2020-03-04 11:07:22
1247 ᠤᠨ᠎ᠳ᠋ᠤ ᠦᠬᠡᠳᠡᠢ ᠬᠠᠭᠠᠨ᠎ᠤ ᠬᠦᠪᠡᠬᠦᠨ ᠬᠦᠳᠡᠨ ᠨᠤᠶᠠᠨ ᠂ ᠲᠦᠪᠡᠳ᠎ᠤᠨ ᠰᠠᠰᠬᠢᠶ᠎ᠠ ᠪᠠᠨᠲᠢᠲᠠ ᠬᠦᠩᠭᠠᠵᠠᠯᠰᠠᠨ᠎ᠲᠠᠢ ᠯᠢᠶᠠᠩᠵᠸᠦ᠎ᠳ᠋ᠤ ᠵᠤᠯᠭᠠᠭᠰᠠᠨ᠎ᠡᠴᠠ ᠮᠤᠩᠭᠤᠯ ᠤᠷᠤᠨ᠎ᠳ᠋ᠤ ᠪᠤᠷᠬᠠᠨ᠎ᠤ ᠱᠠᠰᠢᠨ ᠡᠬᠢᠯᠡᠨ ᠤᠯᠠᠮᠵᠢᠯᠠᠨ ᠲᠡᠯᠭᠡᠷᠡᠭᠰᠡᠨ ᠪᠠᠶᠢᠨ᠎ᠠ ᠃ ᠡᠨᠡ ᠬᠦ ᠲᠡᠦᠭᠡᠨ ᠭᠡᠷᠡᠭ ᠶᠠᠪᠤᠲᠠᠯ᠎ᠨᠢ ᠲᠡᠦᠭᠡ ᠰᠤᠲᠤᠯᠤᠬᠴᠢᠳ᠎ᠤᠨ ᠬᠠᠷᠠᠭᠠᠨᠳ᠋ᠠᠬᠢ ᠮᠤᠩᠭᠤᠯ ᠲᠦᠪᠡᠳ ᠬᠤᠶᠠᠷ ᠦᠨᠲᠦᠰᠦᠳᠡᠨ᠎ᠤ ᠬᠠᠷᠢᠯᠴᠠᠭ᠎ᠠ ᠶᠠᠪᠤᠯᠴᠠᠭᠠᠨ᠎ᠤ ᠡᠬᠢᠯᠡᠯᠳᠡ ᠪᠤᠯᠤᠬᠰᠠᠨ ᠪᠦᠬᠡᠳ ᠪᠠᠷᠤᠭ ᠯᠡ ᠡᠨᠡ ᠦᠶ᠎ᠡ᠎ᠡᠴᠠ ᠡᠬᠢᠯᠡᠭᠡᠳ ᠮᠤᠩᠭᠤᠯᠴᠤᠳ᠎ᠲᠠᠢ ᠬᠤᠯᠪᠤᠬᠲᠠᠬᠤ ᠲᠦᠪᠡᠳ ᠰᠤᠷᠪᠤᠯᠵᠢ ᠪᠢᠴᠢᠭ᠎ᠤᠳ ᠪᠤᠢ ᠪᠤᠯᠤᠬᠰᠠᠨ ᠪᠢᠯᠡ ᠃
ᠤᠯᠠᠨ ᠵᠠᠭᠤᠨ᠎ᠤ ᠲᠤᠷᠰᠢ ᠂ ᠮᠤᠩᠭᠤᠯᠴᠤᠳ᠎ᠤᠨ ᠲᠡᠦᠭᠡ ᠪᠠ ᠰᠤᠶᠤᠯ᠎ᠲᠠᠢ ᠬᠤᠯᠪᠤᠬᠲᠠᠬᠤ ᠨᠤᠮ ᠪᠢᠴᠢᠭ ᠲᠦᠪᠡᠳ᠎ᠢᠶᠠᠷ ᠲᠠᠰᠤᠷᠠᠯᠲᠠ ᠦᠬᠡᠢ ᠵᠤᠬᠢᠶᠠᠨ ᠪᠦᠲᠦᠭᠡᠭᠳᠡᠵᠦ ᠂ ᠮᠤᠩᠭᠤᠯ ᠯᠠᠮᠠ ᠡᠷᠳᠡᠮᠳᠡᠳ᠎ᠤᠨ ᠤᠶᠤᠨ ᠤᠬᠠᠭᠠᠨ᠎ᠤ ᠲᠠᠯᠠᠰᠲᠦ ᠪᠠ ᠲᠦᠪᠡᠳ ᠯᠠᠮᠠ ᠡᠷᠳᠡᠮᠳᠡᠳ᠎ᠤᠨ ᠮᠤᠩᠭᠤᠯ ᠰᠤᠶᠤᠯ ᠲᠡᠦᠬᠡ᠎ᠳ᠋ᠤ ᠬᠠᠨᠲᠤᠭᠤᠯᠤᠬᠰᠠᠨ ᠲᠡᠮᠳᠡᠭᠯᠡᠯ ᠵᠤᠬᠢᠶᠠᠯᠤᠳᠨᠢ ᠮᠤᠩᠭᠤᠯ ᠰᠤᠲᠤᠯᠤᠯ᠎ᠤᠨ ᠨᠢᠬᠡᠨ ᠤᠮᠲᠤᠭᠠᠶᠢᠯᠠᠵᠦ ᠪᠤᠯᠤᠰᠢ ᠦᠬᠡᠢ ᠴᠢᠬᠤᠯᠠ ᠬᠦᠷᠢᠶ᠎ᠡ ᠴᠠᠷᠠᠭ᠎ᠠ ᠪᠤᠯᠤᠬᠰᠠᠭᠠᠷ ᠢᠷᠡᠭᠰᠡᠨ ᠪᠢᠯᠡ ᠃ ᠨᠢᠲᠤᠨᠤᠨ ᠂ ᠦᠪᠦᠷ ᠮᠤᠩᠭᠤᠯ᠎ᠤᠨ ᠨᠡᠶᠢᠬᠡᠮ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠳ᠋ᠤ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢᠰ ᠰᠤᠲᠤᠯᠬᠤ ᠲᠦᠪ ᠪᠠᠶᠢᠭᠤᠯᠤᠬᠲᠠᠵᠦ ᠂ ᠮᠠᠨ᠎ᠤ ᠤᠯᠤᠰ᠎ᠲᠤ ᠮᠤᠩᠭᠤᠯ ᠰᠤᠲᠤᠯᠤᠯ᠎ᠲᠠᠢ ᠬᠤᠯᠪᠤᠭᠲᠠᠬᠤ ᠲᠦᠪᠡᠳ ᠰᠤᠷᠪᠤᠯᠵᠢ ᠪᠢᠴᠢᠭ᠎ᠢ ᠰᠤᠲᠤᠯᠬᠤ ᠲᠤᠰᠬᠠᠢ ᠪᠠᠶᠢᠭᠤᠯᠤᠮᠵᠢ ᠦᠬᠡᠢ ᠪᠠᠶᠢᠬᠰᠠᠨ ᠬᠤᠭᠤᠰᠤᠨ᠎ᠢ ᠨᠦᠬᠦᠪᠦᠷᠢᠯᠡᠵᠦ ᠂ ᠮᠤᠩᠭᠤᠯ ᠰᠤᠲᠤᠯᠤᠯ᠎ᠤᠨ ᠬᠦᠷᠢᠶ᠎ᠡ ᠴᠠᠷᠠᠭ᠎ᠠ᠎ᠶᠢ ᠤᠯᠠᠮ ᠴᠠᠭᠠᠰᠢ ᠲᠡᠯᠡᠭᠰᠡᠨ ᠪᠢᠯᠡ ᠃
ᠤᠲᠤ ᠂ 800 ᠰᠢᠬᠠᠮ ᠵᠢᠯ᠎ᠤᠨ ᠲᠡᠦᠬᠡ᠎ᠶᠢᠨ ᠬᠤᠭ ᠲᠤᠭᠤᠰᠤᠨ᠎ᠳ᠋ᠤ ᠲᠠᠷᠤᠭᠲᠠᠵᠦ ᠪᠠᠶᠢᠬᠰᠠᠨ ᠮᠤᠩᠭᠤᠯ ᠰᠤᠲᠤᠯᠤᠯ᠎ᠤᠨ ᠲᠦᠪᠡᠳ ᠬᠡᠯᠡᠨ᠎ᠤ ᠰᠤᠷᠪᠤᠯᠵᠢᠰ ᠂ ᠦᠶ᠎ᠡ ᠦᠶ᠎ᠡ᠎ᠶᠢᠨ ᠡᠷᠳᠡᠮᠳᠡᠨ ᠰᠤᠲᠤᠯᠭᠠᠲᠠᠳ᠎ᠤᠨ ᠬᠠᠶᠢᠨ ᠴᠤᠭᠯᠠᠭᠤᠯᠬᠤ ᠂ ᠡᠮᠬᠢᠳᠭᠡᠨ ᠲᠦᠷᠦᠯᠵᠢᠬᠦᠯᠬᠦ ᠂ ᠰᠢᠨᠵᠢᠯᠡᠨ ᠰᠤᠲᠤᠯᠬᠤ ᠂ ᠲᠤᠭᠠᠴᠢᠯᠠᠭᠤᠯᠤᠨ ᠬᠦᠮᠦᠷᠭᠡᠯᠡᠬᠦ᠎ᠪᠠᠷ ᠲᠠᠮᠵᠢᠨ ᠂ ᠰᠤᠲᠤᠯᠭᠠᠨ᠎ᠤ ᠲᠤᠰᠬᠠᠢ ᠪᠠᠶᠢᠭᠤᠯᠤᠮᠵᠢ᠎ᠲᠠᠢ ᠂ ᠰᠢᠨᠵᠢᠯᠡᠬᠡᠨ᠎ᠤ ᠲᠤᠰᠬᠠᠢ ᠡᠩᠨᠡᠭᠡ᠎ᠲᠠᠢ ᠂ ᠰᠢᠨ᠎ᠡ ᠮᠡᠷᠭᠡᠵᠢᠯ᠎ᠤᠨ ᠲᠡᠮᠵᠢᠯᠬᠡ᠎ᠲᠠᠢ ᠪᠤᠯᠵᠦ ᠂ ᠭᠡᠷᠡᠯ ᠰᠠᠴᠤᠷᠠᠩᠭᠤᠢ ᠦᠩᠭᠡ ᠬᠢᠯᠪᠠᠭ᠎ᠠ᠎ᠪᠠᠨ ᠤᠯᠠᠮ᠎ᠢᠶᠠᠷ ᠰᠠᠴᠤᠷᠠᠭᠤᠯᠵᠦ ᠪᠤᠢ ᠁

800 ᠰᠢᠬᠠᠮ ᠵᠢᠯ᠎ᠤᠨ ᠲᠡᠷᠳᠡᠭᠡ᠎ᠡᠴᠠ ᠰᠢᠨ᠎ᠡ ᠵᠠᠭᠤᠨ ᠪᠤᠯᠲᠠᠯ᠎ᠠ ᠲᠤᠭᠤᠷᠪᠢᠬᠲᠠᠪᠠ
ᠮᠤᠩᠭᠤᠯ ᠲᠦᠪᠡᠳ ᠬᠤᠶᠠᠷ ᠦᠨᠲᠦᠰᠦᠳᠡᠨ᠎ᠤ ᠬᠠᠷᠢᠯᠴᠠᠭ᠎ᠠ ᠶᠠᠪᠤᠯᠴᠠᠭᠠᠨ᠎ᠤ ᠲᠡᠦᠭᠡᠨ ᠤᠯᠠ ᠮᠦᠷ᠎ᠢ ᠦᠭᠰᠦᠬᠦᠯᠦᠨ ᠮᠦᠷᠳᠡᠪᠡᠯ ᠂ ᠶᠤᠸᠠᠨ ᠂ ᠮᠢᠩ ᠂ ᠴᠢᠩ ᠂ ᠴᠠᠭᠠᠰᠢᠯᠠᠭᠠᠳ ᠨᠡᠩ ᠡᠷᠳᠡ ᠴᠠᠭ ᠦᠶ᠎ᠡ᠎ᠲᠠᠢ ᠬᠤᠯᠪᠤᠬᠲᠠᠬᠤ ᠪᠤᠯᠤᠨ᠎ᠠ ᠃ ᠬᠡᠯᠡ ᠰᠤᠶᠤᠯ ᠂ ᠵᠠᠩ ᠦᠢᠯᠡ ᠂ ᠰᠢᠲᠦᠯᠬᠡ ᠪᠢᠰᠢᠷᠡᠯ᠎ᠢᠶᠠᠷ ᠪᠦᠷ ᠠᠳᠠᠯᠢ ᠪᠤᠰᠤ ᠡᠨᠡ ᠬᠤᠶᠠᠷ ᠦᠨᠲᠦᠰᠦᠳᠡᠨ 13 ᠳ᠋ᠤᠭᠠᠷ ᠵᠠᠭᠤᠨ᠎ᠤ ᠦᠶ᠎ᠡ᠎ᠳ᠋ᠤ ᠤᠲᠤ᠎ᠶᠢᠨ ᠭᠠᠨᠰᠦ ᠮᠤᠵᠢ ᠂ ᠬᠦᠬᠡᠨᠠᠭᠤᠷ ᠮᠤᠵᠢ᠎ᠶᠢᠨ ᠭᠡᠰᠡᠭ᠎ᠢᠶᠠᠷ ᠂ ᠤᠯᠤᠰ ᠲᠦᠷᠦ ᠂ ᠱᠠᠰᠢᠨ ᠰᠤᠷᠲᠠᠬᠤᠨ ᠂ ᠴᠡᠷᠢᠭ᠎ᠤᠨ ᠶᠠᠪᠤᠲᠠᠯ ᠵᠡᠷᠭᠡ ᠤᠯᠠᠨ ᠲᠠᠯ᠎ᠠ᠎ᠪᠠᠷ ᠬᠠᠷᠢᠯᠴᠠᠵᠦ ᠡᠬᠢᠯᠡᠭᠰᠡᠨ ᠪᠠᠶᠢᠨ᠎ᠠ ᠃ ᠬᠦᠳᠡᠨ ᠨᠤᠶᠠᠨ ᠪᠠ ᠬᠦᠩᠭᠠᠵᠠᠯᠰᠠᠨᠤ ᠯᠢᠶᠠᠩᠵᠸᠦᠳ᠋ᠠᠬᠢ ᠠᠭᠤᠯᠵᠠᠯᠲᠠ ᠂ ᠬᠤᠪᠢᠯᠠᠢ ᠬᠠᠭᠠᠨ ᠪᠤᠯᠤᠨ ᠫᠠᠭᠪᠠ ᠯᠠᠮᠠ᠎ᠶᠢᠨ ᠯᠢᠦ ᠫᠠᠨ ᠱᠠᠨᠳ᠋ᠠᠬᠢ ᠠᠭᠤᠯᠵᠠᠯᠲᠠ ᠂ ᠠᠯᠲᠠᠨ ᠬᠠᠭᠠᠨ ᠪᠠ ᠰᠤᠳᠨᠠᠮᠵᠠᠮᠰᠦᠶᠢᠨ ᠬᠦᠬᠡᠨᠠᠭᠤᠷᠲᠠᠬᠢ ᠠᠭᠤᠯᠵᠠᠯᠲᠠ ᠂ ᠬᠦᠱᠢ ᠬᠠᠭᠠᠨ ᠪᠠ ᠠᠸᠠᠩᠯᠤᠪᠰᠠᠩᠵᠠᠮᠰᠦᠶᠢᠨ ᠲᠦᠪᠡᠳᠲᠠᠬᠢ ᠠᠭᠤᠯᠵᠠᠯᠲᠠ ᠁ ᠲᠡᠦᠭᠡᠨ᠎ᠳ᠋ᠤ ᠲᠡᠮᠳᠡᠭᠯᠡᠭᠳᠡᠵᠦ ᠰᠤᠲᠤᠷ᠎ᠲᠤ ᠪᠢᠴᠢᠭᠳᠡᠭᠰᠡᠨ ᠡᠳᠡᠭᠡᠷ ᠤᠯᠠᠨ ᠲᠡᠦᠭᠡᠨ ᠭᠡᠷᠡᠭ ᠶᠠᠪᠤᠲᠠᠯ᠎ᠨᠢ ᠬᠤᠶᠠᠷ ᠦᠨᠲᠦᠰᠦᠳᠡᠨ᠎ᠤ ᠬᠤᠭᠤᠷᠤᠨᠲᠦᠬᠢ ᠬᠡᠯᠡ ᠰᠤᠶᠤᠯ᠎ᠤᠨ ᠰᠤᠯᠢᠯᠴᠠᠭ᠎ᠠ ᠂ ᠦᠨᠲᠦᠰᠦᠳᠡᠨ᠎ᠤ ᠬᠠᠷᠢᠯᠴᠠᠭ᠎ᠠ ᠂ ᠱᠠᠰᠢᠨ ᠰᠤᠷᠲᠠᠬᠤᠨ᠎ᠤ ᠨᠡᠪᠴᠢᠯᠳᠡ ᠵᠡᠷᠭᠡ᠎ᠶᠢ ᠲᠦᠷᠭᠡᠳᠭᠡᠭᠰᠡᠨ ᠮᠦᠷᠳᠡᠭᠡᠨ ᠮᠤᠩᠭᠤᠯᠴᠤᠳ᠎ᠤᠨ ᠲᠡᠦᠭᠡ ᠰᠤᠶᠤᠯ᠎ᠲᠠᠢ ᠬᠤᠯᠪᠤᠬᠲᠠᠬᠤ ᠲᠦᠪᠡᠳ ᠰᠤᠷᠪᠤᠯᠵᠢ ᠪᠢᠴᠢᠭ᠎ᠤᠨ ᠪᠤᠢ ᠪᠤᠯᠵᠦ ᠲᠡᠯᠭᠡᠷᠡᠬᠦ᠎ᠳ᠋ᠤ ᠴᠦ ᠲᠦᠯᠬᠢᠴᠡ ᠦᠢᠯᠡᠲᠦᠯ ᠦᠵᠡᠬᠦᠯᠵᠡᠢ ᠃
︽ ᠮᠤᠩᠭᠤᠯ ᠰᠤᠲᠤᠯᠤᠯ᠎ᠲᠠᠢ ᠬᠤᠯᠪᠤᠭᠳᠠᠬᠤ ᠲᠦᠪᠡᠳ ᠰᠤᠷᠪᠤᠯᠵᠢ ᠪᠢᠴᠢᠭ᠎ᠤᠨ ᠪᠤᠢ ᠪᠤᠯᠵᠦ ᠲᠡᠯᠭᠡᠷᠡᠭᠰᠡᠨ ᠰᠢᠯᠲᠠᠭᠠᠨ᠎ᠳ᠋ᠤ ᠂ ᠦᠨᠲᠦᠰᠦᠳᠡᠨ᠎ᠤ ᠬᠤᠭᠤᠷᠤᠨᠲᠦᠬᠢ ᠬᠠᠷᠢᠯᠴᠠᠭ᠎ᠠ ᠰᠤᠯᠢᠯᠴᠠᠭ᠎ᠠ᠎ᠡᠴᠠ ᠭᠠᠲᠠᠨ᠎ᠠ ᠂ ᠪᠤᠷᠬᠠᠨ ᠱᠠᠰᠢᠨ᠎ᠤ ᠨᠡᠪᠴᠢᠯᠳᠡ ᠮᠠᠰᠢ ᠴᠢᠬᠤᠯᠠ ᠦᠢᠯᠡᠲᠦᠯ ᠦᠵᠡᠬᠦᠯᠦᠭᠰᠡᠨ ᠪᠠᠶᠢᠨ᠎ᠠ ᠃ ᠲᠤᠬᠠᠢ᠎ᠶᠢᠨ ᠦᠶ᠎ᠡ᠎ᠳ᠋ᠤ ᠂ ᠮᠠᠰᠢ ᠤᠯᠠᠨ ᠮᠤᠩᠭᠤᠯ ᠯᠠᠮᠠ ᠬᠤᠸᠠᠷᠠᠭ ᠲᠦᠪᠡᠳ᠎ᠤᠨ ᠰᠦᠮ᠎ᠡ ᠬᠡᠶᠢᠳ᠎ᠲᠤ 2᠎ᠡᠴᠠ 3 ᠵᠢᠯ ᠂ ᠴᠠᠭᠠᠰᠢᠯᠠᠪᠠᠯ 10᠎ᠡᠴᠠ 20 ᠵᠢᠯ ᠂ ᠲᠡᠷᠡᠴᠢᠯᠡᠨ ᠨᠢᠬᠡ ᠨᠠᠰᠦ᠎ᠪᠠᠷ᠎ᠢᠶᠡᠨ ᠰᠠᠭᠤᠵᠦ ᠂ ᠲᠦᠪᠡᠳ ᠬᠡᠯᠡ ᠰᠤᠷᠴᠦ ᠂ ᠰᠤᠲᠤᠷ ᠨᠤᠮ᠎ᠳ᠋ᠤ ᠰᠢᠮᠲᠠᠨ ᠂ ᠯᠾᠠᠷᠠᠮᠪᠠ ᠂ ᠷᠠᠪᠵᠠᠮᠪᠠ ᠂ ᠭᠠᠪᠴᠦ ᠵᠡᠷᠭᠡ ᠡᠷᠳᠡᠮ᠎ᠤᠨ ᠴᠤᠯᠠ ᠤᠯᠵᠦ ᠪᠠᠶᠢᠬᠰᠠᠨ ᠃ ᠡᠬᠦᠨ᠎ᠡᠴᠠ ᠭᠠᠲᠠᠨ᠎ᠠ ᠂ ᠲᠤᠬᠠᠢ᠎ᠶᠢᠨ ᠦᠶ᠎ᠡ᠎ᠶᠢᠨ ᠬᠦᠮᠦᠰ ᠲᠦᠪᠡᠳ ᠦᠰᠦᠭ᠎ᠢ ᠪᠤᠷᠬᠠᠨ᠎ᠤ ᠦᠰᠦᠭ ᠭᠡᠮᠡᠨ ᠦᠵᠡᠵᠦ ᠂ ᠵᠦᠪᠭᠡᠨ ᠲᠦᠪᠡᠳ᠎ᠢᠶᠠᠷ ᠰᠤᠲᠤᠷ ᠨᠤᠮ ᠪᠢᠴᠢᠪᠡᠯ ᠰᠠᠶᠢ ᠰᠦᠰᠦᠭ᠎ᠢᠶᠡᠨ ᠬᠦᠢᠴᠡᠳᠭᠡᠵᠦ ᠴᠢᠲᠠᠨ᠎ᠠ ᠭᠡᠵᠦ ᠢᠳᠡᠭᠡᠳᠡᠭ ᠪᠠᠶᠢᠪᠠ ᠂ ᠢᠩᠬᠢᠭᠡᠳ ᠮᠤᠩᠭᠤᠯ ᠯᠠᠮᠠ ᠡᠷᠳᠡᠮᠳᠡᠳ᠎ᠤᠨ ᠲᠦᠪᠡᠳ᠎ᠢᠶᠠᠷ ᠲᠤᠭᠤᠷᠪᠢᠬᠰᠠᠨ ᠵᠤᠬᠢᠶᠠᠯ ᠪᠦᠲᠦᠭᠡᠯ ᠦᠯᠡᠮᠵᠢ ᠤᠯᠠᠨ ᠲᠡᠯᠭᠡᠷᠡᠭᠰᠡᠨ ᠶᠤᠮ ︾ ᠭᠡᠵᠦ ᠦᠪᠦᠷ ᠮᠤᠩᠭᠤᠯ᠎ᠤᠨ ᠨᠡᠶᠢᠬᠡᠮ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠤᠨ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢᠰ ᠰᠤᠲᠤᠯᠬᠤ ᠲᠦᠪ᠎ᠤᠨ ᠡᠷᠬᠢᠯᠡᠭᠴᠢ ᠱᠦ ᠯᠢᠨ ᠶᠠᠷᠢᠨ᠎ᠠ ᠃
ᠮᠤᠩᠭᠤᠯ ᠰᠤᠲᠤᠯᠤᠯ᠎ᠤᠨ ᠲᠦᠪᠡᠳ ᠬᠡᠯᠡᠨ᠎ᠤ ᠰᠤᠷᠪᠤᠯᠵᠢ ᠪᠢᠴᠢᠭ᠎ᠲᠤ ᠮᠤᠩᠭᠤᠯᠴᠤᠳ᠎ᠤᠨ ᠲᠦᠪᠡᠳ ᠬᠡᠯᠡ᠎ᠪᠠᠷ ᠲᠤᠭᠤᠷᠪᠢᠨ ᠪᠢᠴᠢᠭᠰᠡᠨ ᠰᠤᠷᠪᠤᠯᠵᠢ ᠪᠢᠴᠢᠭ ᠂ ᠲᠦᠪᠡᠳᠴᠤᠳ᠎ᠤᠨ ᠪᠢᠴᠢᠭᠰᠡᠨ ᠮᠤᠩᠭᠤᠯ ᠰᠤᠲᠤᠯᠤᠯ᠎ᠤᠨ ᠬᠠᠮᠢᠶᠠᠲᠠᠢ ᠠᠭᠤᠯᠭ᠎ᠠ ᠪᠦᠬᠦᠢ ᠰᠤᠷᠪᠤᠯᠵᠢ ᠪᠢᠴᠢᠭ ᠪᠠᠭᠲᠠᠵᠦ ᠪᠠᠶᠢᠬᠤ᠎ᠪᠠᠷ ᠦᠯᠦ ᠪᠠᠷᠠᠮ ᠪᠠᠰᠠ ᠰᠠᠨᠰᠺᠷᠢᠲ ᠬᠡᠯᠡᠨ᠎ᠡᠴᠠ ᠲᠦᠪᠡᠳ ᠬᠡᠯᠡᠨ᠎ᠳ᠋ᠤ ᠤᠷᠴᠢᠭᠤᠯᠤᠬᠰᠠᠨ ᠪᠤᠷᠬᠠᠨ᠎ᠤ ᠰᠤᠲᠤᠷᠢ ᠴᠦ ᠪᠠᠭᠲᠠᠭᠠᠵᠦ ᠪᠠᠶᠢᠲᠠᠭ ᠃ ᠪᠦᠷᠢᠨ ᠪᠤᠰᠤ ᠪᠦᠷᠢᠳᠭᠡᠯ᠎ᠢ ᠦᠨᠲᠦᠰᠦᠯᠡᠪᠡᠯ ᠂ ᠲᠡᠦᠭᠡᠨ ᠲᠡᠭᠡᠷ᠎ᠡ ᠨᠡᠶᠢᠳᠡ 500 ᠭᠠᠷᠤᠢ ᠮᠤᠩᠭᠤᠯ ᠯᠠᠮᠠ ᠡᠷᠳᠡᠮᠳᠡᠳ ᠲᠦᠪᠡᠳ᠎ᠢᠶᠠᠷ ᠵᠤᠬᠢᠶᠠᠯ ᠪᠦᠲᠦᠭᠡᠯ ᠲᠤᠭᠤᠷᠪᠢᠨ ᠪᠢᠴᠢᠭᠰᠡᠨ ᠪᠠᠶᠢᠲᠠᠭ ᠂ ᠡᠳᠡᠭᠡᠷ ᠵᠤᠬᠢᠶᠠᠯ ᠪᠦᠲᠦᠭᠡᠯ᠎ᠨᠢ ᠲᠠᠭᠤᠨ ᠤᠬᠠᠭᠠᠨ ᠂ ᠲᠤᠲᠤᠭᠠᠲᠦ ᠤᠬᠠᠭᠠᠨ ᠂ ᠨᠤᠲᠠᠯᠠᠬᠤᠢ ᠤᠬᠠᠭᠠᠨ ᠂ ᠤᠷᠠᠯᠠᠬᠤᠢ ᠤᠬᠠᠭᠠᠨ ᠂ ᠲᠡᠵᠢᠬᠡᠬᠦᠢ ᠤᠬᠠᠭᠠᠨ ᠭᠡᠬᠦ ︽ ᠶᠡᠬᠡ ᠲᠠᠪᠤᠨ ᠤᠬᠠᠭᠠᠨ ︾ ᠪᠠ ᠵᠤᠬᠢᠰᠲᠦ ᠠᠶᠠᠯᠭᠤ ᠂ ᠬᠤᠯᠪᠤᠨ ᠨᠠᠶᠢᠷᠠᠭᠤᠯᠭ᠎ᠠ ᠂ ᠢᠯᠡᠳᠳᠡ ᠦᠬᠦᠯᠡᠬᠦᠢ ᠂ ᠲᠠᠭᠤᠤᠷᠢ ᠂ ᠤᠲᠤᠨ ᠵᠢᠷᠤᠬᠠᠢ ᠭᠡᠬᠦ ︽ ᠪᠠᠭ᠎ᠠ ᠲᠠᠪᠤᠨ ᠤᠬᠠᠭᠠᠨ ︾ ᠲᠡᠷᠢᠬᠦᠳᠡᠨᠢ ᠬᠠᠮᠤᠷᠴᠦ ᠂ ᠤᠲᠤ ᠶᠢᠨ ᠬᠠᠷᠡᠴᠨᠨᠳ᠋ᠠᠬᠢ ᠲᠡᠦᠭᠡ ᠂ ᠬᠦᠨ ᠤᠬᠠᠭᠠᠨ ᠂ ᠯᠤᠬᠢᠭ ᠵᠦᠢ ᠂ ᠪᠤᠷᠬᠠᠨ᠎ᠤ ᠱᠠᠰᠢᠨ᠎ᠤ ᠤᠬᠠᠭᠠᠨ ᠂ ᠤᠳᠬ᠎ᠠ ᠵᠤᠬᠢᠶᠠᠯ ᠂ ᠤᠳᠬ᠎ᠠ ᠵᠤᠬᠢᠶᠠᠯ᠎ᠤᠨ ᠤᠨᠤᠯ ᠂ ᠬᠡᠯᠡᠨ ᠵᠦᠢ ᠂ ᠠᠨᠠᠭᠠᠬᠤ ᠤᠬᠠᠭᠠᠨ ᠂ ᠤᠲᠤᠨ ᠤᠷᠤᠨ᠎ᠤ ᠤᠬᠠᠭᠠᠨ ᠂ ᠪᠠᠷᠢᠮᠠᠯ ᠰᠡᠢᠯᠦᠮᠡᠯ ᠂ ᠵᠠᠩ ᠦᠢᠯᠡ ᠵᠡᠷᠭᠡ ᠤᠯᠠᠨ ᠰᠢᠨᠵᠢᠯᠡᠬᠡᠨ᠎ᠤ ᠰᠠᠯᠠᠭ᠎ᠠ᠎ᠶᠢ ᠪᠠᠭᠲᠠᠭᠠᠲᠠᠭ ᠃
︽ ᠪᠠᠷᠤᠭ 8 ᠳ᠋ᠤᠭᠠᠷ ᠵᠠᠭᠤᠨ᠎ᠡᠴᠠ ᠡᠬᠢᠯᠡᠭᠡᠳ ᠲᠦᠪᠡᠳᠴᠤᠳ ᠲᠦᠪᠡᠳ ᠬᠡᠯᠡ᠎ᠪᠠᠷ ᠵᠤᠬᠢᠶᠠᠯ ᠪᠦᠲᠦᠭᠡᠯ ᠲᠤᠭᠤᠷᠪᠢᠵᠦ ᠡᠬᠢᠯᠡᠭᠰᠡᠨ ᠪᠠᠶᠢᠨ᠎ᠠ ᠂ ᠲᠡᠲᠡᠨᠤᠰ᠎ᠤᠨ ᠪᠢᠴᠢᠭᠰᠡᠨ ᠲᠠᠯᠠᠢ ᠤᠯᠠᠨ ᠰᠦᠮᠪᠦᠮ ᠵᠤᠬᠢᠶᠠᠯ ᠪᠠ ᠪᠤᠰᠤᠳ ᠲᠠᠩᠰᠠ ᠡᠪᠬᠡᠮᠡᠯ ᠲᠤᠲᠤᠷ᠎ᠠ ᠮᠤᠩᠭᠤᠯᠴᠤᠳ᠎ᠤᠨ ᠲᠡᠦᠭᠡ ᠰᠤᠶᠤᠯ᠎ᠲᠠᠢ ᠬᠤᠯᠪᠤᠬᠲᠠᠬᠰᠠᠨ ᠵᠦᠢᠯ ᠤᠯᠠᠨ ᠪᠠᠶᠢᠨ᠎ᠠ ᠂ ᠨᠡᠩ ᠴᠦ ᠰᠠᠨᠰᠺᠷᠢᠲ ᠬᠡᠯᠡᠨ᠎ᠡᠴᠠ ᠲᠦᠪᠡᠳ ᠬᠡᠯᠡᠨ᠎ᠳ᠋ᠤ ᠤᠷᠴᠢᠭᠤᠯᠤᠬᠰᠠᠨ ︿ ᠭᠠᠨᠵᠤᠤᠷ ﹀ ᠂ ︿ ᠳ᠋ᠠᠨᠵᠤᠤᠷ ﹀ ᠵᠡᠷᠭᠡ ᠰᠤᠷᠪᠤᠯᠵᠢ ᠪᠢᠴᠢᠭ᠎ᠨᠢ ᠮᠤᠩᠭᠤᠯ ᠲᠦᠪᠡᠳ ᠬᠤᠶᠠᠷ ᠦᠨᠲᠦᠰᠦᠳᠡᠨ᠎ᠤ ᠰᠤᠶᠤᠯ ᠲᠡᠦᠭᠡ᠎ᠶᠢ ᠰᠤᠲᠤᠯᠬᠤ᠎ᠳ᠋ᠤ ᠤᠯᠲᠠᠰᠢ ᠦᠬᠡᠢ ᠬᠤᠪᠤᠷ ᠮᠠᠲ᠋ᠧᠷᠢᠶᠠᠯ ᠪᠤᠯᠤᠬᠰᠠᠨ ᠰᠢᠦ ︾ ᠭᠡᠵᠦ ᠱᠦ ᠯᠢᠨ ᠲᠠᠨᠢᠯᠴᠠᠭᠤᠯᠤᠨ᠎ᠠ ᠃
ᠤᠲᠤ ᠤᠯᠲᠠᠭᠠᠳ ᠪᠠᠶᠢᠭ᠎ᠠ ᠬᠠᠮᠤᠭ᠎ᠤᠨ ᠡᠷᠳᠡᠨ᠎ᠤ ᠲᠦᠪᠡᠳ ᠬᠡᠯᠡ᠎ᠪᠠᠷ ᠪᠢᠴᠢᠭᠳᠡᠭᠰᠡᠨ ᠮᠤᠩᠭᠤᠯ ᠰᠤᠲᠤᠯᠤᠯ᠎ᠤᠨ ᠰᠤᠷᠪᠤᠯᠵᠢ ᠪᠢᠴᠢᠭ ᠪᠤᠯ 1249 ᠤᠨ᠎ᠳ᠋ᠤ ᠪᠢᠴᠢᠭᠳᠡᠭᠰᠡᠨ ︽ ᠰᠠᠰᠬᠢᠶ᠎ᠠ ᠪᠠᠨᠲᠢᠲᠠ ᠬᠦᠩᠭᠠᠵᠠᠯᠰᠠᠨᠤ ᠲᠦᠪᠡᠳ᠎ᠤᠨ ᠪᠤᠶᠠᠨ᠎ᠤ ᠰᠠᠲᠦᠨ ᠲᠡᠭᠡᠲᠦ ᠲᠦᠷᠦᠯᠬᠢᠳᠡᠨ ᠵᠢᠴᠢ ᠤᠯᠠᠨ ᠦᠭᠯᠢᠬᠡ᠎ᠶᠢᠨ ᠡᠵᠡᠨᠳ᠋ᠤᠷ ᠦᠭᠬᠦᠭᠰᠡᠨ ᠪᠢᠴᠢᠭ ︾ ᠪᠤᠯᠤᠨ᠎ᠠ ᠃ ᠰᠤᠲᠤᠯᠭᠠᠲᠠᠳ ᠡᠬᠦᠨ᠎ᠢ ᠰᠤᠷᠪᠤᠯᠵᠢ ᠪᠢᠴᠢᠭ᠎ᠲᠤ ᠲᠤᠲᠤᠷᠬᠠᠢ ᠲᠡᠮᠳᠡᠭᠯᠡᠭᠳᠡᠭᠰᠡᠨ ᠬᠠᠮᠤᠭ᠎ᠤᠨ ᠡᠷᠳᠡᠨ᠎ᠤ ᠮᠤᠩᠭᠤᠯ ᠰᠤᠲᠤᠯᠤᠯ᠎ᠲᠠᠢ ᠬᠤᠯᠪᠤᠭᠲᠠᠬᠤ ᠮᠠᠲ᠋ᠧᠷᠢᠶᠠᠯ ᠭᠡᠵᠦ ᠦᠵᠡᠳᠡᠭ ᠪᠤᠯᠪᠠᠴᠦ ᠡᠬᠦᠨ᠎ᠡᠴᠠ ᠡᠮᠦᠨ᠎ᠡ ᠪᠠᠰᠠ ᠪᠤᠰᠤᠳ ᠰᠤᠷᠪᠤᠯᠵᠢ ᠲᠡᠮᠳᠡᠭᠯᠡᠯ ᠪᠠᠢᠵᠦ ᠮᠡᠳᠡᠬᠦ ᠪᠦᠬᠡᠳ ᠵᠦᠪᠭᠡᠨ ᠤᠲᠤ ᠬᠠᠷᠠᠬᠠᠨ ᠢᠯᠡᠷᠡᠬᠦᠯᠦᠬᠡ ᠦᠬᠡᠢ ᠲᠡᠲᠦᠢ ᠪᠠᠢᠵᠦ ᠮᠡᠳᠡᠨ᠎ᠡ ᠃ ᠮᠤᠩᠭᠤᠯᠴᠤᠳ᠎ᠤᠨ ᠲᠦᠪᠡᠳ ᠬᠡᠯᠡ᠎ᠪᠠᠷ ᠪᠢᠴᠢᠭᠰᠡᠨ ᠬᠠᠮᠤᠭ᠎ᠤᠨ ᠡᠷᠳᠡᠨ᠎ᠤ ᠰᠤᠷᠪᠤᠯᠵᠢ ᠪᠢᠴᠢᠭ ᠪᠤᠯ 13 ᠳ᠋ᠤᠭᠠᠷ ᠵᠠᠭᠤᠨ᠎ᠤ ᠰᠡᠬᠦᠯᠴᠢ 14 ᠳ᠋ᠤᠭᠡᠷ ᠵᠠᠭᠤᠨ᠎ᠤ ᠡᠬᠢᠨ᠎ᠳ᠋ᠤ ᠴᠤᠶᠢᠵᠢᠠᠤᠳᠰᠠᠷᠤᠨ ᠪᠢᠴᠢᠭᠰᠡᠨ ︽ ᠪᠤᠷᠬᠠᠨ᠎ᠤ 12 ᠵᠤᠬᠢᠶᠠᠩᠭᠤᠢ ︾ ᠬᠡᠮᠡᠬᠦ ᠨᠤᠮ ᠪᠤᠯᠬᠤ ᠶᠤᠮ ᠃
︽ ᠡᠨᠡ ᠨᠤᠮ᠎ᠢ ᠰᠢᠷᠠᠪᠰᠡᠩᠭᠡ ᠮᠤᠩᠭᠤᠯ᠎ᠢᠶᠠᠷ ᠤᠷᠴᠢᠭᠤᠯᠤᠬᠰᠠᠨ ᠶᠤᠮ ᠂ ᠬᠡᠪᠡᠴᠦ ᠤᠲᠤ ᠪᠤᠯᠲᠠᠯ᠎ᠠ ᠮᠤᠩᠭᠤᠯ ᠤᠷᠴᠢᠭᠤᠯᠭᠠᠶᠢᠨᠢ ᠤᠯᠤᠭᠰᠠᠨ᠎ᠡᠴᠠ ᠪᠢᠰᠢ ᠂ ᠲᠦᠪᠡᠳ ᠡᠬᠡᠶᠢᠨᠢ ᠤᠯᠤᠭᠠᠲᠤᠢ ᠪᠠᠶᠢᠬᠰᠠᠭᠠᠷ ᠃ ᠡᠬᠦᠨ᠎ᠡᠴᠠ ᠨᠠᠭᠠᠰᠢ ᠤᠯᠠᠨ ᠦᠶ᠎ᠡ᠎ᠶᠢᠨ ᠮᠤᠩᠭᠤᠯ ᠯᠠᠮᠠ ᠡᠷᠳᠡᠮᠳᠡᠳ ᠲᠦᠪᠡᠳ᠎ᠢᠶᠠᠷ ᠲᠤᠭᠤᠷᠪᠢᠬᠰᠠᠭᠠᠷ ᠢᠷᠡᠭᠰᠡᠨ ᠪᠦᠬᠡᠳ ᠰᠢᠨ᠎ᠠ ᠵᠠᠭᠤᠨ ᠬᠦᠷᠳᠡᠯ᠎ᠡ ᠪᠡᠭᠡᠵᠢᠩ᠎ᠤᠨ ᠨᠠᠢᠷᠠᠯ᠎ᠲᠦ ᠨᠠᠢᠷᠠᠮᠲᠠᠭᠤ ᠤᠷᠲᠤᠨ᠎ᠤ ᠤᠤᠯ᠎ᠤᠨ ᠬᠠᠮᠪᠦ ᠯᠠᠮᠠ ᠵᠠᠮᠢᠶᠠᠨᠲᠦ᠋ᠪᠳᠡᠨ ᠂ ᠠᠷᠪᠠᠨ ᠨᠢᠬᠡᠲᠦᠭᠡᠷ ᠲᠦᠷᠢ᠎ᠶᠢᠨ ᠤᠯᠠᠭᠠᠨ ᠭᠡᠭᠡᠨ ᠭᠠᠯᠰᠠᠩᠬᠠᠢᠷᠤᠪᠲᠠᠮᠪᠢᠨᠢᠮᠠ ᠨᠠᠷ ᠲᠦᠪᠡᠳ᠎ᠢᠶᠠᠷ ᠵᠤᠬᠢᠶᠠᠯ ᠪᠦᠲᠦᠭᠡᠯ ᠲᠤᠭᠤᠷᠪᠢᠵᠦ ᠪᠠᠢᠬᠰᠠᠨ ᠶᠤᠮ ︾ ᠭᠡᠵᠦ ᠱᠦ ᠯᠢᠨ ᠶᠠᠷᠢᠨ᠎ᠠ ᠃
70 ᠵᠢᠯ᠎ᠤᠨ ᠰᠤᠲᠤᠯᠭᠠᠨ ᠲᠠᠷᠲᠠᠩ ᠵᠠᠮ᠎ᠢᠶᠡᠨ ᠡᠯᠬᠦᠯ᠎ᠡ
2019 ᠤᠨ᠎ᠤ 11 ᠰᠠᠷ᠎ᠠ᠎ᠶᠢᠨ 20᠎ᠤ ᠡᠲᠦᠷ ᠂ ᠦᠪᠦᠷ ᠮᠤᠩᠭᠤᠯ᠎ᠤᠨ ᠨᠡᠶᠢᠬᠡᠮ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠳ᠋ᠤ ᠂ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢᠰ ᠰᠤᠲᠤᠯᠬᠤ ᠲᠦᠪ᠎ᠤᠨ ᠫᠠᠶᠢᠰᠠ ᠰᠡᠬᠦᠬᠦ ᠶᠤᠰᠤᠯᠠᠯ ᠪᠠ ᠶᠠᠷᠢᠯᠴᠠᠬᠤ ᠬᠤᠷᠠᠯ ᠶᠠᠪᠤᠭᠲᠠᠪᠠ ᠃ ᠮᠤᠩᠭᠤᠯ ᠰᠤᠲᠤᠯᠤᠯ᠎ᠳ᠋ᠤ ᠬᠤᠯᠪᠤᠬᠲᠠᠬᠤ ᠲᠦᠪᠡᠳ ᠰᠤᠷᠪᠤᠯᠵᠢ ᠪᠢᠴᠢᠭ ᠪᠠ ᠲᠠᠩᠰᠠ ᠡᠪᠬᠡᠮᠡᠯ᠎ᠢ ᠠᠭᠤᠲᠠᠯᠤᠨ ᠢᠯᠡᠷᠡᠬᠦᠯᠬᠦ ᠂ ᠡᠮᠬᠢᠳᠭᠡᠨ ᠲᠦᠷᠦᠯᠵᠢᠬᠦᠯᠬᠦ ᠪᠠ ᠰᠤᠲᠤᠯᠤᠨ ᠰᠢᠨᠵᠢᠯᠡᠬᠦ᠎ᠪᠠᠷ ᠵᠤᠷᠢᠯᠭ᠎ᠠ᠎ᠪᠠᠨ ᠪᠤᠯᠭᠠᠭᠰᠠᠨ ᠲᠤᠰ ᠪᠠᠶᠢᠭᠤᠯᠤᠮᠵᠢ᠎ᠨᠢ ᠮᠤᠩᠭᠤᠯ ᠰᠤᠲᠤᠯᠤᠯ᠎ᠤᠨ ᠠᠭᠤᠯᠭ᠎ᠠ᠎ᠶᠢ ᠲᠡᠯᠡᠵᠦ ᠂ ᠠᠭᠤᠯᠬᠤᠨ᠎ᠢ᠎ᠨᠢ ᠪᠠᠶᠠᠯᠢᠭᠵᠢᠭᠤᠯᠵᠦ ᠂ ᠮᠠᠨ᠎ᠤ ᠤᠯᠤᠰ᠎ᠲᠤ ᠮᠤᠩᠭᠤᠯ ᠰᠤᠲᠤᠯᠤᠯ᠎ᠲᠠᠢ ᠬᠤᠯᠪᠤᠭᠲᠠᠬᠤ ᠲᠦᠪᠡᠳ ᠰᠤᠷᠪᠤᠯᠵᠢ ᠪᠢᠴᠢᠭ᠎ᠢ ᠰᠤᠲᠤᠯᠬᠤ ᠲᠤᠰᠬᠠᠢ ᠪᠠᠶᠢᠭᠤᠯᠤᠮᠵᠢ ᠦᠬᠡᠢ ᠪᠠᠶᠢᠬᠰᠠᠨ ᠬᠤᠭᠤᠰᠤᠨ᠎ᠢ ᠨᠦᠬᠦᠪᠦᠷᠢᠯᠡᠭᠰᠡᠨ ᠪᠢᠯᠡ ᠃
︽ ᠮᠠᠨ᠎ᠤ ᠰᠤᠲᠤᠯᠬᠤ ᠲᠦᠪ ᠭᠤᠤᠯᠲᠠᠭᠤ ᠮᠤᠩᠭᠤᠯᠴᠤᠳ᠎ᠤᠨ ᠲᠦᠪᠡᠳ᠎ᠢᠶᠠᠷ ᠲᠤᠭᠤᠷᠪᠢᠬᠰᠠᠨ ᠤᠳᠬ᠎ᠠ ᠵᠤᠬᠢᠶᠠᠯ ᠪᠠ ᠤᠳᠬ᠎ᠠ ᠵᠤᠬᠢᠶᠠᠯ᠎ᠤᠨ ᠤᠨᠤᠯ᠎ᠤᠨ ᠰᠤᠲᠤᠯᠭᠠᠨ᠎ᠳ᠋ᠤ ᠰᠠᠭᠤᠷᠢᠯᠠᠵᠦ ᠂ ᠮᠤᠩᠭᠤᠯ ᠦᠨᠲᠦᠰᠦᠳᠡᠨ᠎ᠤ ᠪᠤᠷᠬᠠᠨ ᠱᠠᠰᠢᠨ᠎ᠤ ᠲᠡᠦᠭᠡ᠎ᠶᠢᠨ ᠰᠤᠲᠤᠯᠭᠠᠨ ᠂ ᠮᠤᠩᠭᠤᠯ ᠲᠦᠪᠡᠳ ᠬᠠᠷᠢᠴᠠᠭᠤᠯᠤᠬᠰᠠᠨ ︿ ᠭᠡᠰᠡᠷ ﹀᠎ᠤᠨ ᠰᠤᠲᠤᠯᠤᠯ ᠂ ︿ ᠭᠠᠨᠵᠤᠤᠷ ﹀ ᠂ ︿ ᠳ᠋ᠠᠨᠵᠤᠤᠷ ﹀᠎ᠤᠨ ᠰᠤᠲᠤᠯᠭᠠᠨ ᠂ ᠮᠤᠩᠭᠤᠯ ᠲᠦᠪᠡᠳ ᠠᠨᠠᠭᠠᠬᠤ ᠤᠬᠠᠭᠠᠨ᠎ᠤ ᠰᠤᠲᠤᠯᠭᠠᠨ ᠵᠡᠷᠭᠡ ᠬᠦᠷᠢᠶ᠎ᠡ ᠴᠠᠷᠠᠭ᠎ᠠ᠎ᠳ᠋ᠤ ᠠᠭᠠᠵᠢᠮ᠎ᠢᠶᠠᠷ ᠬᠦᠨᠵᠡᠭᠡᠶᠢᠷᠡᠬᠦ ᠪᠤᠯᠤᠨ᠎ᠠ ︾ ᠭᠡᠵᠦ ᠱᠦ ᠯᠢᠨ ᠰᠤᠲᠤᠯᠬᠤ ᠲᠦᠪ᠎ᠤᠨ᠎ᠢᠶᠡᠨ ᠪᠠᠢᠲᠠᠯ᠎ᠢ ᠲᠠᠨᠢᠯᠴᠠᠭᠤᠯᠪᠠ ᠃
ᠰᠤᠷᠪᠤᠯᠵᠢ ᠪᠢᠴᠢᠭ ᠡᠮᠬᠢᠳᠭᠡᠨ ᠴᠤᠭᠯᠠᠭᠤᠯᠬᠤ ᠪᠠ ᠰᠤᠲᠤᠯᠬᠤ ᠪᠤᠯ ᠲᠤᠰ ᠪᠠᠶᠢᠭᠤᠯᠤᠮᠵᠢ᠎ᠶᠢᠨ ᠬᠤᠶᠠᠷ ᠴᠢᠬᠤᠯᠠ ᠠᠵᠢᠯ ᠪᠤᠯᠤᠨ᠎ᠠ ᠃ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢ ᠪᠢᠴᠢᠭ᠎ᠨᠢ ᠲᠦᠪᠡᠳ᠎ᠤᠨ ᠦᠪᠡᠷᠳᠡᠭᠡᠨ ᠵᠠᠰᠠᠬᠤ ᠤᠷᠤᠨ ᠂ ᠬᠦᠬᠡᠨᠠᠭᠤᠷ ᠂ ᠭᠠᠨᠰᠦ᠎ᠶᠢᠨ ᠰᠦᠮ᠎ᠠ ᠬᠡᠢᠳ ᠪᠠ ᠨᠤᠮ᠎ᠤᠨ ᠰᠠᠩ ᠂ ᠤᠯᠤᠰ᠎ᠤᠨ ᠨᠤᠮ᠎ᠤᠨ ᠰᠠᠩ ᠂ ᠪᠡᠭᠡᠵᠢᠩ᠎ᠤᠨ ᠦᠨᠲᠦᠰᠦᠳᠡᠨ᠎ᠤ ᠨᠤᠮ᠎ᠤᠨ ᠰᠠᠩ ᠂ ᠰᠧᠴᠤᠸᠠᠨ ᠮᠤᠵᠢ᠎ᠳ᠋ᠤ ᠪᠠᠶᠢᠭ᠎ᠠ ᠪᠠᠷᠠᠭᠤᠨ ᠡᠮᠦᠨᠡᠲᠦ᠎ᠶᠢᠨ ᠦᠨᠲᠦᠰᠦᠳᠡᠨ᠎ᠤ ᠶᠡᠭᠡ ᠰᠤᠷᠭᠠᠭᠤᠯᠢ ᠂ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶᠢᠨ ᠨᠤᠮ᠎ᠤᠨ ᠰᠠᠩ ᠂ ᠦᠪᠦᠷ ᠮᠤᠩᠭᠤᠯ᠎ᠤᠨ ᠨᠡᠶᠢᠬᠡᠮ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠤᠨ ᠨᠤᠮ᠎ᠤᠨ ᠰᠠᠩ ᠵᠡᠷᠭᠡ ᠪᠠᠶᠢᠭᠤᠯᠭ᠎ᠠ ᠨᠢᠬᠡᠴᠢ ᠵᠢᠴᠢ ᠮᠤᠩᠭᠤᠯ ᠤᠯᠤᠰ ᠂ ᠤᠷᠤᠰ᠎ᠤᠨ ᠬᠤᠯᠪᠤᠭᠠᠨ᠎ᠤ ᠪᠦᠬᠦᠳᠡ ᠨᠠᠶᠢᠷᠠᠮᠲᠠᠬᠤ ᠪᠤᠷᠢᠶᠡᠳ ᠤᠯᠤᠰ ᠂ ᠭᠧᠷᠮᠠᠨ ᠂ ᠶᠠᠫᠦᠨ ᠂ ᠠᠮᠧᠷᠢᠺᠠ ᠂ ᠡᠨᠡᠳᠭᠡᠭ ᠵᠡᠷᠭᠡ ᠭᠠᠲᠠᠭᠠᠲᠦ ᠤᠯᠤᠰ᠎ᠲᠤ ᠴᠦ ᠬᠠᠲᠠᠭᠠᠯᠬᠠᠲᠠᠵᠦ ᠪᠠᠶᠢᠭ᠎ᠠ ᠪᠤᠯᠬᠤᠷ ᠡᠮᠬᠢᠳᠭᠡᠨ ᠴᠤᠭᠯᠠᠭᠤᠯᠬᠤ ᠠᠵᠢᠯ᠎ᠳ᠋ᠤ ᠤᠯᠠᠨ ᠲᠠᠯ᠎ᠠ᠎ᠶᠢᠨ ᠬᠦᠴᠢᠷᠳᠡᠯ ᠠᠪᠴᠢᠷᠠᠵᠠᠢ ᠃
︽ ᠤᠲᠤ ᠦᠶ᠎ᠡ᠎ᠳ᠋ᠤ ᠮᠤᠩᠭᠤᠯᠴᠤᠳ᠎ᠤᠨ ᠲᠦᠪᠡᠳ ᠬᠡᠯᠡ᠎ᠪᠠᠷ ᠪᠢᠴᠢᠭᠰᠡᠨ ᠰᠤᠷᠪᠤᠯᠵᠢ ᠪᠢᠴᠢᠭ᠎ᠤᠨ ᠲᠤᠬᠠᠢ ᠰᠤᠲᠤᠯᠭᠠᠨ ᠲᠡᠭᠡᠷ᠎ᠡ ᠵᠠᠭᠤᠨ᠎ᠤ ᠲᠠᠪᠢᠭᠠᠳ ᠤᠨᠡᠴᠠ ᠡᠷᠴᠢᠮ᠎ᠲᠠᠢ ᠶᠠᠪᠤᠬᠲᠠᠵᠦ ᠡᠬᠢᠯᠡᠭᠰᠡᠨ ᠪᠠᠶᠢᠨ᠎ᠠ ᠃ 2015 ᠤᠨ᠎ᠳ᠋ᠤ ᠂ ᠮᠢᠨᠦ ᠪᠠᠭᠰᠢ ᠲᠦᠪᠡᠳᠴᠢ ᠡᠷᠳᠡᠮᠳᠡᠨ ᠠ᠊ · ᠡᠷᠳᠡᠨᠢᠪᠠᠶᠠᠷ ᠤᠯᠤᠰ᠎ᠤᠨ ᠨᠡᠶᠢᠬᠡᠮ᠎ᠤᠨ ᠰᠢᠨᠵᠢᠯᠡᠬᠦ ᠤᠬᠠᠭᠠᠨ᠎ᠤ ᠲᠤᠮᠤ ᠲᠦᠰᠦᠯ ᠪᠤᠯᠬᠤ ︿ ᠶᠤᠸᠠᠨ ᠮᠢᠩ ᠴᠢᠩ᠎ᠤᠨ ᠦᠶ᠎ᠡ᠎ᠶᠢᠨ ᠮᠤᠩᠭᠤᠯᠴᠤᠳ᠎ᠤᠨ ᠲᠦᠪᠡᠳ ᠰᠤᠷᠪᠤᠯᠵᠢᠰ᠎ᠤᠨ ᠠᠭᠤᠲᠠᠯᠤᠯ ᠂ ᠡᠮᠬᠢᠳᠭᠡᠯ ᠬᠢᠬᠡᠳ ᠰᠤᠲᠤᠯᠤᠯ ﹀ ᠰᠡᠲᠦᠪ᠎ᠢᠶᠠᠷ ᠲᠦᠪᠡᠳ ᠰᠤᠷᠪᠤᠯᠵᠢᠰᠢ ᠴᠤᠭᠯᠠᠭᠤᠯᠵᠦ ᠡᠮᠬᠢᠳᠭᠡᠬᠦ ᠠᠵᠢᠯ᠎ᠢ ᠡᠬᠢᠯᠡᠵᠦ ᠬᠢᠭᠰᠡᠨ ᠪᠠᠶᠢᠨ᠎ᠠ ᠃ ᠪᠢ ᠪᠠᠭᠰᠢ᠎ᠲᠠᠢ᠎ᠪᠠᠨ ᠬᠤᠶᠠᠭᠤᠯᠠ ᠪᠦᠬᠦ ᠤᠯᠤᠰ᠎ᠤᠨ ᠲᠤᠮᠤ ᠲᠤᠮᠤ ᠰᠦᠮ᠎ᠡ ᠬᠡᠶᠢᠳ ᠂ ᠨᠤᠮ᠎ᠤᠨ ᠰᠠᠩ ᠂ ᠨᠤᠮ᠎ᠤᠨ ᠲᠡᠯᠭᠡᠬᠦᠷ᠎ᠢᠶᠠᠷ ᠶᠠᠪᠤᠵᠦ ᠰᠤᠷᠪᠤᠯᠵᠢᠰ ᠴᠤᠭᠯᠠᠭᠤᠯᠤᠬᠰᠠᠨ ᠪᠦᠬᠡᠳ ᠭᠠᠲᠠᠭᠠᠲᠦ ᠤᠯᠤᠰ᠎ᠲᠤ ᠴᠦ ᠰᠤᠷᠠᠭ ᠲᠠᠯᠪᠢᠭᠤᠯᠤᠨ ᠡᠷᠢᠬᠦᠯᠵᠦ ᠂ ᠰᠦᠯᠵᠢᠶ᠎ᠡ᠎ᠪᠠᠷ ᠡᠷᠢᠵᠦ ᠬᠤᠪᠢ ᠬᠦᠮᠦᠨ᠎ᠡᠴᠠ ᠴᠦ ᠤᠯᠵᠦ ᠪᠠᠢᠬᠰᠠᠨ ᠂ ᠲᠡᠭᠡᠭᠡᠳ ᠨᠡᠢᠳᠡ 120 ᠭᠠᠷᠤᠢ ᠯᠠᠮᠠ ᠡᠷᠳᠡᠮᠳᠡᠳ᠎ᠤᠨ ᠰᠦᠮᠪᠦᠮ ᠵᠤᠬᠢᠶᠠᠯ ᠪᠠ ᠭᠠᠭᠴᠠ ᠬᠤᠶᠠᠷ ᠵᠤᠬᠢᠶᠠᠯ ᠪᠦᠲᠦᠭᠡᠯ᠎ᠢ ᠴᠤᠭᠯᠠᠭᠤᠯᠵᠦ ᠤᠯᠤᠬᠰᠠᠨ ᠪᠠᠶᠢᠨ᠎ᠠ ︾ ᠭᠡᠵᠦ ᠱᠦ ᠯᠢᠨ ᠶᠠᠷᠢᠨ᠎ᠠ ᠃ ᠠ᠊ · ᠡᠷᠳᠡᠨᠢᠪᠠᠶᠠᠷ ᠪᠠᠭᠰᠢ ᠰᠢᠭ᠋ ᠡᠷᠳᠡᠮᠳᠡᠨ ᠰᠤᠲᠤᠯᠭᠠᠲᠠᠳ ᠂ ᠭᠠᠵᠠᠷ ᠵᠦᠢ᠎ᠶᠢᠨ ᠤᠷᠤᠨ ᠵᠠᠢ ᠂ ᠴᠠᠭ ᠠᠭᠤᠷ᠎ᠤᠨ ᠤᠨᠴᠠᠭᠠᠢ ᠨᠦᠬᠦᠴᠡᠯ᠎ᠢ ᠬᠠᠶᠢᠬᠤᠷᠤᠯ ᠦᠬᠡᠢ ᠴᠠᠰᠦᠲᠦ ᠦᠨᠲᠦᠷᠯᠢᠭ᠎ᠢᠶᠠᠷ ᠶᠠᠪᠤᠵᠦ ᠂ ᠰᠦᠮ᠎ᠡ ᠬᠡᠶᠢᠳ᠎ᠢᠶᠠᠷ ᠰᠤᠷᠪᠤᠯᠵᠢᠯᠠᠨ ᠂ ᠰᠤᠲᠤᠷ ᠪᠢᠴᠢᠭ ᠴᠤᠭᠯᠠᠭᠤᠯᠤᠬᠰᠠᠨ᠎ᠡᠴᠠ ᠮᠤᠩᠭᠤᠯ ᠰᠤᠲᠤᠯᠤᠯ᠎ᠤᠨ ᠬᠦᠷᠢᠶᠡᠨ᠎ᠳ᠋ᠤ ᠮᠤᠩᠭᠤᠯ ᠰᠤᠲᠤᠯᠤᠯ᠎ᠲᠠᠢ ᠬᠤᠯᠪᠤᠬᠲᠠᠬᠤ ᠲᠦᠪᠡᠳ ᠰᠤᠷᠪᠤᠯᠵᠢ ᠪᠢᠴᠢᠭ ᠬᠡᠬᠦ ᠡᠨᠡ ᠬᠦ ᠬᠦᠮᠦᠰ᠎ᠤᠨ ᠠᠩᠬᠠᠷᠤᠯ᠎ᠢ ᠲᠠᠲᠠᠭᠰᠠᠨ ᠰᠢᠨ᠎ᠡ ᠨᠢᠬᠡᠨ ᠠᠭᠤᠯᠭ᠎ᠠ ᠨᠡᠮᠡᠭᠳᠡᠭᠰᠡᠨ ᠪᠢᠯᠡ ᠃ ᠦᠶ᠎ᠡ ᠦᠶ᠎ᠡ᠎ᠶᠢᠨ ᠡᠷᠳᠡᠮᠳᠡᠨ ᠰᠤᠲᠤᠯᠭᠠᠲᠠᠳ᠎ᠤᠨ ᠰᠢᠨᠲᠠᠷᠠᠰᠢ ᠦᠬᠡᠢ ᠴᠢᠷᠮᠠᠶᠢᠯᠭ᠎ᠠ᠎ᠪᠠᠷ ᠲᠠᠮᠵᠢᠨ ᠂ ᠮᠤᠩᠭᠤᠯ ᠰᠤᠲᠤᠯᠤᠯ᠎ᠲᠠᠢ ᠬᠤᠯᠪᠤᠬᠲᠠᠬᠤ ᠲᠦᠪᠡᠳ ᠰᠤᠷᠪᠤᠯᠵᠢ ᠪᠢᠴᠢᠭ᠎ᠤᠨ ᠰᠢᠨᠵᠢᠯᠡᠬᠡᠨ᠎ᠤ ᠪᠠᠶᠢᠭᠤᠯᠤᠯᠲᠠ ᠪᠦᠷᠢᠨᠰᠢᠵᠦ ᠂ ᠰᠤᠲᠤᠯᠭᠠᠨ᠎ᠤ ᠪᠠᠶᠢᠭᠤᠯᠤᠮᠵᠢ ᠪᠦᠷᠢᠲᠦᠨ ᠂ ᠰᠤᠲᠤᠯᠭᠠᠨ᠎ᠤ ᠬᠦᠷᠢᠶ᠎ᠡ ᠴᠠᠷᠠᠭ᠎ᠠ᠎ᠨᠢ ᠤᠯᠠᠮ᠎ᠢᠶᠠᠷ ᠦᠷᠬᠡᠵᠢᠯᠡ ᠃
ᠲᠤᠭᠠᠴᠢᠯᠠᠭᠤᠯᠤᠯᠲᠠ᠎ᠶᠢᠨ ᠮᠡᠷᠭᠡᠵᠢᠯ᠎ᠢᠶᠠᠷ ᠰᠤᠷᠪᠤᠯᠵᠢ ᠪᠢᠴᠢᠭ᠎ᠢᠶᠡᠨ ᠠᠮᠢᠯᠠᠭᠤᠯᠤᠨ᠎ᠠ
︽ ᠤᠯᠤᠰ᠎ᠤᠨ ᠲᠤᠲᠤᠭᠠᠲᠦ ᠭᠠᠲᠠᠭᠠᠲᠦ᠎ᠳ᠋ᠤ ᠮᠤᠩᠭᠤᠯ ᠰᠤᠲᠤᠯᠤᠯ᠎ᠳ᠋ᠤ ᠬᠤᠯᠪᠤᠭᠲᠠᠬᠤ ᠲᠦᠪᠡᠳ ᠬᠡᠯᠡᠨ᠎ᠤ ᠰᠤᠷᠪᠤᠯᠵᠢ ᠪᠢᠴᠢᠭ᠎ᠤᠳ ᠮᠠᠰᠢ ᠤᠯᠠᠨ ᠬᠠᠲᠠᠭᠠᠯᠠᠬᠲᠠᠵᠦ ᠪᠤᠢ ᠃ ᠭᠡᠪᠡᠴᠦ ᠲᠡᠷᠡ ᠪᠦᠬᠦᠨ᠎ᠢᠶᠠᠷ᠎ᠢᠶᠡᠨ ᠠᠰᠢᠬᠯᠠᠯᠲᠠ᠎ᠳ᠋ᠤ ᠤᠷᠤᠬᠰᠠᠨ ᠪᠢᠰᠢ ᠂ ᠤᠨ ᠵᠢᠯ᠎ᠤᠨ ᠨᠤᠭᠤᠴᠠᠭᠠᠨ᠎ᠡᠴᠠ ᠪᠤᠯᠵᠦ ᠵᠠᠷᠢᠮ ᠰᠤᠷᠪᠤᠯᠵᠢ ᠪᠢᠴᠢᠭ ᠨᠢᠬᠡᠨᠳᠡ ᠤᠷᠠᠭᠲᠠᠵᠦ ᠨᠠᠪᠲᠠᠷᠠᠭᠠᠳ ᠠᠰᠢᠬᠯᠠᠬᠤ᠎ᠶᠢᠨ ᠠᠷᠭ᠎ᠠ ᠦᠬᠡᠢ ᠪᠤᠯᠤᠬᠰᠠᠨ ᠃ ᠡᠶᠢᠮᠦ᠎ᠡᠴᠠ ᠰᠤᠷᠪᠤᠯᠵᠢ ᠪᠢᠴᠢᠭ᠎ᠲᠤ ᠠᠪᠴᠦ ᠬᠡᠯᠡᠪᠡᠯ ᠲᠤᠭᠠᠴᠢᠯᠠᠭᠤᠯᠬᠤ ᠪᠤᠯ ᠵᠠᠪᠠᠯ ᠶᠠᠪᠤᠬᠤ ᠵᠠᠮ ᠪᠤᠯᠤᠨ᠎ᠠ ︾ ᠭᠡᠵᠦ ᠦᠪᠦᠷ ᠮᠤᠩᠭᠤᠯ᠎ᠤᠨ ᠨᠡᠶᠢᠬᠡᠮ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠤᠨ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢᠰ ᠰᠤᠲᠤᠯᠬᠤ ᠲᠦᠪ᠎ᠤᠨ ᠡᠷᠬᠢᠯᠡᠭᠴᠢ ᠱᠦ ᠯᠢᠨ ᠰᠤᠷᠪᠤᠯᠵᠢᠯᠠᠬᠴᠢ᠎ᠳ᠋ᠤ ᠲᠠᠨᠢᠯᠴᠠᠭᠤᠯᠤᠨ᠎ᠠ ᠃
ᠲᠤᠭᠠᠴᠢᠯᠠᠭᠤᠯᠤᠯᠲᠠ ᠪᠤᠯ ᠰᠤᠷᠪᠤᠯᠵᠢ ᠪᠢᠴᠢᠭ᠎ᠢ ᠬᠠᠮᠠᠭᠠᠯᠠᠵᠦ ᠬᠠᠲᠠᠭᠠᠯᠠᠬᠤ ᠂ ᠬᠠᠮᠲᠦ᠎ᠪᠠᠷ ᠠᠰᠢᠬᠯᠠᠬᠤ᠎ᠶᠢᠨ ᠪᠦᠲᠦᠮᠵᠢᠳᠡᠢ ᠠᠷᠭ᠎ᠠ ᠵᠠᠮ ᠪᠤᠯᠤᠨ᠎ᠠ ᠃ ᠬᠡᠪᠡᠴᠦ ᠤᠲᠤᠬᠠᠨ᠎ᠳ᠋ᠤ ᠮᠡᠷᠭᠡᠵᠢᠯ᠎ᠤᠨ ᠠᠰᠠᠭᠤᠲᠠᠯ ᠂ ᠴᠢᠲᠠᠪᠦᠷᠢᠲᠠᠨ᠎ᠤ ᠠᠰᠠᠭᠤᠲᠠᠯ ᠪᠠ ᠪᠡᠯᠡ ᠮᠦᠩᠬᠦ᠎ᠶᠢᠨ ᠠᠰᠠᠭᠤᠲᠠᠯ᠎ᠨᠢ ᠰᠤᠷᠪᠤᠯᠵᠢ ᠪᠢᠴᠢᠭ᠎ᠢ ᠲᠤᠭᠠᠴᠢᠯᠠᠭᠤᠯᠤᠨ ᠬᠦᠮᠦᠷᠭᠡᠯᠡᠬᠦ᠎ᠳ᠋ᠤ ᠲᠤᠯᠭᠠᠷᠠᠭᠰᠠᠨ ᠬᠠᠮᠤᠭ᠎ᠤᠨ ᠲᠤᠮᠤ ᠠᠰᠠᠭᠤᠲᠠᠯ ᠪᠤᠯᠵᠠᠢ ᠃ ︽ ᠪᠢᠳᠡ ᠤᠲᠤ ᠶᠠᠭ ᠰᠠᠶᠢᠬᠠᠨ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢ ᠪᠢᠴᠢᠭ᠎ᠢ ᠲᠤᠭᠠᠴᠢᠯᠠᠭᠤᠯᠬᠤ ᠠᠵᠢᠯ᠎ᠢ ᠬᠢᠵᠦ ᠪᠠᠶᠢᠨ᠎ᠠ ᠃ ᠡᠩ ᠲᠡᠷᠢᠬᠦᠨ᠎ᠳ᠋ᠤ ᠮᠡᠷᠭᠡᠵᠢᠯ᠎ᠤᠨ ᠠᠰᠠᠭᠤᠲᠠᠯ᠎ᠢ ᠵᠠᠪᠠᠯ ᠰᠢᠢᠳᠪᠦᠷᠢᠯᠡᠬᠦ ᠭᠡᠷᠡᠭᠳᠡᠢ ᠂ ᠤᠲᠤ ᠪᠢᠳᠡ ᠰᠤᠷᠪᠤᠯᠵᠢ ᠪᠢᠴᠢᠭ ᠲᠤᠭᠠᠴᠢᠯᠠᠭᠤᠯᠬᠤ ᠫᠷᠦᠭᠷᠠᠮ ᠵᠤᠬᠢᠶᠠᠬᠤ ᠠᠵᠢᠯ᠎ᠢ ᠰᠧᠴᠤᠸᠠᠨ ᠮᠤᠵᠢ᠎ᠶᠢᠨ ᠴᠧᠩᠳᠦ᠋ ᠬᠤᠲᠠ᠎ᠶᠢᠨ ︿ ᠯᠢᠶᠠᠨ ᠲᠦ᠋ ᠺᠧ ᠵᠢᠢ ﹀ ᠬᠡᠮᠡᠬᠦ ᠰᠤᠷᠪᠤᠯᠵᠢ ᠪᠢᠴᠢᠭ᠎ᠢ ᠢᠯᠭᠠᠨ ᠲᠠᠨᠢᠵᠦ ᠂ ᠲᠤᠭᠠᠴᠢᠯᠠᠭᠤᠯᠬᠤ ᠠᠵᠢᠯ᠎ᠢ ᠬᠢᠳᠡᠭ ᠲᠤᠰᠬᠠᠢ ᠺᠤᠮᠫᠠᠨᠢ᠎ᠶᠢᠨ ᠨᠢᠬᠡᠨ ᠬᠤᠪᠢᠶᠠᠷᠢ ᠺᠤᠮᠫᠠᠨᠢ᠎ᠳ᠋ᠤ ᠲᠠᠭᠠᠭᠠᠴᠢᠯᠠᠵᠦ ᠦᠭᠬᠦᠭᠡᠳ ᠪᠠᠶᠢᠨ᠎ᠠ ︾ ᠭᠡᠵᠦ ᠱᠦ ᠯᠢᠨ ᠶᠠᠷᠢᠨ᠎ᠠ ᠃
ᠮᠡᠷᠭᠡᠵᠢᠯ᠎ᠤᠨ ᠠᠰᠠᠭᠤᠲᠠᠯ ᠪᠤᠯ ᠳ᠋ᠡᠶᠢᠲ᠋ᠠ ᠬᠦᠮᠦᠷᠭᠡ ᠪᠠᠶᠢᠭᠤᠯᠬᠤ᠎ᠶᠢᠨ ᠠᠩᠬᠠᠨ᠎ᠤ ᠰᠢᠯᠭᠠᠯᠲᠠ ᠂ ᠡᠨᠡ ᠬᠦ ᠬᠦᠴᠢᠷᠳᠡᠯ᠎ᠢ ᠢᠯᠠᠨ ᠲᠠᠪᠠᠭᠰᠠᠭᠠᠷ ᠲᠠᠷᠠᠭᠠᠴᠢ᠎ᠶᠢᠨ ᠠᠵᠢᠯ ᠰᠢᠯᠤᠭᠤᠬᠠᠨ ᠪᠤᠯᠤᠨ᠎ᠠ ᠃ ︽ ᠲᠡᠲᠡ ᠮᠡᠷᠭᠡᠵᠢᠯ᠎ᠤᠨ ᠠᠰᠠᠭᠤᠲᠠᠯ᠎ᠢ ᠰᠢᠢᠳᠪᠦᠷᠢᠯᠡᠭᠰᠡᠭᠡᠷ ᠪᠢᠳᠡ ᠰᠤᠷᠪᠤᠯᠵᠢ ᠪᠢᠴᠢᠭ᠎ᠢᠶᠡᠨ ᠲᠦᠷᠦᠯ ᠵᠠᠨᠠᠷᠢᠶᠠᠷᠨᠢ ᠬᠤᠪᠢᠶᠠᠵᠦ ᠂ ᠮᠠᠲ᠋ᠧᠷᠢᠶᠠᠯ᠎ᠢᠶᠡᠨ ᠤᠷᠤᠭᠤᠯᠤᠨ᠎ᠠ ᠃ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢ ᠪᠢᠴᠢᠭ᠎ᠢ ᠲᠡᠦᠭᠡ ᠂ ᠤᠷᠠᠨ ᠵᠤᠬᠢᠶᠠᠯ ᠂ ᠤᠯᠠᠮᠵᠢᠯᠠᠯᠲᠦ ᠶᠡᠭᠡ ᠪᠠᠭ᠎ᠠ ᠲᠠᠪᠤᠨ ᠤᠬᠠᠭᠠᠨ ᠭᠡᠳ ᠨᠡᠢᠳᠡ 12 ᠲᠤᠮᠤ ᠲᠦᠷᠦᠯ ᠵᠦᠢᠯ᠎ᠳ᠋ᠤ ᠬᠤᠪᠢᠶᠠᠬᠤ ᠪᠦᠬᠡᠳ ᠡᠳᠡᠭᠡᠷ᠎ᠢᠶᠡᠨ ᠲᠠᠬᠢᠨ ᠨᠠᠷᠢᠨ ᠠᠩᠬᠢᠯᠠᠭᠠᠳ ᠲᠤᠭᠠᠴᠢᠯᠠᠭᠤᠯᠤᠬᠰᠠᠨ ᠮᠠᠲ᠋ᠧᠷᠢᠶᠠᠯ᠎ᠢᠶᠡᠨ ᠤᠷᠤᠭᠤᠯᠵᠦ ᠲᠠᠯᠪᠢᠨ᠎ᠠ ︾ ᠭᠡᠵᠦ ᠲᠤᠭᠠᠴᠢᠯᠠᠭᠤᠯᠬᠤ ᠠᠵᠢᠯ᠎ᠤᠨ᠎ᠢᠶᠡᠨ ᠲᠦᠯᠦᠪᠯᠡᠭᠡ᠎ᠶᠢ ᠱᠦ ᠯᠢᠨ ᠨᠠᠷᠢᠨ ᠨᠢᠬᠲᠠ ᠲᠠᠨᠢᠯᠴᠠᠭᠤᠯᠵᠦ ᠪᠠᠶᠢᠯ᠎ᠠ ᠃
ᠪᠠᠶᠢᠭᠤᠯᠤᠮᠵᠢ᠎ᠶᠢᠨ ᠲᠠᠯ᠎ᠠ᠎ᠡᠴᠠ ᠮᠤᠩᠭᠤᠯ ᠰᠤᠲᠤᠯᠤᠯ᠎ᠤᠨ ᠲᠦᠪᠡᠳ ᠰᠤᠷᠪᠤᠯᠵᠢᠰ ᠰᠤᠲᠤᠯᠬᠤ ᠲᠦᠪ᠎ᠲᠤ ᠦᠬᠡᠷ᠎ᠡ ᠲᠤᠰᠬᠠᠢ ᠠᠵᠢᠯᠲᠠᠨ ᠬᠠᠷᠠᠬᠠᠨ ᠲᠤᠬᠢᠷᠠᠭᠤᠯᠵᠦ ᠦᠭᠬᠦᠬᠡ ᠦᠬᠡᠢ ᠪᠤᠯᠬᠤᠷ ᠠᠵᠢᠯ ᠶᠠᠪᠤᠲᠠᠯ᠎ᠢᠶᠡᠨ ᠶᠠᠪᠤᠬᠲᠠᠭᠤᠯᠬᠤᠳ᠋ᠤ ᠬᠦᠮᠦᠨ᠎ᠤ ᠬᠦᠴᠦᠨ ᠬᠦᠷᠦᠯᠴᠡᠬᠦ ᠦᠬᠡᠢ ᠠᠰᠠᠭᠤᠲᠠᠯ ᠴᠦ ᠲᠤᠯᠭᠠᠷᠠᠵᠦ ᠪᠠᠶᠢᠭ᠎ᠠ ᠶᠤᠮ ᠃ ︽ ᠲᠤᠭᠠᠴᠢᠯᠠᠭᠤᠯᠤᠯᠲᠠ᠎ᠶᠢᠨ ᠬᠦᠮᠦᠷᠭᠡ ᠪᠠᠶᠢᠭᠤᠯᠬᠤ ᠪᠤᠯ ᠮᠤᠩᠭᠤᠯ ᠰᠤᠲᠤᠯᠤᠯ᠎ᠳ᠋ᠤ ᠲᠤᠶᠢᠯ᠎ᠤᠨ ᠠᠴᠢ ᠬᠤᠯᠪᠤᠬᠲᠠᠯ᠎ᠲᠠᠢ ᠶᠠᠪᠤᠲᠠᠯ ᠪᠤᠯᠬᠤ ᠶᠤᠮ ᠃ ᠮᠠᠲ᠋ᠧᠷᠢᠶᠠᠯ ᠡᠷᠢᠬᠦ᠎ᠳ᠋ᠤ ᠠᠮᠠᠷ ᠂ ᠬᠠᠮᠲᠦ᠎ᠪᠠᠷ ᠠᠰᠢᠬᠯᠠᠬᠤ᠎ᠳ᠋ᠤ ᠲᠦᠬᠦᠮ ᠳ᠋ᠡᠢᠲ᠋ᠠ ᠬᠦᠮᠦᠷᠬᠡ᠎ᠶᠢ ᠪᠠᠶᠢᠭᠤᠯᠬᠤ᠎ᠳ᠋ᠤ ᠪᠡᠯᠡ ᠮᠦᠩᠬᠦᠨ᠎ᠤ ᠲᠤᠰᠠᠯᠠᠯᠴᠠᠭ᠎ᠠ ᠴᠦ ᠭᠡᠷᠡᠭᠳᠡᠢ ᠪᠠᠶᠢᠲᠠᠭ ᠃ ᠪᠢᠳᠡᠨ᠎ᠤ ᠪᠡᠯᠡ ᠮᠦᠩᠬᠦ ᠬᠢᠵᠠᠭᠠᠷ᠎ᠲᠠᠢ ᠂ ᠬᠡᠪᠡᠴᠦ ᠡᠬᠦᠨ᠎ᠡᠴᠠ ᠪᠤᠯᠵᠦ ᠬᠤᠶᠢᠰᠢ ᠤᠬᠤᠷᠢᠵᠦ ᠯᠡ ᠪᠤᠯᠬᠤ ᠦᠬᠡᠢ ᠂ ᠲᠤᠭᠠᠴᠢᠯᠠᠭᠤᠯᠬᠤ ᠠᠵᠢᠯ᠎ᠢᠶᠡᠨ ᠵᠠᠪᠠᠯ ᠡᠬᠢᠯᠡᠬᠦᠯᠬᠦ ᠭᠡᠷᠡᠭᠳᠡᠢ ᠃ ᠮᠠᠨ᠎ᠤ ᠬᠦᠮᠦᠷᠬᠡ ᠬᠤᠵᠢᠮ ᠨᠦᠯᠦᠬᠡ ᠶᠡᠬᠡᠳᠡᠢ ᠪᠤᠯᠤᠭᠰᠠᠭᠠᠷ ᠪᠤᠰᠤᠳ ᠰᠢᠨᠵᠢᠯᠡᠭᠡᠨ᠎ᠤ ᠪᠠᠢᠭᠤᠯᠭ᠎ᠠ᠎ᠶᠢᠨ ᠬᠦᠮᠦᠰ᠎ᠲᠠᠢ ᠬᠠᠮᠲᠤᠷᠠᠵᠦ ᠬᠢᠪᠡᠯ ᠨᠡᠩ ᠰᠠᠶᠢᠨ ᠪᠤᠯᠬᠤ ᠪᠤᠢ ᠭᠡᠵᠦ ᠪᠤᠲᠤᠵᠦ ᠪᠠᠶᠢᠨ᠎ᠠ ︾ ᠭᠡᠵᠦ ᠱᠦ ᠯᠢᠨ ᠶᠠᠷᠢᠨ᠎ᠠ ᠃
ᠤᠲᠤᠬᠠᠨ᠎ᠳ᠋ᠤ ᠮᠠᠰᠢ ᠤᠯᠠᠨ ᠨᠤᠮ᠎ᠤᠨ ᠰᠠᠩ ᠰᠤᠷᠪᠤᠯᠵᠢ ᠪᠢᠴᠢᠭ᠎ᠤᠨ ᠲᠤᠭᠠᠴᠢᠯᠠᠭᠤᠯᠤᠬᠰᠠᠨ ᠬᠦᠮᠦᠷᠬᠡ᠎ᠶᠢ ᠪᠠᠶᠢᠭᠤᠯᠵᠦ ᠪᠠᠶᠢᠭ᠎ᠠ ᠪᠤᠯᠪᠠᠴᠦ ᠂ ᠡᠯ᠎ᠡ ᠵᠦᠢᠯ᠎ᠤᠨ ᠰᠢᠯᠲᠠᠭᠠᠨ᠎ᠡᠴᠠ ᠪᠤᠯᠵᠦ ᠤᠯᠠᠨ ᠨᠡᠶᠢᠳᠡ᠎ᠶᠢᠨ ᠭᠡᠷᠡᠭᠯᠡᠭᠡᠨ᠎ᠳ᠋ᠤ ᠬᠠᠷᠠᠬᠠᠨ ᠪᠦᠷᠢᠨ ᠤᠷᠤᠵᠦ ᠴᠢᠲᠠᠭ᠎ᠠ ᠦᠬᠡᠢ ᠃ ︽ ᠦᠪᠦᠷ ᠮᠤᠩᠭᠤᠯ᠎ᠤᠨ ᠶᠡᠭᠡ ᠰᠤᠷᠭᠠᠭᠤᠯᠢ᠎ᠶᠢᠨ᠎ᠬᠢᠨ ᠪᠠᠰᠠ ᠮᠤᠩᠭᠤᠯ ᠲᠦᠪᠡᠳ ᠤᠷᠠᠨ ᠵᠤᠬᠢᠶᠠᠯ᠎ᠤᠨ ᠲᠤᠭᠠᠴᠢᠯᠠᠭᠤᠯᠤᠬᠰᠠᠨ ᠬᠦᠮᠦᠷᠬᠡ᠎ᠶᠢ ᠶᠠᠭ ᠰᠠᠶᠢᠬᠠᠨ ᠪᠠᠶᠢᠭᠤᠯᠵᠦ ᠪᠠᠶᠢᠨ᠎ᠠ ᠂ ᠡᠳᠡᠭᠡᠷ ᠪᠤᠯ ᠪᠦᠷ ᠲᠠᠯᠠᠶᠢᠬᠴᠢ ᠪᠤᠯᠤᠬᠰᠠᠨ ᠠ᠊ · ᠡᠷᠳᠡᠨᠢᠪᠠᠶᠠᠷ ᠪᠠᠭᠰᠢ᠎ᠶᠢᠨ ᠲᠠᠭᠠᠭᠠᠴᠢᠯᠠᠵᠦ ᠬᠢᠵᠦ ᠪᠠᠶᠢᠬᠰᠠᠨ ᠠᠵᠢᠯ ᠰᠢᠦ ᠃ ᠤᠲᠤ ᠪᠢ ᠪᠠᠬᠰᠢ᠎ᠶᠢᠨ᠎ᠢᠶᠡᠨ ᠠᠵᠢᠯ᠎ᠢ ᠵᠠᠯᠭᠠᠮᠵᠢᠯᠠᠵᠦ ᠠᠪᠤᠭᠠᠳ ᠬᠢᠵᠦ ᠪᠠᠶᠢᠨ᠎ᠠ ᠂ ᠪᠢᠳᠡᠨ᠎ᠤ ᠮᠤᠩᠭᠤᠯ ᠰᠤᠲᠤᠯᠤᠯ᠎ᠤᠨ ᠲᠦᠪᠡᠳ ᠬᠡᠯᠡᠨ᠎ᠤ ᠰᠤᠷᠪᠤᠯᠵᠢ ᠪᠢᠴᠢᠭ᠎ᠤᠨ ᠬᠦᠮᠦᠷᠬᠡ᠎ᠨᠢ ᠮᠤᠩᠭᠤᠯᠴᠤᠳ᠎ᠤᠨ ᠰᠦᠮᠪᠦᠮ ᠵᠤᠬᠢᠶᠠᠯ᠎ᠡᠴᠠ ᠭᠠᠲᠠᠨ᠎ᠠ ᠮᠤᠩᠭᠤᠯ ᠰᠤᠲᠤᠯᠤᠯ᠎ᠳ᠋ᠤ ᠬᠤᠯᠪᠤᠭᠲᠠᠬᠤ ᠲᠦᠪᠡᠳᠴᠤᠳ᠎ᠤᠨ ᠰᠤᠷᠪᠤᠯᠵᠢ ᠪᠢᠴᠢᠭ ᠪᠠ ᠲᠠᠩᠰᠠ ᠡᠪᠭᠡᠮᠡᠯ ᠂ ᠲᠦᠪᠡᠳ ︿ ᠭᠠᠨᠵᠤᠤᠷ ﹀ ︿ ᠳ᠋ᠠᠨᠵᠤᠤᠷ ﹀᠎ᠤᠨ ᠤᠯᠠᠨ᠎ᠪᠠᠷ ᠬᠡᠪᠯᠡᠯ᠎ᠢ ᠪᠠᠰᠠ ᠪᠠᠬᠠᠲᠠᠭᠠᠵᠦ ᠪᠠᠢᠭ᠎ᠠ ᠤᠴᠢᠷ᠎ᠡᠴᠠ ᠮᠤᠩᠭᠤᠯ ᠲᠦᠪᠡᠳ ᠤᠷᠠᠨ ᠵᠤᠬᠢᠶᠠᠯ᠎ᠤᠨ ᠲᠤᠭᠠᠴᠢᠯᠠᠭᠤᠯᠤᠬᠰᠠᠨ ᠬᠦᠮᠦᠷᠭᠡ᠎ᠲᠠᠢ ᠠᠳᠠᠯᠢ ᠦᠬᠡᠢ ᠪᠠᠢᠲᠠᠭ ᠂ ᠳ᠋ᠡᠢᠲ᠋ᠠ ᠬᠦᠮᠦᠷᠬᠡ ᠪᠠᠢᠭᠤᠯᠬᠤ ᠠᠵᠢᠯ ᠪᠤᠯ ᠮᠠᠨ᠎ᠤ ᠡᠨᠡ ᠵᠢᠯ᠎ᠤᠨ ᠬᠠᠮᠤᠭ᠎ᠤᠨ ᠲᠤᠮᠤ ᠠᠵᠢᠯ ᠮᠦᠨ ︾ ᠭᠡᠵᠦ ᠱᠦ ᠯᠢᠨ ᠶᠠᠷᠢᠨ᠎ᠠ ᠃
ᠲᠤᠭᠠᠴᠢᠯᠠᠭᠤᠯᠤᠬᠰᠠᠨ ᠬᠦᠮᠦᠷᠬᠡ ᠪᠠᠶᠢᠭᠤᠯᠤᠨ᠎ᠠ ᠂ ᠮᠤᠩᠭᠤᠯᠴᠤᠳ᠎ᠤᠨ ᠲᠦᠪᠡᠳ ᠬᠡᠯᠡᠨ᠎ᠤ ᠤᠷᠠᠨ ᠵᠤᠬᠢᠶᠠᠯ᠎ᠤᠨ ᠲᠡᠦᠭᠡ᠎ᠶᠢ ᠪᠢᠴᠢᠨ᠎ᠡ ᠂ ᠰᠦᠮᠪᠦᠮ ᠵᠤᠬᠢᠶᠠᠯ ᠪᠠ ᠰᠦᠮᠪᠦᠮ ᠵᠤᠬᠢᠶᠠᠯ ᠦᠬᠡᠢ ᠮᠤᠩᠭᠤᠯ ᠯᠠᠮᠠ ᠡᠷᠳᠡᠮᠳᠡᠳ᠎ᠤᠨ ᠲᠤᠪᠴᠢ ᠨᠠᠮᠲᠠᠷ᠎ᠢ ᠡᠮᠬᠢᠯᠡᠵᠦ ᠬᠡᠲᠦᠨ ᠨᠤᠮ ᠭᠠᠷᠭᠠᠨ᠎ᠠ ᠂ ᠵᠠᠮᠢᠶᠠᠨᠳᠦ᠋ᠪᠳᠡᠨ ᠪᠠᠭᠰᠢ᠎ᠶᠢᠨ ᠰᠦᠮᠪᠦᠮ ᠵᠤᠬᠢᠶᠠᠯ᠎ᠢ ᠬᠢᠲᠠᠳ ᠮᠤᠩᠭᠤᠯ᠎ᠢᠶᠠᠷ ᠤᠷᠴᠢᠭᠤᠯᠤᠨᠠ ᠂ ᠮᠤᠩᠭᠤᠯ ᠠᠨᠠᠭᠠᠬᠤ ᠤᠬᠠᠭᠠᠨ᠎ᠤ ᠲᠦᠪᠡᠳ ᠰᠤᠷᠪᠤᠯᠵᠢ ᠪᠢᠴᠢᠭ᠎ᠢ ᠮᠤᠩᠭᠤᠯᠴᠢᠯᠠᠵᠦ ᠬᠡᠪᠯᠡᠨᠠ ᠂ ᠮᠤᠩᠭᠤᠯ ᠰᠤᠲᠤᠯᠤᠯ᠎ᠤᠨ ᠲᠦᠪᠡᠳ ᠬᠡᠯᠡᠨ᠎ᠤ ᠰᠤᠷᠪᠤᠯᠵᠢ ᠪᠢᠴᠢᠭ᠎ᠤᠨ ᠦᠨᠲᠦᠷ ᠲᠡᠰ᠎ᠤᠨ ᠡᠷᠳᠡᠮ ᠰᠢᠨᠵᠢᠯᠡᠬᠡᠨ᠎ᠤ ᠬᠤᠷᠠᠯ᠎ᠢ ᠡᠷᠬᠢᠯᠡᠨ ᠬᠤᠷᠠᠯᠲᠤᠭᠤᠯᠤᠨᠠ ᠁ ᠮᠤᠩᠭᠤᠯ ᠰᠤᠲᠤᠯᠤᠯ᠎ᠤᠨ ᠲᠦᠪᠡᠳ ᠬᠡᠯᠡᠨ᠎ᠤ ᠰᠤᠷᠪᠤᠯᠵᠢ ᠪᠢᠴᠢᠭ ᠰᠤᠲᠤᠯᠬᠤ ᠲᠦᠪ᠎ᠤᠨ ᠡᠨᠡ ᠵᠢᠯ᠎ᠤᠨ ᠠᠵᠢᠯ ᠂ ᠲᠦᠯᠦᠪᠯᠡᠭᠡ ᠶᠤᠰᠤᠭᠠᠷ ᠠᠯᠬᠤᠮ ᠲᠠᠷᠠᠭ᠎ᠠ᠎ᠲᠠᠢ᠎ᠪᠠᠷ ᠶᠠᠪᠤᠬᠲᠠᠵᠦ ᠡᠬᠢᠯᠡᠯ᠎ᠡ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠪᠣᠣ ᠮᠧᠢ ᠷᠥᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃