2020-07-31 09:02:12
ᠨᠡᠢᠭᠡᠮ᠎ᠤᠨ ᠬᠥᠭᠵᠢᠯᠳᠡ ᠂ ᠴᠠᠭ ᠥᠶ᠎ᠡ᠎ᠶᠢᠨ ᠱᠠᠭᠠᠷᠳᠠᠯᠭ᠎ᠠ᠎ᠳ᠋ᠤ ᠵᠤᠬᠢᠴᠬᠠᠰᠠᠨ ᠂ ᠥᠪᠡᠷ᠎ᠤᠨ ᠣᠷᠣᠰᠢᠨ ᠳᠤᠠᠠᠳᠠᠨᠢᠬᠤ ᠴᠢᠳᠠᠪᠤᠷᠢ᠎ᠲᠠᠢ ᠰᠤᠶᠤᠯ ᠢᠷᠭᠡᠨᠰᠢᠯ᠎ᠤᠨ ᠶᠡᠭᠡ ᠲᠡᠯᠡᠯᠳᠡ᠎ᠳ᠋ᠤ ᠪᠡᠶ᠎ᠡ᠎ᠪᠠᠨ ᠳᠠᠭᠠᠭᠠᠵᠤ ᠬᠥᠭᠵᠢᠨ ᠪᠤᠵᠠᠭᠠᠢᠷᠠᠵᠤ ᠴᠢᠳᠠᠬᠤ ᠴᠢᠳᠠᠪᠤᠷᠢ᠎ᠲᠠᠢ ᠬᠥᠮᠥᠨ ᠪᠤᠯᠭᠠᠨ ᠬᠥᠮᠥᠵᠢᠬᠦᠯᠬᠦ᠎ᠳ᠋ᠤ ᠠᠯᠢ ᠴᠤ ᠨᠢᠭᠡᠨ ᠭᠡᠷ᠎ᠤᠨ ᠠᠬᠠᠮᠠᠳ ᠭᠡᠣᠭᠡᠳ᠎ᠤᠨ ᠳᠥᠯᠥᠭᠡᠨᠡ ᠰᠠᠳᠬᠢᠯ ᠵᠤᠪᠠᠳᠠᠭ ᠵᠥᠢᠯ ᠪᠤᠯᠤᠭᠠᠳ ᠪᠠᠢᠭ᠎ᠠ ᠃ ᠪᠢᠳᠡ ᠭᠡᠣᠭᠡᠳ᠎ᠢᠶᠡᠨ ᠵᠥᠪ ᠪᠤᠳᠤᠯ ᠰᠡᠳᠬᠢᠯ᠎ᠲᠠᠢ ᠯᠠ ᠬᠥᠮᠥᠨ ᠪᠤᠯᠭᠠᠵᠤ ᠳᠥᠯᠥᠪᠰᠢᠬᠦᠯᠬᠦ ᠭᠡᠷᠡᠭᠳᠡᠢ ᠪᠠᠢᠨ᠎ᠠ ᠃
ᠬᠡᠤᠭᠡᠳ᠎ᠤᠨ ᠰᠠᠳᠬᠢᠯ ᠣᠶᠣᠨ ᠭᠡᠳᠡᠭ ᠪᠤᠯ ᠭᠬᠢᠷ ᠥᠭᠡᠢ ᠴᠠᠭᠠᠨ ᠴᠠᠭᠠᠰᠤ ᠂ ᠡᠨᠡᠬᠦ ᠰᠠᠢᠬᠠᠨ ᠴᠠᠭᠠᠰᠤ᠎ᠶᠢ ᠭᠬᠢᠷᠳᠤᠭᠦᠯᠵᠤ ᠪᠤᠯᠠᠩᠭᠢᠷᠳᠣᠭᠤᠯᠳᠠᠭᠨᠢ ᠵᠥᠪᠭᠡᠨ ᠯᠡ ᠲᠤᠮᠤᠴᠤᠤᠯ ᠰᠢᠤ ᠳ᠋ᠧ ᠂ ᠢᠡᠭᠬᠢᠬᠦᠳ᠋ᠡᠭᠡᠨ ᠮᠠᠨ᠎ᠤ ᠲᠤᠮᠤᠴᠤᠤᠯ ᠶᠠᠭᠤᠨ᠎ᠤ ᠡᠮᠥᠨ᠎ᠡ ᠥᠪᠡᠷ᠎ᠢ᠎ᠪᠠᠨ ᠵᠠᠰᠠᠬᠤ ᠭᠡᠷᠡᠭᠳᠡᠢ ᠪᠠᠢᠨ᠎ᠠ ᠃ ᠨᠢᠭᠡ ᠬᠡᠤᠬᠡᠳ᠎ᠢ ᠬᠥᠮᠥᠵᠢᠬᠦᠯᠵᠣ ᠶᠠᠮᠠᠷ ᠭᠡᠮᠵᠢᠶᠡᠨ᠎ᠳ᠋ᠤ ᠬᠥᠷᠭᠡᠨ᠎ᠡ ᠪᠤᠢ ᠭᠡᠳᠡᠭ ᠪᠤᠯ ᠪᠥᠷ ᠳᠣᠮᠣ ᠬᠥᠮᠥᠨ᠎ᠤ ᠠᠰᠠᠭᠤᠳᠠᠯ ᠂ ᠨᠢᠭᠡ ᠬᠥᠮᠥᠨ᠎ᠤ ᠥᠰᠥᠯᠳᠡ ᠪᠤᠢᠵᠢᠯᠳᠠ᠎ᠳ᠋ᠤ ᠳᠡᠬᠦᠨ᠎ᠤ ᠬᠥᠮᠥᠵᠢᠭᠳᠡᠬᠦ ᠣᠷᠴᠢᠨ ᠳᠤᠭᠤᠷᠢᠨ ᠂ ᠭᠡᠷ ᠪᠥᠯᠢ ᠂ ᠨᠡᠢᠬᠡᠮ ᠠᠬᠤᠢ᠎ᠨᠢ ᠪᠥᠷ ᠳᠤᠢᠯ᠎ᠤᠨ ᠴᠢᠬᠤᠯᠠ ᠥᠢᠯᠡᠳᠥᠯ ᠥᠵᠡᠬᠦᠯᠳᠡᠭ ᠃ ᠤᠳᠤᠬᠠᠨ᠎ᠳ᠋ᠤ ᠂ ᠮᠠᠨ᠎ᠤ ᠮᠤᠩᠭᠤᠯᠴᠣᠳ᠎ᠤᠨ ᠭᠡᠷ᠎ᠤᠨ ᠬᠦᠮᠤᠵᠢᠯ᠎ᠳ᠋ᠤ ᠡᠳᠤᠢ ᠲᠡᠳᠣᠢ ᠠᠰᠠᠭᠤᠳᠠᠯ ᠣᠷᠣᠰᠢᠵᠤ ᠪᠠᠢᠨ᠎ᠠ ᠃ ᠮᠠᠨ᠎ᠤ ᠮᠤᠩᠭᠤᠯᠴᠤᠳ ᠠᠯᠢ ᠡᠷᠳᠡᠳ᠋ᠡᠭᠡᠨ ᠬᠥᠪᠡᠬᠦᠳᠢ ᠲᠠᠪᠤ᠋ ᠵᠢᠷᠭᠤᠭᠠᠨ ᠨᠠᠰᠣᠯᠠᠪᠠᠯ ᠮᠠᠯ ᠠᠬᠤᠢ ᠠᠷᠠᠴᠢᠯᠠᠬᠤ ᠂ ᠥᠢᠯᠠᠳᠪᠤᠷᠢᠯᠠᠯ ᠠᠮᠢᠳᠤᠷᠠᠯ᠎ᠳ᠋ᠤ ᠣᠢᠷᠠᠳᠣᠭᠤᠯᠬᠤ ᠵᠡᠷᠭᠡ ᠠᠯᠢ ᠤᠯᠠᠨ ᠵᠥᠢᠯ᠎ᠳ᠋ᠤ ᠢᠳᠡᠭ ᠢᠳᠡᠭ᠎ᠢᠶᠠᠷ ᠬᠥᠳᠥᠯᠵᠤ ᠠᠬᠠᠮᠠᠳ᠎ᠨᠢ ᠳᠥᠷᠢᠮ ᠪᠤᠯᠵᠤ ᠂ ᠥᠬᠢᠳ᠎ᠢ ᠪᠤᠯ ᠥᠢᠯᠡ ᠤᠳᠠᠰᠤ᠎ᠳ᠋ᠤ ᠣᠢᠷᠠᠳᠤᠭᠤᠯᠬᠤ ᠂ ᠭᠡᠷ᠎ᠤᠨ ᠠᠵᠢᠯ᠎ᠳ᠋ᠤ ᠡᠪᠰᠢᠬᠦᠯᠬᠦ ᠭᠡᠭᠦ ᠮᠡᠳᠤ᠎ᠪᠠᠷ ᠳᠠᠳᠠᠨᠤ ᠬᠤᠵᠢᠮ᠎ᠤᠨ ᠪᠡᠶ᠎ᠡ᠎ᠪᠠᠨ ᠳᠠᠭᠠᠭᠠᠵᠤ ᠬᠥᠮᠥᠨ ᠪᠤᠯᠬᠤ᠎ᠳ᠋ᠤ᠎ᠨᠢ ᠰᠠᠭᠤᠷᠢ ᠲᠠᠯᠪᠢᠳᠠᠭ ᠃ ᠬᠡᠤᠬᠡᠳ᠎ᠢ ᠡᠩ᠎ᠤᠨ ᠠᠮᠢᠳᠤᠷᠠᠯ ᠳᠤᠮᠳᠠ᠎ᠪᠠᠨ ᠴᠤ ᠰᠤᠷᠭᠠᠯ ᠵᠠᠬᠢᠶ᠎ᠠ ᠥᠭᠡ᠎ᠪᠠᠷ ᠵᠢᠯᠣᠭᠤᠣᠠᠴᠣ ᠂ ᠬᠠᠪᠤᠯᠢᠭ ᠰᠡᠴᠡᠷᠭᠡᠯ ᠥᠭᠡ᠎ᠪᠠᠷ ᠤᠬᠠᠭᠠᠨ᠎ᠢ᠎ᠨᠢ ᠢᠷᠯᠡᠵᠤ ᠂ ᠰᠠᠴᠠᠨ ᠤᠬᠠᠭᠠᠨ᠎ᠲᠠᠢ ᠂ ᠠᠵᠢᠯᠴᠢ ᠬᠥᠳᠡᠯᠮᠥᠷᠢᠴᠢ ᠬᠥᠮᠥᠨ ᠪᠤᠯᠭᠠᠨ ᠬᠥᠮᠥᠵᠢᠬᠦᠯᠬᠦ᠎ᠪᠠᠷ ᠵᠤᠷᠢᠳᠠᠭ ᠶᠤᠮ ᠡ ᠃ ᠤᠳᠤ ᠪᠤᠯᠬᠤ᠎ᠳ᠋ᠤ ᠨᠡᠢᠭᠡᠮ ᠬᠥᠭᠵᠢᠵᠤ ᠠᠮᠢᠳᠤᠷᠠᠯ᠎ᠤᠨ ᠨᠥᠬᠦᠴᠠᠯ ᠰᠠᠢᠵᠢᠷᠠᠬᠤ᠎ᠶᠢ ᠳᠠᠭᠠᠯᠳᠤᠨ ᠲᠤᠮᠤᠴᠤᠤᠯ᠎ᠤᠨ ᠠᠳᠠᠭᠠᠷᠬᠠᠬᠤ ᠥᠵᠡᠯ᠎ᠨᠢ ᠬᠤᠢᠴᠢ ᠥᠶᠡᠳ᠋ᠡᠭᠡᠨ ᠮᠠᠭᠤ ᠨᠥᠯᠥᠬᠡ᠎ᠶᠢ ᠥᠯᠡᠳᠡᠭᠡᠵᠤ ᠪᠠᠢᠨ᠎ᠠ ᠃ ᠬᠠᠭᠤᠴᠢ ᠥᠭᠡᠨ᠎ᠳ᠋ᠤ ︽ ᠶᠡᠭᠡ ᠰᠠᠨᠠᠭ᠎ᠠ ᠪᠤᠶᠠᠨ ᠪᠠᠷᠠᠨ᠎ᠠ ︾ ᠭᠡᠳᠡᠭ ᠥᠭᠡ ᠪᠤᠢ ᠃ ᠡᠨᠡ ᠪᠤᠯ ᠬᠥᠮᠥᠰ᠎ᠤᠨ ᠶᠡᠭᠡ ᠬᠤᠪᠳᠤᠭ ᠪᠠᠢᠵᠤ ᠪᠤᠯᠬᠤ ᠥᠭᠡᠢ ᠭᠡᠳᠡᠭ᠎ᠢ ᠰᠡᠷᠡᠮᠵᠢᠯᠡᠬᠦᠯᠥᠭᠰᠡᠨ ᠰᠤᠷᠭᠠᠯ ᠪᠤᠯᠬᠤ ᠶᠤᠮ ᠃ ᠪᠠᠳᠣᠪᠤᠯᠤᠳ ᠭᠤᠸᠠᠢ᠎ᠶᠢᠨ ᠰᠢᠬᠦᠮᠵᠢ᠎ᠳ᠋ᠤ ︽ ᠮᠤᠩᠭᠤᠯᠴᠤᠳ ᠪᠢᠳᠡ ᠥᠷ᠎ᠡ ᠬᠡᠤᠬᠡᠳ᠎ᠢᠶᠡᠨ ᠳᠤᠭᠤᠯ ᠬᠠᠷᠢᠭᠤᠯᠬᠤ᠎ᠶᠢ᠎ᠨᠢ ᠳᠤᠭᠤᠯ ᠬᠠᠷᠢᠭᠤᠯᠬᠤ᠎ᠪᠠᠷ ᠶᠠᠪᠤᠭᠤᠯ ᠂ ᠳᠤᠭ ᠪᠠᠷᠢᠬᠤ᠎ᠶᠢ᠎ᠨᠢ ᠳᠤᠭ ᠪᠠᠷᠢᠬᠤ᠎ᠪᠠᠷ ᠶᠠᠪᠤᠭᠤᠯ ᠂ ᠪᠢᠳᠡᠭᠡᠢ ᠳᠤᠭᠤᠯ ᠴᠦ ᠬᠠᠷᠢᠭᠤᠯᠵᠤ ᠴᠢᠳᠠᠬᠤ ᠥᠭᠡᠢ ᠂ ᠳᠤᠭ ᠴᠤ ᠪᠠᠷᠢᠵᠤ ᠴᠢᠳᠠᠬᠤ ᠥᠭᠡᠢ ᠪᠡᠰᠡᠷᠡᠭ ᠶᠡᠭᠤᠮ᠎ᠠ ᠪᠤᠯᠭ᠎ᠠ ︾ ᠭᠡᠵᠤ ᠭᠡᠯᠡᠭᠰᠡᠨ ᠪᠠᠢᠳᠠᠭ ᠃ ᠡᠢᠮᠤ᠎ᠡᠴᠠ ᠪᠢᠳᠡ ᠥᠨᠥᠳᠥᠷ ᠴᠤ ᠥᠪᠡᠷ᠎ᠤᠨ ᠬᠡᠤᠬᠡᠳ ᠳᠡᠬᠦᠤᠨᠡᠷ᠎ᠢᠶᠡᠨ ᠥᠷᠥᠭᠡᠯ ᠪᠣᠰᠣᠳ᠎ᠢ ᠬᠠᠢᠷᠠᠯᠠᠵᠤ ᠬᠠᠯᠠᠮᠵᠢᠯᠠᠳᠠᠭ ᠂ ᠬᠠᠪᠰᠤᠷᠴᠤ ᠳᠡᠮᠵᠢᠳᠡᠭ ᠂ ᠠᠮᠢ ᠬᠤᠪᠢᠡᠴᠢᠷ ᠥᠭᠡᠢ ᠥᠭᠡᠳᠡᠷᠭᠡᠭ ᠥᠵᠡᠯ ᠪᠤᠳᠤᠯ᠎ᠲᠠᠢ ᠬᠥᠮᠥᠨ ᠪᠤᠯᠭᠠᠨ ᠬᠥᠮᠥᠵᠢᠬᠦᠯᠬᠦ᠎ᠶᠢᠨ ᠳᠥᠯᠥᠭᠡ ᠬᠡᠤᠬᠡᠳ᠎ᠲᠡᠭᠡᠨ ᠳᠥᠷᠢᠮ ᠪᠤᠯᠬᠤ ᠭᠡᠷᠡᠭᠳᠠᠢ ᠃
ᠭᠡᠣᠭᠡᠳ᠎ᠤᠨ ᠢᠷᠡᠭᠡᠳᠤᠢ᠎ᠶᠢ ᠨᠥᠯᠥᠬᠡᠯᠡᠬᠦ ᠬᠠᠮᠤᠭ᠎ᠤᠨ ᠴᠢᠬᠤᠯᠠ ᠵᠥᠢᠯ ᠪᠤᠯ ᠭᠡᠷ᠎ᠤᠨ ᠬᠥᠮᠥᠵᠢᠯ ᠪᠤᠯᠤᠨ᠎ᠠ ᠃ ᠭᠡᠷ᠎ᠤᠨ ᠠᠬᠠᠮᠠᠳ ᠪᠤᠯ ᠬᠡᠤᠭᠡᠳ᠎ᠤᠨ ᠬᠠᠮᠤᠭ ᠠᠩᠬᠠᠨ᠎ᠤ ᠪᠠᠭᠰᠢ ᠮᠥᠨ ᠂ ᠮᠥᠨ ᠴᠦ ᠨᠠᠰᠤᠨ ᠲᠤᠷᠰᠢᠬᠢ ᠥᠯᠢᠭᠡᠷ ᠳᠠᠭᠤᠷᠢᠶᠠᠯ ᠮᠥᠨ ᠂ ᠲᠠᠢᠮᠤ᠎ᠡᠴᠠ ᠥᠷᠭᠡᠨ ᠤᠯᠠᠨ ᠭᠡᠷ᠎ᠤᠨ ᠠᠬᠠᠮᠠᠳ᠎ᠤᠨ ᠭᠢᠷᠢ ᠳᠡᠩᠴᠡᠭᠰᠡᠨ ᠠᠪᠤ᠋ ᠡᠵᠢ ᠪᠤᠯᠬᠤ᠎ᠪᠠᠷ ᠪᠡᠶ᠎ᠠ ᠱᠠᠭᠠᠷᠳᠠᠨ ᠴᠢᠷᠮᠠᠢᠬᠤ ᠬᠡᠷᠡᠭᠳᠡᠢ ᠃ ᠨᠡᠢᠭᠡᠮ᠎ᠡᠴᠠ ᠬᠡᠤᠬᠡᠳ᠎ᠤᠨ ᠬᠥᠮᠥᠵᠢᠯ᠎ᠢ ᠰᠤᠷᠭᠠᠭᠤᠯᠢ᠎ᠳ᠋ᠤ ᠭᠡᠳᠤ ᠨᠠᠢᠳᠠᠵᠤ ᠭᠡᠷ᠎ᠤᠨ ᠠᠬᠠᠮᠠᠳ᠎ᠡᠴᠠ ᠭᠡᠤᠭᠡᠳ᠎ᠤᠨ ᠬᠥᠮᠥᠵᠢᠯ᠎ᠢ ᠪᠠᠭᠰᠢ᠎ᠳ᠋ᠤ ᠭᠡᠳᠤ ᠨᠠᠢᠳᠠᠬᠤ ᠥᠵᠡᠭᠳᠡᠯ ᠭᠠᠵᠠᠷ ᠠᠪᠴᠤ ᠪᠠᠢᠨ᠎ᠠ ᠃ ᠭᠡᠯᠡᠯᠭᠡᠨ ᠥᠬᠡᠢ ᠰᠤᠷᠭᠠᠭᠤᠯᠢ᠎ᠨᠢ ᠨᠡᠢᠭᠡᠮ᠎ᠳ᠋ᠤ ᠬᠠᠷᠢᠭᠤᠴᠠᠵᠤ ᠂ ᠭᠡᠷ᠎ᠤᠨ ᠠᠬᠠᠮᠠᠳ᠎ᠲᠤ ᠬᠠᠷᠢᠭᠤᠴᠠᠬᠤ ᠡᠭᠦᠳᠡᠨ᠎ᠡᠴᠠ ᠭᠡᠤᠭᠡᠳ᠎ᠤᠨ ᠬᠥᠮᠥᠵᠢᠯ᠎ᠢ ᠴᠢᠩᠭ᠎ᠠ ᠱᠠᠭᠠᠷᠳᠠᠨ ᠴᠠᠭ ᠥᠶ᠎ᠡ᠎ᠶᠢᠨ ᠱᠠᠭᠠᠷᠳᠠᠯᠭ᠎ᠠ᠎ᠳ᠋ᠤ ᠵᠤᠬᠢᠴᠬᠠᠰᠠᠨ ᠂ ᠨᠡᠢᠭᠡᠮ᠎ᠤᠨ ᠭᠡᠷᠡᠭᠴᠡᠭᠡ᠎ᠶᠢ ᠬᠠᠩᠭᠠᠵᠤ ᠴᠢᠳᠠᠬᠤ ᠭᠡᠷ ᠪᠥᠯᠢ᠎ᠶᠢᠨ ᠬᠥᠭᠵᠢᠯᠳᠡ᠎ᠳ᠋ᠤ ᠥᠢᠯᠡᠴᠢᠯᠡᠬᠦ ᠴᠢᠳᠡᠪᠤᠷᠢᠳᠡᠨᠢ ᠬᠥᠮᠥᠵᠢᠬᠦᠯᠬᠦ ᠬᠠᠷᠠᠯᠳᠠ ᠡᠬᠦᠷᠭᠡ᠎ᠶᠢᠨ ᠳᠥᠯᠥᠭᠡ ᠴᠢᠷᠮᠠᠢᠬᠤ ᠭᠡᠷᠡᠭᠳᠡᠢ ᠃ ᠵᠠᠰᠠᠭ᠎ᠤᠨ ᠳᠠᠯ᠎ᠠ ᠂ ᠨᠡᠢᠭᠡᠮ᠎ᠤᠨ ᠳᠠᠯ᠎ᠠ᠎ᠡᠴᠠ ᠴᠦ ᠰᠤᠷᠭᠠᠭᠤᠯᠢ᠎ᠶᠢᠨ ᠰᠣᠷᠭᠠᠨ ᠬᠥᠮᠥᠵᠢᠯ᠎ᠤᠨ ᠳᠠᠯ᠎ᠠ ᠳᠡᠭᠡᠷ᠎ᠡ ᠮᠠᠰᠢ ᠴᠢᠩᠭ᠎ᠠ ᠬᠢᠨᠠᠯᠳᠠ ᠱᠠᠭᠠᠷᠳᠠᠯᠭ᠎ᠠ᠎ᠶᠢ ᠳᠠᠯᠪᠢᠬᠤ ᠭᠡᠷᠡᠭᠳᠠᠢ ᠂ ᠰᠤᠷᠭᠠᠭᠤᠯᠢ᠎ᠨᠢ ᠴᠦ ᠨᠡᠢᠭᠡᠮ᠎ᠤᠨ ᠳᠠᠯ᠎ᠠ᠎ᠶᠢᠨ ᠴᠢᠩᠭ᠎ᠠ ᠬᠢᠨᠠᠯᠳᠠ᠎ᠶᠢ ᠬᠥᠯᠢᠶᠡᠬᠦ᠎ᠶᠢ ᠡᠷᠭᠡᠪᠰᠢ ᠪᠠᠷᠢᠮᠳᠠᠯᠠᠬᠤ ᠭᠡᠷᠡᠭᠳᠡᠢ ᠃ ᠭᠡᠪᠡᠴᠣ ᠬᠠᠷᠢᠯᠴᠠᠨ ᠤᠶᠠᠯᠳᠤᠠᠠᠰᠠᠠ ᠰᠠᠭᠤᠷᠢᠨ ᠳᠡᠭᠡᠷ᠎ᠡ ᠭᠡᠷ ᠪᠥᠯᠢ᠎ᠶᠢᠨ ᠰᠤᠷᠭᠠᠨ ᠬᠥᠮᠥᠵᠢᠯ᠎ᠤᠨ ᠤᠡᠴᠠᠭᠠᠢ ᠴᠢᠨᠡᠷ ᠂ ᠴᠢᠬᠤᠯᠠ ᠴᠢᠨᠡᠷ᠎ᠢ ᠬᠥᠡᠳᠥᠳᠭᠡᠨ ᠠᠳᠬᠤᠬᠤ ᠭᠡᠷᠡᠭᠳᠡᠢ ᠪᠡᠢᠨᠠ ᠃ ᠤᠴᠢᠷ᠎ᠨᠢ ᠠᠪᠤ᠋ ᠡᠵᠢ ᠪᠤᠯᠤᠠᠠᠰᠠᠳ᠎ᠤᠨ ᠭᠡᠤᠭᠡᠳ᠎ᠢᠶᠡᠨ ᠨᠥᠯᠥᠬᠡᠯᠡᠬᠦ ᠬᠥᠴᠥᠨ ᠵᠥᠢᠯ ᠪᠤᠯ ᠬᠢᠵᠠᠭᠠᠯᠠᠰᠢ ᠥᠭᠡᠢ ᠶᠤᠮ ᠃ ᠲᠤᠬᠠᠢᠯᠠᠪᠠᠯ ᠄
ᠨᠢᠬᠡ ᠂ ᠰᠢᠯᠢᠳᠡᠭ ᠰᠠᠢᠨ ᠵᠠᠩ ᠠᠪᠤᠷᠢ᠎ᠨᠢ ᠠᠪᠤ᠋ ᠡᠵᠢ᠎ᠡᠴᠠ ᠣᠯᠠᠮᠵᠢᠯᠬᠠᠳᠠᠨᠠ ᠃ ᠵᠠᠩ ᠠᠭᠠᠰᠢ ᠪᠤᠯ ᠨᠢᠬᠡ ᠬᠥᠮᠥᠨ᠎ᠤ ᠪᠤᠰᠤᠳ᠎ᠲᠤ ᠥᠭᠬᠦ ᠨᠥᠯᠥᠬᠡ ᠳᠤᠰᠬᠠᠯ᠎ᠤᠨ ᠬᠢᠨᠢ ᠴᠢᠬᠤᠯᠠ ᠬᠡᠯᠪᠡᠷᠢ ᠮᠥᠨ ᠃ ︽ ᠵᠠᠩ ᠰᠠᠢᠳᠠᠢ ᠬᠥᠮᠥᠨ᠎ᠳ᠋ᠤ ᠨᠥᠬᠦᠷ ᠤᠯᠠᠨ ᠂ ᠵᠠᠮᠠᠭ ᠰᠠᠢᠳᠠᠢ ᠣᠰᠣᠨ᠎ᠳ᠋ᠤ ᠵᠢᠭᠠᠰᠤ ᠤᠯᠠᠨ ︾ ᠭᠡᠳᠡᠭ᠎ᠢᠶᠠᠷ ᠵᠠᠩ ᠠᠭᠠᠰᠢ ᠰᠠᠢᠨ ᠬᠥᠮᠥᠨ᠎ᠤ ᠨᠡᠢᠭᠡᠮ᠎ᠤᠨ ᠬᠠᠷᠢᠯᠴᠠᠭ᠎ᠠ ᠥᠷᠭᠡᠨ ᠂ ᠤᠴᠢᠷ ᠶᠠᠪᠤᠳᠠᠯ᠎ᠨᠢ ᠤᠷᠤᠬᠰᠢᠳᠠᠢ ᠪᠡᠶᠡᠯᠡᠭᠳᠡᠳᠡᠭ ᠃ ᠠᠪᠤ᠋ ᠡᠵᠢ ᠪᠤᠯᠤᠠᠠᠰᠠᠳ᠎ᠨᠢ ᠦᠪᠡᠷᠰᠡᠳ᠎ᠤᠨ᠎ᠢᠶᠡᠨ ᠰᠢᠯᠢᠳᠡᠭ ᠰᠠᠢᠨ ᠵᠠᠩ ᠠᠭᠠᠰᠢᠪᠠᠷᠢᠶᠡᠨ ᠬᠡᠤᠬᠡᠳ᠎ᠢᠶᠡᠨ ᠨᠦᠯᠤᠭᠡᠯᠡᠵᠤ ᠂ ᠬᠡᠷ ᠪᠥᠯᠢ᠎ᠶᠢᠨ ᠡᠶ᠎ᠡ ᠨᠠᠢᠷ ᠂ ᠠᠢᠯ ᠰᠠᠭᠠᠬᠠᠯᠳᠠ᠎ᠶᠢᠨ ᠡᠪ ᠪᠥᠯᠬᠦᠮᠳᠡᠯᠢᠶᠠᠷᠢᠶᠡᠨ ᠥᠯᠢᠭᠡᠷ ᠭᠡᠪ ᠪᠤᠯᠬᠤ᠎ᠨᠢ ᠬᠡᠤᠬᠡᠳ᠎ᠤᠨ ᠰᠠᠢᠨ ᠰᠠᠢᠬᠠᠨ ᠵᠠᠩ ᠠᠪᠤᠷᠢ᠎ᠲᠠᠢ ᠪᠤᠯᠵᠤ ᠬᠥᠮᠥᠵᠢᠭᠳᠡᠬᠦ᠎ᠳ᠋ᠤ ᠳᠤᠩ ᠴᠢᠬᠤᠯᠠ ᠥᠢᠯᠡᠳᠥᠯ ᠥᠵᠡᠬᠦᠯᠳᠡᠭ ᠃ ᠨᠢᠭᠡ ᠬᠥᠮᠥᠨ᠎ᠤ ᠵᠠᠩ ᠠᠪᠤᠷᠢ᠎ᠨᠢ ᠬᠥᠮᠥᠨ ᠮᠥᠰᠤ᠎ᠶᠢᠨ ᠪᠥᠷᠢᠯᠳᠤᠯ᠎ᠤᠨ ᠰᠠᠭᠤᠷᠢ ᠮᠥᠨ ᠃
ᠬᠤᠶᠡᠷ ᠂ ᠰᠢᠯᠢᠳᠡᠭ ᠰᠠᠢᠨ ᠵᠠᠩ ᠳᠠᠳᠬᠠᠯ ᠠᠪᠤ᠋ ᠡᠵᠢ᠎ᠡᠴᠠ ᠨᠥᠯᠥᠬᠡᠯᠡᠭᠳᠡᠨᠡ ᠃ ︽ ᠭᠡᠭᠡᠷ ᠠᠯᠠᠭ᠎ᠡᠴᠠ ᠰᠢᠭᠡᠷ᠎ᠡ ᠠᠯᠠᠭ ᠂ ᠭᠡᠯᠳᠡᠩ ᠭᠡᠬᠦᠣ᠎ᠡᠴᠠ ᠱᠤᠪᠳᠣᠩ ᠣᠨᠠᠭ᠎ᠠ ︾ ᠭᠡᠳᠡᠭ᠎ᠢᠶᠠᠷ ᠭᠡᠷ ᠪᠥᠯᠢ᠎ᠶᠢᠨ ᠣᠷᠴᠢᠨ᠎ᠤ ᠨᠥᠯᠥᠭᠡ᠎ᠨᠢ ᠭᠡᠤᠭᠡᠳ᠎ᠤᠨ ᠬᠥᠭᠵᠢᠯᠳᠡ᠎ᠶᠢ ᠶᠡᠭᠡᠪᠡᠷ ᠨᠥᠯᠥᠭᠡᠯᠡᠵᠤ ᠂ ᠭᠡᠷ ᠪᠥᠯᠢ᠎ᠶᠢᠨ ᠠᠮᠢᠳᠤᠷᠠᠯ᠎ᠤᠨ ᠵᠠᠩ ᠳᠠᠳᠬᠠᠯ ᠂ ᠠᠪᠤ᠋ ᠡᠵᠢ᠎ᠶᠢᠨ ᠬᠢᠨᠢ ᠭᠡᠪ ᠪᠤᠯᠪᠠᠰᠣᠷᠠᠯ᠎ᠨᠢ ᠨᠢᠭᠡ ᠭᠡᠤᠭᠡᠳ᠎ᠤᠨ ᠨᠠᠰᠤᠨ ᠳᠤᠷᠰᠢᠬᠢ ᠵᠠᠩ ᠰᠤᠷᠳᠠᠯ᠎ᠤᠨ ᠬᠢᠨᠢ ᠰᠠᠭᠤᠷᠢᠨ᠎ᠢ ᠪᠤᠯᠳᠠᠭ ᠃ ᠮᠠᠨ᠎ᠤ ᠮᠤᠩᠭᠤᠯᠴᠣᠳ ᠡᠷᠳᠡ ᠳᠡᠭᠡᠳᠣ᠎ᠡᠴᠠ ᠠᠪᠤᠭᠠᠳ ᠭᠡᠷ ᠪᠥᠯᠢ᠎ᠶᠢᠨ ᠬᠥᠮᠥᠵᠢᠯ᠎ᠳ᠋ᠤ ᠠᠬᠠᠰ ᠵᠠᠬᠠᠰ᠎ᠢᠶᠡᠨ ᠬᠥᠡᠳᠥᠯᠡᠬᠦ ᠂ ᠠᠬᠠᠮᠠᠳ ᠨᠠᠰᠤᠳᠠᠨ᠎ᠨᠢ ᠭᠡᠪ ᠳᠥᠷᠢᠮ ᠪᠤᠯᠬᠤ᠎ᠶᠢ ᠶᠡᠭᠡᠳᠡ ᠬᠢᠴᠢᠶᠡᠳᠡᠭ ᠃ ᠶᠡᠷᠤ᠎ᠨᠢ ᠯᠡ ᠭᠡᠤᠭᠡᠳ᠎ᠤᠨ ᠲᠡᠷᠭᠡᠳᠡ ᠶᠠᠪᠤᠵᠤ ᠰᠠᠭᠤᠬᠤ ᠂ ᠭᠡᠯᠡᠵᠤ ᠶᠠᠷᠢᠬᠤ᠎ᠪᠠᠨ ᠴᠢᠩᠭ᠎ᠠ ᠬᠢᠴᠢᠶᠡᠳᠡᠭ ᠃ ᠭᠡᠷ ᠪᠥᠯᠢ᠎ᠶᠢᠨ ᠡᠩ᠎ᠤᠨ ᠠᠮᠢᠳᠤᠷᠠᠯ᠎ᠤᠨ ᠳᠠᠳᠬᠠᠯ᠎ᠨᠢ ᠭᠡᠤᠭᠡᠳ᠎ᠤᠨ ᠵᠠᠩ ᠳᠠᠳᠬᠠᠯ᠎ᠤᠨ ᠪᠦᠷᠢᠯᠳᠦᠯ᠎ᠳ᠋ᠤ ᠴᠢᠬᠤᠯᠠ ᠥᠢᠯᠡᠳᠥᠯ ᠥᠵᠡᠬᠦᠯᠵᠤ ᠂ ᠰᠢᠯᠢᠳᠡᠭ ᠰᠠᠢᠨ ᠠᠮᠢᠳᠤᠷᠠᠯ᠎ᠤᠨ ᠳᠠᠳᠬᠠᠯ᠎ᠨᠢ ᠭᠡᠣᠭᠡᠳ᠎ᠤᠨ ᠥᠰᠥᠯᠳᠡ ᠪᠤᠢᠵᠢᠯᠳᠡᠶᠢ ᠰᠢᠭᠤᠳ ᠨᠦᠯᠦᠭᠡᠯᠡᠳᠡᠭ ᠃
ᠭᠤᠷᠪᠠ ᠂ ᠨᠣᠮ ᠤᠡᠭᠰᠢᠬᠤ ᠳᠤᠷ᠎ᠡ ᠰᠣᠨᠢᠷᠬᠠᠯ᠎ᠨᠢ ᠠᠪᠤ᠋ ᠡᠵᠢ᠎ᠡᠴᠠ ᠪᠤᠢ ᠪᠤᠯᠤᠨ᠎ᠠ ᠃ ᠭᠡᠷ ᠪᠥᠯᠢ᠎ᠶᠢᠨ ᠤᠡᠭᠰᠢᠯᠭ᠎ᠠ᠎ᠶᠢᠨ ᠳᠢᠭᠯᠢᠮ᠎ᠢ ᠡᠷᠭᠡᠪᠰᠢ ᠡᠭᠦᠳᠥᠨ ᠪᠠᠢᠭᠤᠯᠬᠤ ᠴᠢᠬᠤᠯᠠᠳᠠᠢ ᠃ ᠬᠠᠷᠠᠭ᠎ᠠ ᠲᠡᠯᠡᠵᠤ ᠮᠡᠳᠡᠯᠭᠡ ᠬᠤᠷᠠᠮᠳᠤᠭᠤᠯᠬᠤ᠎ᠳ᠋ᠤ ᠤᠡᠭᠰᠢᠯᠭ᠎ᠠ᠎ᠡᠴᠠ ᠰᠠᠯᠵᠤ ᠴᠢᠳᠠᠬᠤ ᠦᠭᠡᠢ ᠃ ᠨᠤᠮ ᠤᠡᠭᠰᠢᠯᠭ᠎ᠠ᠎ᠨᠢ ᠵᠥᠪᠬᠡᠨ ᠰᠤᠷᠭᠠᠭᠤᠯᠢ᠎ᠳ᠋ᠤ ᠳᠡᠪᠰᠢᠬᠤ᠎ᠶᠢ ᠪᠠᠳᠣᠯᠠᠵᠤ ᠂ ᠰᠤᠷᠤᠯᠭ᠎ᠠ᠎ᠶᠢᠨ ᠭᠢᠷᠢ ᠭᠡᠮ᠎ᠢ ᠳᠡᠭᠡᠭᠰᠢᠯᠡᠬᠦᠯᠬᠦ ᠤᠴᠢᠷ ᠪᠢᠰᠢ ᠃ ᠨᠤᠮ ᠤᠡᠭᠰᠢᠯᠭ᠎ᠠ ᠪᠤᠯ ᠠᠵᠢᠯ ᠳᠥᠷᠥᠯ᠎ᠤᠨ ᠢᠯᠭᠠᠯ ᠥᠭᠡᠢ ᠂ ᠨᠢᠭᠡ ᠬᠥᠮᠥᠨ᠎ᠤ ᠨᠠᠰᠣᠨ ᠳᠤᠷᠰᠢᠳᠠ᠎ᠶᠢᠨ ᠬᠥᠭᠵᠢᠯᠳᠡ᠎ᠳ᠋ᠤ ᠥᠢᠯᠡᠴᠢᠯᠡᠵᠤ ᠂ ᠨᠢᠬᠡ ᠬᠥᠮᠥᠨ᠎ᠤ ᠶᠢᠷᠳᠢᠡᠴᠤ᠎ᠶᠢᠨ ᠦᠵᠡᠯᠳᠠ᠎ᠶᠢᠨ ᠪᠦᠷᠢᠯᠳᠤᠯ ᠂ ᠭᠡᠪ ᠪᠤᠯᠪᠡᠰᠤᠷᠠᠯ᠎ᠤᠨ ᠳᠡᠭᠡᠭᠰᠢᠯᠡᠯᠳᠠ᠎ᠶᠢᠨ ᠠᠷᠭ᠎ᠠ ᠵᠠᠮ ᠮᠥᠨ ᠃ ᠲᠠᠢᠮᠤ᠎ᠡᠴᠠ ᠠᠪᠤ᠋ ᠡᠵᠢ ᠪᠤᠯᠤᠠᠠᠰᠠᠳ᠎ᠨᠢ ᠥᠪᠡᠷ᠎ᠤᠨ ᠭᠡᠪ ᠪᠤᠯᠪᠠᠰᠤᠷᠠᠯ ᠭᠢᠷᠢ ᠳᠥᠪᠰᠢᠨ᠎ᠢᠶᠡᠨ ᠳᠡᠭᠡᠭᠰᠢᠯᠡᠬᠦᠯᠬᠦ ᠡᠬᠦᠳᠡᠨ᠎ᠡᠴᠠ ᠨᠣᠮ ᠢᠯᠡᠬᠦᠤ ᠣᠡᠭᠰᠢᠬᠤ ᠴᠢᠬᠤᠯᠠᠳᠠᠢ ᠃ ᠭᠡᠷ᠎ᠤᠨ ᠠᠬᠠᠮᠠᠳ ᠥᠪᠡᠷᠰᠡᠳ᠎ᠢᠶᠡᠨ ᠨᠣᠮ ᠢᠯᠡᠭᠦᠣ ᠤᠡᠭᠰᠢᠬᠤ ᠳᠠᠳᠬᠠᠯ᠎ᠲᠠᠢ ᠪᠤᠯᠵᠤ ᠴᠢᠳᠠᠪᠠᠯ ᠭᠡᠤᠭᠡᠳ ᠴᠦ ᠡᠨᠡᠬᠦ ᠭᠡᠷ ᠪᠥᠯᠢ᠎ᠶᠢᠨ ᠠᠭᠤᠷ ᠠᠮᠢᠰᠬᠤᠯ᠎ᠳ᠋ᠤ ᠨᠥᠯᠥᠬᠡᠯᠡᠭᠳᠡᠵᠤ ᠂ ᠠᠶᠠᠡᠳᠠᠭᠠᠨ ᠨᠤᠮ ᠤᠡᠭᠰᠢᠬᠤ ᠳᠤᠷ᠎ᠠ ᠰᠤᠨᠢᠷᠬᠠᠯ᠎ᠲᠠᠢ ᠪᠤᠯᠵᠤ ᠴᠢᠳᠠᠨ᠎ᠠ ᠃
ᠳᠥᠷᠪᠡ ᠂ ᠪᠠᠳᠤ ᠴᠢᠩᠭ᠎ᠠ ᠵᠤᠷᠢᠭ ᠬᠥᠰᠡᠯ ᠠᠪᠤ᠋ ᠡᠵᠢ᠎ᠡᠴᠠ ᠨᠥᠯᠥᠭᠡᠯᠡᠭᠳᠡᠨ᠎ᠡ ᠃ ᠪᠠᠭᠰᠢ ᠨᠠᠷ ᠪᠤᠯ ᠬᠡᠤᠭᠡᠳ᠎ᠢ ᠰᠢᠰᠲ᠋ᠧᠮ᠎ᠲᠠᠢ᠎ᠪᠠᠷ ᠮᠡᠳᠡᠯᠭᠡ᠎ᠶᠢᠨ ᠭᠥᠨ ᠳᠡᠰ᠎ᠢ ᠬᠥᠮᠥᠵᠢᠬᠦᠯᠥᠨ ᠪᠤᠯᠪᠠᠰᠣᠷᠠᠭᠤᠯᠳᠠᠭ ᠃ ᠭᠡᠯᠡᠯᠭᠡᠨ ᠥᠭᠡᠢ ᠡᠷᠳᠡᠮ ᠮᠡᠳᠡᠯᠭᠡ᠎ᠶᠢᠨ ᠭᠦᠨᠴᠡ ᠳᠠᠯᠡᠬᠦᠶᠢ ᠳᠠᠭᠠᠯᠳᠤᠵᠣ ᠂ ᠨᠠᠰᠣᠨ᠎ᠤ ᠣᠨᠴᠠᠯᠢᠭᠲᠤ ᠵᠤᠬᠢᠴᠠᠭᠤᠯᠣᠨ ᠬᠡᠤᠭᠡᠳ᠎ᠲᠤ ᠮᠡᠳᠡᠯᠭᠡ ᠮᠡᠷᠭᠡᠵᠢᠯ ᠡᠵᠡᠮᠰᠢᠭᠦᠯᠵᠤ ᠂ ᠶᠣᠰᠣ ᠮᠣᠷᠠᠯ ᠂ ᠥᠵᠡᠯᠳᠡ ᠳᠠᠨᠢᠯᠳᠠ᠎ᠶᠢ᠎ᠨᠢ ᠵᠥᠪ ᠳᠡᠢᠰᠢ ᠬᠥᠳᠥᠯᠥᠨ ᠳᠠᠭᠠᠭᠤᠯᠬᠤ᠎ᠶᠢ ᠪᠠᠷᠢᠮᠳᠠᠯᠠᠳᠠᠭ ᠃ ᠭᠡᠷ᠎ᠤᠨ ᠠᠬᠠᠮᠠᠳ ᠪᠤᠯᠤᠠᠠᠰᠠᠳ᠎ᠨᠢ ᠭᠡᠷ ᠪᠥᠯᠢᠶᠢᠨᠢᠶᠡᠨ ᠰᠢᠯᠢᠳᠡᠭ ᠰᠠᠢᠬᠠᠨ ᠭᠡᠪ ᠰᠤᠷᠳᠠᠯ ᠂ ᠬᠥᠮᠥᠨ ᠪᠤᠯᠬᠤ ᠶᠤᠰᠣ ᠳᠢᠭᠯᠢᠮ ᠂ ᠪᠠᠳᠤ ᠴᠢᠩᠭ᠎ᠠ ᠵᠤᠷᠢᠭ ᠬᠥᠰᠡᠯᠢᠶᠠᠷᠢᠶᠡᠨ ᠭᠡᠤᠭᠡᠳ᠎ᠢᠶᠡᠨ ᠨᠥᠯᠥᠭᠡᠯᠡᠵᠤ ᠂ ᠬᠡᠤᠭᠡᠳ᠎ᠤᠨ᠎ᠢᠶᠡᠨ ᠥᠰᠥᠨ ᠪᠤᠢᠵᠢᠯᠳᠠ᠎ᠳ᠋ᠤ ᠭᠡᠪ ᠳᠠᠭᠤᠷᠢᠶᠠᠯ ᠪᠤᠯᠬᠤ ᠬᠡᠷᠡᠭᠳᠡᠢ ᠃
ᠳᠠᠪᠤ᠋ ᠂ ᠵᠢᠷᠭᠠᠯᠳᠣ ᠲᠦᠷᠦᠭᠳᠡᠯ ᠠᠪᠤ᠋ ᠡᠵᠢ᠎ᠡᠴᠠ ᠳᠥᠯᠤᠪᠰᠢᠷᠡᠭᠳᠡᠨᠡ ᠃ ᠬᠡᠤᠭᠡᠳ᠎ᠤᠨ ᠥᠰᠥᠨ ᠪᠤᠢᠵᠢᠯᠳᠠ᠎ᠳ᠋ᠤ ᠠᠪᠤ᠋ ᠡᠵᠢ ᠪᠤᠯᠤᠠᠠᠰᠠᠳ᠎ᠤᠨ ᠨᠥᠯᠥᠭᠡ᠎ᠨᠢ ᠳᠤᠢᠯ᠎ᠤᠨ ᠴᠢᠬᠤᠯᠠ ᠪᠠᠢᠳᠠᠭ᠎ᠢ ᠶᠠᠭᠠᠬᠢᠨ᠍ᠠᠰᠠᠨ ᠴᠦ ᠤᠮᠳᠤᠭᠠᠢᠯᠠᠵᠤ ᠪᠤᠯᠤᠰᠢ ᠥᠭᠡᠢ ᠂ ᠭᠡᠷ ᠵᠠᠭᠤᠷ᠎ᠡ᠎ᠶᠢᠨ ᠡᠶ᠎ᠡ ᠨᠠᠢᠷ ᠂ ᠰᠠᠢᠨ ᠰᠠᠢᠬᠠᠨ ᠪᠡᠶᠡᠷ ᠵᠢᠷᠭᠠᠯ᠎ᠲᠠᠢ ᠤᠷᠴᠢᠨ ᠨᠥᠬᠦᠴᠡᠯ᠎ᠨᠢ ᠬᠡᠤᠬᠡᠳ᠎ᠤᠨ ᠡᠷᠡᠬᠦᠯ ᠥᠰᠥᠯᠳᠡ᠎ᠶᠢ ᠰᠢᠭᠤᠳ ᠨᠥᠯᠥᠭᠡᠯᠡᠵᠤ ᠂ ᠭᠡᠷ ᠵᠠᠭᠤᠷ᠎ᠠ᠎ᠪᠠᠨ ᠭᠡᠷᠡᠬᠦᠯ ᠳᠠᠰᠤᠷᠠᠳᠠᠭ ᠥᠭᠡᠢ ᠭᠡᠷ ᠪᠥᠯᠢ᠎ᠶᠢᠨ ᠬᠡᠤᠬᠡᠳ᠎ᠤᠨ ᠰᠠᠳᠬᠢᠴᠡ ᠂ ᠪᠡᠶ᠎ᠡ ᠮᠠᠬᠠᠪᠤᠳ᠎ᠤᠨ ᠬᠥᠭᠵᠢᠯᠳᠡ ᠳᠠᠪᠰᠢᠯᠳᠠ᠎ᠶᠢ᠎ᠨᠢ ᠨᠥᠯᠥᠭᠡᠯᠡᠨ᠎ᠡ ᠃ ᠭᠡᠷ᠎ᠤᠨ ᠠᠬᠠᠮᠠᠳ᠎ᠤᠨ ᠰᠢᠯᠳᠠᠭᠠᠨ᠎ᠡᠴᠠ ᠪᠤᠯᠵᠤ ᠂ ᠭᠡᠴᠢᠨᠠᠨ ᠤᠯᠠᠨ ᠬᠡᠤᠭᠡᠳ ᠤᠶᠤᠨ ᠰᠠᠨᠠᠭᠠᠨ᠎ᠤ ᠡᠮᠵᠡᠭ ᠳᠠᠷᠤᠭᠠᠰᠤ᠎ᠲᠠᠢ ᠬᠥᠮᠥᠵᠢᠭᠳᠡᠵᠤ ᠪᠠᠢᠭ᠎ᠠ᠎ᠶᠢ ᠮᠡᠳᠡᠵᠤ ᠪᠤᠯᠤᠨ᠎ᠠ ᠃ ᠡᠢᠨ ᠬᠦ ᠠᠮᠢᠳᠤᠷᠠᠯ᠎ᠳ᠋ᠤ ᠭᠡᠳᠤᠢ ᠬᠥᠴᠢᠷ ᠪᠡᠷᠭᠡ ᠳᠤᠬᠢᠶᠠᠯᠳᠤᠠᠠᠰᠠᠨ ᠴᠦ ᠶᠠᠰᠤ ᠬᠠᠳᠠᠭᠤ ᠂ ᠵᠤᠷᠢᠭ ᠴᠢᠩᠭ᠎ᠠ᠎ᠪᠠᠷ ᠠᠮᠢᠳᠤᠷᠠᠯ ᠥᠢᠯᠡᠰ᠎ᠢᠶᠡᠨ ᠪᠤᠰᠬᠠᠵᠤ ᠥᠪᠡᠷ᠎ᠤᠨ ᠪᠡᠶ᠎ᠡ ᠂ ᠭᠡᠷ ᠪᠥᠯᠢᠳ᠋ᠡᠭᠡᠨ ᠬᠠᠷᠢᠭᠤᠴᠠᠵᠤ ᠂ ᠬᠡᠤᠬᠡᠳ᠎ᠤᠨ ᠰᠠᠢᠨ ᠰᠠᠢᠬᠠᠨ᠎ᠤ ᠳᠥᠯᠥᠭᠡ ᠴᠢᠷᠮᠠᠢᠨ ᠳᠡᠮᠡᠴᠡᠬᠦ ᠯᠡ ᠭᠡᠷᠡᠭᠳᠡᠢ ᠃ ᠬᠡᠤᠭᠡᠳ᠎ᠢ ᠬᠥᠮᠥᠵᠢᠬᠦᠯᠬᠦ ᠪᠤᠯ ᠪᠠᠭᠰᠢ᠎ᠶᠢᠨ ᠠᠮᠢᠳᠤᠷᠠᠯ᠎ᠤᠨ ᠨᠢᠭᠡ ᠭᠡᠰᠡᠭ ᠯᠡ ᠳᠡᠳᠤᠢ ᠂ ᠬᠠᠷᠢᠨ ᠬᠡᠤᠬᠡᠳ ᠪᠤᠯ ᠭᠡᠷ ᠪᠥᠯᠢ᠎ᠶᠢᠨ ᠴᠣᠷ᠎ᠤᠨ ᠭᠠᠭᠴᠠ ᠬᠠᠶᠠᠵᠤ ᠪᠤᠯᠳᠠᠭ ᠥᠭᠡᠢ ᠠᠮᠢᠳᠤᠷᠠᠯ᠎ᠤᠨ ᠴᠢᠬᠤᠯᠠ ᠵᠥᠢᠯ ᠭᠡᠳᠡᠭ᠎ᠢ ᠥᠢᠯᠭᠠᠪᠠᠯ ᠵᠤᠬᠢᠨ᠎ᠠ ᠂ ᠥᠪᠡᠷ᠎ᠤᠨ ᠬᠡᠤᠭᠡᠳ᠎ᠢᠶᠡᠨ ᠬᠥᠮᠥᠵᠢᠬᠦᠯᠬᠦ ᠪᠤᠯ ᠭᠡᠷ ᠪᠥᠯᠢ᠎ᠶᠢᠨ ᠥᠨᠢ ᠮᠥᠡᠭᠬᠡᠶᠢᠨ ᠠᠵᠢᠯ ᠮᠥᠨ ᠃ ᠰᠠᠳᠬᠢᠯ᠎ᠤᠨ ᠳᠡᠩᠭᠡᠭᠡ᠎ᠲᠠᠢ ᠠᠮᠢᠳᠤᠷᠠᠬᠤ ᠤᠬᠠᠭᠠᠨ᠎ᠲᠠᠢ ᠪᠤᠯᠭᠠᠨ ᠬᠥᠮᠥᠵᠢᠬᠦᠯᠬᠦ ᠭᠡᠷᠡᠭᠲᠠᠢ ᠃
︵ ᠵᠤᠬᠢᠶᠠᠬᠴᠢ᠎ᠶᠢᠨ ᠪᠠᠢᠭᠤᠯᠭ᠎ᠠ ᠄ ᠬᠦᠪᠡᠭᠡᠳᠤ ᠰᠢᠷ᠎ᠠ ᠬᠤᠰᠢᠭᠤᠨ᠎ᠤ ᠰᠤᠷᠭᠠᠨ ᠬᠦᠮᠦᠵᠢᠯ᠎ᠤᠨ ᠲᠤᠪᠴᠢᠶ᠎ᠠ ︶
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠼᠠᠢ ᠬᠤᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃