠢᠯᠡᠴᠢᠯᠡᠭᠡᠨ᠎ᠦ ᠰᠢᠰᠲᠧᠮ᠎ᠳᠦ ᠲᠦᠰᠢᠭᠯᠡᠪᠡᠯ ᠰᠠᠶᠢ ᠬᠦᠭᠵᠢᠵᠦ ᠴᠢᠳᠠᠨ᠎ᠠ᠃ ᠲᠤᠰᠬᠠᠢ ᠮᠡᠷᠭᠡᠵᠢᠯ᠎ᠦᠨ ᠬᠥᠳᠡᠯᠮᠦᠷᠢ᠎ᠳᠦ ᠵᠣᠬᠢᠰᠲᠠᠢ ᠠᠰᠢᠭ᠋ ᠬᠦᠷᠲᠡᠭᠡᠵᠦ᠂ ᠠᠵᠢᠯ ᠣᠯᠭᠣᠯᠲᠠ᠎ᠶᠢᠨ ᠠᠶᠤᠯ ᠲᠦᠭᠰᠢᠭᠦᠷᠢ᠎ᠶᠢ ᠪᠦᠲᠦᠮᠵᠢᠲᠡᠢ ᠬᠤᠪᠢᠶᠠᠯᠴᠠᠨ ᠡᠭᠦᠷᠭᠡᠯᠡᠵᠦ᠂ ᠠᠵᠢᠯᠯᠠᠭᠰᠠᠳ᠎ᠲᠤ ᠦᠷᠭᠦᠯᠵᠢᠯᠡᠨ ᠬᠥᠭᠵᠢᠬᠦ ᠠᠵᠠ ᠲᠣᠬᠢᠶᠠᠯ ᠣᠯᠭᠣᠪᠠᠯ ᠰᠠᠶᠢ ᠰᠢᠨ᠎ᠡ ᠬᠡᠷᠡᠭᠴᠡᠭᠡ ᠱᠠᠭᠠᠷᠳᠠᠯᠭ᠎ᠠ᠎ᠶᠢ ᠵᠢᠩᠬᠢᠨᠢ ᠲᠣᠭᠲᠠᠭᠤᠨ ᠠᠵᠢᠯ ᠣᠯᠭᠣᠯᠲᠠ ᠪᠣᠯᠭᠠᠨ ᠬᠤᠪᠢᠷᠠᠭᠤᠯᠵᠤ ᠴᠢᠳᠠᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面