ᠲᠡᠷᠢᠭᠦᠨ ᠨᠢᠭᠤᠷ>ᠮᠣᠩᠭᠣᠯ ᠰᠣᠳᠣᠯᠣᠯ>ᠲᠡᠤᠬᠡ

2021-01-15 10:59:12

ᠵᠣᠬᠢᠶᠠᠭ᠍ᠴᠢ᠄ ᠭᠣᠣ ᠷᠦᠢ ᠹᠧᠩ ᠣᠩᠱᠢᠭ᠍ᠰᠠᠨ ᠣᠳᠠᠭ᠎ᠠ᠄ 3

ᠨᠠᠮ᠎ᠤᠨ ᠦᠨᠳᠦᠰᠦᠲᠡᠨ᠎ᠤ ᠲᠥᠷᠥ᠎ᠶᠢᠨ ᠪᠣᠳᠣᠯᠭ᠎ᠠ᠎ᠶᠢ ᠪᠥᠬᠥ ᠲᠠᠯ᠎ᠠ᠎ᠪᠠᠷ ᠲᠤᠭᠤᠰᠢᠯᠠᠭᠤᠯᠵᠤ ᠂ ᠦᠨᠳᠦᠰᠦᠲᠡᠨ᠎ᠤ ᠪᠦᠯᠬᠦᠮᠳᠡᠯ ᠲᠠᠪᠰᠢᠯᠲᠠ᠎ᠶᠢᠨ ᠬᠥᠮᠦᠵᠢᠯ᠎ᠢ ᠭᠦᠨᠵᠡᠭᠡᠢᠷᠡᠭᠦᠯᠦᠨ ᠂ ᠳᠤᠮᠳᠠᠳᠤ᠎ᠶᠢᠨ ᠦᠨᠳᠦᠰᠦᠲᠡᠨ᠎ᠤ ᠬᠠᠮᠲᠤ ᠴᠣᠭᠴᠠ᠎ᠶᠢᠨ ᠤᠬᠠᠮᠰᠠᠷ᠎ᠢ ᠪᠠᠲᠤ ᠴᠤᠭᠴᠠᠯᠠᠵᠤ ᠂ ᠦᠨᠳᠦᠰᠦᠲᠡᠨ᠎ᠨᠦᠭᠦᠳ᠎ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠢ ᠴᠢᠩᠭᠠᠳᠬᠠᠨ ᠂ ᠦᠨᠳᠦᠰᠦᠲᠡᠨ᠎ᠨᠦᠭᠦᠳ ᠠᠨᠠᠷ᠎ᠤᠨ ᠦᠷ᠎ᠡ ᠰᠢᠭ ᠨᠢᠭᠳᠠᠷᠠᠨ ᠪᠦᠯᠬᠦᠮᠳᠡᠵᠦ ᠂ ᠬᠠᠮᠳᠤᠪᠠᠷ ᠪᠦᠯᠬᠦᠮᠳᠡᠨ ᠲᠡᠮᠡᠴᠡᠵᠦ ᠂ ᠬᠠᠮᠲᠤᠪᠠᠷ ᠴᠡᠴᠡᠭᠯᠡᠨ ᠬᠥᠭᠵᠢᠬᠦ᠎ᠶᠢ ᠠᠬᠢᠭᠤᠯᠤᠨ᠎ᠠ ᠃

 ︽ᠰᠢ ᠵᠢᠨ ᠫᠢᠩ ᠲᠦᠷᠥ᠎ᠶᠢ ᠵᠠᠰᠠᠬᠤ ᠲᠣᠬᠠᠢ︾ ︵ ᠭᠤᠷᠪᠠᠳᠤᠭᠠᠷ ᠪᠣᠳᠢ᠎ᠡᠴᠠ ︶


QQ图片20210115105113.png

ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ ᠪᠣᠯ ᠦᠨᠳᠦᠰᠦᠲᠡᠨ᠎ᠤ ᠠᠵᠢᠯ᠎ᠤᠨ ᠠᠮᠵᠢᠯᠲᠠ ᠤᠯᠬᠤ᠎ᠶᠢᠨ ᠦᠨᠳᠦᠰᠦᠨ ᠪᠠᠲᠤᠯᠠᠭ᠎ᠠ ᠂ ᠮᠥᠨ ᠴᠦ ᠦᠨᠳᠦᠰᠦᠲᠡᠨ᠎ᠨᠦᠭᠦᠳ᠎ᠤᠨ ᠶᠡᠭᠡ ᠪᠦᠯᠬᠦᠮᠳᠡᠯ᠎ᠤᠨ ᠦᠨᠳᠦᠰᠦᠨ ᠪᠠᠲᠤᠯᠠᠭ᠎ᠠ ᠮᠦᠨ ᠃

ᠪᠢᠳᠡ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ᠎ᠶᠢ ᠴᠢᠩᠭ᠎ᠠ ᠪᠠᠷᠢᠮᠲᠠᠯᠠᠳᠠᠭ ᠯᠠ ᠶᠤᠮ ᠪᠣᠯ ᠶᠠᠮᠠᠷᠪᠠ ᠬᠦᠮᠦᠨ ᠶᠠᠮᠠᠷᠪᠠ ᠤᠯᠤᠰ ᠲᠥᠷᠥ᠎ᠶᠢᠨ ᠬᠦᠴᠦᠨ ᠭᠡᠳ ᠮᠠᠨ᠎ᠤ ᠦᠨᠳᠦᠰᠦᠲᠡᠨ᠎ᠤ ᠬᠠᠷᠢᠴᠠᠭ᠎ᠠ᠎ᠶᠢ ᠬᠠᠳᠬᠤᠨ ᠵᠠᠪᠰᠠᠷᠳᠠᠭᠤᠯᠵᠤ ᠲᠡᠢᠯᠬᠦ ᠦᠭᠡᠢ ᠂ ᠮᠠᠨ᠎ᠤ ᠦᠨᠳᠦᠰᠦᠲᠡᠨ᠎ᠤ ᠪᠦᠯᠬᠦᠮᠳᠡᠯ ᠨᠢᠭᠡᠲᠦᠯ ᠤᠯᠤᠰ ᠲᠥᠷᠥ᠎ᠶᠢᠨ ᠲᠠᠯ᠎ᠠ᠎ᠪᠠᠷ ᠭᠦᠢᠴᠡᠳ ᠪᠠᠲᠤᠯᠠᠭ᠎ᠠ᠎ᠲᠠᠢ ᠪᠠᠢᠵᠤ ᠴᠢᠳᠠᠨ᠎ᠠ ᠃

ᠦᠨᠳᠦᠰᠦᠲᠡᠨ᠎ᠤ ᠭᠠᠵᠠᠷ ᠣᠷᠣᠨ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠶᠢᠭᠤᠯᠤᠯᠲᠠ᠎ᠶᠢᠨ ᠴᠤᠭᠴᠠᠯᠠᠯᠲᠠ᠎ᠶᠢ ᠴᠢᠬᠤᠯᠠᠴᠢᠯᠠᠵᠦ ᠂ ᠲᠡᠭᠦᠨ᠎ᠢ ᠲᠤᠬᠠᠢ᠎ᠶᠢᠨ ᠭᠠᠵᠠᠷ᠎ᠢ ᠴᠢᠨᠡᠭᠡᠯᠢᠭᠵᠢᠭᠦᠯᠬᠦ ᠂ ᠲᠤᠬᠠᠢ᠎ᠶᠢᠨ ᠭᠠᠵᠠᠷ᠎ᠤᠨ᠎ᠬᠢᠨ᠎ᠢ ᠪᠦᠯᠬᠦᠮᠳᠡᠭᠦᠯᠬᠦ ᠂ ᠲᠤᠬᠠᠢ᠎ᠶᠢᠨ ᠭᠠᠵᠠᠷ᠎ᠢ ᠠᠮᠤᠷ ᠲᠤᠭᠲᠠᠭᠤᠨ ᠪᠠᠶᠢᠯᠭᠠᠬᠤ ᠡᠷᠡᠰ ᠴᠢᠩᠭ᠎ᠠ ᠲᠠᠢᠴᠢᠨ ᠪᠠᠬᠢᠯᠡᠯᠲᠡ ᠪᠣᠯᠭᠠᠨ ᠂ ᠨᠠᠮ᠎ᠤᠨ ᠭᠡᠰᠢᠭᠦᠨ ᠨᠢᠭᠡᠪᠦᠷᠢ᠎ᠶᠢ ᠴᠥᠮ ᠪᠦᠯᠬᠦᠮᠳᠡᠯ ᠲᠣᠭᠲᠠᠭᠤᠨ᠎ᠢ ᠬᠠᠮᠠᠭᠠᠯᠠᠬᠤ ᠂ ᠬᠠᠮᠲᠤ᠎ᠪᠠᠷ ᠴᠢᠨᠡᠭᠡᠯᠢᠭᠵᠢᠬᠦ᠎ᠶᠢ ᠠᠬᠢᠭᠤᠯᠬᠤ ᠲᠤᠭ ᠪᠣᠯᠭᠠᠬᠤ ᠬᠡᠷᠡᠭᠲᠡᠢ ᠃

 ᠶᠡᠷᠦᠡᠭᠬᠡᠢ ᠱᠦᠵᠢ ᠰᠢ᠎ᠶᠢᠨ ᠫᠢᠡᠭ᠎ᠤᠨ 2014 ᠤᠨ᠎ᠤ 9 ᠰᠠᠷ᠎ᠠ᠎ᠶᠢᠨ 28᠎ᠤ ᠡᠳᠦᠷ᠎ᠤᠨ ᠲᠦᠪ᠎ᠤᠨ ᠦᠨᠳᠦᠰᠦᠲᠡᠨ᠎ᠤ ᠠᠵᠢᠯ᠎ᠤᠨ ᠬᠤᠷᠠᠯ ᠳᠡᠭᠡᠷᠡᠬᠢ ᠶᠠᠷᠢᠶ᠎ᠠ᠎ᠡᠴᠠ

QQ图片20210115105129.png

ᠰᠢᠨ᠎ᠡ ᠪᠠᠶᠢᠳᠠᠯ ᠳᠣᠣᠷᠠᠬᠢ ᠦᠨᠳᠦᠰᠦᠲᠡᠨ᠎ᠤ ᠠᠵᠢᠯ᠎ᠢ ᠰᠠᠶᠢᠲᠤᠷ ᠬᠢᠬᠦ᠎ᠳ᠋ᠤ ᠡᠷᠬᠡᠪᠰᠢ ᠨᠠᠮ᠎ᠤᠨ ᠦᠨᠳᠦᠰᠦᠲᠡᠨ᠎ᠤ ᠠᠵᠢᠯ᠎ᠳ᠋ᠠᠬᠢ ᠤᠳᠤᠷᠢᠳᠤᠯᠭ᠎ᠠ᠎ᠶᠢ ᠴᠢᠩᠭᠠᠳᠬᠠᠬᠤ ᠬᠡᠷᠡᠭᠲᠡᠢ ᠃ ᠡᠯ᠎ᠡ ᠱᠠᠲᠤᠨ᠎ᠤ ᠨᠠᠮ᠎ᠤᠨ ᠬᠤᠷᠢᠶ᠎ᠠ ᠦᠨᠳᠦᠰᠦᠲᠡᠨ᠎ᠤ ᠠᠵᠢᠯ᠎ᠢ ᠡᠳᠦᠷ ᠳᠣᠳᠣᠮ᠎ᠤᠨ ᠴᠢᠬᠤᠯᠠ ᠵᠥᠪᠯᠡᠬᠦ ᠵᠦᠢᠯ᠎ᠳ᠋ᠡᠭᠡᠨ ᠣᠷᠣᠭᠤᠯᠵᠤ ᠂ ᠦᠨᠳᠦᠰᠦᠲᠡᠨ᠎ᠤ ᠠᠵᠢᠯ᠎ᠢ ᠣᠶᠢᠯᠠᠭᠠᠬᠤ ᠡᠰᠡᠬᠦ ᠂ ᠦᠨᠳᠦᠰᠦᠲᠡᠨ᠎ᠤ ᠪᠦᠯᠬᠦᠮᠳᠡᠯ᠎ᠢ ᠠᠳᠬᠤᠵᠤ ᠴᠢᠳᠠᠬᠤ ᠡᠰᠡᠬᠦ᠎ᠪᠠᠷ ᠤᠳᠤᠷᠢᠳᠬᠤ ᠺᠠᠳ᠋ᠷ᠎ᠢ ᠰᠢᠯᠭᠠᠨ ᠪᠠᠢᠴᠠᠭᠠᠬᠤ ᠴᠢᠬᠤᠯᠠ ᠠᠭᠤᠯᠭ᠎ᠠ ᠪᠣᠯᠭᠠᠬᠤ ᠬᠡᠷᠡᠭᠲᠡᠢ ᠃

 ᠶᠡᠷᠦᠡᠭᠬᠡᠢ ᠱᠦᠵᠢ ᠰᠢ᠎ᠶᠢᠨ ᠫᠢᠡᠭ᠎ᠤᠨ 2019 ᠤᠨ᠎ᠤ 9 ᠰᠠᠷ᠎ᠠ᠎ᠶᠢᠨ 27᠎ᠤ ᠡᠳᠦᠷ᠎ᠤᠨ ᠪᠦᠬᠦ ᠤᠯᠤᠰ᠎ᠤᠨ ᠦᠨᠳᠦᠰᠦᠲᠡᠨ᠎ᠤ ᠪᠦᠯᠬᠦᠮᠳᠡᠯ ᠳᠠᠪᠰᠢᠯᠲᠡ᠎ᠶᠢᠨ ᠬᠦᠬᠢᠭᠦᠯᠦᠨ ᠰᠠᠢᠰᠢᠶᠠᠬᠤ ᠶᠡᠬᠡ ᠬᠤᠷᠠᠯ ᠲᠡᠭᠡᠷᠡᠬᠢ ᠶᠠᠷᠢᠶ᠎ᠠ᠎ᠡᠴᠠ



QQ图片20210115105141.png


ᠬᠦᠷᠡᠯ ᠰᠠᠪᠠ ᠪᠤᠯ ᠮᠠᠨ᠎ᠤ ᠤᠯᠤᠰ᠎ᠤᠨ ᠡᠷᠲᠡᠨ᠎ᠤ ᠲᠦᠷᠦ᠎ᠶᠢᠨ ᠴᠢᠬᠤᠯᠠ ᠪᠠᠭᠠᠵᠢ ᠬᠡᠷᠡᠭᠰᠡᠯ ᠪᠤᠯᠤᠨ᠎ᠠ ᠂ ᠱᠠᠩ ᠤᠯᠤᠰ᠎ᠡᠴᠠ ᠵᠡᠭᠦᠨ ᠵᠧᠦ ᠬᠦᠷᠲᠡᠯᠡᠬᠢ ᠴᠠᠭ ᠦᠶ᠎ᠡ᠎ᠳ᠋ᠤ ᠬᠣᠭᠣᠯᠠ ᠪᠤᠳᠠᠭ᠎ᠠ ᠠᠶᠠᠭᠠᠯᠠᠬᠤ ᠬᠡᠷᠡᠭᠰᠡᠯ ᠪᠤᠶᠤ ᠶᠤᠰᠤᠯᠠᠯ᠎ᠤᠨ ᠬᠡᠷᠡᠭᠰᠡᠯ ︵ ᠲᠠᠬᠢᠯᠭ᠎ᠠ᠎ᠶᠢᠨ ᠡᠳ᠋ ᠰᠠᠪᠠᠯᠠᠬᠤ᠎ᠳ᠋ᠤ ᠬᠡᠷᠡᠭᠯᠡᠳᠡᠭ ︶᠎ᠤᠨ ᠬᠤᠪᠢ᠎ᠳ᠋ᠤ ᠦᠷᠭᠡᠨ᠎ᠢᠶᠠᠷ ᠬᠡᠷᠡᠭᠯᠡᠭᠳᠡᠵᠦ ᠪᠠᠢᠵᠠᠢ ᠃

ᠤᠯᠠᠨ ᠵᠠᠭᠤᠨ ᠵᠢᠯ᠎ᠤᠨ ᠲᠠᠷᠠᠭᠠᠬᠢ ᠦᠨᠦᠳᠦᠷ ᠂ ᠮᠠᠨ᠎ᠤ ᠤᠯᠤᠰ᠎ᠡᠴᠠ ᠮᠠᠯᠲᠠᠵᠤ ᠢᠯᠡᠷᠡᠭᠦᠯᠦᠭᠰᠡᠨ ᠵᠧᠦ ᠤᠯᠤᠰ ᠴᠦᠨ ᠴᠢᠦ᠎ᠶᠢᠨ ᠦᠶ᠎ᠡ᠎ᠶᠢᠨ ᠬᠦᠷᠡᠯ ᠰᠠᠪᠠ ᠲᠤᠩ ᠴᠦᠬᠡᠨ ᠃ ᠤᠯᠠᠭᠠᠨᠬᠠᠳᠠ ᠬᠣᠲᠠ᠎ᠶᠢᠨ ᠨᠢᠩᠴᠧᠩ ᠰᠢᠶᠠᠨ᠎ᠤ ᠯᠢᠶᠣᠣ ᠤᠯᠤᠰ᠎ᠤᠨ ᠲᠤᠮᠳᠠᠳᠤ ᠨᠡᠢᠰᠯᠡᠯ᠎ᠤᠨ ᠮᠦᠽᠧᠢ᠎ᠳ᠋ᠤ ᠳᠡᠯᠡᠬᠡᠢ᠎ᠳ᠋ᠤ ᠬᠣᠪᠣᠷᠬᠠᠨ ︽ ᠰᠢᠦᠢ ᠤᠯᠤᠰ᠎ᠤᠨ ᠵᠢᠶᠠᠩ ᠤᠪᠤᠭᠳᠤ᠎ᠶᠢᠨ ᠤᠳᠬᠤᠨ ᠬᠦᠪᠡᠭᠦᠨ᠎ᠤ ᠬᠢᠭᠰᠡᠨ ᠬᠤᠨᠳᠠᠭ᠎ᠠ ᠬᠦᠷᠡᠯ ᠰᠠᠪᠠ᠎ᠶᠢ ᠦᠷ᠎ᠡ ᠠᠴᠢᠨᠠᠷ ᠪᠤᠯᠤᠭᠰᠠᠳ ᠲᠦᠮᠡᠨ ᠦᠶ᠎ᠡ ᠬᠠᠳᠠᠭᠠᠯᠠᠨ ᠬᠡᠷᠡᠭᠯᠡᠮᠦ ︾ ᠭᠡᠮᠡᠬᠦ ᠠᠭᠤᠯᠭ᠎ᠠ ᠪᠦᠬᠦᠢ ᠬᠢᠳᠠᠳ ᠦᠰᠦᠭ ᠰᠡᠢᠯᠦᠭᠰᠡᠨ ᠲᠦᠷᠪᠡᠯᠵᠢᠨ ᠰᠠᠭᠤᠳᠠᠯᠳᠤ ᠬᠦᠷᠡᠯ ᠰᠠᠪᠠ ᠬᠠᠳᠠᠭᠠᠯᠠᠰᠤᠳᠠᠢ ᠪᠠᠢᠳᠡᠬ ᠃

ᠡᠨᠡ ᠬᠦ ᠬᠦᠷᠡᠯ ᠰᠠᠪᠠ ᠪᠣᠯ ᠰᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ᠎ᠡᠴᠠ ᠨᠠᠭᠠᠰᠢᠬᠢ ᠤᠮᠠᠷᠠᠲᠤ ᠣᠷᠣᠨ᠎ᠳ᠋ᠤ ᠢᠯᠡᠷᠡᠭᠦᠯᠦᠭᠰᠡᠨ ᠬᠠᠮᠤᠭ᠎ᠤᠨ ᠦᠨ᠎ᠡ ᠥᠷᠲᠡᠭ᠎ᠲᠠᠢ ᠬᠦᠷᠡᠯ ᠰᠠᠪᠠ ᠪᠣᠯᠤᠨ᠎ᠠ ᠃ ᠲᠡᠭᠦᠨ᠎ᠳ᠋ᠤ ᠮᠠᠨ᠎ᠤ ᠤᠯᠤᠰ᠎ᠤᠨ ᠡᠷᠲᠡᠨ᠎ᠡᠴᠠ ᠨᠠᠭᠠᠰᠢᠬᠢ ᠶᠣᠰᠣᠯᠠᠯ ᠬᠦᠭᠵᠢᠮ᠎ᠤᠨ ᠰᠣᠶᠣᠯ ᠵᠢᠴᠢ ᠲᠠᠷᠢᠶᠠᠯᠠᠬᠤ ᠪᠣᠯᠪᠠᠰᠤᠨ ᠪᠣᠯᠤᠨ ᠨᠡᠭᠦᠳᠡᠯ ᠮᠠᠯᠵᠢᠯ᠎ᠤᠨ ᠪᠣᠯᠪᠠᠰᠤᠨ᠎ᠤ ᠮᠥᠷᠭᠥᠯᠲᠦᠭᠡᠨ ᠂ ᠰᠣᠯᠢᠯᠴᠠᠭᠠᠨ᠎ᠤ ᠤᠯᠠ ᠮᠥᠷ ᠨᠢᠭᠤᠭᠳᠠᠵᠤ ᠪᠣᠢ ᠃

ᠳ᠋ᠦ᠋ᠢᠩᠬᠤ᠎ᠶᠢᠨ ᠪᠤᠯᠠᠰᠢᠨ᠎ᠡᠴᠠ ᠵᠦᠩᠶᠤᠸᠠᠨ ᠤᠷᠤᠨ᠎ᠤ ᠶᠤᠰᠤᠯᠠᠯ᠎ᠤᠨ ᠪᠠᠭᠠᠵᠢ ᠤᠯᠳᠠᠪᠠ

ᠴᠦᠨ ᠴᠢᠦ᠎ᠶᠢᠨ ᠦᠶ᠎ᠡ᠎ᠶᠢᠨ ᠰᠢᠦᠢ ᠤᠯᠤᠰ᠎ᠤᠨ ᠬᠦᠷᠡᠯ ᠰᠠᠪᠠ᠎ᠨᠢ ᠫᠠᠯᠠᠭᠠᠷ ᠠᠮᠠᠰᠠᠷ᠎ᠲᠠᠢ ᠂ ᠬᠡᠪᠡᠯᠢ᠎ᠶᠢᠨ ᠬᠡᠰᠡᠭ᠎ᠢᠶᠠᠷ᠎ᠢᠶᠡᠨ ᠭᠦᠳᠦᠢᠢᠭᠰᠡᠨ ᠮᠦᠷᠳᠡᠭᠡᠨ ᠵᠢᠭᠠᠬᠠᠨ ᠤᠨᠵᠢᠭᠠᠷ ᠪᠠᠢᠵᠤ ᠂ ᠴᠠᠭᠠᠷᠢᠭ ᠰᠠᠭᠤᠷᠢ ᠂ ᠳᠥᠷᠪᠡᠯᠵᠢᠨ ᠰᠠᠭᠤᠳᠠᠯ᠎ᠲᠠᠢ ᠂ ᠠᠷᠢᠶᠠᠲᠠᠨ᠎ᠤ ᠴᠢᠬᠢ᠎ᠶᠢᠨ ᠬᠡᠯᠪᠡᠷᠢ ᠪᠦᠬᠦᠢ ᠬᠤᠤᠰ ᠰᠡᠨᠵᠢ᠎ᠲᠠᠢ ᠂ ᠵᠢᠭᠲᠡ ᠵᠢᠷᠤᠭᠠᠰᠤ᠎ᠶᠢᠨ ᠬᠡ᠎ᠲᠠᠢ ᠪᠠᠢᠵᠤ ᠂ ᠬᠦᠷᠡᠯ ᠰᠠᠪᠠ᠎ᠶᠢᠨ ᠢᠷᠤᠭᠠᠷ᠎ᠲᠤᠨᠢ ︽ ᠰᠢᠦᠢ ᠤᠯᠤᠰ᠎ᠤᠨ ᠵᠢᠶᠠᠩ ᠤᠪᠤᠭᠳᠤ᠎ᠶᠢᠨ ᠤᠳᠬᠤᠨ ᠬᠦᠪᠡᠭᠦᠨ᠎ᠤ ᠬᠢᠭᠰᠡᠨ ᠬᠤᠨᠳᠠᠭ᠎ᠠ ᠬᠦᠷᠡᠯ ᠰᠠᠪᠠ᠎ᠶᠢ ᠦᠷ᠎ᠡ ᠠᠴᠢᠨᠠᠷ ᠪᠤᠯᠤᠭᠰᠠᠳ ᠲᠦᠮᠡᠨ ᠦᠶ᠎ᠡ ᠬᠠᠳᠠᠭᠠᠯᠠᠨ ᠬᠡᠷᠡᠭᠯᠡᠮᠦ ︾ ᠬᠡᠮᠡᠬᠦ 3 ᠮᠥᠷ 16 ᠦᠰᠦᠭ ᠬᠦᠷᠡᠯ᠎ᠤᠨ ᠪᠢᠴᠢᠭᠡᠰᠦ᠎ᠲᠠᠢ ᠂ ᠥᠨᠳᠥᠷ᠎ᠢᠶᠠᠷ᠎ᠢᠶᠡᠨ 25.4 ᠰᠡᠨᠲ᠋ᠢᠮᠧᠲ᠋ᠷ ᠂ ᠥᠷᠭᠡᠨ᠎ᠢᠶᠠᠷ᠎ᠢᠶᠡᠨ 34.6 ᠰᠡᠨᠲ᠋ᠢᠮᠧᠲ᠋ᠷ ᠂ ᠠᠮᠠᠰᠠᠷ᠎ᠤᠨ ᠳ᠋ᠢᠶᠠᠮᠧᠲ᠋ᠷ᠎ᠨᠢ 30 ᠰᠡᠨᠲ᠋ᠢᠮᠧᠲ᠋ᠷ ᠪᠠᠢᠵᠤ ᠂ ᠤᠯᠤᠰ᠎ᠤᠨ ᠨᠢᠭᠡᠳᠦᠭᠡᠷ ᠳᠡᠰ᠎ᠤᠨ ᠲᠡᠦᠬᠡ᠎ᠶᠢᠨ ᠳᠤᠷᠠᠰᠬᠠᠯᠲᠤ ᠡᠳ᠋ ᠪᠣᠯᠤᠨ᠎ᠠ ᠃

︽ ᠰᠢᠦᠢ ᠤᠯᠤᠰ᠎ᠤᠨ ᠬᠦᠷᠡᠯ ᠰᠠᠪᠠ᠎ᠶᠢ 1985 ᠣᠨ᠎ᠳ᠋ᠤ ᠮᠠᠯᠳᠠᠵᠤ ᠢᠯᠡᠷᠡᠭᠦᠯᠵᠡᠢ ᠂ ᠵᠦᠩᠶᠤᠸᠠᠨ ᠤᠷᠤᠨ᠎ᠤ ᠨᠡᠢᠲᠡᠯᠢᠭ ᠰᠣᠶᠣᠯ᠎ᠤᠨ ᠣᠨᠴᠠᠯᠢᠭ᠎ᠲᠠᠢ ᠃ ᠪᠢ ᠡᠨᠡ ᠬᠦ ᠬᠦᠷᠡᠯ ᠰᠠᠪᠠ᠎ᠶᠢ ᠮᠠᠯᠲᠠᠨ ᠢᠯᠡᠷᠡᠭᠦᠯᠦᠭᠰᠡᠨ ᠴᠠᠭ᠎ᠡᠴᠠ ᠡᠬᠢᠯᠡᠭᠡᠳ ᠳᠡᠯᠡᠬᠡᠢ᠎ᠶᠢᠨ ᠬᠥᠮᠦᠰ᠎ᠤᠨ ᠠᠩᠬᠠᠷᠤᠯ᠎ᠳ᠋ᠤ ᠬᠦᠷᠬᠦ ᠪᠦᠬᠦ ᠶᠠᠪᠤᠴᠠ᠎ᠳ᠋ᠤ ᠣᠷᠣᠯᠴᠠᠭᠰᠠᠨ ᠪᠥᠭᠡᠳ ᠬᠦᠷᠡᠯ ᠰᠠᠪᠠ᠎ᠶᠢᠨ ᠲᠤᠬᠠᠢ ᠬᠣᠶᠠᠷ ᠵᠣᠬᠢᠶᠠᠯ ᠨᠡᠢᠲᠡᠯᠡᠭᠰᠡᠨ᠎ᠳ᠋ᠡᠭᠡᠨ ᠰᠡᠳᠬᠢᠯ ᠬᠠᠨᠤᠮᠵᠢᠳᠠᠢ ᠪᠠᠢᠨ᠎ᠠ ︾ ᠭᠡᠵᠦ 85 ᠨᠠᠰᠤᠲᠠᠢ ᠂ ᠠᠵᠢᠯ᠎ᠡᠴᠠ᠎ᠪᠠᠨ ᠠᠮᠠᠷᠠᠭᠰᠠᠨ ᠤᠯᠠᠭᠠᠨᠬᠠᠳᠠ᠎ᠶᠢᠨ ᠮᠦᠽᠧᠢ᠎ᠶᠢᠨ ᠤᠤᠯ᠎ᠤᠨ ᠳᠠᠷᠤᠭ᠎ᠠ ᠪᠠᠢᠭᠰᠠᠨ ᠰᠢᠶᠠᠩ ᠴᠦᠨ ᠰᠥᠩ ᠨᠠᠰᠤᠲᠠᠨ ᠲᠤᠬᠠᠢ᠎ᠶᠢᠨ ᠵᠢᠯ᠎ᠤᠨ ᠮᠠᠯᠳᠠᠯᠭ᠎ᠠ ᠪᠠ ᠡᠮᠬᠢᠳᠭᠡᠬᠦ ᠠᠵᠢᠯ᠎ᠳ᠋ᠤ ᠣᠷᠣᠯᠴᠠᠭᠰᠠᠨ᠎ᠢᠶᠡᠨ ᠡᠷᠭᠢᠴᠡᠭᠦᠯᠦᠨ ᠶᠠᠷᠢᠨ᠎ᠠ ᠃

1985 ᠣᠨ᠎ᠤ 4 ᠰᠠᠷ᠎ᠠ᠎ᠶᠢᠨ ᠡᠬᠢ᠎ᠪᠠᠷ ᠂ ᠨᠢᠩᠴᠸᠩ ᠰᠢᠶᠠᠨ᠎ᠤ ᠳ᠋ᠢᠶᠠᠨ ᠽᠢ ᠰᠢᠶᠠᠩ᠎ᠤᠨ ᠰᠢᠶᠣᠤ ᠾᠸᠢ ᠱᠢ ᠭᠧᠦ ᠲᠣᠰᠬᠣᠨ᠎ᠤ ᠲᠠᠷᠢᠶᠠᠴᠢᠨ ᠰᠢᠷᠣᠢ ᠲᠡᠭᠡᠭᠡᠵᠦ ᠪᠠᠢᠬᠤ᠎ᠳ᠋ᠤ ᠬᠡᠨᠡᠳᠲᠡ ᠰᠢᠷᠦᠢ᠎ᠶᠢᠨ ᠲᠤᠪᠤ᠋ ᠨᠤᠷᠠᠵᠤ ᠂ ᠨᠢᠭᠡᠨ ᠴᠢᠯᠠᠭᠤᠨ ᠠᠪᠰᠠ᠎ᠲᠠᠢ ᠪᠤᠯᠠᠰᠢ ᠪᠠ ᠮᠠᠰᠢ ᠣᠯᠠᠨ ᠲᠡᠦᠬᠡ᠎ᠶᠢᠨ ᠳᠤᠷᠠᠰᠬᠠᠯᠲᠤ ᠵᠦᠢᠯᠡᠰ ᠢᠯᠡᠷᠡᠪᠡ ᠃

ᠲᠣᠰᠬᠣᠨ᠎ᠤ ᠵᠥᠪᠯᠡᠯ ᠡᠨᠡ ᠬᠦ ᠪᠠᠢᠳᠠᠯ᠎ᠢ ᠮᠡᠳᠡᠭᠰᠡᠨ᠎ᠤ ᠳᠠᠷᠠᠭ᠎ᠠ ᠂ ᠬᠥᠮᠦᠨ ᠲᠣᠮᠢᠯᠠᠨ ᠪᠤᠯᠢᠶᠠᠬᠤ ᠠᠵᠢᠯᠯᠠᠭ᠎ᠠ᠎ᠶᠢ ᠴᠢᠩᠭ᠎ᠠ ᠰᠡᠷᠭᠡᠢᠯᠡᠬᠦ᠎ᠶᠢᠨ ᠵᠡᠷᠭᠡᠪᠡᠷ ᠳᠡᠭᠡᠷ᠎ᠠ ᠱᠠᠳᠤᠨ᠎ᠳ᠋ᠤ ᠮᠡᠳᠡᠭᠦᠯᠪᠡ ᠃ ᠤᠳᠠᠯ ᠦᠭᠡᠢ ᠰᠢᠶᠠᠩ᠎ᠤᠨ ᠵᠠᠰᠠᠭ᠎ᠤᠨ ᠣᠷᠳᠣᠨ ᠂ ᠨᠢᠩᠴᠧᠩ ᠰᠢᠶᠠᠨ᠎ᠤ ᠰᠣᠶᠣᠯ᠎ᠤᠨ ᠲᠣᠪᠴᠢᠶ᠎ᠠ ᠂ ᠤᠯᠠᠭᠠᠨᠬᠠᠳᠠ ᠬᠣᠲᠠ᠎ᠶᠢᠨ ᠲᠡᠦᠬᠡ᠎ᠶᠢᠨ ᠳᠤᠷᠠᠰᠬᠠᠯᠲᠤ ᠵᠦᠢᠯᠡᠰ᠎ᠤᠨ ᠠᠵᠢᠯ᠎ᠤᠨ ᠥᠷᠲᠡᠭᠡ ︵ ᠣᠳᠣ᠎ᠶᠢᠨ ᠤᠯᠠᠭᠠᠨᠬᠠᠳᠠ ᠬᠣᠲᠠ᠎ᠶᠢᠨ ᠮᠦᠽᠧᠢ ︶ ᠵᠡᠷᠭᠡ ᠬᠠᠮᠢᠶ᠎ᠠ ᠪᠦᠬᠦᠢ ᠰᠠᠯᠠᠭ᠎ᠠ ᠮᠥᠴᠢᠷ᠎ᠤᠨ ᠠᠵᠢᠯᠲᠠᠳ ᠲᠤᠬᠠᠢ᠎ᠶᠢᠨ ᠲᠠᠯᠠᠪᠠᠢ᠎ᠳ᠋ᠤ ᠬᠦᠷᠴᠦ ᠪᠤᠯᠠᠰᠢ᠎ᠶᠢ ᠬᠠᠢᠨ ᠰᠢᠨᠵᠢᠯᠡᠬᠦ᠎ᠶᠢᠨ ᠲᠠᠭᠠᠤ ᠬᠤᠪᠢ ᠬᠦᠮᠦᠨ᠎ᠤ ᠠᠪᠠᠴᠢᠭᠰᠠᠨ ᠪᠣᠢ ᠪᠦᠬᠦᠢ ᠲᠡᠦᠬᠡ᠎ᠶᠢᠨ ᠳᠤᠷᠠᠰᠬᠠᠯᠲᠤ ᠵᠦᠢᠯᠡᠰ᠎ᠢ ᠤᠯᠵᠦ ᠠᠪᠴᠢᠷᠠᠪᠠ ᠃

ᠤᠯᠠᠭᠠᠨᠬᠠᠳᠠ ᠬᠣᠲᠠ᠎ᠶᠢᠨ ᠲᠡᠦᠬᠡ᠎ᠶᠢᠨ ᠳᠤᠷᠠᠰᠬᠠᠯᠲᠤ ᠵᠦᠢᠯᠡᠰ᠎ᠤᠨ ᠠᠵᠢᠯ᠎ᠤᠨ ᠥᠷᠲᠡᠭᠡ᠎ᠶᠢᠨ ᠳᠠᠷᠤᠭ᠎ᠠ ᠪᠠᠢᠭᠰᠠᠨ ᠰᠢᠶᠠᠩ ᠴᠦᠨ ᠰᠥᠩ ᠪᠠᠰᠠ ᠲᠤᠬᠠᠢ᠎ᠶᠢᠨ ᠲᠠᠯᠠᠪᠠᠢ᠎ᠳ᠋ᠤ ᠬᠦᠷᠴᠦ ᠪᠤᠯᠠᠰᠢᠨ᠎ᠤ ᠮᠠᠯᠲᠠᠯᠭ᠎ᠠ᠎ᠳ᠋ᠤ ᠣᠷᠣᠯᠴᠠᠪᠠ ᠃ ᠤᠳᠠᠭᠠᠨ ᠬᠣᠨᠣᠭ᠎ᠤᠨ ᠮᠠᠯᠳᠠᠯᠭ᠎ᠠ᠎ᠪᠠᠷ ᠲᠠᠮᠵᠢᠵᠤ ᠂ 20 ᠰᠢᠷᠬᠡᠭ ᠶᠤᠰᠤᠯᠠᠯ᠎ᠤᠨ ᠬᠦᠷᠡᠯ ᠪᠠᠭᠠᠵᠢ ᠂ 10 ᠴᠢᠯᠠᠭᠤᠨ ᠪᠠᠭᠠᠵᠢ ᠂ 70 ᠭᠠᠷᠤᠢ ᠲᠡᠷᠭᠡ ᠮᠣᠷᠢᠨ᠎ᠤ ᠡᠳ᠋ᠯᠡᠯ ᠂ 28 ᠰᠢᠷᠬᠡᠭ ᠬᠦᠷᠡᠯ ᠵᠡᠪᠰᠡᠭ ᠵᠡᠷᠭᠡ ᠣᠯᠠᠨ ᠲᠥᠷᠥᠯ᠎ᠤᠨ ᠲᠠᠭᠠᠭᠤᠯᠤᠨ ᠤᠷᠤᠰᠢᠭᠤᠯᠤᠭᠰᠠᠨ 400 ᠭᠠᠷᠤᠢ ᠬᠡᠷᠡᠭᠰᠡᠯ᠎ᠢ ᠮᠠᠯᠳᠠᠨ ᠴᠤᠭᠯᠠᠭᠤᠯᠪᠠ ᠂ ᠰᠢᠦᠢ ᠤᠯᠤᠰ᠎ᠤᠨ ᠬᠦᠷᠡᠯ ᠰᠠᠪᠠ ᠲᠠᠷᠤᠢ ᠡᠭᠦᠨ᠎ᠳ᠋ᠤ ᠪᠠᠭᠳᠠᠵᠤ ᠪᠤᠢ ᠃

ᠬᠡᠳᠦᠢᠢᠪᠡᠷ ᠣᠨ ᠵᠢᠯ ᠦᠩᠭᠡᠷᠡᠵᠦ ᠂ ᠮᠤᠳᠤᠨ ᠠᠪᠰᠠ ᠪᠠ ᠪᠤᠯᠠᠰᠢ᠎ᠶᠢᠨ ᠡᠵᠡᠨ᠎ᠤ ᠬᠡᠭᠦᠷ ᠪᠡᠶ᠎ᠡ᠎ᠨᠢ ᠢᠯᠵᠢᠷᠡᠵᠦ ᠂ ᠢᠯᠭᠠᠨ ᠲᠠᠨᠢᠭᠳᠠᠬᠤ ᠦᠭᠡᠢ ᠪᠤᠯᠤᠭᠰᠠᠨ ᠪᠣᠯᠪᠠᠴᠤ ᠂ ᠮᠠᠯᠲᠠᠵᠤ ᠢᠯᠡᠷᠡᠭᠦᠯᠦᠭᠰᠡᠨ ᠲᠡᠦᠬᠡ᠎ᠶᠢᠨ ᠳᠤᠷᠠᠰᠬᠠᠯᠲᠤ ᠵᠦᠢᠯᠡᠰ᠎ᠤᠨ ᠲᠣᠭ᠎ᠠ ᠂ ᠬᠤᠪᠤᠷ ᠴᠤᠬᠠᠭ᠎ᠤᠨ ᠬᠡᠮᠵᠢᠶ᠎ᠡ ᠵᠢᠴᠢ ᠬᠡᠪ ᠨᠠᠮᠪᠠ᠎ᠶᠢ᠎ᠨᠢ ᠦᠨᠳᠦᠰᠦᠯᠡᠪᠡᠯ ᠂ ᠡᠨᠡ ᠬᠦ ᠴᠢᠯᠠᠭᠤᠨ ᠠᠪᠰᠠ᠎ᠲᠠᠢ ᠪᠤᠯᠠᠰᠢ᠎ᠨᠢ ᠪᠠᠷᠤᠭ ᠰᠢᠶᠠ ᠵᠢᠶᠠ ᠳ᠋ᠢᠶᠠᠨ᠎ᠤ ᠳᠡᠭᠡᠳᠦ ᠳᠠᠪᠬᠤᠷᠭ᠎ᠠ᠎ᠶᠢᠨ ᠰᠣᠶᠣᠯ᠎ᠤᠨ ᠴᠠᠭ ᠦᠶ᠎ᠡ᠎ᠳ᠋ᠤ ᠤᠷᠤᠰᠢᠵᠤ ᠪᠠᠢᠭᠰᠠᠨ ᠪᠠ ᠳ᠋ᠦ᠋ᠢᠩᠬᠤ᠎ᠶᠢᠨ ᠢᠵᠠᠭᠤᠷᠲᠠᠨ᠎ᠤ ᠪᠤᠯᠠᠰᠢ ᠮᠦᠨ ᠭᠡᠳᠡᠭ᠎ᠨᠢ ᠲᠤᠳᠤᠷᠬᠠᠢ ︾ ᠭᠡᠵᠦ ᠰᠢᠶᠠᠩ ᠴᠦᠨ ᠰᠥᠩ ᠬᠡᠯᠡᠪᠡ ᠃

ᠬᠣᠶᠠᠷ ᠵᠦᠢᠯ᠎ᠤᠨ ᠠᠳᠠᠯᠢ ᠪᠤᠰᠤ ᠰᠣᠶᠣᠯ᠎ᠤᠨ ᠬᠡᠪ ᠨᠠᠮᠪᠠ ᠪᠦᠬᠦᠢ ᠣᠷᠣᠰᠢᠭᠤᠯᠭ᠎ᠠ᠎ᠶᠢᠨ ᠡᠳ᠋

ᠰᠤᠷᠪᠤᠯᠵᠢ ᠪᠢᠴᠢᠭ᠎ᠲᠤ ᠲᠡᠮᠳᠡᠭᠯᠡᠭᠰᠡᠨ᠎ᠢᠶᠠᠷ ᠂ ᠰᠢᠶᠨ ᠵᠢᠶᠨ ᠳ᠋ᠢᠶᠠᠨ᠎ᠤ ᠳᠡᠭᠡᠳᠦ ᠳᠠᠪᠬᠤᠷᠭ᠎ᠠ᠎ᠶᠢᠨ ᠰᠣᠶᠣᠯ᠎ᠤᠨ ᠴᠠᠭ ᠦᠶ᠎ᠡ᠎ᠳ᠋ᠤ ᠳ᠋ᠦ᠋ᠢᠩᠬᠤ᠎ᠶᠢᠨ ᠦᠯᠡᠳᠡᠭᠳᠡᠯ᠎ᠨᠢ ᠭᠣᠣᠯᠳᠠᠭᠤ ᠯᠢᠶᠣᠤᠾᠧ ᠭᠣᠣᠯ᠎ᠤᠨ ᠳᠡᠭᠡᠳᠦ ᠤᠷᠤᠰᠬᠠᠯ ᠂ ᠲᠠᠷᠤᠢ ᠣᠳᠣ᠎ᠶᠢᠨ ᠤᠯᠠᠭᠠᠠᠬᠠᠳᠡ ᠬᠣᠲᠠ᠎ᠶᠢᠨ ᠬᠢᠯᠢ᠎ᠳ᠋ᠤ ᠲᠠᠷᠬᠠᠵᠤ ᠂ ᠨᠢᠩᠴᠧᠩ ᠰᠢᠶᠠᠨ᠎ᠤ ᠨᠠᠨ ᠱᠠᠨ ᠭᠧᠨ ᠲᠤᠰᠬᠤᠨ ᠪᠠ ᠤᠢᠷ᠎ᠠ ᠬᠠᠪᠢ᠎ᠶᠢᠨ ᠠᠷᠪᠠ ᠭᠠᠷᠤᠢ ᠺᠢᠯᠣᠮᠧᠲ᠋ᠷ ᠵᠠᠢᠲᠠᠢ ᠪᠠᠢᠬᠤ ᠰᠢᠶᠤᠤ ᠾᠸᠢ ᠱᠢ ᠭᠧᠦ ᠠᠭᠤᠯᠠᠷᠬᠠᠭ ᠣᠷᠣᠨ ᠪᠣᠯ ᠤᠷᠤᠰᠢᠨ ᠠᠮᠢᠳᠤᠷᠠᠵᠤ ᠪᠠᠢᠭᠰᠠᠨ ᠲᠦᠪ ᠤᠷᠤᠨ ᠪᠣᠯᠤᠨ᠎ᠠ ᠃

ᠮᠠᠯᠲᠠᠨ ᠢᠯᠡᠷᠡᠭᠦᠯᠦᠭᠰᠡᠨ 400 ᠭᠠᠷᠤᠢ ᠰᠢᠷᠬᠡᠭ ᠲᠡᠦᠬᠡᠨ ᠳᠤᠷᠠᠰᠬᠠᠯᠲᠤ ᠵᠦᠢᠯᠡᠰ᠎ᠢ ᠰᠢᠨᠵᠢᠪᠡᠯ ᠂ ᠬᠣᠶᠠᠷ ᠲᠤᠮᠤ ᠰᠣᠶᠣᠯ᠎ᠤᠨ ᠰᠢᠰᠲ᠋ᠧᠮ᠎ᠳ᠋ᠤ ᠬᠠᠷᠢᠶᠠᠯᠠᠭᠳᠠᠬᠤ᠎ᠨᠢ ᠲᠤᠳᠤᠷᠬᠠᠢ ᠃ ᠨᠢᠭᠡ᠎ᠨᠢ ᠤᠮᠠᠷᠠᠲᠤ᠎ᠶᠢᠨ ᠳ᠋ᠦ᠋ᠢᠩᠬᠤ ᠤᠭᠰᠠᠭᠠᠨ᠎ᠤ ᠲᠤᠰ ᠪᠡᠶ᠎ᠡ᠎ᠶᠢᠨ᠎ᠬᠢᠨ ᠰᠣᠶᠣᠯ᠎ᠤᠨ ᠰᠢᠰᠲ᠋ᠧᠮ᠎ᠳ᠋ᠤ ᠪᠠᠭᠳᠠᠨ᠎ᠠ ᠂ ᠲᠤᠬᠠᠢᠯᠠᠪᠠᠯ ᠵᠠᠯᠭᠠᠯᠳᠤᠭᠰᠠᠨ ᠬᠤᠤᠰ ᠪᠤᠳᠤᠩ ᠂ ᠵᠠᠯᠭᠠᠯᠳᠤᠭᠰᠠᠨ ᠲᠦᠷᠪᠡᠨ ᠪᠤᠳᠤᠩ ᠂ ᠭᠤᠷᠪᠠᠨ ᠬᠦᠯᠳᠦ ᠰᠠᠪᠠ ᠂ ᠵᠠᠯᠭᠠᠯᠳᠤᠭᠰᠠᠨ ᠦᠨᠳᠦᠷ ᠬᠦᠯᠲᠦ ᠵᠢᠷᠭᠤᠭᠠᠨ ᠲᠠᠪᠠᠭ ᠵᠡᠷᠭᠡ ᠃ ᠡᠭᠦᠨ᠎ᠳ᠋ᠤ ᠦᠢᠯᠡᠳᠪᠦᠷᠢᠯᠡᠯ᠎ᠤᠨ ᠪᠠᠭᠠᠵᠢ ᠬᠡᠷᠡᠭᠰᠡᠯ ᠂ ᠠᠮᠢᠲᠠᠨ᠎ᠤ ᠬᠡ᠎ᠲᠠᠢ ᠵᠠᠰᠠᠯ ᠴᠢᠮᠡᠭᠯᠡᠯ᠎ᠤᠨ ᠡᠳ᠋ ᠂ ᠲᠡᠷᠭᠡ ᠮᠣᠷᠢᠨ᠎ᠤ ᠬᠡᠷᠡᠭᠰᠡᠯ ᠵᠡᠷᠭᠡ᠎ᠨᠢ ᠪᠤᠯ ᠳ᠋ᠦ᠋ᠢᠩᠬᠤ ᠪᠤᠶᠤ ᠰᠢᠶᠨ ᠵᠢᠶᠨ ᠳ᠋ᠢᠶᠠᠨ᠎ᠤ ᠳᠡᠭᠡᠳᠦ ᠳᠠᠪᠬᠤᠷᠭ᠎ᠠ᠎ᠶᠢᠨ ᠰᠣᠶᠣᠯ᠎ᠳ᠋ᠤ ᠤᠨᠴᠠ ᠪᠠᠢᠳᠠᠭ ᠪᠠᠭᠠᠵᠢ ᠬᠡᠷᠡᠭᠰᠡᠯ ᠪᠤᠯᠤᠨ᠎ᠠ ᠃ ᠨᠦᠭᠦᠭᠡ᠎ᠨᠢ ᠵᠦᠩᠶᠤᠸᠠᠨ ᠤᠷᠤᠨ᠎ᠤ ᠰᠣᠶᠣᠯ᠎ᠤᠨ ᠰᠢᠰᠲ᠋ᠧᠮ᠎ᠳ᠋ᠤ ᠪᠠᠭᠳᠠᠨ᠎ᠠ ᠂ ᠵᠢᠱᠢᠶᠡᠯᠡᠪᠡᠯ ᠬᠤᠨᠳᠠᠭ᠎ᠠ ᠂ ᠲᠦᠷᠪᠡᠯᠵᠢᠨ ᠬᠦᠯᠢᠰ ᠪᠣᠯᠤᠨ ᠰᠢᠦᠢ ᠤᠯᠤᠰ᠎ᠤᠨ ᠬᠦᠷᠡᠯ ᠰᠠᠪᠠ ᠵᠡᠷᠭᠡ ᠃

︽ ᠰᠢᠦᠢ ᠤᠯᠤᠰ᠎ᠤᠨ ᠬᠦᠷᠡᠯ ᠰᠠᠪᠠ ᠪᠣᠯ ᠰᠢᠨ᠎ᠡ ᠳᠤᠮᠳᠠᠳᠤ ᠤᠯᠤᠰ ᠪᠠᠢᠭᠤᠯᠤᠭᠳᠠᠭᠰᠠᠨ᠎ᠡᠴᠠ ᠨᠠᠭᠠᠰᠢᠬᠢ ᠵᠡᠭᠦᠨ ᠬᠣᠢᠲᠤ ᠣᠷᠣᠨ᠎ᠤ ᠰᠢᠶᠠ ᠵᠢᠶᠠ ᠳ᠋ᠢᠶᠠᠨ᠎ᠤ ᠳᠡᠭᠡᠳᠦ ᠳᠠᠪᠬᠤᠷᠭ᠎ᠠ᠎ᠶᠢᠨ ᠰᠣᠶᠣᠯ᠎ᠤᠨ ᠪᠠᠭᠤᠷᠢ᠎ᠡᠴᠠ ᠮᠠᠯᠳᠠᠵᠤ ᠢᠯᠡᠷᠡᠭᠦᠯᠦᠭᠰᠡᠨ ᠬᠦᠷᠡᠯ ᠪᠠᠭᠠᠵᠢ᠎ᠶᠢᠨ ᠲᠤᠳᠤᠷ᠎ᠠ᠎ᠡᠴᠠ ᠬᠠᠮᠤᠭ᠎ᠤᠨ ᠠᠩᠬ᠎ᠠ ᠢᠯᠡᠷᠡᠭᠦᠯᠦᠭᠰᠡᠨ ᠮᠦᠷᠳᠡᠭᠡᠨ ᠪᠢᠴᠢᠭᠡᠰᠦ᠎ᠶᠢᠨ ᠠᠭᠤᠯᠭ᠎ᠠ᠎ᠨᠢ ᠬᠠᠮᠤᠭ᠎ᠤᠨ ᠪᠦᠷᠢᠨ ᠪᠦᠲᠦᠨ ᠵᠦᠩᠶᠤᠸᠠᠨ ᠤᠷᠤᠨ᠎ᠤ ᠶᠤᠰᠤᠯᠠᠯ᠎ᠤᠨ ᠪᠠᠭᠠᠵᠢ ᠪᠣᠯᠤᠨ᠎ᠠ ᠃ ︾ ᠭᠡᠵᠦ ᠰᠢᠶᠠᠩ ᠴᠦᠨ ᠰᠥᠩ ᠬᠡᠯᠡᠪᠡ ᠃ ᠡᠭᠦᠨ᠎ᠳ᠋ᠤ ᠂ ︽ ᠰᠢᠦᠢ ︾ ᠭᠡᠳᠡᠭ ᠬᠢᠳᠠᠳ ᠦᠰᠦᠭ᠎ᠡᠴᠠ ᠦᠵᠡᠬᠦ᠎ᠳ᠋ᠤ ᠲᠡᠷᠡ᠎ᠨᠢ ᠲᠤᠬᠠᠢ᠎ᠶᠢᠨ ᠦᠶ᠎ᠡ᠎ᠶᠢᠨ ᠵᠦᠩᠶᠤᠸᠠᠨ ᠤᠷᠤᠨ᠎ᠤ ᠰᠢᠦᠢ ᠤᠯᠤᠰ᠎ᠢ ᠵᠢᠭᠠᠵᠤ ᠪᠤᠢ ᠂ ᠰᠢᠦᠢ ᠤᠯᠤᠰ ᠪᠤᠯ ᠤᠳᠤ᠎ᠶᠢᠨ ᠾᠧᠨᠠᠨ ᠮᠤᠵᠢ᠎ᠶᠢᠨ ᠰᠢᠦᠢ ᠴᠠᠩ ᠣᠷᠴᠢᠮ ᠪᠠᠢᠵᠤ ᠂ ᠳ᠋ᠦᠩᠬᠤ ᠦᠨᠳᠦᠰᠦᠲᠡᠨ᠎ᠤ ᠤᠷᠤᠰᠢᠨ ᠠᠮᠢᠳᠤᠷᠠᠵᠤ ᠪᠠᠢᠭᠰᠠᠨ ᠤᠯᠠᠭᠠᠨᠬᠠᠳᠠ ᠤᠷᠤᠨ᠎ᠡᠴᠠ ᠮᠢᠩᠭ᠎ᠠ ᠢᠯᠡᠭᠦᠦ ᠭᠠᠵᠠᠷ ᠵᠠᠢᠲᠠᠢ ᠃

ᠤᠢᠯᠠᠭᠠᠭᠰᠠᠨ᠎ᠢᠶᠠᠷ ᠂ ᠣᠳᠣᠬᠠᠨ᠎ᠳ᠋ᠤ ᠡᠢᠮᠦᠷᠬᠦᠦ ᠮᠠᠢᠭ᠎ᠲᠠᠢ ᠰᠢᠦᠢ ᠤᠯᠤᠰ᠎ᠤᠨ ᠬᠦᠷᠡᠯ ᠪᠠᠭᠠᠵᠢ᠎ᠶᠢ ᠰᠢᠦᠢ ᠴᠠᠩ᠎ᠡᠴᠠ ᠤᠯᠠᠨ ᠤᠯᠠᠨ ᠢᠯᠡᠷᠡᠭᠦᠯᠵᠡᠢ ᠂ ᠲᠡᠭᠡᠪᠡᠯ ᠰᠢᠦᠢ ᠤᠯᠤᠰ᠎ᠤᠨ ᠬᠦᠷᠡᠯ ᠰᠠᠪᠠ ᠶᠠᠭᠠᠬᠢᠭᠠᠳ ᠮᠢᠩᠭᠠᠨ ᠭᠠᠵᠠᠷ᠎ᠤᠨ ᠴᠠᠭᠠᠨᠠᠬᠢ ᠤᠯᠠᠭᠠᠨᠬᠠᠳᠠ᠎ᠳ᠋ᠤ ᠢᠯᠡᠷᠡᠪᠡ ︖ ᠲᠡᠢᠮᠦ ᠮᠥᠷᠲᠡᠭᠡᠨ ᠶᠠᠭᠠᠬᠢᠭᠠᠳ ᠪᠠᠰᠠ ᠳ᠋ᠦᠩᠬᠤ ᠤᠭᠰᠠᠭᠠᠨ᠎ᠤ ᠢᠵᠠᠭᠤᠷᠲᠠᠨ᠎ᠤ ᠪᠤᠯᠠᠰᠢᠨ᠎ᠡᠴᠠ ᠢᠯᠡᠷᠡᠪᠡ ︖

ᠰᠢᠶᠠᠩ ᠴᠦᠨ ᠰᠥᠩ ᠤᠯᠠᠨ ᠵᠢᠯ ᠲᠡᠦᠬᠡ᠎ᠶᠢᠨ ᠳᠤᠷᠠᠰᠬᠠᠯᠲᠤ ᠵᠦᠢᠯᠡᠰ ᠰᠤᠳᠤᠯᠵᠤ ᠂ ᠬᠣᠪᠣᠷ ᠴᠤᠬᠠᠭ ᠲᠡᠦᠬᠡ᠎ᠶᠢᠨ ᠳᠤᠷᠠᠰᠬᠠᠯᠲᠤ ᠵᠦᠢᠯᠡᠰ᠎ᠢ ᠮᠠᠰᠢ ᠣᠯᠠᠨ ᠦᠵᠡᠵᠦ ᠦᠩᠭᠡᠷᠡᠭᠰᠡᠨ ᠪᠣᠯᠪᠠᠴᠤ ᠲᠤᠰᠬᠠᠢ ᠰᠤᠳᠤᠯᠤᠭᠰᠠᠨ ᠪᠥᠭᠡᠳ ᠣᠮᠣᠭᠰᠢᠯ ᠲᠦᠷᠦᠭᠦᠯᠦᠭᠰᠡᠨ ᠲᠡᠦᠬᠡ᠎ᠶᠢᠨ ᠳᠤᠷᠠᠰᠬᠠᠯᠲᠤ ᠵᠦᠢᠯᠡᠰ᠎ᠨᠢ ᠬᠠᠷᠢᠨ ᠡᠨᠡ ᠬᠦ ᠰᠢᠦᠢ ᠤᠯᠤᠰ᠎ᠤᠨ ᠬᠦᠷᠡᠯ ᠰᠠᠪᠠ ᠪᠠᠢᠯ᠎ᠠ ᠃

1995 ᠣᠨ᠎ᠳ᠋ᠤ ᠰᠢᠶᠠᠩ ᠴᠦᠨ ᠰᠥᠩ ᠨᠢᠭᠡᠳᠦᠭᠡᠷ ᠵᠣᠬᠢᠶᠠᠭᠴᠢ᠎ᠶᠢᠨ ᠬᠤᠪᠢ᠎ᠪᠠᠷ ᠪᠤᠰᠤᠳ᠎ᠲᠠᠢ ᠬᠠᠮᠳᠤᠷᠠᠨ ︽ ᠨᠢᠩᠴᠸᠩ ᠰᠢᠶᠠᠨ᠎ᠤ ᠰᠢᠶᠣᠤ ᠾᠸᠢ ᠱᠢ ᠭᠧᠦ ᠲᠣᠰᠬᠣᠨ᠎ᠤ ᠴᠢᠯᠠᠭᠤᠨ ᠠᠪᠰᠠ᠎ᠲᠠᠢ ᠪᠤᠯᠠᠰᠢ᠎ᠶᠢ ᠪᠠᠢᠴᠠᠭᠠᠵᠤ ᠲᠢᠭᠯᠡᠭᠰᠡᠨ ᠮᠡᠳᠡᠭᠦᠯᠦᠯᠲᠡ ︾᠎ᠶᠢ ᠲᠤᠭᠤᠷᠪᠢᠵᠤ ᠂ ᠬᠠᠭᠤᠴᠢ ᠰᠤᠳᠤᠯᠤᠯ ᠂ ᠮᠦᠽᠧᠢ᠎ᠶᠢᠨ ᠰᠤᠳᠤᠯᠭᠠᠨ᠎ᠤ ᠡᠷᠬᠡ ᠰᠦᠷᠳᠦ ᠰᠡᠳᠭᠦᠯ ᠪᠤᠯᠬᠤ ︽ ᠲᠡᠦᠬᠡ᠎ᠶᠢᠨ ᠳᠤᠷᠠᠰᠬᠠᠯᠲᠤ ᠵᠦᠢᠯᠡᠰ ︾ ᠰᠡᠳᠬᠦᠯ ᠳᠡᠭᠡᠷ᠎ᠡ ᠨᠡᠢᠳᠡᠯᠡᠪᠡ ᠃ ᠡᠨᠡ ᠬᠦ ᠵᠤᠬᠢᠶᠠᠯ ᠨᠡᠢᠲᠡᠯᠡᠭᠳᠡᠬᠦ᠎ᠲᠠᠢ ᠵᠡᠷᠭᠡ ᠠᠵᠢᠯ ᠲᠦᠷᠦᠯ᠎ᠤᠨ᠎ᠬᠢᠨ᠎ᠤ ᠳᠤᠮᠳᠠ ᠬᠠᠯᠠᠮᠰᠢᠯ ᠪᠤᠯᠵᠤ ᠂ ᠡᠭᠦᠨ᠎ᠳ᠋ᠤ ᠰᠢᠦᠢ ᠤᠯᠤᠰ᠎ᠤᠨ ᠬᠦᠷᠡᠯ ᠰᠠᠪᠠ᠎ᠨᠢ ᠨᠡᠩ ᠴᠦ ᠲᠤᠰᠬᠠᠢ ᠮᠡᠷᠭᠡᠵᠢᠯᠲᠡᠨ ᠪᠠ ᠡᠷᠳᠡᠮᠳᠡᠳ᠎ᠤᠨ ᠠᠩᠬᠠᠷᠤᠯ᠎ᠢ ᠲᠠᠲᠠᠪᠠ ᠃ 2000 ᠣᠨ᠎ᠳ᠋ᠤ ᠰᠢᠶᠠᠩ ᠴᠦᠨ ᠰᠥᠩ ᠣᠯᠠᠨ ᠵᠢᠯ᠎ᠤᠨ ᠰᠤᠳᠤᠯᠭᠠᠨ᠎ᠳᠠᠭᠠᠨ ᠰᠠᠭᠤᠷᠢᠯᠠᠵᠤ ᠂ ︽ ᠰᠢᠦᠢ ᠤᠯᠤᠰ᠎ᠤᠨ ᠬᠦᠷᠡᠯ ᠰᠠᠪᠠ᠎ᠶᠢᠨ ᠪᠢᠴᠢᠭᠡᠰᠦ᠎ᠶᠢᠨ ᠰᠢᠯᠭᠠᠨ ᠨᠤᠳᠠᠯᠠᠯᠲᠠ ︾ ᠭᠡᠬᠦ ᠦᠭᠦᠯᠡᠯ᠎ᠢᠶᠡᠨ ᠨᠡᠢᠲᠡᠯᠡᠪᠡ ᠃ ᠲᠤᠰ ᠦᠭᠦᠯᠡᠯ᠎ᠳ᠋ᠡᠭᠡᠨ ᠰᠢᠦᠢ ᠤᠯᠤᠰ᠎ᠤᠨ ᠬᠦᠷᠡᠯ ᠰᠠᠪᠠ ᠶᠠᠭᠠᠬᠢᠭᠠᠳ ᠤᠯᠠᠭᠠᠨᠬᠠᠳᠠ ᠣᠷᠣᠨ᠎ᠳ᠋ᠤ ᠢᠯᠡᠷᠡᠭᠰᠡᠨ ᠂ ᠲᠡᠷᠡ ᠮᠦᠷᠳᠡᠭᠡᠨ ᠬᠡᠷᠬᠢᠨ ᠳ᠋ᠦᠩᠬᠤ ᠤᠭᠰᠠᠭᠠᠨ᠎ᠤ ᠢᠵᠠᠭᠤᠷᠳᠠᠨ᠎ᠤ ᠣᠩᠭᠣᠨ᠎ᠳ᠋ᠤ ᠢᠯᠡᠷᠡᠭᠰᠡᠨ ᠲᠤᠬᠠᠢ ᠯᠠᠪᠳᠠᠭᠤᠨ ᠪᠣᠳᠠᠲᠠᠢ ᠂ ᠨᠠᠷᠢᠨ ᠨᠢᠮᠪᠠᠢ ᠰᠤᠳᠤᠯᠤᠨ ᠲᠠᠢᠯᠪᠤᠷᠢᠯᠠᠵᠤ ᠂ ᠣᠳᠣ ᠪᠣᠯᠳᠠᠯᠠᠬᠢ ᠠᠳᠠᠯᠢ ᠲᠥᠷᠥᠯ᠎ᠤᠨ ᠪᠠᠭᠠᠵᠢ ᠬᠡᠷᠡᠭᠰᠡᠯ᠎ᠤᠨ ᠰᠤᠳᠤᠯᠭᠠᠨ᠎ᠤ ᠬᠦᠷᠢᠶ᠎ᠠ ᠴᠠᠷᠠᠭᠠᠨ᠎ᠳ᠋ᠠᠬᠢ ᠴᠢᠬᠤᠯᠠ ᠭᠡᠷᠡᠴᠢ ᠪᠠᠷᠢᠮᠳᠠ ᠪᠤᠯᠵᠠᠢ ᠃

ᠥᠷᠥᠰᠢᠶᠡᠯ ᠶᠤᠰᠤᠯᠠᠯ ᠠᠴᠢᠯᠠᠯ᠎ᠢᠶᠠᠷ ᠲᠦᠪᠯᠡᠭᠰᠡᠨ ᠰᠤᠯᠢᠯᠴᠠᠭ᠎ᠠ

ᠰᠢᠶᠠᠩ ᠴᠦᠨ ᠰᠥᠩ᠎ᠤᠨ ᠬᠡᠯᠡᠬᠦ᠎ᠪᠠᠷ ᠂ ᠰᠢᠦᠢ ᠤᠯᠤᠰ᠎ᠤᠨ ᠬᠦᠷᠡᠯ ᠰᠠᠪᠠ᠎ᠶᠢᠨ ᠬᠡᠯᠪᠡᠷᠢ ᠪᠦᠳᠦᠴᠡ ᠂ ᠪᠢᠴᠢᠭᠡᠰᠦ ᠵᠡᠷᠭᠡ᠎ᠡᠴᠠ ᠦᠵᠡᠬᠦ᠎ᠳ᠋ᠤ ᠲᠡᠷᠡ᠎ᠨᠢ ᠤᠯᠤᠰ᠎ᠤᠨ ᠨᠡᠷ᠎ᠡ᠎ᠪᠠᠷ ᠴᠢᠳᠬᠤᠵᠤ ᠪᠦᠳᠦᠭᠡᠭᠰᠡᠨ ᠤᠯᠤᠰ᠎ᠤᠨ ᠡᠷᠳᠡᠨᠢ ᠪᠣᠯᠬᠤ᠎ᠨᠢ ᠰᠡᠵᠢᠭᠯᠡᠰᠢ ᠦᠭᠡᠢ ᠃ ᠣᠳᠣᠬᠠᠨ᠎ᠳ᠋ᠤ ᠮᠠᠨ᠎ᠤ ᠤᠯᠤᠰ ᠰᠢᠦᠢ ᠤᠯᠤᠰ᠎ᠤᠨ ᠤᠯᠤᠰ᠎ᠤᠨ ᠡᠷᠳᠡᠨᠢ᠎ᠶᠢᠨ ᠳᠡᠰ᠎ᠤᠨ ᠬᠦᠷᠡᠯ ᠰᠠᠪᠠ᠎ᠶᠢ ᠲᠠᠪᠤ᠋ ᠵᠢᠷᠭᠤᠭᠠᠬᠠᠨ ᠰᠢᠷᠬᠡᠭ ᠢᠯᠡᠷᠡᠭᠦᠯᠦᠭᠡᠳ ᠪᠤᠢ ᠂ ᠡᠭᠦᠨ᠎ᠳ᠋ᠤ ᠲᠤᠰ ᠬᠦᠷᠡᠯ ᠰᠠᠪᠠ᠎ᠨᠢ ᠤᠯᠠᠭᠠᠨᠬᠠᠳᠠ᠎ᠳ᠋ᠤ ᠬᠠᠳᠠᠭᠠᠯᠠᠭᠳᠠᠵᠤ ᠂ ᠪᠤᠰᠤᠳ᠎ᠨᠢ ᠾᠧᠨᠠᠨ ᠮᠤᠵᠢ ᠪᠤᠶᠤ ᠰᠢᠦᠢ ᠴᠠᠩ᠎ᠤᠨ ᠮᠦᠽᠧᠢ᠎ᠳ᠋ᠤ ᠬᠠᠳᠠᠭᠠᠯᠠᠭᠳᠠᠵᠤ ᠪᠤᠢ ᠃

︽ ᠲᠡᠦᠬᠡᠨ᠎ᠳ᠋ᠤ ᠤᠯᠤᠰ᠎ᠤᠨ ᠳᠦᠷᠢ ᠲᠥᠷᠬᠦ᠎ᠶᠢ ᠲᠥᠯᠥᠭᠡᠯᠡᠭᠰᠡᠨ ᠤᠯᠤᠰ᠎ᠤᠨ ᠡᠷᠳᠡᠨᠢ ᠪᠤᠰᠤᠳ ᠤᠯᠤᠰ᠎ᠲᠤ ᠢᠯᠡᠷᠡᠭᠰᠡᠨ ᠰᠢᠯᠲᠠᠭᠠᠨ᠎ᠢ ᠬᠤᠷᠢᠶᠠᠩᠭᠤᠢᠯᠠᠪᠠᠯ ᠶᠡᠬᠡ ᠲᠥᠯᠥᠪ ᠭᠤᠷᠪᠠᠨ ᠰᠢᠯᠳᠠᠭᠠᠨ ᠪᠤᠢ ᠃ ᠲᠠᠷᠤᠢ ᠲᠠᠢᠨ ᠪᠠᠢᠯᠳᠤᠭᠠᠨ ᠂ ᠳᠣᠲᠣᠭᠠᠳᠤ᠎ᠶᠢᠨ ᠰᠠᠮᠠᠭᠤᠷᠠᠯ ᠂ ᠬᠣᠶᠠᠷ ᠤᠯᠤᠰ᠎ᠤᠨ ᠬᠣᠭᠣᠷᠣᠨᠳᠣᠬᠢ ᠨᠥᠬᠥᠷᠰᠡᠭ ᠶᠠᠪᠤᠯᠴᠠᠭ᠎ᠠ ᠪᠣᠯᠤᠨ᠎ᠠ ︾ ᠭᠡᠵᠦ ᠰᠢᠶᠠᠩ ᠴᠦᠨ ᠰᠥᠩ ᠬᠡᠯᠡᠪᠡ ᠃ ᠲᠡᠦᠬᠡᠨ᠎ᠡᠴᠠ ᠦᠵᠡᠪᠡᠯ ᠂ ᠳ᠋ᠦᠩᠬᠤ ᠦᠨᠳᠦᠰᠦᠲᠡᠨ ᠵᠥᠪᠬᠡᠨ ᠵᠡᠭᠦᠨ ᠬᠤᠢᠲᠤ ᠣᠷᠣᠨ ᠂ ᠤᠮᠠᠷᠠᠲᠤ ᠣᠷᠣᠨ᠎ᠳ᠋ᠤ ᠬᠥᠳᠡᠯᠭᠡᠭᠡᠨ ᠬᠢᠵᠦ ᠪᠠᠢᠵᠠᠢ ᠂ ᠳ᠋ᠦᠩᠬᠤ ᠦᠨᠳᠦᠰᠦᠲᠡᠨ ᠪᠠ ᠵᠦᠩᠶᠤᠸᠠᠨ ᠣᠷᠣᠨ᠎ᠤ ᠰᠢᠦᠢ ᠤᠯᠤᠰ᠎ᠤᠨ ᠬᠤᠭᠤᠷᠤᠨᠳᠤ ᠲᠠᠢᠨ ᠪᠠᠢᠯᠳᠤᠭᠠᠨ ᠡᠭᠦᠰᠦᠭᠰᠡᠨ ᠤᠯᠠ ᠮᠥᠷ ᠪᠣᠯᠤᠨ ᠪᠢᠴᠢᠭ ᠮᠠᠲ᠋ᠧᠷᠢᠶᠠᠯ᠎ᠢ ᠡᠷᠢᠵᠦ ᠣᠯᠬᠤ ᠦᠭᠡᠢ ᠂ ᠬᠡᠷᠪᠡ ᠰᠢᠦᠢ ᠤᠯᠤᠰ᠎ᠲᠤ ᠤᠯᠤᠰ᠎ᠤᠨ ᠳᠣᠲᠣᠭᠠᠳᠤ᠎ᠶᠢᠨ ᠰᠠᠮᠠᠭᠤᠷᠠᠯ ᠡᠭᠦᠰᠦᠭᠰᠡᠨ ᠪᠤᠯ ᠤᠯᠠᠭᠠᠨᠬᠠᠳᠠ᠎ᠨᠢ ᠾᠧᠨᠠᠨ ᠮᠣᠵᠢ᠎ᠶᠢᠨ ᠰᠢᠦᠢ ᠴᠠᠩ᠎ᠡᠴᠠ ᠬᠣᠶᠠᠷ ᠭᠤᠷᠪᠠᠨ ᠮᠢᠩᠭᠠᠨ ᠭᠠᠵᠠᠷ᠎ᠤᠨ ᠵᠠᠢᠲᠠᠢ ᠤᠴᠢᠷ᠎ᠡᠴᠠ ᠳ᠋ᠦᠩᠬᠤ᠎ᠶᠢᠨ ᠬᠥᠮᠦᠰ ᠰᠢᠦᠢ ᠤᠯᠤᠰ᠎ᠲᠤ ᠬᠦᠷᠴᠦ ᠶᠠᠭᠤᠮ᠎ᠠ ᠪᠤᠯᠢᠶᠠᠯᠴᠠᠬᠤ ᠪᠣᠯᠤᠯᠴᠠᠭ᠎ᠠ ᠦᠭᠡᠢ ᠂ ᠡᠢᠮᠦ᠎ᠡᠴᠠ ᠵᠥᠪᠬᠡᠨ ᠨᠥᠬᠥᠷᠰᠡᠭ ᠶᠠᠪᠤᠯᠴᠠᠭ᠎ᠠ᠎ᠨᠢ ᠲᠤᠬᠠᠢ᠎ᠶᠢᠨ ᠦᠶ᠎ᠡ᠎ᠶᠢᠨ ᠪᠠᠢᠳᠠᠯ᠎ᠳ᠋ᠤ ᠬᠠᠮᠤᠭ᠎ᠡᠴᠠ ᠨᠡᠢᠴᠡᠨ᠎ᠡ ᠃

ᠡᠢᠮᠦᠷᠬᠦᠦ ᠨᠥᠬᠥᠷᠰᠡᠭ ᠶᠠᠪᠤᠯᠴᠠᠭᠠᠨ᠎ᠳ᠋ᠤ ᠬᠤᠸᠠᠰᠢᠶᠠ ᠦᠨᠳᠦᠰᠦᠲᠡᠨ᠎ᠤ ᠡᠷᠲᠡᠨ᠎ᠡᠴᠠ ᠲᠡᠭᠡᠳᠦᠯᠡᠨ ᠤᠯᠠᠮᠵᠢᠯᠠᠭᠰᠠᠭᠠᠷ ᠢᠷᠡᠭᠰᠡᠨ ᠰᠠᠢᠨ ᠰᠠᠢᠬᠠᠨ ᠦᠷᠦᠰᠢᠶᠡᠯ ᠵᠢᠷᠤᠮ ᠂ ᠶᠤᠰᠤᠯᠠᠯ ᠂ ᠠᠴᠢᠯᠠᠯ᠎ᠨᠢ ᠶᠠᠭ ᠨᠢᠭᠡᠨ ᠬᠡᠯᠪᠡᠷᠢ ᠦᠭᠡᠢ ᠬᠣᠯᠪᠣᠭᠠᠰᠤ ᠪᠣᠯᠵᠤ ᠂ ᠵᠦᠩᠶᠦᠸᠠᠨ ᠣᠷᠣᠨ ᠪᠠ ᠤᠮᠠᠷᠠᠲᠤ᠎ᠶᠢᠨ ᠦᠨᠳᠦᠰᠦᠲᠡᠨ᠎ᠢ ᠬᠤᠯᠪᠤᠨ ᠂ ᠲᠤᠮᠳᠠᠳᠤ᠎ᠶᠢᠨ ᠦᠨᠳᠦᠰᠦᠳᠡᠨ᠎ᠤ ᠦᠶ᠎ᠡ᠎ᠶᠢᠨ ᠦᠶ᠎ᠡ᠎ᠳ᠋ᠤ ᠲᠠᠰᠤᠷᠠᠰᠢ ᠦᠭᠡᠢ ᠤᠯᠠᠨ ᠶᠠᠩᠵᠤᠳᠤ ᠪᠣᠯᠪᠠᠰᠤᠨ᠎ᠤ ᠰᠦᠭ ᠰᠦᠨᠡᠰᠦ᠎ᠶᠢ ᠨᠢᠭᠳᠠᠷᠠᠭᠤᠯᠪᠠ ᠃ ᠬᠠᠷᠢᠨ ᠰᠢᠦᠢ ᠤᠯᠤᠰ᠎ᠤᠨ ᠬᠦᠷᠡᠯ ᠰᠠᠪᠠ᠎ᠨᠢ ᠮᠠᠨ᠎ᠤ ᠤᠯᠤᠰ᠎ᠤᠨ ᠡᠷᠲᠡᠨ᠎ᠤ ᠨᠡᠷᠡᠲᠦ ᠬᠥᠮᠦᠨ ᠪᠦᠸᠧ ᠢ ᠪᠠ ᠱᠦ ᠴᠢ᠎ᠶᠢᠨ ᠦᠯᠢᠭᠡᠷ᠎ᠢ ᠠᠭᠤᠯᠵᠤ ᠪᠤᠢ ᠃

︽ ᠯᠢᠦᠢ ᠣᠪᠣᠭᠲᠤ᠎ᠶᠢᠨ ᠱᠠᠰᠢᠨᠲᠤ ᠨᠤᠮ ︾ ︽ ᠰᠤᠳᠤᠷ ᠲᠡᠮᠳᠡᠭᠯᠡᠯ · ᠪᠦᠸᠧ ᠢ᠎ᠶᠢᠨ ᠨᠠᠮᠳᠠᠷ ︾ ᠲᠤ᠋ ᠲᠡᠮᠳᠡᠭᠯᠡᠭᠰᠡᠨ᠎ᠢᠶᠠᠷ ᠂ ᠪᠦᠸᠧ ᠢ ᠂ ᠱᠦ ᠴᠢ ᠪᠣᠯ ᠱᠠᠩ ᠤᠯᠤᠰ᠎ᠤᠨ ᠰᠡᠭᠦᠯᠴᠢ᠎ᠶᠢᠨ ᠭᠦ᠋ ᠵᠦ ᠵᠢᠶᠦ᠋ᠨ ᠸᠠᠩ᠎ᠤᠨ ᠬᠣᠶᠠᠷ ᠬᠥᠪᠡᠭᠦᠨ ᠂ ᠭᠦ᠋ ᠵᠦ ᠵᠢᠶᠦ᠋ᠨ ᠸᠠᠩ ᠬᠡᠷᠢᠶᠡᠰ ᠦᠯᠡᠳᠡᠭᠡᠵᠦ ᠂ ᠭᠤᠷᠪᠠᠳᠤᠭᠠᠷ ᠬᠦᠪᠡᠭᠦᠨ ᠱᠦ ᠴᠢ᠎ᠶᠢ ᠸᠠᠩ᠎ᠤᠨ ᠰᠠᠭᠤᠷᠢᠨ ᠵᠠᠯᠭᠠᠮᠵᠢᠯᠠᠭᠤᠯᠬᠤ ᠭᠡᠵᠡᠢ ᠃ ᠭᠦ᠋ ᠵᠦ ᠵᠢᠶᠦ᠋ᠨ ᠸᠠᠩ ᠨᠠᠰᠤ ᠪᠠᠷᠠᠭᠰᠠᠨ᠎ᠤ ᠳᠠᠷᠠᠭ᠎ᠠ ᠂ ᠱᠦ ᠴᠢ ᠸᠠᠩ᠎ᠤᠨ ᠰᠠᠭᠤᠷᠢᠨ᠎ᠢᠶᠡᠨ ᠪᠦᠸᠧ ᠢ᠎ᠳ᠋ᠤ ᠨᠠᠢᠷ ᠲᠠᠯᠪᠢᠵᠤ ᠦᠭᠭᠦᠭᠰᠡᠨ᠎ᠳ᠋ᠤ ᠪᠦᠸᠧ ᠢ ᠡᠰᠡ ᠬᠦᠯᠢᠶᠡᠨ ᠠᠪᠤᠪᠠ ᠂ ᠱᠦ ᠴᠢ ᠡᠰᠢ ᠶᠤᠰᠤ᠎ᠶᠢ ᠵᠢᠷᠤᠮᠯᠠᠨ ᠨᠡᠢᠭᠡᠮ᠎ᠤᠨ ᠲᠦ᠋ᠷᠢᠮ ᠭᠤᠷᠢᠮ᠎ᠢ ᠡᠪᠳᠡᠬᠦ᠎ᠶᠢ ᠬᠢᠴᠢᠶᠡᠵᠦ ᠸᠠᠩ᠎ᠤᠨ ᠰᠠᠭᠤᠷᠢᠨ᠎ᠢ ᠡᠰᠡ ᠵᠠᠯᠭᠠᠮᠵᠢᠯᠠᠪᠠ ᠃ ᠠᠬᠠᠨ ᠲᠡᠭᠦᠦᠰ ᠬᠤᠶᠠᠭᠤᠯᠠ ᠤᠷᠢᠳ ᠬᠤᠵᠢᠳ ᠵᠧᠦ ᠤᠯᠤᠰ᠎ᠲᠤ ᠬᠦᠷᠴᠦ ᠪᠠᠢᠴᠠᠭᠠᠪᠠ ᠃ ᠵᠧᠦ ᠡᠦ ᠸᠠᠩ ᠱᠠᠩ ᠵᠧᠦ ᠸᠠᠩ᠎ᠢ ᠲᠤᠪᠳᠤᠯᠬᠤ ᠭᠡᠰᠡᠨ᠎ᠳ᠋ᠤ ᠠᠬᠠᠨ ᠲᠡᠭᠦᠦᠰ ᠬᠤᠶᠠᠭᠤᠯᠠ ᠢᠳᠬᠠᠨ ᠬᠤᠷᠢᠭᠯᠠᠵᠠᠢ ᠃ ᠵᠧᠦ ᠡᠦ ᠸᠠᠩ ᠱᠠᠩ ᠤᠯᠤᠰ᠎ᠢ ᠮᠥᠬᠥᠭᠡᠭᠰᠡᠨ᠎ᠤ ᠰᠡᠭᠦᠯᠡᠷ ᠂ ᠠᠬᠠᠨ ᠲᠡᠭᠦᠦᠰ ᠬᠤᠶᠠᠭᠤᠯᠠ ᠵᠧᠦ ᠤᠯᠤᠰ᠎ᠤᠨ ᠠᠮᠤ ᠪᠤᠳᠠᠭ᠎ᠠ᠎ᠶᠢ ᠢᠳᠡᠬᠦ᠎ᠶᠢ ᠢᠴᠢᠭᠦᠷᠢ ᠬᠡᠮᠡᠨ ᠦᠵᠡᠵᠦ ᠂ ᠬᠡᠬᠡᠷ᠎ᠡ᠎ᠶᠢᠨ ᠡᠪᠡᠰᠦ᠎ᠪᠠᠷ ᠠᠮᠢ ᠵᠢᠭᠤᠵᠤ ᠂ ᠱᠧᠦ ᠶᠠᠩ ᠱᠠᠨ ᠠᠭᠤᠯᠠᠨ᠎ᠠ ᠦᠬᠦᠪᠡᠢ ᠃

︽ ᠡᠭᠦᠨ᠎ᠡᠴᠠ ᠰᠢᠦᠢ ᠤᠯᠤᠰ᠎ᠤᠨ ᠬᠦᠷᠡᠯ ᠰᠠᠪᠠ ᠶᠠᠭᠠᠬᠢᠭᠠᠳ ᠤᠯᠠᠭᠠᠨᠬᠠᠳᠠ ᠣᠷᠣᠨ᠎ᠤ ᠳ᠋ᠦᠩᠬᠤ᠎ᠶᠢᠨ ᠢᠵᠠᠭᠤᠷᠳᠠᠨ᠎ᠤ ᠪᠤᠯᠠᠰᠢᠨ᠎ᠳ᠋ᠤ ᠢᠯᠡᠷᠡᠭᠰᠡᠨ᠎ᠢ ᠰᠢᠯᠭᠠᠨ ᠨᠤᠳᠠᠯᠠᠵᠤ ᠪᠤᠯᠤᠨ᠎ᠠ ︾ ᠭᠡᠵᠦ ᠰᠢᠶᠠᠩ ᠴᠦᠨ ᠰᠥᠩ ᠬᠡᠯᠡᠪᠡ ᠃ ︽ ᠵᠧᠩ ᠢᠦᠢ ︾᠎ᠳ᠋ᠤ ᠲᠡᠮᠳᠡᠭᠯᠡᠭᠰᠡᠨ᠎ᠢᠶᠠᠷ ᠂ ︽ ᠵᠢᠶᠠᠩ ᠂ ᠪᠦᠸᠧ ᠢ᠎ᠶᠢᠨ ᠬᠤᠢᠴᠢ ︾ ᠂ ᠰᠢᠦᠢ ᠤᠯᠤᠰ᠎ᠲᠤ ᠠᠮᠢᠳᠤᠷᠠᠵᠤ ᠪᠠᠢᠭᠰᠠᠨ ᠪᠦᠧᠧ ᠢ᠎ᠶᠢᠨ ᠬᠤᠢᠴᠢ ᠵᠢᠶᠠᠩ ᠣᠪᠣᠭᠲᠤ᠎ᠶᠢᠨ ᠤᠭᠰᠠᠭ᠎ᠠ᠎ᠶᠢᠨ᠎ᠬᠢᠨ ᠦᠪᠡᠷ᠎ᠤᠨ ᠲᠡᠭᠡᠳᠦᠰ ᠪᠤᠯᠬᠤ ᠪᠦᠧᠧ ᠢ᠎ᠶᠢ ᠲᠠᠬᠢᠬᠤ᠎ᠶᠢᠨ ᠲᠤᠯᠠᠳᠠ ᠬᠦᠴᠢᠷ ᠪᠡᠷᠬᠡᠰᠢᠶᠡᠯ᠎ᠢ ᠬᠠᠢᠬᠤᠷᠤᠯ ᠦᠭᠡᠢ᠎ᠪᠠᠷ ᠰᠢᠦᠢ ᠤᠯᠤᠰ᠎ᠤᠨ ᠬᠦᠷᠡᠯ ᠰᠠᠪᠠ ᠂ ᠬᠤᠨᠳᠠᠭ᠎ᠠ ᠂ ᠲᠦᠷᠪᠡᠯᠵᠢᠨ ᠬᠦᠯᠢᠰ ᠵᠡᠷᠭᠡ ᠤᠯᠠᠨ ᠶᠤᠰᠤᠯᠠᠯ᠎ᠤᠨ ᠬᠡᠷᠡᠭᠰᠡᠯ᠎ᠢ ᠠᠪᠴᠤ ᠂ ᠤᠮᠠᠷᠠᠳᠤ᠎ᠶᠢᠨ ᠴᠤᠤ ᠶᠠᠩ ᠂ ᠤᠯᠠᠭᠠᠨᠬᠠᠳᠠ᠎ᠶᠢᠨ ᠱᠧᠦ ᠶᠠᠩ ᠱᠠᠨ ᠡᠠᠭᠤᠯᠠᠨ᠎ᠠ ᠬᠦᠷᠴᠦ ᠂ ᠳ᠋ᠦ᠋ᠢᠩᠬᠤ᠎ᠶᠢᠨ ᠠᠬᠠᠯᠠᠭᠴᠢ᠎ᠳ᠋ᠤ ᠬᠠᠯᠠᠭᠤᠨ᠎ᠢᠶᠠᠷ ᠵᠤᠴᠢᠯᠠᠭᠳᠠᠵᠠᠢ ᠃ ᠲᠠᠬᠢᠯᠭ᠎ᠠ ᠲᠠᠭᠤᠰᠤᠭᠰᠠᠨ᠎ᠤ ᠲᠠᠷᠠᠭ᠎ᠠ ᠂ ᠳ᠋ᠦ᠋ᠢᠩᠬᠤ᠎ᠶᠢᠨ ᠠᠬᠠᠯᠠᠭᠴᠢ᠎ᠳ᠋ᠤ ᠲᠠᠯᠠᠷᠬᠠᠯ᠎ᠢᠶᠡᠨ ᠢᠯᠡᠳᠭᠡᠵᠦ ᠂ ᠪᠦᠸᠧ ᠢ᠎ᠶᠢᠨ ᠬᠤᠢᠴᠢᠰ ᠡᠳᠡᠭᠡᠷ ᠶᠤᠰᠤᠯᠠᠯ᠎ᠤᠨ ᠰᠠᠪᠠ ᠬᠡᠷᠡᠭᠰᠡᠯ᠎ᠢ ᠳᠤᠷᠠᠰᠬᠠᠯ ᠪᠣᠯᠭᠠᠨ ᠦᠯᠡᠳᠡᠭᠡᠨ ᠦᠭᠴᠠᠢ ᠃ ᠬᠡᠳᠦᠨ ᠵᠠᠭᠤᠨ ᠵᠢᠯ᠎ᠤᠨ ᠳᠠᠷᠠᠭ᠎ᠠ ᠂ ᠰᠢᠦᠢ ᠤᠯᠤᠰ᠎ᠤᠨ ᠬᠦᠷᠡᠯ ᠰᠠᠪᠠ ᠂ ᠬᠤᠨᠳᠠᠭ᠎ᠠ ᠂ ᠲᠦᠷᠪᠡᠯᠵᠢᠨ ᠬᠦᠯᠢᠰ ᠵᠡᠷᠭᠡ᠎ᠨᠢ ᠤᠷᠤᠰᠢᠭᠤᠯᠭ᠎ᠠ᠎ᠶᠢᠨ ᠡᠳ᠋᠎ᠤᠨ ᠬᠤᠪᠢ᠎ᠪᠠᠷ ᠳ᠋ᠦᠩᠬᠤ᠎ᠶᠢᠨ ᠢᠵᠠᠭᠤᠷᠳᠠᠨ᠎ᠤ ᠪᠤᠯᠠᠰᠢᠨ᠎ᠳ᠋ᠤ ᠣᠷᠣᠰᠢᠭᠤᠯᠤᠭᠳᠠᠵᠠᠢ ᠃

ᠮᠠᠲ᠋ᠧᠷᠢᠶᠠᠯ ᠤᠷᠪᠠᠭᠤᠯᠪᠠᠯ ᠂ ᠮᠠᠨ᠎ᠤ ᠤᠯᠤᠰ᠎ᠲᠤ ᠱᠧᠦ ᠶᠠᠩ ᠱᠠᠨ ᠭᠡᠳᠡᠭ ᠨᠡᠷ᠎ᠡ᠎ᠲᠠᠢ ᠭᠠᠵᠠᠷ ᠣᠯᠠᠨ ᠪᠤᠢ ᠂ ᠤᠯᠠᠩᠬᠢ ᠬᠥᠮᠦᠰ᠎ᠤᠨ ᠦᠵᠡᠬᠦ᠎ᠪᠠᠷ ᠪᠦᠸᠸ ᠢ ᠂ ᠱᠦ ᠴᠢ᠎ᠶᠢᠨ ᠠᠮᠢᠳᠤᠷᠠᠵᠤ ᠪᠠᠢᠭᠰᠠᠨ ᠱᠧᠦ ᠶᠠᠩ ᠱᠠᠨ᠎ᠨᠢ ᠣᠳᠣ᠎ᠶᠢᠨ ᠭᠠᠨᠰᠦ ᠮᠤᠵᠢ᠎ᠶᠢᠨ ᠸᠧᠢ ᠶᠤᠸᠠᠨ᠎ᠳ᠋ᠤ ᠪᠤᠢ ᠃ ᠭᠡᠪᠡᠴᠦ ᠤᠷᠴᠢᠮᠬᠠᠨ ᠪᠦᠸᠸ ᠢ ᠂ ᠱᠦ ᠴᠢ᠎ᠶᠢᠨ ᠠᠮᠢᠳᠤᠷᠠᠵᠤ ᠪᠠᠢᠭᠰᠠᠨ ᠱᠧᠦ ᠶᠠᠩ ᠱᠠᠨ᠎ᠨᠢ ᠤᠳᠤ᠎ᠶᠢᠨ ᠯᠢᠶᠣᠤᠨᠢᠩ ᠮᠤᠵᠢ᠎ᠶᠢᠨ ᠴᠤᠤ ᠶᠠᠩ ᠪᠤᠶᠤ ᠤᠯᠠᠭᠠᠨᠬᠠᠳᠠ ᠣᠷᠴᠢᠮ ᠪᠤᠢ ᠭᠡᠳᠡᠭ ᠰᠢᠨ᠎ᠡ ᠨᠤᠳᠠᠯᠠᠯᠲᠠ ᠢᠯᠡᠷᠡᠵᠡᠢ ᠃ ᠰᠢᠶᠠᠩ ᠴᠦᠨ ᠰᠥᠩ ᠡᠨᠡ ᠨᠤᠳᠠᠯᠠᠯᠲᠠ᠎ᠶᠢ ᠵᠦᠪᠰᠢᠶᠡᠵᠦ ᠪᠠᠢᠬᠤ ᠮᠦᠷᠳᠡᠭᠡᠨ ︽ ᠡᠩ ᠲᠡᠷᠢᠭᠦᠨ᠎ᠳ᠋ᠤ ᠪᠦᠸᠸ ᠢ ᠂ ᠱᠦ ᠴᠢ ᠵᠧᠦ ᠤᠯᠤᠰ᠎ᠲᠤ ᠬᠦᠴᠦ᠎ᠪᠠᠨ ᠡᠷᠭᠦᠬᠦ ᠳᠤᠷ᠎ᠠ ᠦᠭᠡᠢ ᠂ ᠵᠧᠦ ᠡᠦ ᠸᠠᠩ᠎ᠡᠴᠠ ᠵᠠᠢᠯᠠᠰᠬᠢᠬᠦ᠎ᠶᠢᠨ ᠲᠤᠯᠠᠲᠠ ᠬᠣᠯᠠ ᠶᠠᠪᠤᠬᠤ᠎ᠨᠢ ᠯᠠᠪᠳᠠᠢ ᠃ ᠡᠭᠦᠨ᠎ᠡᠴᠠ ᠭᠠᠳᠠᠨ᠎ᠠ ᠂ ᠴᠤᠤ ᠶᠠᠩ ᠂ ᠤᠯᠠᠭᠠᠨᠬᠠᠳᠠ ᠵᠡᠷᠭᠡ ᠭᠠᠵᠠᠷ᠎ᠤᠳ᠎ᠢᠶᠠᠷ ᠤᠷᠭᠤᠳᠠᠭ ᠣᠢᠮ᠎ᠠ ᠨᠣᠭᠣᠭ᠎ᠠ᠎ᠨᠢ ᠪᠦᠸᠧ ᠢ ᠂ ᠱᠦ ᠴᠢ᠎ᠶᠢᠨ ᠱᠧᠦ ᠶᠠᠩ ᠱᠠᠨ ᠠᠭᠤᠯᠠᠨ᠎ᠳ᠋ᠤ ᠢᠳᠡᠰᠢ ᠪᠤᠯᠭᠠᠵᠤ ᠪᠠᠢᠭᠰᠠᠨ ᠬᠡᠬᠡᠷ᠎ᠡ᠎ᠶᠢᠨ ᠨᠤᠭᠤᠭ᠎ᠠ ᠪᠣᠯᠤᠨ᠎ᠠ ︾ ᠭᠡᠳᠡᠭ ᠦᠨᠳᠦᠰᠦᠯᠡᠯ ᠬᠠᠩᠭᠠᠪᠠ ᠃

ᠰᠢᠶᠠᠩ ᠴᠦᠨ ᠰᠥᠩ ᠬᠡᠯᠡᠬᠦ᠎ᠪᠠᠷ ᠂ ᠰᠢᠦᠢ ᠤᠯᠤᠰ᠎ᠤᠨ ᠬᠦᠷᠡᠯ ᠰᠠᠪᠠ ᠪᠣᠯ ᠮᠠᠨ᠎ᠤ ᠤᠯᠤᠰ᠎ᠤᠨ ᠡᠷᠲᠡᠨ᠎ᠤ ᠦᠶ᠎ᠡ᠎ᠳ᠋ᠤ ᠦᠨᠳᠦᠰᠦᠲᠡᠨ ᠢᠯᠡᠷᠡᠭᠰᠡᠨ᠎ᠤ ᠲᠠᠷᠠᠭᠠᠬᠢ ᠵᠦᠩᠶᠤᠸᠠᠨ ᠣᠷᠣᠨ ᠪᠣᠯᠤᠨ ᠤᠮᠠᠷᠠᠲᠤ ᠣᠷᠣᠨ᠎ᠤ ᠰᠤᠯᠢᠯᠴᠠᠭᠠᠨ᠎ᠤ ᠲᠡᠦᠬᠡᠨ ᠭᠡᠷᠡᠴᠢ ᠪᠤᠯᠤᠨ᠎ᠠ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面