ᠲᠡᠷᠢᠭᠦᠨ ᠨᠢᠭᠤᠷ>ᠮᠣᠩᠭᠣᠯ ᠰᠣᠳᠣᠯᠣᠯ>ᠲᠡᠤᠬᠡ

2020-05-13 10:43:39

ᠵᠣᠬᠢᠶᠠᠭ᠍ᠴᠢ᠄ ᠪᠤᠤ ᠥᠷᠭᠡᠨ ᠣᠩᠱᠢᠭ᠍ᠰᠠᠨ ᠣᠳᠠᠭ᠎ᠠ᠄ 3

︽ ᠠᠷᠭᠠᠢ ︾ ᠬᠡᠵᠦ ᠠᠷᠢᠯᠭᠠᠵᠦ ᠵᠠᠰᠠᠬᠰᠠᠨ ᠦᠬᠡᠷ᠎ᠤᠨ ᠱᠠᠭ᠎ᠠ᠎ᠶᠢ ᠬᠡᠯᠡᠳᠡᠭ ᠃ ᠤᠯᠠᠭᠠᠨᠬᠠᠳᠠ ᠬᠤᠳᠠ᠎ᠶᠢᠨ ᠠᠷᠤ ᠬᠤᠷᠴᠢᠨ ᠬᠤᠰᠢᠭᠤ᠎ᠨᠢ ᠠᠷᠪᠠᠨ ᠰᠤᠮᠤᠨ᠎ᠤ ᠬᠤᠷᠢᠮ᠎ᠤᠨ ᠶᠤᠰᠤᠯᠠᠯ ᠂ ᠮᠤᠡᠭᠭᠤᠯ ᠥᠨᠳᠤᠰᠤᠳᠠᠨ᠎ᠤ ᠬᠠᠭᠠᠨ ᠤᠷᠳᠤᠨ᠎ᠤ ᠬᠥᠭᠵᠢᠮ ᠂ ᠬᠠᠰᠠᠬ ᠲᠡᠷᠭᠡ ᠥᠢᠯᠡᠳᠭᠥ ᠭᠠᠷ ᠤᠷᠠᠯᠠᠯ ᠁ ᠵᠡᠷᠭᠡ ᠥᠪᠡᠷᠮᠢᠴᠡ ᠲᠡᠤᠭᠡ ᠰᠤᠶᠤᠯ᠎ᠡᠴᠠ ᠭᠠᠲᠠᠨ᠎ᠠ ᠂ ᠠᠷᠭᠠᠢ ᠨᠠᠭᠠᠲᠤᠮ᠎ᠤᠨ ᠰᠤᠶᠤᠯ᠎ᠢᠶᠠᠷ᠎ᠢᠶᠡᠨ ᠬᠤᠯᠠ ᠥᠢᠷ᠎ᠠ᠎ᠳᠠᠭᠠᠨ ᠠᠯᠲᠠᠷᠰᠢᠬᠰᠠᠨ ᠪᠠᠢᠳᠠᠬ ᠃ ᠤᠢᠷ᠎ᠠ᠎ᠶᠢᠨ ᠵᠢᠯ᠎ᠳ᠋ᠤ ᠂ ᠠᠷᠤ ᠬᠣᠷᠴᠢᠨᠴᠤᠳ ᠠᠷᠭᠠᠢ ᠨᠠᠭᠠᠲᠤᠮ᠎ᠤᠨ ᠲᠡᠦᠭᠡ ᠰᠤᠶᠤᠯ᠎ᠢᠶᠡᠨ ᠤᠯᠠᠮ ᠴᠠᠭᠠᠰᠢᠲᠠ ᠠᠭᠤᠲᠠᠯᠵᠦ ᠂ ᠪᠦᠲᠦᠮᠵᠢᠳᠡᠢ ᠬᠠᠮᠠᠭᠠᠯᠠᠯᠲᠠ᠎ᠶᠢᠨ ᠠᠷᠭ᠎ᠠ ᠬᠡᠮᠵᠢᠶ᠎ᠡ ᠠᠪᠴᠦ ᠂ ᠥᠪ ᠰᠤᠶᠤᠯ᠎ᠤᠨ ᠦᠨᠡᠲᠦ ᠡᠷᠳᠡᠨᠢ ᠪᠤᠯᠤᠬᠰᠠᠨ ᠠᠷᠭᠠᠢ ᠨᠠᠭᠠᠳᠤᠮ᠎ᠢᠶᠡᠨ ᠠᠪᠤᠷᠠᠨ ᠬᠠᠮᠠᠭᠠᠯᠠᠵᠦ ᠂ ᠤᠯᠠᠮᠵᠢᠯᠠᠨ ᠬᠦᠭᠵᠢᠬᠦᠯᠬᠦ᠎ᠶᠢᠨ ᠲᠦᠯᠦᠬᠡ ᠬᠦᠴᠦ ᠨᠢᠬᠡᠲᠦᠨ ᠴᠢᠷᠮᠠᠢᠵᠠᠭᠠᠵᠦ ᠪᠤᠢ ᠃

ᠰᠤᠶᠤᠯ ᠲᠡᠤᠭᠡ᠎ᠶᠢᠨ ᠬᠤᠪᠤᠷ ᠥᠯᠡᠳᠡᠭᠳᠠᠯ᠎

ᠬᠤᠯᠪᠤᠬᠳᠠᠯ ᠪᠥᠬᠥᠢ ᠲᠡᠤᠭᠡ᠎ᠶᠢᠨ ᠪᠢᠴᠢᠭ ᠮᠠᠲ᠋ᠸᠷᠢᠶᠠᠯ᠎ᠳ᠋ᠤ ᠲᠡᠮᠳᠡᠭᠯᠡᠭᠰᠡᠨ᠎ᠢ ᠦᠨᠳᠦᠰᠦᠯᠡᠪᠡᠯ ᠂ ᠪᠠᠭ᠎ᠠ ᠨᠠᠰᠤᠨ᠎ᠤ ᠲᠡᠮᠦᠵᠢᠨ ᠪᠣᠯᠤᠨ ᠵᠠᠮᠤᠬ᠎ᠠ ᠬᠤᠶᠠᠭᠤᠯᠠ ᠮᠥᠰᠥᠨ ᠳᠡᠭᠡᠷ᠎ᠡ ᠱᠠᠭ᠎ᠠ᠎ᠶᠢᠨ ᠲᠣᠭᠯᠠᠭᠠᠮ᠎ᠢ ᠨᠠᠭᠠᠳᠴᠤ ᠪᠠᠢᠬᠰᠠᠨ ᠂ ᠮᠠᠨᠳᠤᠬᠠᠢ ᠰᠡᠴᠡᠨ ᠥᠨᠡᠨᠪᠤᠯᠤᠳ ᠬᠤᠶᠠᠭᠤᠯᠠ ᠠᠷᠭᠠᠢ ᠨᠠᠭᠠᠳᠤᠮ᠎ᠤᠨ ᠲᠠᠯᠠᠪᠠᠢ᠎ᠳ᠋ᠤ ᠲᠠᠨᠢᠯᠴᠠᠭᠰᠠᠨ ᠬᠡᠯᠴᠡᠳᠡᠭ ᠃ ᠲᠡᠦᠬᠡᠨ ᠮᠠᠲ᠋ᠸᠷᠢᠶᠠᠯ᠂ ᠪᠢᠴᠢᠭ ᠰᠤᠲᠤᠷ᠎ᠲᠤ ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠮᠣᠩᠭᠣᠯᠴᠤᠳ᠎ᠤᠨ ᠦᠨᠢ ᠤᠳᠠᠭᠠᠨ ᠲᠡᠤᠭᠡ᠎ᠲᠠᠢ ᠪᠡᠶ᠎ᠠ᠎ᠶᠢᠨ ᠲᠠᠮᠢᠷ᠎ᠤᠨ ᠬᠥᠳᠡᠯᠭᠡᠭᠡᠨ᠎ᠤ ᠲᠦᠷᠦᠯ ᠵᠦᠢᠯ᠎ᠤᠨ ᠨᠢᠭᠡ᠎ᠨᠢ ᠪᠣᠯᠤᠨ᠎ᠠ ᠬᠡᠵᠥ ᠲᠡᠮᠳᠡᠭᠯᠡᠵᠥ ᠪᠠᠢᠳᠠᠬ ᠃
︽ ᠠᠷᠭᠠᠢ ᠨᠠᠭᠠᠳᠤᠮ ᠤᠳᠤᠬᠠᠨ᠎ᠳ᠋ᠤ ᠠᠷᠤ ᠬᠣᠷᠴᠢᠨ ᠬᠣᠰᠢᠭᠤᠨ᠎ᠤ ᠬᠠᠨᠰᠥᠢᠮ᠎ᠠ ᠰᠤᠮᠤᠨ᠎ᠤ ᠠᠮᠠᠰᠠᠷ ᠪᠣᠯᠤᠨ ᠪᠣᠷᠣᠬᠣᠲᠠ ᠬᠣᠶᠠᠷ ᠭᠠᠴᠠᠭᠠᠨ᠎ᠤ ᠮᠠᠯᠴᠢᠳ᠎ᠤᠨ ᠳᠤᠮᠳᠠ ᠤᠯᠠᠮᠵᠢᠯᠠᠬᠳᠠᠵᠥ ᠪᠤᠢ ︾ ᠭᠡᠵᠦ ᠠᠷᠤ ᠬᠤᠷᠴᠢᠨ ᠬᠤᠰᠢᠭᠤ᠎ᠶᠢᠨ ᠰᠤᠶᠤᠯ ᠪᠡᠶ᠎ᠠ᠎ᠶᠢᠨ ᠲᠠᠮᠢᠷ ᠷᠠᠳᠢᠣ᠋ ᠲᠸᠯᠸᠢᠰ ᠲᠤᠪᠴᠢᠶ᠎ᠠ᠎ᠶᠢᠨ ᠬᠠᠷᠢᠭᠤᠴᠠᠯᠭᠠᠳᠠᠨ ᠪᠥᠬᠡᠪᠠᠭᠠᠳᠤᠷ ᠲᠠᠨᠢᠯᠴᠠᠭᠤᠯᠤᠬᠰᠠᠨ ᠪᠠᠢᠨ᠎ᠠ ᠃ ᠲᠡᠬᠥᠨ᠎ᠤ ᠬᠠᠡᠭᠭᠠᠬᠰᠠᠨ ᠮᠡᠲ᠋ᠸᠷᠢᠶᠠᠯ᠎ᠢ ᠥᠨᠳᠤᠰᠤᠯᠠᠪᠠᠯ ᠂ ᠲᠡᠦᠬᠡᠨ ᠳᠡᠭᠡᠷᠡᠬᠢ ᠠᠷᠤ ᠬᠣᠷᠴᠢᠨᠴᠤᠳ ᠪᠣᠯ ᠴᠢᠩᠭᠢᠰ ᠬᠠᠭᠠᠨ᠎ᠤ ᠲᠥᠷᠥᠭᠰᠡᠨ ᠳᠡᠭᠦᠦ ᠬᠠᠪᠤᠲᠦ ᠬᠠᠰᠠᠷ᠎ᠤᠨ ᠥᠷ᠎ᠠ ᠬᠣᠶᠢᠴᠢᠰ ᠪᠣᠯᠤᠨ᠎ᠠ ᠃ 1546 ᠣᠨ᠎ᠳ᠋ᠤ ᠂ ᠬᠠᠰᠠᠷ᠎ᠤᠨ ᠥᠷ᠎ᠠ ᠬᠣᠶᠢᠴᠢᠰ ᠬᠥᠯᠥᠨ ᠪᠣᠶᠢᠷ᠎ᠤᠨ ᠴᠢᠭᠤᠯᠭᠠᠨ᠎ᠤ ᠬᠠᠶᠢᠯᠠᠷ ᠭᠣᠣᠯ ᠣᠷᠴᠢᠮ᠎ᠤᠨ ᠠᠷᠤ ᠬᠣᠷᠴᠢᠨ ᠠᠶᠢᠮᠠᠭ᠎ᠲᠤ ᠰᠠᠭᠤᠷᠢᠰᠢᠵᠤ ᠂ ᠠᠬᠠᠯᠠᠬᠴᠢ ᠬᠥᠨᠳᠡᠯᠡᠨ ᠲᠠᠶᠢᠴᠢᠩ᠎ᠤᠨ ᠳᠠᠭᠠᠭᠤᠯᠭ᠎ᠠ ᠳᠣᠣᠷ᠎ᠠ ᠡᠮᠦᠨᠡᠰᠢ ᠨᠡᠬᠥᠳᠡᠯᠯᠡᠵᠥ ᠣᠳᠣ᠎ᠶᠢᠨ ᠡᠨᠡ ᠨᠤᠲᠤᠭ᠎ᠲᠤ ᠢᠷᠡᠵᠦ ᠨᠤᠲᠤᠭᠯᠠᠵᠠᠢ ᠃ ︽ ᠴᠢᠩ ᠤᠯᠤᠰ᠎ᠤᠨ ᠦᠶ᠎ᠡ᠎ᠳ᠋ᠤ ᠠᠷᠤ ᠬᠣᠷᠴᠢᠨ ᠬᠣᠰᠢᠭᠤ᠎ᠶᠢ ᠪᠠᠢᠭᠤᠯᠵᠤ ᠂ ᠵᠣᠣ ᠤᠳᠠ ᠠᠶᠢᠮᠠᠭ᠎ᠲᠤ ᠬᠠᠷᠢᠶᠠᠯᠠᠭᠳᠠᠭᠤᠯᠪᠠ ︾ ᠬᠡᠵᠥ ᠲᠤᠳᠤᠷᠬᠠᠢᠯᠠᠵᠥ ᠪᠠᠢᠯ᠎ᠠ ᠃



ᠠᠷᠤ ᠬᠣᠷᠴᠢᠨ ᠬᠣᠰᠢᠭᠤ᠎ᠨᠢ ᠮᠠᠨ᠎ᠤ ᠣᠷᠣᠨ᠎ᠤ ᠳᠤᠮᠳᠠ ᠬᠡᠰᠡᠭ ᠂ ᠤᠯᠠᠭᠠᠨᠬᠠᠳᠠ ᠬᠣᠲᠠ᠎ᠶᠢᠨ ᠵᠡᠭᠦᠨ ᠬᠣᠶᠢᠲᠤ ᠬᠡᠰᠡᠭ᠎ᠲᠤ ᠪᠠᠶᠢᠷᠢᠯᠠᠵᠤ ᠪᠠᠢᠳᠠᠬ ᠃ ᠵᠡᠬᠥᠨᠰᠢ᠎ᠪᠠᠨ ᠲᠦᠩᠯᠢᠶᠣᠤ ᠬᠣᠲᠠ᠎ᠶᠢᠨ ᠵᠠᠷᠤᠳ ᠬᠣᠰᠢᠭᠤ᠎ᠲᠠᠢ ᠬᠥᠷᠰᠢᠯᠡᠨ᠎ᠡ ︔ ᠡᠮᠦᠨᠡᠰᠢ᠎ᠪᠠᠨ ᠤᠯᠠᠭᠠᠨᠬᠠᠳᠠ ᠬᠣᠲᠠ᠎ᠶᠢᠨ ᠣᠩᠨᠢᠭᠤᠳ ᠬᠣᠰᠢᠭᠤ ᠪᠣᠯᠤᠨ ᠲᠦᠩᠯᠢᠶᠣᠤ ᠬᠣᠲᠠ᠎ᠶᠢᠨ ᠺᠠᠶᠢᠯᠦ ᠰᠢᠶᠠᠨ᠎ᠤ ᠬᠠᠷᠢᠶᠠᠨ᠎ᠳ᠋ᠠᠬᠢ ᠰᠢᠷᠠᠮᠥᠢᠷᠡᠨ ᠭᠣᠤᠯ ᠪᠣᠯᠤᠨ᠎ᠲᠠᠢ ᠾᠧ ᠭᠣᠤᠯ᠎ᠤᠨ ᠬᠠᠭᠤᠴᠢᠨ ᠤᠷᠤᠰᠬᠠᠯ᠎ᠤᠨ ᠵᠠᠭᠠᠭ᠎ᠲᠠᠢ ᠨᠢᠭᠤᠷᠯᠠᠵᠥ ᠂ ᠪᠠᠷᠠᠭᠤᠨᠰᠢ᠎ᠪᠠᠨ ᠤᠯᠠᠭᠠᠨᠬᠠᠳᠠ ᠬᠣᠲᠠ᠎ᠶᠢᠨ ᠪᠠᠭᠠᠷᠢᠨ ᠵᠡᠭᠦᠨ ᠬᠣᠰᠢᠭᠤ ᠂ ᠪᠠᠭᠠᠷᠢᠨ ᠪᠠᠷᠠᠭᠤᠨ ᠬᠣᠰᠢᠭᠤ᠎ᠲᠠᠢ ᠵᠠᠬ᠎ᠠ ᠨᠡᠶᠢᠯᠡᠵᠦ ᠪᠠᠶᠢᠨ᠎ᠠ ︔ ᠤᠮᠠᠷᠠᠰᠢ᠎ᠪᠠᠨ ᠰᠢᠯᠢ᠎ᠶᠢᠨ ᠭᠣᠣᠯ ᠠᠶᠢᠮᠠᠭ᠎ᠤᠨ ᠪᠠᠷᠠᠭᠤᠨ ᠦᠵᠦᠮᠦᠴᠢᠨ ᠬᠣᠰᠢᠭᠤ ᠂ ᠵᠡᠭᠦᠨ ᠦᠵᠦᠮᠦᠴᠢᠨ ᠬᠣᠰᠢᠭᠤ᠎ᠲᠠᠢ ᠵᠠᠬ᠎ᠠ ᠨᠡᠶᠢᠯᠡᠵᠦ ᠤᠯᠠᠨ ᠨᠤᠲᠤᠭ᠎ᠤᠨ ᠰᠤᠶᠤᠯ᠎ᠤᠨ ᠨᠥᠯᠥᠭᠡ᠎ᠶᠢ ᠬᠥᠷᠳᠡᠭᠰᠡᠨ ᠥᠡᠭᠭᠡ ᠢᠯᠭᠠᠷᠠᠮ᠎ᠠ ᠰᠤᠶᠤᠯ ᠤᠷᠠᠯᠢᠬ᠎ᠢ ᠪᠥᠷᠢᠯᠳᠥᠭᠥᠯᠥᠭᠰᠡᠨ ᠪᠠᠢᠳᠠᠬ ᠃
ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠮᠣᠩᠭᠣᠯ ᠦᠨᠳᠦᠰᠦᠲᠡᠨ᠎ᠤ ᠡᠷᠲᠡᠨ᠎ᠤ ᠮᠥᠰᠥᠨ ᠳᠡᠭᠡᠷᠡᠬᠢ ᠲᠠᠮᠢᠷ᠎ᠤᠨ ᠬᠥᠳᠡᠯᠭᠡᠭᠡᠨ ᠪᠣᠯᠤᠨ᠎ᠠ ᠃ ᠠᠷᠤ ᠬᠤᠷᠴᠢᠨ ᠬᠣᠰᠢᠭᠤᠨ᠎ᠳ᠋ᠤ ᠳᠡᠯᠭᠡᠷᠡᠭᠰᠡᠨ ᠮᠥᠰᠥᠨ ᠳᠡᠭᠡᠷᠡᠬᠢ ᠠᠷᠭᠠᠢ ᠨᠠᠭᠠᠳᠤᠮ᠎ᠨᠢ ᠪᠦᠬᠦᠶᠢᠯᠡ ᠦᠨᠳᠦᠰᠦᠲᠡᠨ᠎ᠤ ᠨᠠᠢᠳᠡᠯᠢᠭ ᠰᠢᠨᠵᠢ᠎ᠲᠠᠢ ᠮᠥᠷᠲᠡᠭᠡᠨ ᠢᠯᠡ ᠲᠣᠳᠣ ᠣᠷᠣᠨ ᠨᠤᠲᠤᠭ᠎ᠤᠨ ᠥᠩᠭᠡ ᠪᠤᠳᠤᠭ᠎ᠲᠠᠢ ᠪᠠᠶᠢᠳᠠᠭ ᠃ ᠠᠷᠭᠠᠢ ᠬᠢᠬᠥ᠎ᠳ᠋ᠤ ᠦᠬᠡᠷ᠎ᠤᠨ ᠱᠠᠭ᠎ᠠ᠎ᠶᠢᠨ ᠮᠢᠬ᠎ᠠ ᠠᠷᠠᠰᠤ ᠪᠠ ᠳᠤᠰᠤᠨ ᠬᠠᠭ᠎ᠢ᠎ᠨᠢ ᠠᠪᠴᠤ ᠬᠠᠶᠠᠭᠠᠳ ᠭᠦᠳᠦᠭᠦᠷ ᠲᠠᠯ᠎ᠠ ᠪᠠ ᠬᠣᠲᠣᠭᠣᠷ ᠲᠠᠯ᠎ᠠ᠎ᠶᠢ᠎ᠨᠢ ᠬᠤᠰᠤᠵᠤ ᠲᠡᠭᠰᠢᠯᠡᠭᠡᠳ ᠪᠦᠲᠦᠭᠡᠭᠰᠡᠨ ᠪᠠᠢᠲᠠᠭ ︔ ᠬᠣᠲᠣᠭᠣᠷ ᠭᠠᠳᠠᠷᠭᠤ᠎ᠳ᠋ᠤᠨᠢ ᠨᠦᠬᠡ ᠴᠣᠭᠣᠯᠵᠤ ᠂ ᠲᠤᠭᠤᠯᠭᠠᠨ ᠤᠰᠤ ᠣᠷᠣᠭᠤᠯᠵᠤ ᠬᠦᠨᠳᠦ᠎ᠶᠢᠨ ᠬᠡᠮᠵᠢᠶ᠎ᠡ᠎ᠶᠢ᠎ᠨᠢ ᠨᠡᠮᠡᠭᠳᠡᠭᠦᠯᠳᠡᠭ ᠃ ᠠᠷᠭᠠᠢ ᠨᠠᠭᠠᠳᠤᠮ᠎ᠢ ᠮᠥᠰᠥᠨ ᠳᠡᠭᠡᠷ᠎ᠡ ᠲᠣᠭᠯᠠᠬᠤ᠎ᠳᠠᠭᠠᠨ ᠭᠦᠳᠦᠭᠦᠷ ᠲᠠᠯ᠎ᠠ᠎ᠶᠢ᠎ᠨᠢ ᠳᠡᠭᠡᠭᠰᠢ ᠬᠠᠨᠳᠤᠭᠤᠯᠤᠨ ᠪᠠᠷᠢᠵᠤ ᠂ ᠡᠷᠡᠬᠡᠢ ᠬᠤᠷᠤᠭᠤ ᠪᠠ ᠳᠣᠯᠢᠶᠠᠪᠤᠷ ᠬᠤᠷᠤᠭᠤ᠎ᠪᠠᠷ᠎ᠢᠶᠡᠨ ᠬᠣᠯᠠ᠎ᠶᠢ ᠵᠣᠷᠢᠵᠤ ᠂ ᠬᠠᠷᠠᠯᠲᠠ ᠪᠣᠯᠭᠠᠨ ᠠᠷᠭᠠᠢ ᠪᠤᠯᠭᠠᠨ ᠰᠢᠳᠡᠳᠡᠭ ᠃ ᠨᠥᠭᠥᠭᠡ ᠨᠢᠭᠡ ᠠᠷᠭᠠᠢ᠎ᠨᠢ ᠬᠠᠷᠠᠯᠲᠠ᠎ᠲᠠᠢ᠎ᠪᠠᠷ ᠰᠤᠮᠤ᠎ᠪᠠᠨ ᠣᠨᠢᠯᠠᠵᠤ ᠰᠢᠳᠠᠵᠥ ᠶᠠᠪᠤᠭᠤᠯᠤᠬᠰᠠᠨ ᠠᠷᠭᠠᠢ᠎ᠶᠢ ᠣᠨᠣᠭᠠᠭᠰᠠᠨ ᠪᠤᠯ ᠢᠯᠠᠭᠰᠠᠨ᠎ᠳ᠋ᠤ ᠲᠣᠭᠠᠴᠢᠭᠳᠠᠨ᠎ᠠ ᠃ ᠡᠶᠢᠮᠦ᠎ᠡᠴᠠ ᠲᠡᠬᠥᠨ᠎ᠢ ᠪᠠᠰᠠ ︽ ᠠᠷᠭᠠᠢ ᠬᠠᠷᠪᠤᠬᠤ ︾ ᠭᠡᠳᠡᠭ ᠃ ᠬᠣᠶᠠᠷ ᠬᠥᠮᠦᠨ ᠪᠠᠶᠢᠳᠠᠭ ᠯᠠ ᠶᠤᠮ ᠪᠣᠯ ᠡᠨᠡ ᠲᠣᠭᠯᠠᠭᠠᠮ ᠵᠠᠪᠤᠭᠲᠠᠵᠦ ᠲᠡᠢᠯᠦᠨ᠎ᠡ ︔ ᠬᠥᠮᠦᠨ ᠣᠯᠠᠨ ᠦᠶ᠎ᠠ᠎ᠳ᠋ᠤ ᠨᠠᠩ ᠬᠥᠷ ᠬᠥᠭᠵᠢᠶᠡᠨ᠎ᠲᠠᠢ ᠪᠣᠯᠳᠠᠬ ᠃ ᠤᠷᠤᠯᠳᠤᠭᠠᠨ᠎ᠤ ᠳ᠋ᠦᠩ᠎ᠳ᠋ᠤ ᠂ ᠢᠯᠠᠭᠳᠠᠭᠰᠠᠳ ᠬᠤᠨᠢ ᠂ ᠢᠮᠠᠭᠠᠨ᠎ᠤ ᠱᠠᠭ᠎ᠠ᠎ᠪᠠᠨ ᠱᠦᠭᠦᠭᠳᠡᠳᠡᠭ ᠪᠠᠢᠨ᠎ᠠ ᠃
ᠮᠣᠩᠭᠣᠯᠴᠤᠳ ᠦᠬᠡᠷ ᠬᠤᠨᠢ ᠨᠢᠲᠤᠯᠬᠤ ᠪᠤᠶᠤ ᠠᠩ ᠭᠥᠷᠥᠭᠡᠰᠦ ᠠᠡᠭᠨᠠᠬᠤ᠎ᠳᠠᠭᠠᠨ ᠱᠠᠭ᠎ᠠ᠎ᠶᠢ᠎ᠨᠢ ᠬᠢᠮᠠᠭᠠᠲᠠᠨ ᠬᠠᠳᠠᠭᠠᠯᠠᠵᠤ ᠂ ᠳᠡᠭᠡᠷᠡᠬᠢ ᠰᠢᠷᠪᠥᠰᠥ ᠪᠣᠯᠤᠨ ᠮᠢᠬ᠎ᠠ᠎ᠶᠢ᠎ᠨᠢ ᠬᠤᠰᠤᠵᠤ ᠂ ᠲᠤᠰᠤᠨ᠎ᠤ ᠭᠬᠢᠷ ᠪᠤᠷᠲᠠᠭ᠎ᠢ ᠠᠷᠢᠯᠭᠠᠨ ᠂ ᠨᠢᠭᠡ ᠵᠦᠢᠯ᠎ᠤᠨ ᠲᠣᠭᠯᠠᠭᠠᠮ ᠪᠣᠯᠭᠠᠳᠠᠭ ᠃ ᠠᠷᠭᠠᠢ ᠤᠷᠤᠯᠳᠤᠬᠤ ᠦᠶ᠎ᠡ᠎ᠳ᠋ᠤ ᠦᠬᠡᠷ ᠪᠤᠶᠤ ᠪᠤᠭᠤ᠎ᠶᠢᠨ ᠱᠠᠭ᠎ᠠ᠎ᠶᠢ ᠰᠤᠩᠭᠤᠲᠠᠭ ᠃ ᠪᠣᠳᠠᠲᠠᠢ᠎ᠪᠠᠷ ᠬᠡᠯᠡᠪᠡᠯ ᠂ ᠱᠠᠭ᠎ᠠ ᠶᠠᠰᠤᠨ᠎ᠤ ᠳᠡᠭᠡᠷ᠎ᠡ ᠳᠣᠣᠷ᠎ᠠ ᠲᠠᠯ᠎ᠠ᠎ᠶᠢ ᠵᠣᠷᠭᠣᠵᠤ ᠂ ᠬᠡᠩᠭᠡᠷᠭᠡᠨ ᠳᠡᠭᠡᠷ᠎ᠡ᠎ᠨᠢ ᠵᠢᠵᠢᠭ ᠨᠦᠬᠡ ᠭᠠᠷᠭᠠᠵᠤ ᠂ ᠲᠤᠭᠤᠯᠭᠠᠨ ᠤᠰᠤ ᠴᠢᠳᠬᠤᠵᠤ ᠂ ᠬᠦᠨᠳᠦ᠎ᠶᠢ᠎ᠨᠢ ᠳᠡᠭᠡᠭᠰᠢᠯᠡᠭᠦᠯᠦᠨ᠎ᠡ ᠃ ᠢᠩᠬᠢᠪᠠᠯ ᠮᠥᠰᠥᠨ ᠭᠠᠳᠠᠷᠭᠤ ᠳᠡᠭᠡᠷ᠎ᠡ ᠡᠷᠭᠢᠯᠳᠦᠨ ᠭᠤᠯᠭᠤᠬᠤ ᠦᠶᠡᠰ ᠨᠡᠯᠢᠶᠡᠳ ᠬᠤᠷᠳᠤᠨ ᠪᠠᠢᠲᠠᠭ ᠪᠦᠭᠡᠳ ᠬᠠᠷᠪᠤᠬᠤ᠎ᠳ᠋ᠤ ᠣᠨᠣᠪᠴᠢᠲᠠᠶ ᠪᠤᠯᠭᠠᠲᠠᠭ ᠃ ᠭᠡᠲᠡᠯ᠎ᠡ ᠲᠡᠳᠡᠭᠡᠷ ᠵᠢᠵᠢᠭ ᠱᠠᠭ᠎ᠠ᠎ᠨᠢ ᠬᠠᠷᠢᠨ ᠤᠤᠯ᠎ᠤᠨ ᠶᠠᠩᠵᠤ᠎ᠪᠠᠨ ᠬᠠᠳᠠᠭᠠᠯᠠᠳᠠᠭ ᠪᠠᠢᠨ᠎ᠠ ᠃

ᠥᠪᠡᠷᠮᠢᠴᠠ ᠤᠨᠴᠠᠯᠢᠬ᠎ᠲᠠᠢ ᠪᠡᠶ᠎ᠡ᠎ᠶᠢᠨ ᠲᠠᠮᠢᠷ

︽ ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠮᠣᠩᠭᠣᠯ ᠦᠨᠳᠦᠰᠦᠲᠡᠨ᠎ᠤ ᠡᠷᠲᠡᠨ᠎ᠤ ᠮᠥᠰᠥᠨ ᠳᠡᠭᠡᠷᠡᠬᠢ ᠲᠠᠮᠢᠷ᠎ᠤᠨ ᠬᠥᠳᠡᠯᠭᠡᠭᠡᠨ᠎ᠤ ᠲᠦᠷᠦᠯ ᠵᠦᠢᠯ ᠪᠣᠯᠤᠨ᠎ᠠ ᠃ ᠲᠡᠭᠦᠨ᠎ᠤ ᠪᠤᠢ ᠪᠤᠯᠤᠬᠰᠠᠨ ᠣᠨ ᠵᠢᠯ ᠪᠠ ᠤᠯᠠᠮᠵᠢᠯᠠᠨ ᠵᠠᠯᠭᠠᠮᠵᠢᠯᠠᠭᠲᠠᠭᠰᠠᠨ ᠪᠠᠶᠢᠳᠠᠯ᠎ᠢ ᠤᠳᠤ ᠪᠠᠰᠠ ᠨᠠᠷᠢᠨ ᠨᠢᠮᠪᠠᠶ ᠰᠢᠯᠭᠠᠨ ᠭᠡᠷᠡᠴᠢᠯᠡᠬᠦ᠎ᠶᠢᠨ ᠠᠷᠭ᠎ᠠ ᠦᠭᠡᠢ ᠪᠠᠶᠢᠨ᠎ᠠ ︾ ᠬᠡᠵᠥ ᠪᠥᠭᠡᠪᠠᠭᠠᠳᠤᠷ ᠲᠠᠢᠯᠪᠤᠷᠢᠯᠠᠵᠥ ᠪᠢᠯᠠ ᠃ ᠬᠣᠯᠪᠣ‍‍ᠭᠳᠠᠯ ᠪᠦᠬᠦᠢ ᠲᠡᠦᠬᠡᠨ ᠪᠢᠴᠢᠭ᠎ᠲᠤ ᠲᠡᠮᠳᠡᠭᠯᠡᠭᠰᠡᠨ᠎ᠢᠶᠠᠷ ᠂ ᠴᠢᠩᠭᠢᠰ ᠬᠠᠭᠠᠨ ᠪᠠᠭ᠎ᠠ᠎ᠶᠢᠨ ᠦᠶ᠎ᠡ᠎ᠳ᠋ᠡᠭᠡᠨ ᠵᠠᠮᠤᠬ᠎ᠠ᠎ᠲᠠᠢ ᠬᠠᠷᠢᠯᠴᠠᠨ ᠵᠢᠵᠢᠭ ᠱᠠᠭ᠎ᠠ ᠪᠡᠯᠡᠭᠯᠡᠵᠦ ᠪᠠᠶᠢᠭᠰᠠᠨ ᠪᠥᠭᠡᠳ ᠣᠨᠣᠨ ᠭᠣᠣᠯ᠎ᠤᠨ ᠮᠥᠰᠥᠨ ᠳᠡᠭᠡᠷ᠎ᠡ ᠨᠠᠭᠠᠳᠴᠤ ᠂ ᠱᠠᠭ᠎ᠠ ᠬᠠᠷᠪᠤᠬᠤ ᠤᠷᠤᠯᠳᠤᠭᠠᠨ ᠶᠠᠪᠤᠭᠤᠯᠳᠠᠬ ᠪᠠᠢᠵᠠᠢ ︔ ᠠᠷᠪᠠᠨ ᠲᠠᠪᠤᠳᠤᠭᠠᠷ ᠵᠠᠭᠤᠨ᠎ᠤ ᠳᠤᠮᠳᠠᠴᠢ ᠦᠶ᠎ᠡ᠎ᠳ᠋ᠤ ᠮᠣᠩᠭᠣᠯ ᠦᠨᠳᠦᠰᠦᠲᠡᠨ᠎ᠤ ᠠᠯᠳᠠᠷᠲᠤ ᠤᠯᠤᠰ ᠲᠥᠷᠥᠴᠢᠨ ᠮᠠᠨᠳᠤᠬᠠᠢ ᠰᠡᠴᠡᠨ ᠬᠠᠳᠤᠨ ᠂ ᠤᠷᠤᠭ ᠭᠤᠶᠤᠭᠴᠢ  ᠬᠣᠷᠴᠢᠨ ᠠᠶᠢᠮᠠᠭ᠎ᠤᠨ ᠦᠨᠡᠨᠪᠤᠯᠤᠳ᠎ᠲᠠᠢ ᠮᠥᠰᠥᠨ ᠳᠡᠭᠡᠷ᠎ᠡ ᠱᠠᠭ᠎ᠠ ᠬᠠᠷᠪᠤᠬᠤ᠎ᠳᠠᠭᠠᠨ ᠲᠠᠨᠢᠯᠴᠠᠭᠰᠠᠨ ᠶᠤᠮ ︔ ᠴᠢᠩᠭᠢᠰ ᠬᠠᠭᠠᠨ᠎ᠤ ᠳᠡᠭᠦᠦ ᠬᠠᠪᠤᠲᠤ ᠬᠠᠰᠠᠷ ︽ ᠮᠡᠷᠭᠡᠨ ᠬᠠᠷᠪᠤᠭᠠᠴᠢᠨ ︾ ᠬᠡᠮᠡᠨ ᠠᠯᠳᠠᠷᠰᠢᠵᠤ ᠂ ᠶᠡᠬᠡ ᠮᠣᠩᠭᠣᠯ ᠬᠠᠭᠠᠨᠲᠤ ᠤᠯᠤᠰ᠎ᠢ ᠪᠠᠶᠢᠭᠤᠯᠬᠤ᠎ᠳ᠋ᠤ ᠭᠠᠷᠮᠠᠭᠠᠢ ᠭᠠᠪᠢᠶ᠎ᠠ ᠵᠢᠳᠬᠦᠯ ᠦᠵᠡᠭᠦᠯᠵᠥ ᠪᠠᠢᠬᠰᠠᠨ ᠬᠡᠵᠥ ᠲᠤᠳᠤᠷᠬᠠᠢ ᠲᠡᠮᠳᠡᠭᠯᠡᠵᠥ ᠪᠠᠢᠯ᠎ᠠ ᠃
ᠠᠷᠭᠠᠢ᠎ᠶᠢ ᠬᠠᠷᠪᠤᠬᠤ᠎ᠳ᠋ᠤ ᠡᠷᠡᠬᠡᠢ ᠬᠤᠷᠤᠭᠤᠨ᠎ᠤ ᠬᠥᠳᠡᠯᠥᠯ ᠪᠠᠷᠢᠯ᠎ᠨᠢ ᠨᠤᠮᠤ ᠬᠠᠷᠪᠤᠬᠤ᠎ᠲᠠᠢ ᠠᠳᠠᠯᠢᠪᠲᠤᠷ ᠪᠠᠶᠢᠳᠠᠭ ᠂ ᠡᠶᠢᠮᠦ᠎ᠡᠴᠠ ᠮᠥᠰᠥᠨ ᠳᠡᠭᠡᠷᠡᠬᠢ ᠠᠷᠭᠠᠢ᠎ᠨᠢ ᠰᠤᠷ ᠬᠠᠷᠪᠤᠬᠤ ᠨᠢᠭᠡ ᠵᠦᠢᠯ᠎ᠤᠨ ᠦᠨᠳᠦᠰᠦᠨ ᠪᠣᠯᠪᠠᠰᠤᠷᠠᠯ ᠪᠠᠶᠢᠵᠤ ᠮᠡᠳᠡᠨ᠎ᠡ ᠃ ᠬᠠᠪᠤᠲᠤ ᠬᠠᠰᠠᠷ᠎ᠤᠨ ᠬᠣᠶᠢᠴᠢᠰ ᠪᠣᠯᠤᠭᠰᠠᠨ᠎ᠤ ᠬᠤᠪᠢ᠎ᠳ᠋ᠤ ᠂ ᠠᠷᠤ ᠬᠣᠷᠴᠢᠨ ᠬᠣᠰᠢᠭᠤᠨ᠎ᠤ ᠮᠣᠩᠭᠣᠯᠴᠤᠳ ᠮᠡᠷᠭᠡᠨ ᠬᠠᠷᠪᠤᠭᠠᠴᠢ᠎ᠶᠢᠨ ᠭᠸᠨ᠎ᠢ ᠤᠯᠠᠮᠵᠢᠯᠠᠬᠰᠠᠨ ᠪᠥᠭᠡᠳ ᠮᠥᠰᠥᠨ ᠳᠡᠭᠡᠷᠡᠬᠢ ᠠᠷᠭᠠᠢ ᠨᠠᠭᠠᠲᠤᠮ᠎ᠢ ᠲᠡᠷᠡ ᠬᠡᠪ᠎ᠢᠶᠠᠷ᠎ᠨᠢ ᠦᠪᠯᠡᠨ ᠦᠯᠡᠳᠡᠭᠡᠭᠰᠡᠨ ᠶᠤᠮ ᠃ ᠠᠷᠤ ᠬᠣᠷᠴᠢᠨ ᠬᠣᠰᠢᠭᠤᠨ᠎ᠤ ᠠᠩᠬᠠᠳᠠᠭᠴᠢ ᠵᠠᠰᠠᠭ ᠨᠤᠶᠠᠨ ᠪᠣᠯ ᠲᠤᠬᠠᠶ᠎ᠶᠢᠨ ᠦᠶ᠎ᠡ᠎ᠶᠢᠨ ᠠᠯᠳᠠᠷᠲᠤ ᠰᠤᠷ ᠬᠠᠷᠪᠤᠭᠴᠢ ᠪᠠᠢᠬᠰᠠᠨ ᠭᠡᠳᠡᠭ ᠃ ᠪᠥᠬᠡᠪᠠᠭᠠᠳᠤᠷ᠎ᠤᠨ ᠬᠠᠩᠭᠠᠭᠰᠠᠨ ᠮᠠᠲ᠋ᠸᠷᠢᠶᠠᠯ᠎ᠳ᠋ᠤ ᠂ ᠤᠳᠤᠬᠠᠨ᠎ᠳ᠋ᠤ ᠬᠠᠨᠰᠥᠢᠮ᠎ᠠ ᠰᠤᠮᠤ᠎ᠶᠢᠨ ᠴᠠᠭᠠᠨ᠍ᠡᠣᠪᠣᠭ᠎ᠠ ᠭᠠᠴᠠᠭ᠎ᠠ᠎ᠶᠢᠨ ᠨᠠᠰᠤᠳᠠᠨ ᠴᠤᠬᠯᠠ ᠂ ᠪᠣᠷᠣᠬᠣᠲᠠ ᠭᠠᠴᠠᠭ᠎ᠠ᠎ᠶᠢᠨ ᠰᠤᠩᠳᠤᠢ ᠪᠣᠯᠤᠨ ᠠᠮᠠᠰᠠᠷ ᠭᠠᠴᠠᠭ᠎ᠠ᠎ᠶᠢᠨ ᠠᠯᠲᠠᠨᠸᠴᠢᠷ ᠵᠡᠷᠭᠡ ᠨᠠᠰᠤᠲᠠᠳ ᠪᠣᠯ ᠪᠦᠷ ᠮᠥᠰᠥᠨ ᠳᠡᠭᠡᠷᠡᠬᠢ ᠠᠷᠭᠠᠢ ᠨᠠᠭᠠᠳᠤᠮ᠎ᠤᠨ ᠤᠯᠠᠮᠵᠢᠯᠠᠭᠴᠢ ᠪᠤᠯᠬᠤ ᠶᠤᠮ ᠃ ᠲᠡᠲᠡᠨᠤᠰ᠎ᠡᠴᠠ ᠲᠡᠭᠡᠷ᠎ᠠ ᠨᠢᠬᠡ ᠥᠶ᠎ᠠ᠎ᠶᠢᠨ᠎ᠬᠢ᠎ᠶᠢ ᠲᠤᠷᠠᠳᠪᠠᠯ ᠂ ᠪᠠᠲᠤᠸᠴᠢᠷ ᠂ ᠫᠣᠩᠰᠣᠭ ᠂ ᠨᠠᠶᠠᠨᠲᠠᠢ ᠂ ᠪᠢᠴᠢᠬᠠᠨ ᠂ ᠪᠥᠬᠡ ᠪᠤᠯᠤᠨ ᠬᠠᠶᠢᠷᠥᠪ ᠵᠡᠷᠭᠡ ᠨᠠᠰᠤ ᠪᠠᠷᠠᠭᠰᠠᠨ ᠨᠠᠰᠤᠲᠠᠶᠢᠴᠤᠳ ᠴᠦ ᠠᠷᠭᠠᠢ ᠨᠠᠭᠠᠲᠤᠮ᠎ᠤᠨ ᠶᠤᠰᠤ ᠲᠦᠷᠢᠮ᠎ᠢ ᠪᠦᠷᠢᠨ ᠤᠢᠯᠠᠭᠠᠵᠦ ᠂ ᠠᠷᠭᠠᠢ ᠬᠠᠷᠪᠤᠬᠤ ᠤᠬᠠᠭᠠᠨ᠎ᠢ ᠲᠤᠭᠤᠷᠲᠠᠯ᠎ᠠ ᠮᠡᠳᠡᠳᠡᠭ ᠪᠠᠢᠵᠠᠢ ᠬᠡᠵᠥ ᠲᠡᠮᠳᠡᠭᠯᠡᠵᠥ ᠪᠠᠢᠯ᠎ᠠ ᠃



ᠪᠥᠬᠡᠪᠠᠭᠠᠳᠤᠷ᠎ᠤᠨ ᠬᠠᠷᠢᠭᠤᠴᠠᠨ ᠬᠥᠢᠴᠡᠳᠭᠡᠭᠰᠡᠨ ᠮᠦᠰᠦᠨ ᠲᠡᠭᠡᠷᠡᠬᠢ ᠠᠷᠭᠠᠢ ᠨᠠᠭᠠᠲᠤᠮ᠎ᠢ ᠥᠪᠡᠷᠳᠡᠭᠡᠨ ᠵᠠᠰᠠᠬᠤ ᠤᠷᠤᠨ᠎ᠤ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠥᠪ᠎ᠤᠨ ᠲᠦᠯᠦᠬᠡᠯᠡᠬᠦ ᠴᠢᠨᠠᠷᠲᠠᠢ ᠨᠡᠷᠡᠰ᠎ᠲᠤ ᠪᠦᠷᠢᠳᠭᠡᠬᠦᠯᠬᠦ᠎ᠪᠠᠷ ᠡᠷᠡᠮᠡᠯᠵᠡᠯᠡᠭᠰᠡᠨ ᠪᠢᠴᠢᠭ᠎ᠲᠤ ᠮᠥᠰᠥᠨ ᠳᠡᠭᠡᠷᠡᠬᠢ ᠠᠷᠭᠠᠢ ᠨᠠᠭᠠᠳᠤᠮ᠎ᠤᠨ ᠡᠩ᠎ᠤᠨ ᠣᠨᠴᠠᠯᠢᠭ᠎ᠢ ᠢᠩᠬᠢᠵᠦ ᠲᠡᠮᠳᠡᠭᠯᠡᠭᠰᠡᠨ ᠪᠠᠢᠲᠠᠭ ᠄ ᠮᠥᠰᠥᠨ ᠳᠡᠭᠡᠷᠡᠬᠢ ᠲᠠᠮᠢᠷ᠎ᠤᠨ ᠬᠥᠳᠡᠯᠭᠡᠭᠡᠨ ᠪᠣᠯᠤᠭᠰᠠᠨ᠎ᠤ ᠬᠤᠪᠢ᠎ᠳ᠋ᠤ ᠂ ᠲᠤᠰ ᠨᠠᠭᠠᠲᠤᠮ᠎ᠤᠨ ᠣᠷᠣᠯᠴᠠᠭᠰᠠᠳ ᠪᠠ ᠦᠵᠡᠭᠴᠢᠳ ᠮᠠᠰᠢ ᠣᠯᠠᠨ ᠪᠠᠶᠢᠵᠤ ᠂ ᠪᠡᠶ᠎ᠡ ᠮᠠᠬᠠᠪᠤᠳ᠎ᠢᠶᠡᠨ ᠳᠠᠪᠲᠠᠨ ᠪᠣᠯᠪᠠᠰᠤᠷᠠᠭᠤᠯᠬᠤ ᠦᠢᠯᠡᠲᠦᠯ᠎ᠲᠠᠢ ᠮᠦᠷᠳᠡᠭᠡᠨ ᠵᠤᠭ᠎ᠠ ᠴᠡᠩᠭᠡᠯ᠎ᠤᠨ ᠴᠢᠨᠠᠷ᠎ᠲᠠᠢ ᠥᠷᠭᠡᠨ ᠳᠡᠯᠭᠡᠷ ᠣᠯᠠᠨ ᠲᠦᠮᠡᠨᠴᠢ ᠴᠢᠨᠠᠷ᠎ᠲᠠᠢ ︔ ᠨᠡᠭᠦᠳᠡᠯ ᠮᠠᠯᠵᠢᠯ᠎ᠤᠨ ᠦᠢᠯᠡᠳᠪᠦᠷᠢᠯᠡᠯ ᠠᠮᠢᠳᠤᠷᠠᠯ᠎ᠤᠨ ᠠᠷᠭ᠎ᠠ ᠮᠠᠢᠭ᠎ᠲᠤ ᠵᠤᠬᠢᠴᠠᠭᠰᠠᠨ ᠤᠯᠠᠨ ᠲᠦᠮᠡᠨᠴᠢ ᠬᠥᠳᠡᠯᠭᠡᠭᠡᠨ ᠪᠤᠯᠤᠬᠰᠠᠨ᠎ᠤ ᠬᠤᠪᠢ᠎ᠳ᠋ᠤ ᠂ ᠮᠥᠰᠥᠨ ᠳᠡᠭᠡᠷᠡᠬᠢ ᠠᠷᠭᠠᠢ ᠨᠠᠭᠠᠳᠤᠮ᠎ᠨᠢ ᠮᠣᠩᠭᠣᠯ ᠦᠨᠳᠦᠰᠦᠲᠡᠨ᠎ᠤ ᠵᠠᠩ ᠦᠢᠯᠡ᠎ᠲᠠᠢ ᠨᠢᠬᠲᠠ ᠬᠤᠯᠪᠤᠬᠳᠠᠲᠠᠭ ᠃ ᠮᠥᠰᠥᠨ ᠳᠡᠭᠡᠷᠡᠬᠢ ᠠᠷᠭᠠᠢ ᠨᠠᠭᠠᠳᠤᠮ᠎ᠨᠢ ᠥᠪᠡᠷᠮᠢᠴᠡ ᠪᠠᠭᠠᠵᠢ ᠬᠡᠷᠡᠭᠰᠡᠯ ᠪᠠ ᠲᠦᠷᠢᠮ ᠭᠣᠷᠢᠮ᠎ᠲᠠᠢ ᠪᠠᠶᠢᠵᠤ ᠂ ᠢᠯᠡ ᠲᠣᠳᠣ ᠦᠨᠳᠦᠰᠦᠲᠡᠨ᠎ᠤ ᠣᠨᠴᠠᠯᠢᠭ᠎ᠲᠠᠢ ᠮᠥᠷᠳᠡᠭᠡᠨ ᠣᠷᠣᠨ ᠨᠤᠲᠤᠭ᠎ᠤᠨ ᠣᠨᠴᠠᠯᠢᠭ᠎ᠲᠠᠢ ︔ ᠣᠷᠣᠯᠴᠠᠬᠰᠠᠳ ᠮᠥᠰᠥᠨ ᠳᠡᠭᠡᠷ᠎ᠡ ᠭᠦᠶᠦᠬᠦ᠎ᠳ᠋ᠡᠭᠡᠨ ᠪᠡᠶ᠎ᠡ᠎ᠶᠢᠨ ᠲᠡᠩᠴᠡᠭᠦᠷᠢ᠎ᠪᠠᠨ ᠪᠠᠲᠤᠯᠠᠵᠤ ᠂ ᠡᠮᠦᠨᠡᠬᠢ ᠬᠠᠷᠠᠯᠲᠠ᠎ᠪᠠᠨ ᠨᠠᠷᠢᠯᠢᠬ ᠠᠵᠢᠬᠯᠠᠵᠥ ᠂ ᠬᠤᠭᠤᠷᠤᠨᠳᠤᠬᠢ ᠵᠠᠢ᠎ᠶᠢ ᠣᠨᠣᠪᠴᠢᠲᠠᠢ ᠮᠠᠭᠠᠳᠯᠠᠵᠤ ᠂ ᠵᠣᠬᠢᠰᠲᠠᠢ ᠡᠷᠴᠢᠮᠯᠡᠬᠦ ᠬᠦᠴᠦ᠎ᠪᠠᠷ ᠠᠷᠭᠠᠢ᠎ᠶᠢ ᠬᠠᠷᠪᠤᠵᠤ ᠭᠠᠷᠭᠠᠪᠠᠯ ᠰᠠᠶᠢ ᠬᠠᠷᠠᠯᠲᠠ᠎ᠶᠢ ᠣᠨᠣᠭᠠᠵᠤ ᠴᠢᠳᠠᠳᠠᠬ ᠃ ᠡᠳᠡᠭᠡᠷ ᠡᠷᠳᠡᠮ᠎ᠢ ᠪᠦᠷᠢᠯᠳᠦᠭᠦᠯᠪᠡᠯ ᠰᠠᠶᠢ ᠬᠠᠷᠠᠯᠲᠠ᠎ᠶᠢ ᠵᠦᠪ ᠣᠨᠣᠭᠠᠵᠤ ᠪᠤᠳᠤᠬᠰᠠᠨ ᠰᠠᠨᠠᠬᠰᠠᠨ᠎ᠢᠶᠡᠨ ᠪᠡᠶᠡᠯᠡᠬᠥᠯᠵᠥ ᠴᠢᠳᠠᠳᠠᠬ ᠭᠡᠵᠦ ᠦᠵᠡᠵᠡᠭᠡᠳᠡᠭ ᠪᠠᠢᠨ᠎ᠠ ᠃ ᠮᠣᠩᠭᠣᠯᠴᠤᠳ ᠡᠷᠲᠡᠨ᠎ᠡᠴᠠ᠎ᠪᠠᠨ ᠠᠪᠤᠭᠠᠳ ᠬᠠᠷᠪᠤᠵᠤ ᠨᠠᠮᠨᠠᠬᠤ᠎ᠳᠠᠭᠠᠨ ᠴᠢᠳᠠᠮᠠᠭᠠᠢ ᠪᠠᠶᠢᠳᠠᠭ᠎ᠨᠢ ᠮᠥᠰᠥᠨ ᠳᠡᠭᠡᠷᠡᠬᠢ ᠠᠷᠭᠠᠢ᠎ᠶᠢᠨ ᠦᠨᠳᠦᠰᠦᠨ ᠪᠣᠯᠪᠠᠰᠤᠷᠠᠯ᠎ᠲᠠᠢ ᠰᠢᠭᠤᠳ ᠬᠣᠯᠪᠣᠭ᠎ᠠ᠎ᠲᠠᠢ ᠶᠤᠮ ᠃

ᠬᠠᠮᠠᠭᠠᠯᠠᠨ ᠬᠥᠭᠵᠢᠬᠦᠯᠦᠰᠢᠳᠡᠢ ᠡᠬᠢ ᠪᠠᠶᠠᠯᠢᠬ

ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠨᠡᠭᠦᠳᠡᠯ ᠮᠠᠯᠵᠢᠯ᠎ᠤᠨ ᠦᠢᠯᠡᠳᠪᠦᠷᠢᠯᠡᠯ ᠠᠮᠢᠳᠤᠷᠠᠯ᠎ᠤᠨ ᠰᠠᠭᠤᠷᠢᠨ ᠳᠡᠭᠡᠷ᠎ᠡ ᠪᠤᠢ ᠪᠤᠯᠤᠬᠰᠠᠨ ᠶᠤᠮ ᠃ ᠲᠤᠰ ᠨᠠᠭᠠᠳᠤᠮ᠎ᠨᠢ ᠦᠨᠳᠦᠰᠦᠲᠡᠨ᠎ᠤ ᠤᠨᠴᠠᠯᠢᠬ ᠂ ᠮᠠᠯᠵᠢᠬᠤ ᠰᠤᠶᠤᠯ᠎ᠤᠨ ᠤᠨᠴᠠᠯᠢᠬ ᠂ ᠭᠠᠵᠠᠷ ᠤᠷᠤᠨ᠎ᠤ ᠤᠨᠴᠠᠯᠢᠬ᠎ᠢ ᠬᠠᠲᠠᠭᠠᠯᠠᠬᠰᠠᠨ ᠪᠤᠯᠬᠤᠷ ᠴᠢᠬᠤᠯᠠ ᠶᠡᠬᠡ ᠰᠤᠶᠤᠯ ᠰᠤᠳᠤᠯᠤᠯ᠎ᠤᠨ ᠦᠨ᠎ᠡ ᠦᠷᠳᠡᠭ᠎ᠲᠠᠢ ᠪᠠᠢᠲᠠᠭ ᠠᠵᠢ ᠃ ᠮᠦᠰᠦᠨ ᠲᠡᠭᠡᠷᠡᠬᠢ ᠠᠷᠭᠠᠢ ᠨᠠᠭᠠᠲᠤᠮ᠎ᠢ ᠠᠭᠤᠳᠠᠯᠬᠤ ᠰᠤᠳᠤᠯᠬᠤ᠎ᠨᠢ ᠡᠷᠲᠡᠨ᠎ᠤ ᠮᠣᠩᠭᠣᠯᠴᠤᠳ᠎ᠤᠨ ᠬᠦᠨ ᠤᠬᠠᠭᠠᠨ ᠂ ᠪᠡᠶ᠎ᠡ᠎ᠶᠢᠨ ᠲᠠᠮᠢᠷ ᠰᠤᠶᠤᠯ ᠵᠢᠴᠢ ᠨᠡᠢᠬᠡᠮ᠎ᠤᠨ ᠬᠠᠮᠢᠶ᠎ᠠ ᠪᠦᠬᠦᠢ ᠠᠰᠠᠭᠤᠳᠠᠯ᠎ᠢ ᠯᠠᠪᠰᠢᠷᠠᠭᠤᠯᠤᠨ ᠰᠤᠲᠤᠯᠬᠤ᠎ᠳ᠋ᠤ ᠮᠠᠰᠢ ᠴᠢᠬᠤᠯᠠ ᠦᠢᠯᠡᠲᠦᠯ᠎ᠲᠠᠢ ᠪᠠᠢᠲᠠᠭ ᠃
ᠨᠡᠶᠢᠭᠡᠮ᠎ᠤᠨ ᠬᠤᠪᠢᠷᠠᠯᠲᠠ᠎ᠡᠴᠠ ᠪᠤᠯᠵᠦ ᠰᠤᠶᠤᠯ ᠪᠡᠶ᠎ᠠ᠎ᠶᠢᠨ ᠲᠠᠮᠢᠷ᠎ᠤᠨ ᠬᠥᠳᠡᠯᠭᠡᠭᠡᠨ᠎ᠤ ᠬᠡᠯᠪᠡᠷᠢ᠎ᠨᠢ ᠴᠤ ᠲᠠᠰᠤᠷᠠᠯᠳᠠ ᠥᠬᠡᠢ ᠬᠤᠪᠢᠷᠠᠨ ᠰᠢᠨᠠᠳᠴᠤ ᠪᠠᠢᠳᠠᠬ ᠃ ᠠᠷᠤ ᠬᠤᠷᠴᠢᠨ ᠬᠤᠰᠢᠭᠤᠨ᠎ᠤ ᠰᠤᠶᠤᠯ ᠪᠡᠶ᠎ᠠ᠎ᠶᠢᠨ ᠲᠠᠮᠢᠷ ᠷᠠᠳᠢᠣ᠋ ᠲᠸᠯᠸᠢᠰ᠎ᠤᠨ ᠲᠤᠪᠴᠢᠶ᠎ᠠ᠎ᠶᠢᠨ ᠬᠠᠷᠢᠭᠤᠴᠠᠯᠭᠠᠳᠠᠳ ᠠᠷᠭᠠᠢ ᠨᠠᠭᠠᠳᠤᠮ᠎ᠤᠨ ᠬᠤᠪᠢᠷᠠᠯᠳᠠ ᠬᠥᠭᠵᠢᠯᠳᠠ᠎ᠶᠢᠨ ᠲᠤᠬᠠᠢ ᠢᠩᠬᠢᠵᠦ ᠬᠤᠷᠢᠶᠠᠡᠭᠭᠤᠢᠯᠠᠬᠰᠠᠨ ᠪᠠᠢᠨ᠎ᠠ ᠄ ᠨᠢᠬᠡ᠎ᠳ᠋ᠤ ᠂ ᠦᠩᠭᠡᠷᠡᠭᠰᠡᠨ᠎ᠤ ᠨᠡᠬᠦᠳᠡᠯ ᠮᠠᠯᠵᠢᠯ᠎ᠤᠨ ᠦᠢᠯᠡᠳᠪᠦᠷᠢᠯᠡᠯ ᠠᠮᠢᠲᠤᠷᠠᠯ᠎ᠤᠨ ᠤᠨᠴᠠᠯᠢᠬ᠎ᠡᠴᠠ ᠪᠤᠯᠵᠦ ᠂ ᠮᠤᠩᠭᠤᠯᠴᠤᠳ᠎ᠤᠨ ᠰᠣᠶᠣᠯ ᠲᠠᠮᠢᠷ᠎ᠨᠢ ᠴᠦ ᠲᠠᠯ᠎ᠠ ᠨᠤᠲᠤᠭ᠎ᠤᠨ ᠨᠡᠭᠦᠳᠡᠯ ᠮᠠᠯᠵᠢᠯ᠎ᠤᠨ ᠣᠨᠴᠠᠯᠢᠭ᠎ᠢᠶᠡᠨ ᠬᠠᠳᠠᠭᠠᠯᠠᠵᠥ ᠂ ᠬᠠᠬᠢᠷ ᠬᠦᠢᠲᠡᠨ ᠡᠪᠦᠯ᠎ᠤᠨ ᠤᠯᠠᠷᠢᠯ᠎ᠳ᠋ᠤ ᠠᠩ ᠬᠦᠷᠦᠬᠡ ᠠᠩᠨᠠᠬᠤ᠎ᠡᠴᠠ ᠭᠠᠳᠠᠨ᠎ᠠ ᠂ ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠪᠡᠶ᠎ᠡ᠎ᠪᠠᠨ ᠴᠢᠬᠢᠷᠠᠭᠵᠢᠭᠤᠯᠬᠤ ᠬᠠᠮᠤᠭ᠎ᠤᠨ ᠰᠠᠶᠢᠨ ᠲᠠᠮᠢᠷ᠎ᠤᠨ ᠬᠥᠳᠡᠯᠭᠡᠭᠡᠨ ᠪᠤᠯᠵᠥ ᠪᠠᠢᠪᠠ ᠃ ᠬᠡᠪᠡᠴᠦ ᠣᠳᠣ ᠦᠶ᠎ᠡ᠎ᠶᠢᠨ ᠰᠠᠭᠤᠷᠢᠰᠢᠯ ᠠᠮᠢᠲᠤᠷᠠᠯ᠎ᠤᠨ ᠤᠨᠴᠠᠯᠢᠬ᠎ᠨᠢ ᠤᠰᠤᠨ᠎ᠤ ᠲᠤᠩᠭᠠᠯᠠᠭ ᠡᠪᠡᠰᠦᠨ᠎ᠤ ᠰᠤᠷᠭᠤᠭ᠎ᠢ ᠳᠠᠭᠠᠵᠦ ᠮᠠᠯᠵᠢᠲᠠᠭ ᠨᠡᠭᠦᠳᠡᠯ ᠠᠮᠢᠳᠤᠷᠠᠯ᠎ᠲᠠᠢ ᠬᠠᠷᠢᠴᠠᠭᠤᠯᠪᠠᠯ ᠂ ᠨᠠᠭᠤᠷ ᠲᠣᠭᠣᠷᠢᠮ ᠪᠠ ᠭᠣᠣᠯ ᠮᠥᠷᠡᠨ᠎ᠡᠴᠠ ᠬᠠᠷᠢᠴᠠᠩᠭᠤᠢ ᠬᠣᠯᠠᠳᠠᠭᠰᠠᠨ ᠰᠢᠭ᠋ ᠪᠤᠯᠵᠠᠢ ᠃ ᠡᠳᠡᠭᠡᠷ᠎ᠨᠢ ᠪᠤᠰᠤᠳᠴᠢ ᠲᠠᠯ᠎ᠠ᠎ᠡᠴᠠ ᠮᠥᠰᠥᠨ ᠳᠡᠭᠡᠷᠡᠬᠢ ᠠᠷᠭᠠᠢ ᠨᠠᠭᠠᠲᠤᠮ᠎ᠤᠨ ᠪᠠᠢᠩᠭᠤ᠎ᠶᠢᠨ ᠴᠢᠨᠠᠷᠲᠠᠢ ᠵᠤᠬᠢᠶᠠᠨ ᠪᠠᠢᠭᠤᠯᠤᠬᠲᠠᠬᠤ᠎ᠶᠢ ᠬᠠᠷᠰᠢᠯᠠᠬᠤ ᠬᠦᠴᠦᠨ ᠵᠦᠢᠯ ᠪᠤᠯᠤᠬᠰᠨᠨ ᠪᠠᠢᠨ᠎ᠠ ᠃ ᠰᠠᠭᠤᠷᠢᠰᠢᠯ ᠠᠮᠢᠲᠤᠷᠠᠯ᠎ᠤᠨ ᠤᠨᠴᠠᠯᠢᠭ᠎ᠲᠤ ᠲᠤᠬᠢᠷᠠᠬᠰᠠᠨ ᠡᠯ᠎ᠡ ᠵᠦᠢᠯ᠎ᠤᠨ ᠪᠥᠮᠪᠥᠭᠡ᠎ᠶᠢᠨ ᠲᠥᠷᠥᠯ ᠪᠠ ᠰᠢᠲᠠᠷ᠎ᠠ᠎ᠶᠢᠨ ᠲᠥᠷᠥᠯ ᠵᠦᠢᠯ᠎ᠨᠢ ᠤᠲᠠᠭᠠᠨ᠎ᠳᠠᠭᠠᠨ ᠨᠡᠩ ᠤᠯᠠᠨ ᠬᠦᠮᠦᠰ᠎ᠢ ᠲᠠᠲᠠᠬᠤ ᠪᠤᠯᠪᠠ ᠃ ᠬᠤᠶᠠᠷ᠎ᠲᠤ ᠂ ᠬᠤᠳᠠ ᠪᠠᠯᠭᠠᠰᠤᠵᠢᠯᠳᠡ᠎ᠶᠢᠨ ᠨᠥᠯᠥᠭᠡ᠎ᠡᠴᠠ ᠪᠤᠯᠤᠬᠰᠠᠨ ᠪᠠᠢᠨ᠎ᠠ ᠃ ᠤᠲᠤ ᠬᠤᠲᠠ ᠤᠷᠤᠭᠰᠠᠨ ᠮᠤᠩᠭᠤᠯᠴᠤᠳ᠎ᠤᠨ ᠲᠤᠭ᠎ᠠ ᠬᠡᠮᠵᠢᠶ᠎ᠡ᠎ᠶᠢᠨ ᠨᠡᠮᠡᠭᠳᠡᠯ ᠪᠠ ᠤᠷᠴᠢᠨ ᠲᠣᠭᠣᠷᠢᠨ᠎ᠤ ᠨᠦᠯᠦᠬᠡᠯᠡᠯ᠎ᠡᠴᠠ ᠪᠤᠯᠵᠦ ᠂ ᠨᠡᠩ ᠤᠯᠠᠨ ᠬᠦᠮᠦᠰ᠎ᠤᠨ ᠮᠥᠰᠥᠨ ᠳᠡᠭᠡᠷᠡᠬᠢ ᠠᠷᠭᠠᠢ ᠨᠠᠭᠠᠳᠤᠮ᠎ᠤᠨ ᠬᠥᠳᠡᠯᠭᠡᠭᠡᠨ᠎ᠳ᠋ᠤ ᠣᠷᠣᠯᠴᠠᠬᠤ ᠪᠤᠯᠤᠮᠵᠢ᠎ᠶᠢ ᠪᠠᠭ᠎ᠠ ᠪᠤᠯᠭᠠᠵᠠᠢ ᠃ ᠬᠤᠲᠠ ᠪᠠᠯᠭᠠᠰᠦᠵᠢᠯᠲᠠ ᠂ ᠨᠡᠢᠬᠡᠮ ᠠᠵᠦ ᠠᠬᠤᠢ᠎ᠶᠢᠨ ᠬᠦᠭᠵᠢᠯᠳᠡ ᠵᠡᠷᠭᠡ ᠶᠡᠬᠡ ᠲᠠᠯ᠎ᠠ᠎ᠶᠢᠨ ᠰᠢᠯᠲᠠᠭᠠᠨ ᠂ ᠠᠷᠭᠠᠢ ᠨᠠᠭᠠᠲᠤᠮ᠎ᠢ ᠤᠢᠯᠠᠭᠠᠬᠤ ᠂ ᠠᠷᠭᠠᠢ ᠨᠠᠭᠠᠲᠤᠮ᠎ᠤᠨ ᠲᠦᠷᠢᠮ ᠭᠤᠷᠢᠮ᠎ᠢ ᠮᠡᠳᠡᠬᠦ ᠬᠦᠮᠦᠰ ᠴᠦᠭᠡᠷᠡᠭᠰᠡᠨ ᠵᠡᠷᠭᠡ ᠪᠤᠰᠤᠳᠴᠢ ᠰᠢᠯᠲᠠᠭᠠᠨ᠎ᠡᠴᠠ ᠪᠤᠯᠵᠦ ᠂ ᠦᠨᠳᠦᠰᠦᠲᠡᠨ᠎ᠤ ᠪᠡᠶ᠎ᠡ᠎ᠶᠢᠨ ᠲᠠᠮᠢᠷ᠎ᠤᠨ ᠰᠣᠶᠣᠯ᠎ᠤᠨ ᠥᠪ ᠪᠤᠯᠤᠬᠰᠠᠨ ᠮᠥᠰᠥᠨ ᠳᠡᠭᠡᠷᠡᠬᠢ ᠠᠷᠭᠠᠢ ᠨᠠᠭᠠᠳᠤᠮ᠎ᠨᠢ ᠤᠰᠠᠳᠬᠤ ᠠᠶᠤᠯ᠎ᠳ᠋ᠤ ᠲᠤᠯᠭᠠᠷᠠᠪᠠ ᠃



ᠡᠨᠡ ᠬᠦ ᠬᠤᠪᠤᠷ ᠴᠤᠬᠠᠭ ᠦᠨᠲᠦᠰᠦᠳᠡᠨ᠎ᠤ ᠮᠦᠰᠦᠨ ᠲᠡᠭᠡᠷᠡᠬᠢ ᠲᠠᠮᠢᠷ᠎ᠤᠨ ᠬᠦᠳᠡᠯᠭᠡᠭᠡᠨ᠎ᠤ ᠦᠪ ᠰᠤᠶᠤᠯ᠎ᠢᠶᠡᠨ ᠤᠯᠠᠮ ᠰᠠᠢᠲᠦᠷ ᠤᠯᠠᠮᠵᠢᠯᠠᠨ ᠬᠦᠭᠵᠢᠬᠦᠯᠬᠦ᠎ᠶᠢᠨ ᠲᠦᠯᠦᠬᠡ ᠂ ᠠᠷᠤ ᠬᠤᠷᠴᠢᠨ ᠬᠤᠰᠢᠭᠤ᠎ᠨᠢ 2007 ᠤᠨ᠎ᠳ᠋ᠤ ᠂ ᠮᠦᠰᠦᠨ ᠲᠡᠭᠡᠷᠡᠬᠢ ᠠᠷᠭᠠᠢ ᠨᠠᠭᠠᠲᠤᠮ᠎ᠢᠶᠡᠨ ᠦᠪᠡᠷᠳᠡᠭᠡᠨ ᠵᠠᠰᠠᠬᠤ ᠤᠷᠤᠨ᠎ᠤ ᠲᠡᠰ᠎ᠤᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠨᠡᠷᠡᠰ᠎ᠢᠶᠠᠷ ᠪᠦᠷᠢᠳᠭᠡᠬᠦᠯᠵᠦ ᠂ ᠬᠠᠨᠰᠦᠢᠮ᠎ᠠ ᠰᠤᠮᠤ᠎ᠶᠢᠨ ᠠᠮᠠᠰᠠᠷ ᠭᠠᠴᠠᠭ᠎ᠠ᠎ᠳ᠋ᠤ ᠪᠠᠰᠠ ︽ ᠦᠪᠡᠷᠳᠡᠭᠡᠨ ᠵᠠᠰᠠᠬᠤ ᠤᠷᠤᠨ᠎ᠤ ᠲᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ  ᠠᠷᠭᠠᠢ ᠨᠠᠭᠠᠲᠤᠮ᠎ᠢ ᠤᠯᠠᠮᠵᠢᠯᠠᠨ ᠬᠠᠮᠠᠭᠠᠯᠠᠬᠤ ᠰᠠᠭᠤᠷᠢᠨ ᠭᠠᠵᠠᠷ ︾᠎ᠤᠨ ᠫᠠᠢᠰᠠ ᠡᠯᠬᠦᠵᠦ ᠂ ᠵᠢᠯ ᠪᠦᠷᠢ ᠠᠷᠭᠠᠢ ᠨᠠᠭᠠᠲᠤᠮ᠎ᠢ ᠵᠤᠬᠢᠶᠠᠨ ᠪᠠᠢᠭᠤᠯᠵᠦ ᠂ ᠬᠡᠦᠬᠡᠳ ᠪᠠᠭᠠᠴᠤᠳ᠎ᠢ ᠢᠯᠡᠬᠦᠬᠡᠨ ᠤᠷᠤᠯᠴᠠᠭᠤᠯᠵᠦ ᠂ ᠠᠷᠭᠠᠢ ᠨᠠᠭᠠᠲᠤᠮ᠎ᠤᠨ ᠶᠤᠰᠤ ᠭᠤᠷᠢᠮ᠎ᠢ ᠤᠯᠠᠮᠵᠢᠯᠠᠨ ᠂ ᠨᠡᠩ ᠤᠯᠠᠨ ᠬᠦᠮᠦᠰ᠎ᠲᠤ ᠠᠷᠭᠠᠢ ᠨᠠᠭᠠᠲᠤᠮ᠎ᠢ ᠲᠠᠨᠢᠭᠤᠯᠤᠨ ᠂ ᠲᠡᠲᠡᠨᠤᠰ᠎ᠢ ᠠᠷᠭᠠᠢ ᠨᠠᠭᠠᠲᠤᠮ᠎ᠳ᠋ᠤ ᠢᠯᠡᠬᠦᠬᠡᠨ ᠤᠷᠤᠯᠴᠠᠬᠤ᠎ᠶᠢ᠎ᠨᠢ ᠵᠤᠷᠢᠬᠵᠢᠭᠤᠯᠵᠦ ᠂ ᠠᠷᠭᠠᠢ ᠨᠠᠭᠠᠲᠤᠮ᠎ᠢᠶᠡᠨ ᠤᠯᠠᠮ ᠴᠠᠭᠠᠰᠢᠲᠠ ᠬᠦᠭᠵᠢᠬᠦᠯᠵᠦ ᠪᠤᠢ ᠃ ᠤᠢᠯᠠᠭᠠᠭᠰᠠᠨ᠎ᠢᠶᠠᠷ ᠂ ᠤᠲᠤ ᠠᠷᠤ ᠬᠤᠷᠴᠢᠨ ᠬᠤᠰᠢᠭᠤ᠎ᠨᠢ ᠠᠷᠭᠠᠢ ᠨᠠᠭᠠᠲᠤᠮ᠎ᠢᠶᠡᠨ ᠶᠠᠭ ᠰᠠᠢᠬᠠᠨ ᠤᠯᠤᠰ᠎ᠤᠨ ᠲᠡᠰ᠎ᠤᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠲᠦᠷᠦᠯ ᠵᠦᠢᠯ᠎ᠢᠶᠠᠷ ᠪᠦᠷᠢᠳᠭᠡᠬᠦᠯᠬᠦ᠎ᠪᠠᠷ ᠮᠡᠳᠡᠬᠦᠯᠦᠬᠡᠳ ᠪᠠᠢᠨ᠎ᠠ ᠃
︽ ᠲᠤᠰᠬᠠᠶ ᠮᠡᠷᠭᠡᠵᠢᠯᠲᠡᠨ᠎ᠢᠶᠠᠷ ᠵᠢᠯᠣᠭᠣᠳᠣᠭᠤᠯᠤᠭᠰᠠᠨ ᠂ ᠠᠷᠤ ᠬᠤᠷᠴᠢᠨ ᠬᠣᠰᠢᠭᠤᠨ᠎ᠤ ᠭᠣᠤᠯ ᠤᠳᠤᠷᠢᠳᠤᠯᠭ᠎ᠠ᠎ᠪᠠᠷ ᠳᠤᠭᠤᠶᠢᠯᠠᠩ᠎ᠤᠨ ᠳᠠᠷᠤᠭ᠎ᠠ ᠪᠣᠯᠭᠠᠭᠰᠠᠨ ᠂ ᠠᠷᠤ ᠬᠣᠷᠴᠢᠨ ᠬᠣᠰᠢᠭᠤᠨ᠎ᠤ ᠮᠥᠰᠥᠨ ᠳᠡᠭᠡᠷᠡᠬᠢ ᠠᠷᠭᠠᠢ ᠨᠠᠭᠠᠳᠤᠮ᠎ᠤᠨ ᠪᠡᠶ᠎ᠠ᠎ᠶᠢᠨ ᠲᠠᠮᠢᠷ᠎ᠤᠨ ᠬᠥᠳᠡᠯᠭᠡᠭᠡᠨ᠎ᠤ ᠦᠨᠳᠦᠰᠦᠲᠡᠨ᠎ᠤ ᠪᠡᠶ᠎ᠡ᠎ᠶᠢᠨ ᠲᠠᠮᠢᠷ᠎ᠤᠨ ᠰᠤᠶᠤᠯ᠎ᠤᠨ ᠥᠪ᠎ᠢ ᠬᠠᠮᠠᠭᠠᠯᠠᠬᠤ ᠤᠳᠤᠷᠢᠳᠬᠤ ᠳᠤᠭᠤᠶᠢᠯᠠᠩ ᠪᠠ ᠠᠷᠤ ᠬᠤᠷᠴᠢᠨ ᠬᠣᠰᠢᠭᠤ᠎ᠶᠢᠨ ᠰᠣᠶᠣᠯ ᠪᠡᠶ᠎ᠡ᠎ᠶᠢᠨ ᠲᠠᠮᠢᠷ ᠷᠠᠳᠢᠣ᠋ ᠲᠧᠯᠸᠢᠰ᠎ᠤᠨ ᠲᠣᠪᠴᠢᠶ᠎ᠠ᠎ᠶᠢᠨ ᠬᠤᠪᠢᠳᠠᠨ ᠬᠠᠮᠢᠶᠠᠷᠬᠤ ᠤᠳᠤᠷᠢᠳᠤᠯᠭ᠎ᠠ᠎ᠪᠠᠷ ᠬᠠᠷᠢᠭᠤᠴᠠᠯᠭᠠᠲᠠᠨ ᠪᠣᠯᠭᠠᠭᠰᠠᠨ ᠠᠷᠤ ᠬᠣᠷᠴᠢᠨ ᠬᠣᠰᠢᠭᠤᠨ᠎ᠤ ᠮᠥᠰᠥᠨ ᠳᠡᠭᠡᠷᠡᠬᠢ ᠠᠷᠭᠠᠢ ᠨᠠᠭᠠᠳᠤᠮ᠎ᠤᠨ ᠦᠨᠳᠦᠰᠦᠲᠡᠨ᠎ᠤ ᠪᠡᠶ᠎ᠡ᠎ᠶᠢᠨ ᠲᠠᠮᠢᠷ᠎ᠤᠨ ᠰᠤᠶᠤᠯ᠎ᠤᠨ ᠥᠪ᠎ᠢ ᠬᠠᠮᠠᠭᠠᠯᠠᠬᠤ ᠠᠵᠢᠯ᠎ᠤᠨ ᠠᠯᠪᠠᠨ ᠭᠡᠷ᠎ᠢ ᠪᠠᠶᠢᠭᠤᠯᠵᠤ ᠂ ᠰᠤᠶᠤᠯ᠎ᠤᠨ ᠥᠪ᠎ᠢ ᠠᠭᠤᠳᠠᠯᠬᠤ ᠂ ᠠᠪᠤᠷᠠᠨ ᠬᠠᠮᠠᠭᠠᠯᠠᠬᠤ ᠂ ᠬᠦᠭᠵᠢᠬᠦᠯᠬᠦ ᠠᠵᠢᠯ᠎ᠢ ᠰᠢᠰᠲ᠋ᠸᠮᠵᠢᠬᠦᠯᠦᠨ ᠵᠤᠬᠢᠶᠠᠨ ᠪᠠᠢᠭᠤᠯᠪᠠᠯ ᠵᠤᠬᠢᠨ᠎ᠠ ︾ ᠬᠡᠵᠥ ᠪᠦᠬᠡᠪᠠᠭᠠᠲᠦᠷ ᠠᠷᠭᠠᠢ ᠨᠠᠭᠠᠲᠤᠮ᠎ᠢ ᠭᠡᠷᠬᠢᠨ ᠤᠯᠠᠮᠵᠢᠯᠠᠵᠦ ᠬᠦᠭᠵᠢᠬᠦᠯᠬᠦ ᠲᠤᠬᠠᠢ ᠦᠪᠡᠷ᠎ᠤᠨ ᠰᠠᠨᠠᠯ ᠪᠤᠲᠤᠯ ᠪᠠ ᠬᠤᠵᠢᠮ᠎ᠤᠨ ᠠᠵᠢᠯ᠎ᠤᠨ ᠲᠦᠯᠦᠪᠯᠡᠭᠡ᠎ᠪᠠᠨ ᠰᠤᠷᠪᠤᠯᠵᠢᠯᠠᠬᠴᠢ᠎ᠳ᠋ᠤ ᠶᠠᠷᠢᠵᠦ ᠪᠢᠯᠡ ᠃ ᠠᠷᠭᠠᠢ ᠬᠠᠷᠪᠤᠭᠠᠴᠢ᠎ᠶᠢ ᠬᠦᠮᠦᠵᠢᠬᠦᠯᠬᠦ ᠂ ᠠᠷᠭᠠᠢ ᠬᠢᠬᠦ ᠠᠷᠭ᠎ᠠ ᠮᠠᠢᠭ᠎ᠢ ᠦᠪᠯᠡᠨ ᠤᠯᠠᠮᠵᠢᠯᠠᠬᠤ ᠂ ᠮᠥᠰᠥᠨ ᠳᠡᠭᠡᠷᠡᠬᠢ ᠠᠷᠭᠠᠢ ᠨᠠᠭᠠᠲᠤᠮ᠎ᠤᠨ ᠪᠡᠶ᠎ᠠ᠎ᠶᠢᠨ ᠲᠠᠮᠢᠷ᠎ᠤᠨ ᠬᠥᠳᠡᠯᠭᠡᠭᠡᠨ᠎ᠤ ᠡᠯ᠎ᠡ ᠵᠦᠶᠯ᠎ᠤᠨ ᠳᠦᠷᠢᠮ ᠵᠡᠷᠭᠡ᠎ᠶᠢ ᠤᠯᠠᠮ ᠴᠠᠭᠠᠰᠢᠲᠠ ᠲᠦᠷᠢᠮᠵᠢᠬᠦᠯᠬᠦ ᠵᠡᠷᠭᠡ ᠪᠤᠯ ᠬᠤᠵᠢᠮ ᠬᠤᠢᠰᠢᠲᠠ ᠠᠯᠬᠤᠮ ᠬᠤᠪᠢᠶᠠᠵᠦ ᠂ ᠲᠦᠷᠦᠯᠵᠢᠬᠦᠯᠦᠨ ᠬᠦᠢᠴᠡᠳᠭᠡᠬᠦ ᠴᠢᠬᠤᠯᠠᠲᠠᠢ ᠠᠵᠢᠯ᠎ᠤᠳ ᠪᠤᠯᠤᠨ᠎ᠠ ᠃
︵ ᠲᠤᠰ ᠵᠤᠬᠢᠶᠠᠯ᠎ᠤᠨ ᠭᠡᠷᠡᠯ ᠵᠢᠷᠤᠬ᠎ᠢ ᠠᠷᠤ ᠬᠤᠷᠴᠢᠨ ᠬᠤᠰᠢᠭᠤ᠎ᠶᠢᠨ ᠰᠤᠶᠤᠯ ᠪᠡᠶ᠎ᠠ᠎ᠶᠢᠨ ᠲᠠᠮᠢᠷ ᠷᠠᠳᠢᠣ᠋ ᠲᠸᠯᠸᠢᠰ ᠲᠤᠪᠴᠢᠶ᠎ᠠ᠎ᠶᠢᠨ ᠪᠥᠬᠡᠪᠠᠭᠠᠳᠤᠷ ᠬᠠᠡᠭᠭᠠᠪᠠ ︶

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面