ᠲᠡᠷᠢᠭᠦᠨ ᠨᠢᠭᠤᠷ>ᠣᠨᠣᠯ ᠱᠢᠭᠦᠮᠵᠢ>ᠶᠠᠷᠢᠯᠴᠠᠭ᠎ᠠ

2020-10-16 15:51:22

ᠵᠣᠬᠢᠶᠠᠭ᠍ᠴᠢ᠄ ᠨᠠᠷᠠᠨᠳᠣᠶᠠᠭ᠎ᠠ ᠣᠩᠱᠢᠭ᠍ᠰᠠᠨ ᠣᠳᠠᠭ᠎ᠠ᠄ 3

ᠬᠦᠮᠦᠨ ᠠᠮᠠ᠎ᠶᠢᠨ ᠨᠠᠰᠤᠵᠢᠯ᠎ᠤᠨ ᠲᠦᠷᠭᠡᠳᠦᠯ᠎ᠢ ᠲᠠᠭᠠᠯᠳᠣᠨ ᠂ ᠨᠠᠰᠤᠵᠢᠯ᠎ᠤᠨ ᠠᠰᠠᠷᠠᠮᠵᠢ᠎ᠶᠢᠨ ᠠᠰᠠᠭᠤᠳᠠᠯ ᠂ ᠨᠠᠰᠣᠳᠠᠢᠴᠣᠳ᠎ᠤᠨ ᠡᠮᠴᠢᠯᠡᠭᠡᠨ᠎ᠤ ᠠᠰᠠᠭᠤᠳᠠᠯ ᠡᠳᠦᠷ ᠢᠷᠡᠬᠦᠶ᠎ᠠ ᠲᠣᠪᠣᠢᠮ᠎ᠠ ᠪᠤᠯᠵᠤ ᠂ ᠨᠠᠰᠣᠳᠠᠢᠴᠣᠳ᠎ᠤᠨ ᠡᠮᠴᠢᠯᠡᠭᠡᠨ᠎ᠤ ᠦᠢᠯᠡᠴᠢᠯᠡᠬᠡᠨ᠎ᠤ ᠬᠡᠷᠡᠭᠴᠡᠭᠡ ᠪᠠ ᠠᠮᠢᠳᠣᠷᠡᠯ᠎ᠤᠨ ᠬᠠᠷᠠᠭᠠᠯᠵᠠᠯ᠎ᠤᠨ ᠱᠠᠭᠠᠷᠳᠠᠯᠭ᠎ᠠ ᠳᠠᠪᠬᠤᠴᠠᠬᠤ ᠪᠠᠢᠳᠠᠯ ᠣᠯᠠᠮ ᠢᠯᠡᠷᠬᠡᠢ ᠪᠣᠯᠵᠦ ᠂ ᠨᠠᠰᠣᠳᠠᠢᠴᠣᠳ᠎ᠤᠨ ᠡᠮᠴᠢᠯᠡᠭᠡᠨ᠎ᠤ ᠬᠠᠩᠭᠠᠯᠭ᠎ᠠ ᠪᠠ ᠨᠠᠰᠤᠵᠢᠯ᠎ᠤᠨ ᠠᠰᠠᠷᠠᠮᠵᠢ᠎ᠶᠢ ᠬᠠᠷᠢᠯᠴᠠᠨ ᠣᠶᠠᠯᠳᠣᠭᠤᠯᠤᠭᠰᠠᠨ ᠦᠢᠯᠡᠴᠢᠯᠡᠭᠡ ᠲᠤᠯᠭᠠᠮ ᠱᠠᠭᠠᠷᠳᠠᠭᠳᠠᠵᠦ ᠪᠤᠢ ᠃ ᠡᠳᠦᠷ ᠢᠷᠡᠬᠦᠶ᠎ᠠ ᠨᠡᠮᠡᠭᠳᠡᠵᠦ ᠪᠠᠢᠭ᠎ᠠ ᠬᠡᠷᠡᠭᠴᠡᠭᠡ᠎ᠲᠠᠢ ᠠᠳᠠᠯᠢᠳᠬᠠᠪᠠᠯ ᠂ ᠨᠠᠰᠤᠵᠢᠯ᠎ᠤᠨ ᠠᠰᠠᠷᠠᠮᠵᠢ ᠪᠠ ᠡᠮᠴᠢᠯᠡᠭᠡᠨ᠎ᠤ ᠦᠢᠯᠡᠴᠢᠯᠡᠭᠡ᠎ᠶᠢ ᠬᠠᠷᠢᠯᠴᠡᠨ ᠤᠶᠠᠯᠳᠤᠭᠤᠯᠤᠬᠰᠠᠨ ᠦᠢᠯᠡᠴᠢᠯᠡᠭᠡ ᠢᠯᠡᠳᠳᠡ ᠭᠦᠢᠴᠡᠳ ᠪᠤᠰᠤ ᠪᠠᠢᠨ᠎ᠠ ᠃ ᠡᠨᠡ᠎ᠨᠢ ᠨᠠᠰᠣᠳᠠᠢᠴᠣᠳ᠎ᠤᠨ ᠨᠡᠢᠬᠡᠮ᠎ᠤᠨ ᠪᠠᠳᠣᠯᠠᠭ᠎ᠠ ᠪᠠ ᠨᠡᠢᠬᠡᠮ᠎ᠤᠨ ᠦᠢᠯᠡᠴᠢᠯᠡᠭᠡ᠎ᠶᠢᠨ ᠰᠢᠰᠲ᠋ᠧᠮ᠎ᠳ᠋ᠤ ᠰᠢᠨ᠎ᠠ ᠱᠠᠭᠠᠷᠳᠠᠯᠭ᠎ᠠ ᠲᠣᠷᠠᠳᠣᠭᠰᠠᠨ ᠪᠠᠢᠨ᠎ᠠ ᠃ ᠡᠬᠦᠨ᠎ᠳ᠋ᠤ 2013 ᠣᠨ᠎ᠡᠴᠠ ᠨᠠᠭᠠᠰᠢ ᠂ ᠲᠦᠷᠦ᠎ᠶᠢᠨ ᠶᠠᠪᠣᠳᠠᠯ᠎ᠤᠨ ᠬᠤᠷᠢᠶ᠎ᠠ᠎ᠡᠴᠠ ᠣᠷᠢᠳ ᠬᠤᠵᠢᠳ ︽ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠬᠡᠨ᠎ᠤ ᠦᠢᠯᠡᠰ᠎ᠤᠨ ᠬᠦᠭᠵᠢᠯᠳᠡ᠎ᠶᠢ ᠠᠬᠢᠭᠤᠯᠬᠤ ᠲᠣᠬᠠᠢ ᠰᠠᠨᠠᠯ ︾ ᠪᠠ ︽ ᠡᠷᠡᠬᠦᠯ ᠮᠡᠨᠳᠦ᠎ᠶᠢᠨ ᠦᠢᠯᠡᠴᠢᠯᠡᠬᠡᠨ᠎ᠤ ᠦᠢᠯᠡᠰ᠎ᠢ ᠬᠦᠭᠵᠢᠭᠦᠯᠬᠦ ᠲᠣᠬᠠᠢ ᠰᠠᠨᠠᠯ ︾ ᠂ ︽ ᠪᠦᠬᠦ ᠤᠯᠤᠰ᠎ᠤᠨ ᠡᠮ ᠡᠮᠨᠡᠯᠭᠡ ᠡᠷᠡᠭᠦᠯ ᠬᠠᠮᠠᠭᠠᠯᠠᠯ᠎ᠤᠨ ᠦᠢᠯᠡᠴᠢᠯᠡᠭᠡᠨ᠎ᠤ ᠲᠤᠭᠳᠠᠴᠠ᠎ᠶᠢᠨ ᠲᠦᠯᠦᠪᠵᠢᠭᠦᠯᠭᠡ᠎ᠶᠢᠨ ᠬᠦᠳᠦᠯᠪᠦᠷᠢ ︵ 2015 ~ 2020 ᠤᠨ ︶ ︾ ᠂ ︽ ᠡᠮ ᠡᠮᠨᠡᠯᠭᠡ ᠡᠷᠡᠬᠦᠯ ᠬᠠᠮᠠᠭᠠᠯᠠᠯ ᠬᠢᠭᠡᠳ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡᠨ᠎ᠢ ᠤᠶᠠᠯᠳᠤᠭᠤᠯᠬᠤ᠎ᠶᠢ ᠠᠬᠢᠭᠤᠯᠬᠤ ᠲᠤᠬᠠᠢ ᠰᠠᠨᠠᠯ ︾ ᠂ ︽ ᠤᠶᠤᠨᠴᠢ ᠡᠷᠡᠭᠦᠯᠴᠢ ᠨᠠᠰᠤᠵᠢᠯ᠎ᠤᠨ ᠠᠰᠠᠷᠠᠮᠵᠢ᠎ᠶᠢᠨ ᠦᠢᠯᠡᠰ᠎ᠤᠨ ᠬᠦᠭᠵᠢᠯᠳᠠ᠎ᠶᠢᠨ ᠠᠵᠢᠯᠯᠠᠭᠠᠨ᠎ᠤ ᠲᠦᠯᠦᠪᠯᠡᠭᠡ ︵ 2017 ~ 2020 ︶ ︾ ᠵᠡᠷᠬᠡ ᠬᠦᠳᠦᠯᠪᠦᠷᠢ᠎ᠶᠢᠨ ᠴᠢᠨᠠᠷᠳᠠᠢ ᠲᠦᠷᠢᠮ ᠲᠤᠬᠳᠠᠭᠠᠯ᠎ᠢ ᠲᠤᠬᠳᠠᠭᠠᠨ ᠨᠡᠢᠳᠡᠯᠡᠵᠤ ᠂ ᠡᠳᠡᠭᠡᠷ᠎ᠨᠢ ᠨᠠᠰᠤᠵᠢᠯ ᠪᠠ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡᠨ᠎ᠤ ᠡᠷᠡᠭᠦᠯ ᠬᠦᠭᠵᠢᠯᠳᠠ᠎ᠳ᠋ᠤ ᠴᠢᠬᠤᠯᠠ ᠠᠴᠢ ᠬᠤᠯᠪᠤᠭᠳᠠᠯ᠎ᠲᠠᠢ ᠶᠤᠮ ᠃

ᠲᠡᠯᠡᠬᠡᠢ᠎ᠶᠢᠨ ᠪᠠᠷᠢᠮᠵᠢᠶ᠎ᠠ᠎ᠶᠢ ᠦᠨᠳᠦᠰᠦᠯᠡᠪᠡᠯ ᠂ ᠮᠠᠨ᠎ᠤ ᠣᠯᠣᠰ ᠨᠢᠬᠡᠨᠳᠠ ᠨᠠᠰᠣᠵᠢᠭᠰᠠᠨ ᠨᠡᠢᠬᠡᠮ᠎ᠳ᠋ᠤ ᠣᠷᠣᠭᠰᠠᠨ ᠮᠦᠷᠳᠡᠬᠡᠨ ᠨᠠᠰᠤᠵᠢᠯ᠎ᠤᠨ ᠠᠬᠢᠴᠠ ᠲᠠᠰᠣᠷᠠᠯᠳᠠ ᠦᠬᠡᠢ ᠲᠦᠷᠬᠡᠳᠴᠦ ᠪᠠᠢᠨ᠎ᠠ ᠃ ᠡᠸᠦ᠋ᠷᠦᠫᠠ᠎ᠶᠢᠨ ᠬᠦᠭᠵᠢᠭᠰᠡᠨ ᠣᠯᠣᠰ᠎ᠲᠠᠢ ᠠᠳᠠᠯᠢ ᠪᠣᠰᠣ᠎ᠨᠢ ᠲᠣᠮᠳᠠᠳᠦ ᠣᠯᠣᠰ ᠬᠠᠷᠠᠬᠠᠨ ᠴᠢᠨᠡᠭᠡᠯᠢᠭᠵᠢᠵᠤ ᠲᠡᠢᠯᠦᠭᠡᠳᠦᠢ᠎ᠪᠠᠷ ᠣᠷᠢᠳᠠᠪᠡᠷ ᠨᠠᠰᠣᠵᠢᠯ᠎ᠤᠨ ᠨᠡᠢᠭᠡᠮ᠎ᠳ᠋ᠤ ᠤᠷᠤᠬᠰᠠᠨ ᠤᠴᠢᠷ᠎ᠡᠴᠠ ᠂ ᠠᠵᠦ ᠠᠬᠤᠢ ᠨᠡᠢᠬᠡᠮ᠎ᠤᠨ ᠬᠦᠭᠵᠢᠯᠳᠠ᠎ᠶᠢ ᠨᠦᠯᠦᠭᠡᠯᠡᠭᠦ᠎ᠪᠠᠷ ᠪᠠᠷᠠᠬᠤ ᠦᠭᠡᠢ ᠂ ᠵᠠᠰᠠᠭ᠎ᠤᠨ ᠣᠷᠳᠣᠨ᠎ᠤ ᠡᠳ᠋᠎ᠤᠨ ᠵᠠᠰᠠᠭ᠎ᠤᠨ ᠵᠠᠷᠤᠯᠭ᠎ᠠ᠎ᠶᠢᠨ ᠪᠦᠳᠦᠴᠠ ᠂ ᠨᠡᠢᠬᠡᠮ᠎ᠤᠨ ᠬᠤᠪᠢᠶᠠᠷᠢᠯᠠᠯᠳᠠ᠎ᠶᠢᠨ ᠬᠠᠷᠢᠴᠠᠭ᠎ᠠ ᠂ ᠨᠠᠰᠤᠵᠢᠯ᠎ᠤᠨ ᠲᠠᠭᠠᠳᠬᠠᠯ᠎ᠤᠨ ᠲᠦᠷᠢᠮ ᠂ ᠨᠡᠢᠬᠡᠮ ᠨᠡᠢᠳᠠ᠎ᠶᠢᠨ ᠦᠢᠯᠡᠴᠢᠯᠡᠭᠡ ᠵᠡᠷᠬᠡ ᠲᠠᠯ᠎ᠠ᠎ᠪᠠᠷ ᠴᠦᠮ ᠤᠯᠠᠨ ᠠᠷᠪᠢᠨ ᠰᠢᠨ᠎ᠠ ᠠᠰᠠᠭᠤᠳᠠᠯ᠎ᠢ ᠠᠪᠴᠢᠷᠠᠭᠰᠠᠨ ᠪᠠᠢᠨ᠎ᠠ ᠃ ᠡᠢᠮᠦ᠎ᠡᠴᠠ ᠬᠠᠮᠢᠶ᠎ᠠ ᠪᠦᠬᠦᠢ ᠡᠳ᠋᠎ᠤᠨ ᠵᠠᠰᠠᠭ᠎ᠤᠨ ᠲᠦᠷᠦ᠎ᠶᠢᠨ ᠪᠣᠳᠣᠯᠭ᠎ᠠ᠎ᠶᠢ ᠰᠣᠳᠣᠯᠣᠨ ᠰᠢᠨᠵᠢᠯᠡᠬᠦ ᠪᠠ ᠲᠡᠭᠦᠯᠳᠡᠷᠵᠢᠭᠦᠯᠬᠦ᠎ᠨᠢ ᠨᠡᠢᠳᠠ᠎ᠶᠢᠨ ᠡᠳ᠋᠎ᠤᠨ ᠵᠠᠰᠠᠭ᠎ᠤᠨ ᠡᠭᠦᠷᠭᠡ ᠴᠢᠳᠠᠪᠬᠢ᠎ᠶᠢ ᠬᠦᠢᠴᠡᠳ ᠪᠠᠳᠠᠷᠠᠭᠤᠯᠵᠤ ᠂ ᠨᠡᠢᠬᠡᠮ᠎ᠤᠨ ᠨᠠᠰᠣᠵᠢᠯ᠎ᠤᠨ ᠠᠰᠠᠷᠠᠮᠵᠢ᠎ᠶᠢᠨ ᠦᠢᠯᠡᠴᠢᠯᠡᠬᠡᠨ᠎ᠢ ᠬᠦᠭᠵᠢᠭᠦᠯᠬᠦ᠎ᠳ᠋ᠤ ᠲᠤᠩ ᠬᠦᠨᠳᠦ ᠴᠢᠬᠤᠯᠠ ᠠᠴᠢ ᠬᠤᠯᠪᠣᠭᠳᠠᠯ᠎ᠲᠠᠢ ᠶᠤᠮ ᠃

ᠨᠢᠬᠡ ᠂ ᠨᠡᠢᠬᠡᠮ᠎ᠤᠨ ᠨᠠᠰᠣᠵᠢᠯ᠎ᠤᠨ ᠠᠰᠠᠷᠠᠮᠵᠢ᠎ᠶᠢᠨ ᠦᠢᠯᠡᠴᠢᠯᠡᠬᠡ᠎ᠶᠢᠨ ᠬᠦᠭᠵᠢᠯᠳᠠ᠎ᠶᠢᠨ ᠣᠳᠣᠬᠢ ᠪᠠᠢᠳᠠᠯ ᠵᠢᠴᠢ ᠣᠷᠣᠰᠢᠵᠦ ᠪᠠᠢᠭ᠎ᠠ ᠠᠰᠠᠭᠤᠳᠠᠯ᠎ᠢ ᠲᠦᠯᠬᠢᠨ ᠠᠬᠢᠭᠤᠯᠬᠤ ᠲᠣᠬᠠᠢ

ᠬᠡᠷ ᠪᠦᠯᠢ᠎ᠡᠴᠠ ᠨᠠᠰᠣᠳᠠᠨ᠎ᠢ ᠠᠰᠠᠷᠠᠬᠤ ᠪᠣᠯ ᠨᠢᠬᠡ ᠵᠦᠢᠯ᠎ᠤᠨ ᠲᠦᠷᠢᠮᠵᠢᠯ ᠪᠣᠰᠣ ᠤᠯᠠᠮᠵᠢᠯᠠᠯᠳᠤ ᠲᠡᠦᠬᠡᠨ ᠰᠣᠶᠣᠯ ᠮᠥᠨ ᠂ ᠲᠡᠷᠡ᠎ᠨᠢ ᠣᠷᠳᠣ ᠣᠳᠠᠭᠠᠨ ᠲᠡᠦᠬᠡ᠎ᠲᠠᠢ ᠶᠤᠮ ᠃ ᠣᠢᠷ᠎ᠠ᠎ᠶᠢᠨ ᠵᠢᠯ᠎ᠤᠳ᠎ᠲᠤ ᠂ ᠬᠦᠮᠦᠨ ᠠᠮᠠ᠎ᠶᠢᠨ ᠨᠠᠰᠤᠵᠢᠬᠤ ᠂ ᠬᠡᠷ ᠪᠦᠯᠢ᠎ᠶᠢᠨ ᠪᠠᠭ᠎ᠠ ᠲᠡᠢᠰᠢ ᠬᠡᠯᠪᠡᠷᠢᠵᠢᠬᠦ ᠪᠠ ᠨᠡᠭᠦᠳᠡᠯ ᠬᠦᠮᠦᠨ ᠠᠮᠠ ᠤᠯᠠᠰᠢᠷᠠᠵᠤ ᠪᠠᠢᠭ᠎ᠠ ᠵᠡᠷᠬᠡ ᠣᠯᠠᠨ ᠵᠦᠢᠯ᠎ᠤᠨ ᠤᠴᠢᠷ ᠰᠢᠯᠳᠠᠭᠠᠨ᠎ᠡᠴᠠ ᠪᠣᠯᠵᠦ ᠂ ᠨᠡᠢᠬᠡᠮ᠎ᠤᠨ ᠨᠠᠰᠣᠵᠢᠯ᠎ᠤᠨ ᠠᠰᠠᠷᠠᠮᠵᠢ᠎ᠶᠢᠨ ᠦᠢᠯᠡᠴᠢᠯᠡᠭᠡᠨ᠎ᠤ ᠱᠠᠭᠠᠷᠳᠠᠯᠭ᠎ᠠ ᠪᠠᠴᠢᠮ ᠲᠦᠷᠬᠡᠨ ᠨᠡᠮᠡᠭᠳᠡᠭᠰᠡᠨ ᠪᠠ ᠬᠠᠩᠭᠠᠯᠭ᠎ᠠ ᠬᠡᠷᠡᠭᠴᠡᠭᠡ᠎ᠶᠢᠨ ᠵᠦᠷᠢᠴᠡᠯ ᠰᠢᠷᠦᠬᠦᠰᠦᠭᠰᠡᠨ᠎ᠡᠴᠠ ᠂ ᠨᠠᠢᠬᠡᠮ᠎ᠤᠨ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢ ᠲᠦᠯᠬᠢᠨ ᠠᠬᠢᠭᠤᠯᠬᠤ᠎ᠨᠢ ᠵᠠᠢᠯᠠᠰᠢ ᠦᠬᠡᠢ ᠰᠣᠩᠭᠤᠯᠳᠠ ᠪᠣᠯᠣᠭᠰᠠᠨ ᠪᠠᠢᠨ᠎ᠠ ᠃ ᠨᠡᠢᠬᠡᠮ᠎ᠤᠨ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢ ᠲᠦᠯᠬᠢᠨ ᠠᠬᠢᠭᠤᠯᠬᠤ᠎ᠨᠢ ᠮᠦᠨ ᠴᠦ ᠬᠦᠮᠦᠨ ᠠᠮᠠ᠎ᠶᠢᠨ ᠨᠠᠭᠦᠳᠡᠯ᠎ᠡᠴᠠ ᠪᠤᠯᠤᠭᠰᠠᠨ ᠡᠯ᠎ᠡ ᠵᠦᠢᠯ᠎ᠤᠨ ᠠᠰᠠᠭᠤᠳᠠᠯ᠎ᠢ ᠰᠢᠢᠳᠪᠦᠷᠢᠯᠡᠬᠦ ᠱᠠᠭᠠᠷᠳᠠᠯᠭ᠎ᠠ ᠮᠥᠨ ᠃ ᠨᠡᠢᠬᠡᠮ᠎ᠤᠨ ᠨᠠᠰᠣᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠨᠢ ᠬᠡᠷᠡᠭᠯᠡᠬᠡᠨ᠎ᠤ ᠬᠡᠷᠡᠭᠴᠡᠭᠡ᠎ᠶᠢ ᠦᠷᠬᠡᠳᠬᠡᠵᠦ ᠂ ᠦᠢᠯᠡᠴᠢᠯᠡᠬᠡᠨ᠎ᠤ ᠦᠢᠯᠡᠰ᠎ᠤᠨ ᠬᠦᠭᠵᠢᠯᠳᠠ᠎ᠶᠢ ᠠᠬᠢᠭᠤᠯᠵᠤ ᠂ ᠬᠦᠳᠡᠯᠮᠣᠷᠢ ᠬᠦᠴᠦᠨ᠎ᠤ ᠠᠵᠢᠯ ᠤᠯᠭᠤᠯᠳᠠ᠎ᠶᠢᠨ ᠬᠡᠷᠡᠭᠴᠡᠭᠡ᠎ᠶᠢ ᠨᠡᠮᠡᠭᠳᠡᠭᠦᠯᠦᠨ ᠂ ᠠᠵᠦ ᠠᠬᠤᠢ᠎ᠶᠢᠨ ᠬᠦᠭᠵᠢᠯᠳᠠ᠎ᠶᠢᠨ ᠬᠡᠯᠪᠡᠷᠢ᠎ᠶᠢ ᠦᠭᠡᠷᠡᠴᠢᠯᠡᠬᠦ ᠱᠠᠭᠠᠷᠳᠠᠯᠭ᠎ᠠ ᠮᠥᠨ ᠃ ᠨᠡᠢᠬᠡᠮ᠎ᠤᠨ ᠨᠠᠰᠣᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢ ᠲᠦᠯᠬᠢᠨ ᠠᠬᠢᠭᠤᠯᠬᠤ ᠪᠣᠯ ᠵᠠᠰᠠᠭ᠎ᠤᠨ ᠣᠷᠳᠣᠨ᠎ᠤ ᠡᠭᠦᠷᠭᠡ ᠴᠢᠳᠠᠪᠬᠢ᠎ᠶᠢ ᠬᠤᠪᠢᠷᠠᠭᠤᠯᠬᠤ ᠠᠷᠭ᠎ᠠ ᠬᠡᠯᠪᠡᠷᠢ᠎ᠶᠢᠨ ᠨᠢᠬᠡ ᠮᠦᠨ ᠃ ᠡᠨᠡ᠎ᠨᠢ ᠪᠡᠯᠡ ᠣᠷᠣᠭᠤᠯᠣᠯᠳᠠ᠎ᠶᠢᠨ ᠭᠤᠤᠯ ᠴᠤᠭᠴᠠ᠎ᠶᠢᠨ ᠤᠯᠠᠨ ᠡᠰᠢᠳᠦ ᠴᠢᠨᠠᠷ᠎ᠢ ᠠᠬᠢᠭᠤᠯᠣᠨ ᠂ ᠨᠡᠢᠬᠡᠮ᠎ᠤᠨ ᠵᠣᠬᠢᠶᠠᠨ ᠪᠠᠢᠭᠤᠯᠣᠯᠳᠠ᠎ᠶᠢ ᠬᠦᠮᠦᠵᠢᠭᠦᠯᠦᠨ ᠪᠣᠢᠵᠢᠭᠤᠯᠬᠤ ᠪᠠ ᠲᠡᠮᠵᠢᠬᠦ᠎ᠶᠢ ᠠᠬᠢᠭᠤᠯᠵᠤ ᠂ ᠨᠡᠢᠬᠡᠮ᠎ᠤᠨ ᠬᠠᠮᠢᠶᠠᠷᠣᠯᠳᠠ᠎ᠳ᠋ᠠᠬᠢ ᠰᠢᠨ᠎ᠠ᠎ᠶᠢ ᠡᠬᠦᠳᠬᠦ ᠱᠠᠭᠠᠷᠳᠠᠯᠭ᠎ᠠ ᠪᠤᠯᠤᠨ᠎ᠠ ᠃

︽ ᠠᠷᠪᠠᠨ ᠨᠢᠭᠡᠳᠦᠭᠡᠷ ᠲᠠᠪᠤᠨ ᠵᠢᠯ᠎ᠤᠨ ᠲᠦᠯᠦᠪᠯᠡᠭᠡ ︾᠎ᠡᠴᠠ ᠨᠠᠭᠠᠰᠢ ᠂ ᠨᠠᠰᠣᠳᠠᠨ᠎ᠤ ᠠᠰᠠᠷᠠᠮᠵᠢ᠎ᠶᠢᠨ ᠦᠢᠯᠡᠴᠢᠯᠡᠭᠡ᠎ᠶᠢᠨ ᠰᠢᠰᠲ᠋ᠧᠮ᠎ᠤᠨ ᠪᠦᠳᠦᠬᠡᠨ ᠪᠠᠢᠭᠤᠯᠣᠯᠳᠠ᠎ᠶᠢ ᠲᠣᠭᠳᠠᠭᠤᠨ᠎ᠢᠶᠠᠷ ᠲᠦᠯᠬᠢᠨ ᠠᠬᠢᠭᠤᠯᠵᠦ ᠂ ᠬᠤᠳᠠ᠎ᠳ᠋ᠤ ᠬᠦᠨᠵᠡᠬᠡᠢ ᠦᠷᠨᠢᠬᠦᠯᠦᠭᠰᠡᠨ ᠰᠠᠭᠤᠷᠢᠨ ᠲᠡᠭᠡᠷ᠎ᠡ ᠠᠭᠠᠵᠢᠮ᠎ᠢᠶᠠᠷ ᠬᠦᠳᠡᠭᠡ ᠲᠣᠰᠬᠤᠨ ᠲᠡᠢᠰᠢ ᠦᠷᠬᠡᠳᠬᠡᠨ ᠂ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠬᠡᠨ᠎ᠤ ᠪᠠᠢᠭᠤᠯᠣᠮᠵᠢ ᠪᠠ ᠨᠠᠰᠣᠳᠠᠢᠴᠣᠳ᠎ᠤᠨ ᠬᠦᠳᠡᠯᠬᠡᠬᠡᠨ ᠬᠢᠬᠦ ᠲᠦᠬᠦᠬᠡᠷᠣᠮᠵᠢ᠎ᠶᠢᠨ ᠪᠦᠳᠦᠬᠡᠨ ᠪᠠᠢᠭᠤᠯᠣᠯᠳᠠ᠎ᠶᠢᠨ ᠲᠠᠯ᠎ᠠ᠎ᠪᠠᠷ ᠨᠡᠯᠢᠶᠡᠳ ᠶᠡᠭᠡ ᠲᠠᠪᠰᠢᠯᠳᠠ᠎ᠲᠠᠢ ᠪᠣᠯᠣᠭᠰᠠᠨ ᠪᠠᠢᠨ᠎ᠠ ᠃ ᠬᠡᠪᠡᠴᠦ ᠂ ᠠᠵᠦ ᠠᠬᠤᠢ ᠪᠠ ᠨᠡᠢᠬᠡᠮ᠎ᠤᠨ ᠦᠳᠳᠡᠷ ᠲᠦᠷᠬᠡᠨ ᠬᠦᠭᠵᠢᠯᠳᠠ ᠪᠠ ᠬᠦᠮᠦᠨ ᠠᠮᠠ᠎ᠶᠢᠨ ᠪᠦᠳᠦᠴᠠ᠎ᠶᠢᠨ ᠬᠤᠪᠢᠷᠠᠯᠳᠠ᠎ᠨᠢ ᠪᠠᠰᠠᠴᠤ ᠨᠢᠭᠡ ᠬᠡᠰᠡᠭ ᠬᠦᠨ ᠲᠠᠪᠬᠤᠷᠭ᠎ᠠ᠎ᠶᠢᠨ ᠵᠦᠷᠢᠴᠡᠯ᠎ᠢ ᠪᠣᠢ ᠪᠤᠯᠭᠠᠭᠰᠠᠨ ᠪᠠ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢᠨ ᠰᠢᠰᠲ᠋ᠧᠮ᠎ᠤᠨ ᠲᠦᠷᠢᠮ᠎ᠤᠨ ᠲᠣᠳᠠᠭᠳᠠᠯ ᠵᠢᠴᠢ ᠪᠤᠳᠠᠳᠤ ᠠᠰᠠᠭᠤᠳᠠᠯ᠎ᠢ ᠰᠢᠢᠳᠪᠦᠷᠢᠯᠡᠬᠦ ᠠᠷᠭ᠎ᠠ ᠠᠪᠴᠠᠯ ᠭᠦᠢᠴᠡᠳ ᠪᠤᠰᠤ᠎ᠡᠴᠠ ᠪᠣᠯᠵᠦ ᠂ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢᠨ ᠰᠢᠰᠲ᠋ᠧᠮ᠎ᠤᠨ ᠪᠦᠳᠦᠬᠡᠨ ᠪᠠᠢᠭᠤᠯᠣᠯᠳᠠ᠎ᠳ᠋ᠤ ᠣᠮᠳᠣᠭᠠᠢᠯᠠᠵᠦ ᠪᠣᠯᠣᠰᠢ ᠦᠬᠡᠢ ᠠᠰᠠᠭᠤᠳᠠᠯ᠎ᠢ ᠠᠪᠴᠢᠷᠠᠭᠰᠠᠨ ᠪᠠᠢᠨ᠎ᠠ ᠃

ᠬᠤᠶᠠᠷ ᠂ ᠣᠯᠣᠰ᠎ᠤᠨ ᠲᠣᠳᠣᠭᠠᠳᠣ ᠭᠠᠳᠠᠭᠠᠳᠣ᠎ᠶᠢᠨ ᠨᠠᠢᠬᠡᠮ᠎ᠤᠨ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢᠨ ᠭᠤᠣᠯ ᠵᠠᠭᠪᠣᠷ ᠪᠠ ᠭᠦᠭᠵᠢᠯᠳᠠ᠎ᠶᠢᠨ ᠬᠠᠨᠳᠣᠰᠢ᠎ᠶᠢᠨ ᠲᠤᠬᠠᠢ

ᠬᠦᠭᠵᠢᠭᠰᠡᠨ ᠣᠯᠣᠰ᠎ᠤᠨ ᠬᠦᠮᠦᠨ ᠠᠮᠠ᠎ᠶᠢᠨ ᠨᠠᠰᠣᠵᠢᠯ ᠡᠭᠦᠰᠬᠦ ᠶᠠᠪᠣᠴᠠ᠎ᠳ᠋ᠤ ᠣᠷᠳᠣ ᠬᠤᠭᠤᠴᠠᠭ᠎ᠠ᠎ᠪᠠᠷ ᠬᠠᠢᠨ ᠰᠦᠪᠡᠭᠴᠢᠯᠡᠵᠦ ᠪᠦᠷᠢᠯᠳᠦᠭᠰᠡᠨ ᠨᠠᠰᠤᠵᠢᠯ᠎ᠤᠨ ᠠᠰᠠᠷᠠᠮᠵᠢ᠎ᠶᠢᠨ ᠵᠠᠭᠪᠣᠷ᠎ᠢ ᠮᠠᠨ᠎ᠤ ᠤᠯᠤᠰ᠎ᠤᠨ ᠪᠠᠢᠳᠠᠯ᠎ᠲᠠᠢ ᠤᠶᠠᠯᠳᠤᠭᠤᠯᠤᠨ ᠰᠤᠷᠤᠯᠴᠠᠵᠤ ᠪᠤᠯᠤᠨ᠎ᠠ ᠂ ᠨᠢᠬᠡ ᠵᠠᠭᠤᠨ᠎ᠤ ᠲᠤᠷᠰᠢᠳᠠ ᠂ ᠡᠯ᠎ᠠ ᠣᠯᠣᠰ᠎ᠤᠨ ᠨᠠᠰᠤᠵᠢᠯ᠎ᠤᠨ ᠠᠰᠠᠷᠠᠮᠵᠢ᠎ᠶᠢᠨ ᠵᠠᠭᠪᠣᠷ᠎ᠨᠢ ᠦᠨᠳᠦᠰᠦᠨ᠎ᠳ᠋ᠡᠭᠡᠨ ᠬᠡᠷ ᠪᠦᠯᠢ᠎ᠡᠴᠠ ᠨᠠᠰᠣᠳᠠᠨ᠎ᠢᠶᠡᠨ ᠠᠰᠠᠷᠠᠬᠤ᠎ᠪᠠᠷ ᠭᠤᠤᠯᠯᠠᠵᠤ ᠪᠠᠢᠭᠰᠠᠨ᠎ᠡᠴᠠ ᠨᠠᠰᠤᠵᠢᠯ᠎ᠤᠨ ᠠᠰᠠᠷᠠᠮᠵᠢ᠎ᠶᠢᠨ ᠪᠠᠢᠭᠤᠯᠣᠮᠵᠢ᠎ᠶᠢ ᠬᠦᠭᠵᠢᠭᠦᠯᠵᠤ ᠂ ᠨᠡᠢᠭᠡᠮ ᠨᠡᠢᠳᠡ᠎ᠡᠴᠠ ᠨᠠᠰᠣᠳᠠᠨ᠎ᠢ ᠠᠰᠠᠷᠠᠬᠤ ᠵᠦᠭ ᠬᠦᠭᠵᠢᠬᠡᠳ ᠂ ᠣᠯᠠᠨ ᠡᠰᠢᠳᠤ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢᠨ ᠰᠢᠰᠲ᠋ᠧᠮ᠎ᠢ ᠬᠦᠭᠵᠢᠭᠦᠯᠬᠦ ᠠᠬᠢᠴᠠ᠎ᠪᠠᠷ ᠬᠦᠭᠵᠢᠵᠦ ᠢᠷᠡᠭᠰᠡᠨ ᠪᠠᠢᠨ᠎ᠠ ᠃ ᠬᠦᠭᠵᠢᠭᠰᠡᠨ ᠣᠯᠣᠰ᠎ᠤᠨ ᠭᠤᠣᠯ ᠪᠣᠯᠬᠤ ᠨᠠᠰᠤᠵᠢᠯ᠎ᠤᠨ ᠠᠰᠠᠷᠠᠮᠵᠢ᠎ᠶᠢᠨ ᠵᠠᠭᠪᠣᠷ᠎ᠨᠢ ᠶᠡᠭᠡ ᠲᠦᠯᠦᠪ᠎ᠲᠡᠭᠡᠨ ᠬᠤᠶᠠᠷ ᠭᠤᠤᠯ ᠬᠡᠯᠪᠡᠷᠢ ᠲᠦᠷᠦᠯ ᠬᠢᠭᠡᠳ ᠭᠤᠷᠪᠠᠨ ᠦᠨᠳᠦᠰᠦᠨ ᠬᠡᠪ ᠮᠠᠢᠭ ᠬᠡᠵᠦ ᠬᠤᠪᠢᠶᠠᠳᠠᠭ ᠃ ᠬᠤᠶᠠᠷ ᠬᠡᠯᠪᠡᠷᠢ ᠲᠦᠷᠦᠯ᠎ᠨᠢ ᠄ ᠠᠰᠠᠷᠠᠮᠵᠢ᠎ᠶᠢᠨ ᠮᠦᠩᠭᠦ᠎ᠪᠠᠷ ᠨᠠᠰᠣᠳᠠᠨ᠎ᠢ ᠠᠰᠠᠷᠠᠬᠤ ᠬᠡᠯᠪᠡᠷᠢ ᠪᠠ ᠺᠦᠡᠭᠽᠢ᠎ᠶᠢᠨ ᠰᠣᠶᠣᠯ᠎ᠤᠨ ᠬᠡᠯᠪᠡᠷᠢ ᠪᠠᠭᠳᠠᠳᠠᠭ ᠃

ᠮᠠᠨ᠎ᠤ ᠣᠯᠣᠰ᠎ᠡᠴᠠ ᠡᠯ᠎ᠠ ᠭᠠᠵᠠᠷ ᠤᠷᠤᠨ᠎ᠳ᠋ᠤ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢᠨ ᠭᠤᠣᠯ ᠵᠠᠭᠪᠣᠷ᠎ᠢ ᠲᠦᠯᠬᠢᠨ ᠠᠬᠢᠭᠤᠯᠬᠤ ᠶᠠᠪᠣᠴᠠ ᠲᠤᠮᠳᠠ ᠂ ᠭᠠᠵᠠᠷ ᠤᠷᠤᠨ᠎ᠳᠠᠭᠠᠨ ᠲᠤᠬᠢᠷᠠᠬᠤ ᠦᠢᠯᠡᠴᠢᠯᠡᠭᠡᠨ᠎ᠤ ᠬᠡᠪ ᠵᠠᠭᠪᠣᠷ᠎ᠢ ᠪᠦᠷᠢᠯᠳᠦᠬᠦᠯᠦᠭᠰᠡᠨ ᠪᠠᠢᠨ᠎ᠠ ᠃ ︵ 1 ︶ ᠵᠠᠰᠠᠭ᠎ᠤᠨ ᠣᠷᠳᠣᠨ᠎ᠡᠴᠠ ᠠᠰᠠᠷᠠᠮᠵᠢ᠎ᠶᠢᠨ ᠪᠠᠢᠭᠤᠯᠤᠮᠵᠢ᠎ᠶᠢ ᠪᠠᠢᠭᠤᠯᠵᠤ ᠡᠷᠬᠢᠯᠡᠬᠦ ᠵᠠᠭᠪᠣᠷ ᠃ ︵ 2 ︶ ᠠᠯᠪᠠᠨ᠎ᠡᠴᠠ ᠪᠠᠢᠭᠤᠯᠵᠤ ᠠᠷᠠᠳ᠎ᠡᠴᠠ ᠡᠵᠡᠩᠨᠡᠬᠦ ᠵᠠᠭᠪᠣᠷ ᠃ ︵ 3 ︶ ᠠᠷᠠᠳ᠎ᠡᠴᠠ ᠡᠷᠬᠢᠯᠡᠨ ᠠᠯᠪᠠᠨ᠎ᠡᠴᠠ ᠲᠡᠮᠵᠢᠬᠦ ᠵᠠᠭᠪᠣᠷ᠎᠃

ᠭᠤᠷᠪᠡ ᠂ ᠨᠡᠢᠳᠡ᠎ᠶᠢᠨ ᠡᠳ᠋᠎ᠤᠨ ᠵᠠᠰᠠᠭ᠎ᠤᠨ ᠡᠭᠦᠷᠭᠡ ᠴᠢᠳᠠᠪᠬᠢ᠎ᠶᠢ ᠭᠦᠢᠴᠡᠳ ᠪᠠᠳᠠᠷᠠᠭᠤᠯᠵᠤ ᠂ ᠨᠠᠰᠣᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢᠨ ᠨᠡᠢᠭᠡᠮᠴᠢᠯᠡᠯᠳᠡ᠎ᠶᠢ ᠲᠦᠯᠬᠢᠨ ᠠᠬᠢᠭᠤᠯᠬᠤ ᠲᠣᠬᠠᠢ

︵ ᠨᠢᠭᠡ ︶ ᠪᠡᠯᠡ ᠤᠷᠤᠭᠤᠯᠤᠯᠳᠠ᠎ᠶᠢᠨ ᠬᠦᠴᠦᠯᠡᠴᠡ᠎ᠪᠠᠨ ᠨᠡᠮᠡᠭᠳᠡᠭᠦᠯᠵᠤ ᠂ ᠨᠡᠢᠭᠡᠮ ᠨᠡᠢᠳᠡ᠎ᠡᠴᠠ ᠨᠠᠰᠤᠳᠠᠨ᠎ᠢ ᠠᠰᠠᠷᠠᠬᠤ ᠦᠢᠯᠡᠴᠢᠯᠡᠭᠡ᠎ᠶᠢᠨ ᠬᠦᠭᠵᠢᠯᠳᠠ᠎ᠶᠢ ᠪᠦᠬᠦ ᠲᠠᠯ᠎ᠠ᠎ᠪᠠᠷ ᠲᠡᠮᠵᠢᠬᠦ ᠬᠡᠷᠡᠭᠳᠡᠢ ᠃

ᠨᠡᠢᠬᠡᠮ᠎ᠤᠨ ᠨᠠᠰᠣᠵᠢᠯ᠎ᠤᠨ ᠠᠰᠠᠷᠠᠮᠵᠢ᠎ᠶᠢᠨ ᠦᠢᠯᠡᠴᠢᠯᠡᠭᠡ ᠪᠣᠯ ᠰᠢᠰᠲ᠋ᠧᠮᠴᠢᠯᠡᠭᠰᠡᠨ ᠢᠨᠵᠧᠨ᠋ᠸᠷᠢᠩ ᠮᠥᠨ ᠃ ᠨᠡᠢᠬᠡᠮ᠎ᠤᠨ ᠨᠠᠰᠣᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢᠨ ᠡᠬᠢ ᠪᠠᠶᠠᠯᠢᠭ ᠬᠦᠷᠦᠯᠴᠡᠬᠦ ᠦᠬᠡᠢ ᠪᠠᠢᠭ᠎ᠠ ᠪᠠᠢᠳᠠᠯ ᠲᠣᠣᠷ᠎ᠠ ᠂ ᠵᠠᠰᠠᠭ᠎ᠤᠨ ᠣᠷᠳᠣᠨ᠎ᠡᠴᠠ ᠴᠠᠭ ᠲᠤᠬᠠᠢ᠎ᠳ᠋ᠤᠨᠢ ᠨᠦᠬᠦᠪᠣᠷᠢᠯᠡᠵᠦ ᠂ ᠪᠡᠯᠡ ᠣᠷᠣᠭᠤᠯᠣᠯᠳᠠ᠎ᠶᠢᠨ ᠬᠦᠴᠦᠯᠡᠴᠠ᠎ᠶᠢ ᠨᠡᠮᠡᠭᠳᠡᠭᠦᠯᠤᠨ ᠂ ᠨᠡᠢᠬᠡᠮ᠎ᠤᠨ ᠨᠠᠰᠣᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢᠨ ᠡᠷᠡᠬᠦᠯ᠎ᠢᠶᠠᠷ ᠬᠦᠭᠵᠢᠬᠦ᠎ᠶᠢ ᠪᠠᠳᠣᠯᠠᠬᠤ ᠬᠡᠷᠡᠭᠳᠠᠢ ᠃

︵ ᠬᠤᠶᠠᠷ ︶ ᠪᠡᠯᠡ ᠣᠷᠣᠭᠤᠯᠣᠯᠳᠠ᠎ᠶᠢᠨ ᠠᠷᠭ᠎ᠠ ᠬᠡᠯᠪᠡᠷᠢ᠎ᠶᠢᠨ ᠰᠢᠨ᠎ᠠ᠎ᠶᠢ ᠡᠬᠦᠳᠴᠦ ᠂ ᠨᠡᠢᠬᠡᠮ᠎ᠤᠨ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢᠨ ᠬᠦᠭᠵᠢᠯᠳᠠ᠎ᠳ᠋ᠤ ᠲᠤᠰᠠᠯᠠᠬᠤ ᠬᠡᠷᠡᠭᠳᠡᠢ ᠃ ᠪᠡᠯᠡ ᠣᠷᠣᠭᠤᠯᠣᠯᠳᠠ᠎ᠶᠢᠨ ᠬᠡᠯᠪᠡᠷᠢ᠎ᠶᠢ ᠰᠢᠨ᠎ᠠ᠎ᠪᠠᠷ ᠡᠬᠦᠳᠬᠦ ᠬᠡᠳᠡᠭ᠎ᠨᠢ ᠪᠡᠯᠡ ᠮᠦᠡᠭᠬᠦ᠎ᠶᠢᠨ ᠬᠤᠪᠢᠶᠠᠷᠢᠯᠠᠯᠳᠠ᠎ᠶᠢᠨ ᠠᠷᠭ᠎ᠠ᠎ᠶᠢ ᠦᠬᠡᠷᠡᠴᠢᠯᠡᠨ ᠰᠢᠨᠡᠳᠬᠡᠵᠦ ᠂ ᠪᠡᠯᠡ ᠮᠦᠡᠭᠬᠦ᠎ᠶᠢᠨ ᠬᠤᠪᠢᠶᠠᠷᠢᠯᠠᠯᠳᠠ᠎ᠶᠢᠨ ᠬᠡᠮᠵᠢᠶ᠎ᠠ᠎ᠶᠢ ᠰᠢᠯᠢᠳᠡᠭᠵᠢᠬᠦᠯᠬᠦ ᠪᠠ ᠪᠡᠯᠡ ᠮᠦᠡᠭᠬᠦ᠎ᠶᠢᠨ ᠬᠤᠪᠢᠶᠠᠷᠢᠯᠠᠯᠳᠠ᠎ᠶᠢᠨ ᠢᠯᠡᠴᠠ᠎ᠶᠢᠨ ᠬᠡᠮᠵᠢᠶ᠎ᠡ᠎ᠶᠢ ᠰᠠᠢᠵᠢᠷᠠᠭᠤᠯᠵᠤ ᠂ ᠡᠳ᠋᠎ᠤᠨ ᠵᠠᠰᠠᠭ᠎ᠤᠨ ᠪᠡᠯᠡ ᠮᠦᠡᠭᠬᠦ᠎ᠶᠢᠨ ᠬᠡᠷᠡᠭᠯᠡᠯᠳᠡ᠎ᠶᠢᠨ ᠦᠷ᠎ᠠ ᠠᠰᠢᠭ᠎ᠢ ᠲᠡᠭᠡᠭᠰᠢᠯᠡᠭᠦᠯᠬᠦ᠎ᠶᠢ ᠵᠢᠭᠠᠵᠦ ᠪᠠᠢᠨ᠎ᠠ ᠃

︵ ᠭᠤᠷᠪᠡ ︶ ᠲᠦᠷᠦ᠎ᠶᠢᠨ ᠪᠣᠳᠣᠯᠭ᠎ᠠ᠎ᠶᠢᠨ ᠲᠡᠮᠵᠢᠯᠬᠡ᠎ᠶᠢ ᠴᠢᠩᠭᠠᠳᠬᠠᠵᠤ ᠂ ᠲᠦᠷᠦ᠎ᠶᠢᠨ ᠪᠣᠳᠣᠯᠭ᠎ᠠ᠎ᠶᠢᠨ ᠡᠬᠢ ᠪᠠᠶᠠᠯᠢᠭ᠎ᠤᠨ ᠶᠡᠷᠦᠩᠬᠡᠢᠯᠡᠭᠰᠡᠨ ᠦᠢᠯᠡᠴᠢᠯᠡᠭᠡ᠎ᠶᠢ ᠬᠦᠢᠴᠡᠳ ᠪᠠᠳᠠᠷᠠᠭᠤᠯᠬᠤ ᠬᠡᠷᠡᠭᠳᠡᠢ ᠃ ᠪᠡᠯᠡ ᠣᠷᠣᠭᠤᠯᠣᠯᠳᠠ᠎ᠶᠢᠨ ᠬᠦᠴᠦᠯᠡᠴᠠ᠎ᠪᠠᠨ ᠨᠡᠮᠡᠭᠳᠡᠭᠦᠯᠵᠤ ᠂ ᠪᠡᠯᠡ ᠣᠷᠣᠭᠤᠯᠣᠯᠳᠠ᠎ᠶᠢᠨ ᠬᠡᠯᠪᠡᠷᠢ᠎ᠶᠢ ᠰᠢᠨ᠎ᠠ᠎ᠪᠠᠷ ᠡᠬᠦᠳᠬᠦ᠎ᠶᠢᠨ ᠵᠡᠷᠭᠡ᠎ᠪᠠᠷ ᠬᠠᠮᠢᠶ᠎ᠠ ᠪᠦᠬᠦᠢ ᠲᠦᠷᠦ᠎ᠶᠢᠨ ᠪᠣᠳᠣᠯᠭ᠎ᠠ᠎ᠶᠢᠨ ᠶᠡᠷᠦᠩᠬᠡᠢᠯᠡᠭᠰᠡᠨ ᠦᠢᠯᠡᠴᠢᠯᠡᠭᠡ᠎ᠶᠢ ᠬᠦᠢᠴᠡᠳ ᠪᠠᠳᠠᠷᠠᠭᠤᠯᠵᠦ ᠂ ᠣᠯᠠᠨ ᠵᠦᠢᠯ᠎ᠤᠨ ᠠᠷᠭ᠎ᠠ ᠵᠠᠮ᠎ᠢᠶᠠᠷ ᠨᠠᠰᠤᠵᠢᠯ᠎ᠤᠨ ᠠᠰᠠᠷᠠᠮᠵᠢ᠎ᠶᠢᠨ ᠦᠢᠯᠡᠴᠢᠯᠡᠭᠡ᠎ᠶᠢᠨ ᠡᠬᠢ ᠪᠠᠶᠠᠯᠢᠭ ᠭᠦᠢᠴᠡᠳ ᠪᠤᠰᠤ ᠠᠰᠠᠭᠤᠳᠠᠯ᠎ᠢ ᠰᠢᠢᠳᠪᠣᠷᠢᠯᠡᠬᠦ ᠬᠡᠷᠡᠭᠳᠠᠢ ᠃ ᠭᠠᠢᠯᠢ ᠪᠠ ᠰᠦᠢᠳᠬᠡᠯ᠎ᠤᠨ ᠬᠠᠷᠠᠭᠠᠯᠵᠠᠯ ᠬᠦᠷᠳᠡᠭᠡᠬᠦ ᠪᠣᠯᠣᠨ᠎ᠠ ᠃

︵ ᠲᠦᠷᠪᠡ ︶ ᠬᠢᠨᠠᠨ ᠬᠠᠮᠢᠶᠠᠷᠣᠯᠳᠠ᠎ᠶᠢᠨ ᠲᠣᠭᠳᠠᠴᠠ᠎ᠶᠢ ᠪᠠᠢᠭᠤᠯᠤᠨ ᠲᠡᠭᠦᠯᠳᠡᠷᠵᠢᠭᠦᠯᠵᠦ ᠂ ᠲᠣᠰᠬᠠᠢ ᠲᠦᠷᠦᠯ᠎ᠤᠨ ᠪᠡᠯᠡ ᠮᠦᠡᠭᠬᠦ᠎ᠶᠢᠨ ᠬᠡᠷᠡᠭᠯᠡᠯᠳᠠ᠎ᠶᠢᠨ ᠦᠷ᠎ᠠ ᠠᠰᠢᠭ᠎ᠢ ᠲᠡᠭᠡᠭᠰᠢᠯᠡᠭᠦᠯᠬᠦ ᠬᠡᠷᠡᠭᠳᠡᠢ ᠃ ᠪᠦᠷᠢᠨ ᠲᠡᠭᠦᠯᠳᠡᠷ ᠬᠢᠨᠠᠨ ᠬᠠᠮᠢᠶᠠᠷᠣᠯᠳᠠ᠎ᠶᠢᠨ ᠲᠣᠭᠳᠠᠴᠠ ᠪᠣᠯ ᠡᠳ᠋᠎ᠤᠨ ᠵᠠᠰᠠᠭ᠎ᠤᠨ ᠪᠡᠯᠡ ᠮᠦᠡᠭᠬᠦ᠎ᠶᠢᠨ ᠠᠶᠣᠯᠬᠦᠢ ᠬᠡᠷᠡᠭᠯᠡᠬᠦ᠎ᠶᠢ ᠪᠠᠳᠣᠯᠠᠵᠦ ᠂ ᠡᠳ᠋᠎ᠤᠨ ᠵᠠᠰᠠᠭ᠎ᠤᠨ ᠪᠡᠯᠡ ᠮᠦᠡᠭᠬᠦ᠎ᠶᠢᠨ ᠬᠡᠷᠡᠭᠯᠡᠬᠦ ᠦᠷ᠎ᠠ ᠠᠰᠢᠭ᠎ᠢ ᠲᠠᠰᠣᠷᠠᠯᠳᠠ ᠦᠬᠡᠢ ᠲᠡᠬᠡᠭᠰᠢᠯᠡᠬᠦᠯᠬᠦ ᠪᠠᠳᠣᠯᠠᠭ᠎ᠠ ᠮᠥᠨ ᠃

︵ ᠵᠤᠬᠢᠶᠠᠬᠴᠢ ᠄ ᠦᠪᠦᠷ ᠮᠤᠩᠭᠤᠯ᠎ᠤᠨ ᠡᠳ᠋᠎ᠤᠨ ᠵᠠᠰᠠᠭ ᠠᠵᠤ ᠠᠬᠤᠢ᠎ᠶᠢᠨ ᠶᠡᠭᠡ ᠰᠤᠷᠭᠠᠭᠤᠯᠢ ︶

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠼᠠᠢ ᠬᠤᠩ

ᠣᠷᠴᠢᠭᠤᠯᠤᠭ᠍ᠴᠢ᠄

ᠢᠷᠡᠯᠲᠡ᠄ ᠦᠪᠦᠷ ᠮᠤᠩᠭᠤᠯ ‍ᠤᠨ ᠡᠳᠦᠷ ‍ᠤᠨ ᠰᠤᠨᠢᠨ
兼容浏览器的HTML页面