2020-04-01 10:43:33
— ᠮᠣᠩᠭᠣᠯ ᠰᠣᠶᠣᠯ᠎ᠤᠨ ᠮᠣᠨᠲᠠᠭ ᠭᠠᠪᠢᠶᠠᠲᠠᠨ ᠪᠠᠯᠵᠢᠨᠢᠮ᠎ᠠ ᠪᠠᠭᠰᠢᠲᠠᠨᠢ ᠲᠣᠷᠠᠳᠬᠠᠬᠣ ᠨᠢ
ᠲᠤᠪᠴᠢ ᠨᠠᠮᠳᠠᠷ ᠄
ᠪᠠᠯᠵᠢᠨᠢᠮ᠎ᠠ ︵ 1938 2020 ᠤᠨ ︶ ᠂ ᠮᠤᠩᠭᠤᠯ ᠦᠨᠳᠦᠰᠦᠳᠡᠨ ᠂ ᠬᠢᠩᠭᠠᠨ ᠠᠶᠢᠮᠠᠭ ᠦᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠰᠢᠭᠤᠨᠳ᠋ᠦ ᠳᠦᠷᠦᠵᠠᠢ ᠃ 1963 ᠣᠨᠳ᠋ᠦ ᠥᠪᠥᠷ ᠮᠣᠩᠭᠣᠯ ᠤᠨ ᠶᠡᠬᠡ ᠰᠤᠷᠭᠠᠭᠤᠯᠢ᠎ᠡᠴᠠ ᠲᠡᠭᠦᠰᠪᠠ ᠃ ᠰᠤᠳᠤᠯᠭᠠᠳᠠᠨ ᠂ ᠴᠢᠩᠬᠢᠰ ᠬᠠᠭᠠᠨ᠎ᠤ ᠰᠤᠷᠪᠤᠯᠵᠢ ᠪᠢᠴᠢᠭ᠎ᠤᠨ ᠲᠤᠰᠬᠠᠢ ᠮᠡᠷᠬᠡᠵᠢᠯᠳᠡᠨ ᠃ ᠲᠡᠷᠡ᠎ᠪᠠᠷ ᠂ ᠥᠪᠥᠷ ᠮᠣᠩᠭᠣᠯ᠎ᠤᠨ ᠡᠳᠦᠷ᠎ᠤᠨ ᠰᠣᠨᠢᠨ᠎ᠤ ᠬᠤᠷᠢᠶ᠎ᠠ᠎ᠶᠢᠨ ᠳᠡᠭᠡᠳᠦ ᠵᠡᠷᠭᠡ᠎ᠶᠢᠨ ᠰᠤᠷᠪᠤᠯᠵᠢᠯᠠᠭᠴᠢ ᠂ ︽ ᠴᠢᠩᠭᠢᠰ ᠬᠠᠭᠠᠨ᠎ᠤ ᠰᠤᠷᠪᠤᠯᠵᠢ ᠪᠢᠴᠢᠭ᠎ᠤᠨ ᠮᠦᠽᠧᠢ ︾᠎ᠶᠢᠨ ᠳᠠᠷᠤᠭ᠎ᠠ ᠂ ᠥᠪᠥᠷ ᠮᠣᠩᠭᠣᠯ᠎ᠤᠨ ᠶᠡᠬᠡ ᠰᠤᠷᠭᠠᠭᠤᠯᠢ᠎ᠶᠢᠨ ᠲᠤᠰᠢᠶᠠᠯ ᠬᠠᠪᠰᠤᠷᠭᠠᠭᠰᠠᠨ ᠫᠷᠤᠹᠸᠰᠰᠤᠷ ᠵᠡᠷᠬᠡ ᠲᠤᠰᠢᠶᠠᠯ᠎ᠢ ᠡᠬᠦᠷᠬᠡᠯᠡᠵᠦ ᠦᠩᠬᠡᠷᠡᠪᠡ ᠃
︽ ᠮᠢᠩᠭᠠᠨ ᠵᠢᠯ᠎ᠤᠨ ᠲᠤᠨᠵᠢ ᠬᠦᠮᠦᠨ ᠲᠡᠯᠡᠬᠡᠢ᠎ᠶᠢᠨ ᠲᠤᠮᠤᠴᠤᠤᠯ᠎ᠤᠨ ᠬᠠᠷᠠᠭᠠᠨᠳ᠋ᠡᠬᠢ ᠴᠢᠩᠭᠢᠰ ᠬᠠᠭᠠᠨ ︾ ᠂ ︽ ᠭᠠᠲᠠᠭᠠᠳᠤ᠎ᠶᠢᠨ ᠬᠦᠮᠦᠰ᠎ᠤᠨ ᠬᠠᠷᠠᠭᠠᠨᠳ᠋ᠡᠬᠢ ᠴᠢᠩᠭᠢᠰ ᠬᠠᠭᠠᠨ ︾ ᠂ ︽ ᠴᠢᠩᠭᠢᠰ ᠬᠠᠭᠠᠨ᠎ᠤ ᠪᠦᠲᠦᠭᠡᠭᠰᠡᠨ ᠲᠡᠯᠡᠬᠡᠢ᠎ᠶᠢᠨ ᠠᠷᠪᠠᠨ ᠬᠤᠶᠠᠷ ᠲᠤᠨᠵᠢ ︾ ᠵᠡᠷᠭᠡ ᠣᠯᠠᠨ ᠪᠦᠲᠦᠭᠡᠯ᠎ᠢ ᠨᠠᠢᠷᠠᠭᠤᠯᠤᠨ ᠪᠢᠴᠢᠪᠡ ᠃
ᠲᠡᠷᠡ᠎ᠪᠠᠷ ᠠᠩᠬᠠᠳᠤᠭᠠᠷ ᠬᠤᠭᠤᠴᠠᠭᠠᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠨᠢᠨ ᠮᠡᠳᠡᠭᠡᠨ᠎ᠤ ᠡᠲᠡᠭᠡᠳ᠎ᠤᠨ ᠭᠠᠷᠮᠠᠭᠠᠶ ᠬᠤᠪᠢ ᠨᠡᠮᠡᠷᠢ᠎ᠶᠢᠨ ᠱᠠᠩᠨᠠᠯ ᠂ ᠮᠣᠩᠭᠣᠯ ᠤᠯᠤᠰ᠎ᠤᠨ ︽ ᠠᠯᠲᠠᠨ ᠭᠠᠳᠠᠰᠤ ︾ ᠣᠳᠣᠨ ᠭᠠᠪᠢᠶᠠᠨ ᠲᠡᠮᠳᠡᠭ ᠵᠡᠷᠬᠡ᠎ᠪᠠᠷ ᠡᠩᠬᠡᠷ᠎ᠢᠶᠡᠨ ᠮᠢᠯᠢᠶᠠᠯᠭᠠᠵᠦ ᠶᠠᠪᠤᠪᠠ ᠃
ᠪᠠᠯᠵᠢᠨᠢᠮ᠎ᠠ ᠭᠤᠸᠠᠢᠯᠤᠭᠠ ᠤᠴᠠᠷᠠᠵᠤ ᠲᠠᠨᠢᠯᠴᠠᠬᠰᠠᠨ᠎ᠡᠴᠠ ᠨᠠᠭᠠᠰᠢ ᠲᠦᠴᠢᠭᠡᠳ ᠵᠢᠯ᠎ᠤᠨ ᠲᠤᠷᠰᠢ ᠪᠢᠲᠡ ᠦᠶ᠎ᠡ ᠵᠠᠢ ᠦᠭᠡᠢ ᠨᠦᠬᠦᠷᠯᠡᠨ ᠲᠦᠷᠦᠭᠰᠡᠨ᠎ᠡᠴᠠ ᠲᠤᠲᠠᠭᠤ ᠦᠭᠡᠢ ᠡᠯᠢᠭᠡᠰᠢᠭ ᠲᠤᠲᠤᠨᠤ ᠶᠠᠪᠤᠯᠴᠠᠬᠰᠠᠨ ᠰᠠᠨ ᠃
ᠦᠨᠡᠨ᠎ᠢ ᠬᠡᠯᠡᠬᠦ᠎ᠳ᠋ᠤ ᠂ ᠪᠠᠯᠵᠢᠨᠢᠮ᠎ᠠ ᠭᠡᠲᠡᠭ ᠬᠦᠮᠦᠨ᠎ᠤ ᠠᠰᠤᠨ ᠪᠡᠶ᠎ᠡ᠎ᠲᠠᠢ᠎ᠨᠢ ᠠᠭᠤᠯᠵᠠᠬᠤ᠎ᠡᠴᠠ ᠡᠮᠦᠨ᠎ᠡ ᠠᠯᠲᠠᠷ ᠨᠡᠷ᠎ᠡ᠎ᠶᠢ᠎ᠨᠢ ᠠᠯᠢ ᠬᠡᠲᠦ᠎ᠶᠢᠨ ᠲᠤᠭᠤᠯᠵᠤ ᠪᠢᠰᠢᠷᠡᠵᠦ ᠪᠠᠶᠢᠬᠰᠠᠨ ᠪᠢᠯᠡ ᠃ 1978 ᠤᠨ᠎ᠤ ᠦᠶ᠎ᠡ᠎ᠪᠠᠷ ᠂ ᠪᠢ ᠯᠢᠶᠤᠤᠨᠢᠩ᠎ᠤᠨ ᠡᠲᠦᠷ᠎ᠤᠨ ᠰᠤᠨᠢᠨ᠎ᠤ ᠬᠤᠷᠢᠶ᠎ᠠ᠎ᠶᠢᠨ ᠵᠤᠤ ᠤᠲᠠ ᠠᠶᠢᠮᠠᠭ᠎ᠲᠤ ᠰᠠᠭᠤᠭ᠎ᠠ ᠰᠤᠷᠪᠤᠯᠵᠢᠯᠠᠬᠴᠢ᠎ᠶᠢᠨ ᠦᠷᠲᠡᠭᠡᠨ᠎ᠳ᠋ᠤ ᠠᠵᠢᠯᠯᠠᠵᠦ ᠪᠠᠢᠬᠤ᠎ᠳᠠᠭᠠᠨ ᠂ ︽ ᠦᠪᠦᠷ ᠮᠤᠩᠭᠤᠯ᠎ᠤᠨ ᠡᠲᠦᠷ᠎ᠤᠨ ᠰᠤᠨᠢᠨ ︾᠎ᠤ ᠰᠤᠷᠪᠤᠯᠵᠢᠯᠠᠬᠴᠢ ᠪᠠᠯᠵᠢᠨᠢᠮ᠎ᠠ᠎ᠶᠢᠨ ᠪᠢᠴᠢᠭᠰᠡᠨ ︽ ᠨᠤᠲᠤᠭ ᠪᠡᠯᠴᠢᠭᠡᠷ᠎ᠢ ᠲᠤᠷ᠎ᠠ ᠲᠠᠪᠠ᠎ᠪᠠᠷ᠎ᠢᠶᠡᠨ ᠬᠠᠭᠠᠯᠪᠤᠷᠢᠯᠠᠵᠤ ᠪᠤᠯᠬᠤ ᠦᠭᠡᠢ ︾ ᠭᠡᠲᠡᠭ ᠵᠤᠬᠢᠶᠠᠯ ︽ ᠠᠷᠠᠳ᠎ᠤᠨ ᠡᠲᠦᠷ᠎ᠤᠨ ᠰᠤᠨᠢᠨ ︾᠎ᠤ ᠲᠦᠷᠦᠬᠦᠦ ᠨᠢᠭᠤᠷ᠎ᠤᠨ ᠲᠦᠷᠦᠬᠦᠦ ᠵᠤᠷᠪᠤᠰ᠎ᠲᠤ ︽ ᠨᠠᠶᠢᠷᠠᠭᠤᠯᠤᠬᠴᠢ᠎ᠶᠢᠨ ᠴᠤᠬᠤᠯᠠᠪᠤᠷᠢ ︾ ᠬᠠᠲᠠᠵᠤ ᠨᠡᠶᠢᠲᠡᠯᠡᠭᠲᠡᠭᠰᠡᠨᠢ ᠬᠠᠷᠠᠭᠠᠳ ᠲᠤᠲᠤᠷ᠎ᠠ ᠲᠤᠯᠭᠢᠰᠴᠤ ᠠᠪᠤᠬᠰᠠᠨ᠎ᠢᠶᠡᠨ ᠮᠠᠷᠲᠠᠬᠤ ᠦᠭᠡᠢ ᠃ ᠰᠤᠨᠢᠨ ᠮᠡᠲᠡᠭᠡᠨ᠎ᠤ ᠠᠵᠢᠯ ᠮᠡᠷᠭᠡᠵᠢᠯ ᠨᠢᠭᠡᠲᠡᠨ᠎ᠤ ᠬᠤᠪᠢ᠎ᠳ᠋ᠤ ᠂ ᠮᠤᠵᠢ᠎ᠶᠢᠨ ᠲᠡᠰ᠎ᠤᠨ ᠰᠤᠨᠢᠨ᠎ᠤ ᠰᠤᠷᠪᠤᠯᠵᠢᠯᠠᠬᠴᠢ ᠂ ᠲᠡᠭᠡᠬᠦ ᠮᠦᠷᠲᠡᠭᠡᠨ ᠮᠠᠨ᠎ᠤ ᠮᠤᠩᠭᠤᠯ ᠰᠤᠷᠪᠤᠯᠵᠢᠯᠠᠬᠴᠢ ︽ ᠠᠷᠠᠳ᠎ᠤᠨ ᠡᠲᠦᠷ᠎ᠤᠨ ᠰᠤᠨᠢᠨ ︾᠎ᠳ᠋ᠤ ᠲᠦᠷᠦᠬᠦᠦ ᠨᠢᠭᠤᠷ᠎ᠤᠨ ᠲᠦᠷᠦᠬᠦᠦ ᠵᠤᠷᠪᠤᠰ᠎ᠢᠶᠠᠷ ᠡᠬᠡ ᠪᠢᠴᠢᠭ ᠨᠡᠶᠢᠲᠡᠯᠡᠬᠦᠯᠦᠭᠰᠡᠨᠢᠨᠢ ᠬᠡᠯᠡᠬᠦ᠎ᠳ᠋ᠤ ᠂ ᠠᠭᠤᠯᠠ ᠠᠪᠠᠷᠢᠬᠴᠢ ᠲᠡᠯᠡᠬᠡᠢ᠎ᠶᠢᠨ ᠨᠤᠶᠠᠨ ᠤᠷᠬᠢᠯ ᠵᠦᠮᠦᠯᠠᠩᠮᠠ᠎ᠳ᠋ᠤ ᠭᠠᠷᠤᠬᠰᠠᠨᠯᠤᠭᠠ ᠠᠳᠠᠯᠢ ᠨᠠᠳᠠ᠎ᠳ᠋ᠤ ᠰᠠᠨᠠᠬᠲᠠᠵᠠᠢ ᠃ ᠢᠩᠭᠢᠭᠡᠳ ᠪᠠᠯᠵᠢᠨᠢᠮ᠎ᠠ ᠭᠡᠲᠡᠭ ᠨᠡᠷ᠎ᠡ ᠮᠢᠨᠤ ᠴᠡᠭᠡᠵᠢᠨ᠎ᠳ᠋ᠤ ᠬᠠᠲᠠᠬᠲᠠᠵᠤ ᠪᠢᠯᠡ ᠃ 1979 ᠤᠨ᠎ᠳ᠋ᠤ ᠂ ᠪᠢ ᠴᠤ ᠪᠡᠶ᠎ᠡ ᠠᠬᠤᠢ ᠬᠤᠪᠢᠯᠵᠤ ᠦᠪᠦᠷ ᠮᠤᠩᠭᠤᠯ᠎ᠤᠨ ᠡᠲᠦᠷ᠎ᠤᠨ ᠰᠤᠨᠢᠨ᠎ᠤ ᠬᠤᠷᠢᠶ᠎ᠠ᠎ᠶᠢᠨ ᠵᠤᠤ ᠤᠲᠠ ᠠᠶᠢᠮᠠᠭ᠎ᠲᠤ ᠰᠠᠭᠤᠭ᠎ᠠ ᠰᠤᠷᠪᠤᠯᠵᠢᠯᠠᠬᠴᠢ᠎ᠶᠢᠨ ᠦᠷᠲᠡᠭᠡᠨ᠎ᠳ᠋ᠤ ᠰᠤᠷᠪᠤᠯᠵᠢᠯᠠᠬᠴᠢ ᠪᠤᠯᠤᠬᠰᠠᠨ᠎ᠢᠶᠡᠨ ᠂ ᠪᠢᠰᠢᠷᠡᠨ ᠬᠦᠨᠲᠦᠳᠭᠡᠵᠦ ᠶᠠᠪᠤᠲᠠᠭ ᠪᠠᠯᠵᠢᠨᠢᠮ᠎ᠠ ᠭᠤᠸᠠᠢ᠎ᠲᠠᠢ ᠬᠠᠯᠠᠭᠤᠨ ᠨᠢᠭᠤᠷ᠎ᠢᠶᠠᠷ᠎ᠢᠶᠡᠨ ᠠᠭᠤᠯᠵᠠᠵᠤ ᠲᠠᠨᠢᠯᠴᠠᠬᠰᠠᠨ ᠪᠦᠭᠡᠳ ᠰᠤᠨᠢᠨ᠎ᠤ ᠬᠤᠷᠢᠶ᠎ᠠ᠎ᠶᠢᠨ ᠰᠤᠷᠪᠤᠯᠵᠢᠯᠠᠬᠴᠢ᠎ᠶᠢᠨ ᠬᠡᠯᠲᠡᠰ᠎ᠲᠤ ᠬᠠᠮᠳᠤ ᠠᠵᠢᠯᠯᠠᠬᠤ ᠬᠤᠪᠢ ᠢᠷᠦᠭᠡᠯ ᠲᠠᠭᠠᠷᠠᠬᠰᠠᠨ ᠰᠠᠨ ᠃ ᠦᠨᠲᠦᠷᠬᠡᠨ ᠲᠤᠷᠠᠩᠬᠠᠢ ᠪᠡᠶ᠎ᠡ᠎ᠲᠠᠢ ᠂ ᠲᠡᠭᠰᠢ ᠨᠢᠷᠤᠭᠤ᠎ᠲᠠᠢ ᠂ ᠲᠦᠴᠢ ᠲᠦᠷᠦᠭᠡᠯᠡᠭᠰᠡᠨ ᠬᠢᠵᠢᠶᠡᠯᠢ ᠨᠠᠰᠤᠨ᠎ᠤ ᠬᠦᠮᠦᠨ ᠬᠢᠷᠢᠨ᠎ᠢᠶᠡᠨ ᠶᠠᠪᠤᠵᠤ ᠰᠠᠭᠤᠬᠤ᠎ᠨᠢ ᠵᠠᠯᠠᠭᠤᠴᠤᠳ᠎ᠡᠴᠠ ᠲᠤᠯᠢᠲᠠᠯ ᠦᠭᠡᠢ ᠪᠤᠰᠢᠭᠤ ᠱᠠᠯᠠᠮᠠᠭᠠᠢ ᠂ ᠶᠠᠷᠢᠵᠤ ᠬᠡᠯᠡᠬᠦᠡᠴᠠᠨᠢ ᠨᠤᠮ᠎ᠤᠨ ᠤᠳᠬ᠎ᠠ ᠬᠠᠩᠬᠤᠯᠬᠤ᠎ᠪᠠᠷ ᠰᠤᠶᠤᠯ ᠪᠤᠯᠪᠠᠰᠤᠷᠠᠯ᠎ᠤᠨ ᠦᠨᠲᠦᠷ ᠲᠦᠪᠰᠢᠨ᠎ᠳ᠋ᠤ ᠬᠦᠷᠦᠭᠰᠡᠨ ᠬᠦᠮᠦᠨ ᠭᠡᠭᠴᠢ᠎ᠨᠢ ᠭᠠᠲᠠᠷᠯᠠᠭᠲᠠᠨᠠ ᠃ ᠡᠨᠡ᠎ᠨᠢ ᠪᠠᠯᠵᠢᠨᠢᠮ᠎ᠠ᠎ᠶᠢᠨ ᠨᠠᠳᠠ᠎ᠳ᠋ᠤ ᠦᠭᠭᠦᠭᠰᠡᠨ ᠠᠩᠬᠠᠨ᠎ᠤ ᠰᠠᠭᠤᠬᠲᠠᠯ ᠃

ᠪᠠᠯᠵᠢᠨᠢᠮ᠎ᠠ ᠪᠠᠭᠰᠢᠲᠠᠨ
ᠪᠠᠯᠵᠢᠨᠢᠮ᠎ᠠ 1963 ᠤᠨ᠎ᠳ᠋ᠤ ᠦᠪᠦᠷ ᠮᠤᠩᠭᠤᠯ᠎ᠤᠨ ᠶᠡᠭᠡ ᠰᠤᠷᠭᠠᠭᠤᠯᠢ᠎ᠡᠴᠠ ᠲᠡᠬᠦᠰᠦᠭᠡᠳ ᠂ ᠰᠤᠨᠢᠨ ᠰᠡᠳᠬᠦᠯ᠎ᠤᠨ ᠹᠷᠤᠨᠲ᠎ᠲᠤ ᠤᠯᠠᠨ ᠵᠢᠯ ᠠᠵᠢᠯᠯᠠᠴᠢᠬᠠᠬᠰᠠᠨ ᠪᠠᠶᠠᠯᠢᠭ ᠲᠤᠷᠰᠢᠯᠭ᠎ᠠ ᠡᠯᠪᠡᠭ ᠦᠢᠯᠡᠲᠦᠯᠭᠡ᠎ᠲᠠᠢ ᠰᠤᠨᠢᠨ ᠮᠡᠲᠡᠭᠡᠨ᠎ᠤ ᠠᠵᠢᠯᠲᠠᠨ᠎ᠤ ᠨᠢᠭᠡᠨ ᠃ ᠲᠠᠨᠢᠯᠴᠠᠬᠰᠠᠨ᠎ᠡᠴᠠ ᠬᠤᠶᠢᠰᠢᠬᠢ ᠤᠯᠠᠨ ᠵᠢᠯ᠎ᠤᠨ ᠲᠤᠷᠰᠢ ᠪᠢ ᠪᠠᠯᠵᠢᠨᠢᠮ᠎ᠠ ᠭᠤᠸᠠᠢ᠎ᠶᠢ ᠲᠠᠭᠠᠵᠤ ᠤᠯᠠᠨᠲᠠ ᠰᠤᠷᠪᠤᠯᠵᠢᠯᠠᠭ᠎ᠠ᠎ᠶᠢᠨ ᠦᠢᠯᠡᠲᠦᠯᠭᠡ᠎ᠳ᠋ᠤ ᠤᠷᠤᠯᠴᠠᠬᠰᠠᠨ ᠂ ᠪᠢ ᠲᠡᠬᠦᠨ᠎ᠤ ᠪᠡᠶ᠎ᠡ ᠲᠡᠭᠡᠷ᠎ᠡ᠎ᠡᠴᠠ ᠤᠯᠠᠨ ᠶᠠᠭᠤᠮ᠎ᠠ ᠰᠤᠷᠴᠤ ᠮᠡᠲᠡᠵᠦ ᠤᠬᠠᠭ᠎ᠠ ᠴᠤᠭᠤᠷᠤᠬᠰᠠᠨ ᠃ ᠲᠡᠷᠡ ᠪᠤᠯ ᠮᠢᠨᠤ ᠰᠤᠨᠢᠨ ᠮᠡᠲᠡᠭᠡᠨ᠎ᠤ ᠦᠢᠯᠡᠰ᠎ᠤᠨ ᠵᠠᠮᠳ᠋ᠠᠬᠢ ᠰᠠᠶᠢᠨ ᠬᠦᠲᠦᠯᠦᠭᠴᠢ ᠂ ᠵᠢᠯᠤᠭᠤᠲᠤᠬᠴᠢ ᠂ ᠮᠢᠨᠤ ᠠᠴᠢᠲᠤ ᠪᠠᠭᠰᠢ ᠲᠤᠰᠠ᠎ᠳᠤ ᠨᠦᠬᠦᠷ ᠶᠤᠮᠰᠠᠨ ᠃
1982 ᠤᠨ᠎ᠤ 7 ᠰᠠᠷ᠎ᠠ᠎ᠶᠢᠨ ᠰᠡᠬᠦᠯᠴᠢ᠎ᠪᠠᠷ ᠂ ᠬᠡᠤ ᠶᠤᠤ ᠪᠠᠩ ᠲᠡᠷᠢᠬᠦᠯᠡᠭᠴᠢ ᠲᠤᠬᠠᠢ᠎ᠶᠢᠨ ᠦᠶ᠎ᠡ᠎ᠶᠢᠨ ᠵᠤᠤ ᠤᠲᠠ ᠠᠶᠢᠮᠠᠭ᠎ᠲᠤ ᠤᠴᠢᠵᠤ ᠰᠢᠨᠵᠢᠯᠡᠨ ᠪᠠᠶᠢᠴᠠᠭᠠᠬᠰᠠᠨ ᠪᠢᠯᠡ ᠃ 8 ᠰᠠᠷ᠎ᠠ᠎ᠶᠢᠨ ᠡᠬᠢᠨ᠎ᠢᠶᠠᠷ ᠂ ᠪᠠᠯᠵᠢᠨᠢᠮ᠎ᠠ ᠭᠤᠸᠠᠢ ᠤᠯᠠᠭᠠᠨᠬᠠᠳᠠ᠎ᠳ᠋ᠤ ᠬᠦᠷᠴᠦ ᠤᠴᠢᠪᠠ ᠃ ︽ ᠨᠠᠮ ᠲᠦᠷᠦ᠎ᠶᠢᠨ ᠤᠳᠤᠷᠢᠳᠤᠬᠴᠢ ᠡᠨᠡ ᠤᠲᠠᠭ᠎ᠠ ᠵᠤᠤ ᠤᠳᠠ᠎ᠳ᠋ᠤ ᠢᠷᠡᠭᠡᠳ ᠂ ᠮᠠᠯᠵᠢᠬᠤ ᠤᠷᠤᠨ᠎ᠡᠴᠠ ᠪᠠᠶᠠᠨᠲᠠᠯ᠎ᠠ ᠰᠤᠮᠤ ᠂ ᠲᠠᠷᠢᠶᠠᠯᠠᠬᠤ ᠤᠷᠤᠨ᠎ᠡᠴᠠ ᠳ᠋ᠠ ᠯᠢᠶᠠᠩ ᠭᠸᠦ ᠮᠧᠨ ᠰᠢᠶᠠᠩ᠎ᠢ ᠰᠤᠩᠭᠤᠵᠤ ᠤᠴᠢᠬᠰᠠᠨ᠎ᠨᠢ ᠵᠦᠭᠡᠷ ᠨᠢᠭᠡ ᠲᠤᠭᠤᠷᠢᠨ ᠦᠵᠡᠭᠰᠡᠨ ᠶᠠᠪᠤᠲᠠᠯ ᠪᠢᠰᠢ ᠰᠢᠦ ᠃ ᠵᠢᠭᠠᠪᠤᠷᠢ ᠵᠠᠬᠢᠶ᠎ᠠ᠎ᠨᠢ ᠪᠦᠬᠦ ᠤᠯᠤᠰ᠎ᠤᠨ ᠬᠦᠲᠡᠭᠡ ᠲᠤᠰᠬᠤᠨ ᠮᠠᠯᠵᠢᠬᠤ ᠤᠷᠤᠨ᠎ᠳ᠋ᠤ ᠴᠢᠭᠯᠡᠯ᠎ᠤᠨ ᠴᠢᠨᠠᠷᠲᠠᠢ ᠴᠢᠬᠤᠯᠠ ᠤᠳᠬ᠎ᠠ ᠠᠭᠤᠯᠭ᠎ᠠ᠎ᠲᠠᠢ ᠶᠠᠪᠤᠲᠠᠯ ᠶᠤᠮ ᠃ ᠪᠢᠲᠡ ᠬᠤᠶᠠᠭᠤᠯᠠ ᠲᠡᠷᠢᠬᠦᠯᠡᠭᠴᠢ᠎ᠶᠢᠨ ᠮᠦᠷ᠎ᠢᠶᠠᠷ ᠮᠦᠷᠲᠡᠨ ᠰᠤᠷᠪᠤᠯᠵᠢᠯᠠᠵᠤ ᠂ ᠰᠤᠨᠢᠨ᠎ᠤ ᠲᠤᠯᠤᠭᠠᠢᠶᠢᠨᠢ ᠲᠤᠬᠰᠢᠵᠤ ᠪᠠᠶᠢᠭᠠᠳ ᠲᠦᠷᠦᠬᠦᠦ ᠨᠢᠭᠤᠷ᠎ᠤᠨ ᠲᠦᠷᠦᠬᠦᠦ ᠪᠠᠶᠢᠷᠢ᠎ᠳ᠋ᠤ ᠨᠡᠶᠢᠲᠡᠯᠡᠬᠦ ᠬᠡᠲᠦᠨ ᠡᠬᠡ ᠪᠢᠴᠢᠭ ᠪᠢᠴᠢᠶ᠎ᠡ ︾ ᠭᠡᠵᠦ ᠪᠢᠯᠡ ᠃ ᠬᠤᠶᠠᠭᠤᠯᠠ ᠲᠡᠭᠡᠭᠡᠳ ᠪᠠᠭᠠᠷᠢᠨ ᠪᠠᠷᠠᠭᠤᠨ ᠬᠤᠰᠢᠭᠤᠨ᠎ᠤ ᠪᠠᠶᠠᠨᠲᠠᠯ᠎ᠠ ᠨᠢᠭᠡᠲᠦᠯ ᠂ ᠤᠯᠠᠭᠠᠨᠬᠠᠲᠠ ᠰᠢᠶᠠᠨ᠎ᠤ ᠳ᠋ᠠ ᠯᠢᠶᠠᠩ ᠭᠸᠦ ᠮᠧᠨ ᠰᠢᠶᠠᠩ᠎ᠳ᠋ᠤ ᠲᠤᠰ ᠲᠤᠰ ᠬᠦᠷᠴᠦ ᠂ ︽ ᠪᠠᠶᠠᠨᠲᠠᠯ᠎ᠠ ᠨᠢᠭᠡᠲᠦᠯ ᠨᠤᠲᠤᠭ ᠪᠡᠯᠴᠢᠭᠡᠷ᠎ᠤᠨ ᠦᠨᠲᠦᠰᠦᠨ ᠪᠦᠲᠦᠭᠡᠨ ᠪᠠᠶᠢᠭᠤᠯᠤᠯᠲᠠ᠎ᠪᠠᠷ ᠮᠠᠯᠵᠢᠬᠤ ᠦᠢᠯᠡᠳᠪᠦᠷᠢᠯᠡᠯ᠎ᠳ᠋ᠤ ᠬᠦᠭᠵᠢᠯ᠎ᠤᠨ ᠪᠠᠳᠤᠯᠠᠭ᠎ᠠ ᠬᠠᠩᠭᠠᠬᠰᠠᠨ᠎ᠡᠴᠠ ᠪᠦᠬᠦ ᠨᠢᠭᠡᠲᠦᠯ᠎ᠤᠨ ᠮᠠᠯ᠎ᠤᠨ ᠲᠤᠭ᠎ᠠ ᠲᠤᠯᠤᠭᠠᠢ ᠠᠩᠬ᠎ᠠ ᠤᠳᠠᠭ᠎ᠠ 10 ᠲᠦᠮᠡ᠎ᠶᠢᠨ ᠲᠠᠪᠠᠭ᠎ᠠ᠎ᠶᠢ ᠲᠠᠪᠠᠯ᠎ᠠ ︾ ᠂ ︽ ᠨᠤᠲᠤᠭ ᠪᠡᠯᠴᠢᠭᠡᠷ᠎ᠢ ᠪᠦᠲᠦᠭᠡᠨ ᠪᠠᠶᠢᠭᠤᠯᠬᠤ ᠰᠠᠶᠢᠨ ᠨᠢᠭᠡ ᠬᠡᠯᠪᠡᠷᠢ ᠪᠠᠭᠠᠷᠢᠨ ᠪᠠᠷᠠᠭᠤᠨ ᠬᠤᠰᠢᠭᠤᠨ᠎ᠤ ᠡᠷᠦᠬᠡ ᠬᠤᠯᠪᠤᠭᠠᠯᠠᠨ ᠡᠪᠡᠰᠦᠨ ᠬᠦᠷᠢᠶ᠎ᠡ ᠪᠠᠶᠢᠭᠤᠯᠤᠬᠰᠠᠨ ᠲᠤᠬᠠᠢ ᠪᠠᠶᠢᠴᠠᠭᠠᠯᠲᠠ᠎ᠶᠢᠨ ᠮᠡᠲᠡᠬᠦᠯᠦᠯᠲᠡ ︾ ᠪᠠ ᠳ᠋ᠠ ᠯᠢᠶᠠᠩ ᠭᠸᠦ ᠮᠧᠨ ᠲᠤᠰᠬᠤᠨ ᠰᠠᠭᠠᠯᠢ᠎ᠶᠢᠨ ᠢᠮᠠᠭ᠎ᠠ ᠲᠡᠵᠢᠭᠡᠵᠦ ᠂ ᠲᠠᠷᠢᠶᠠᠯᠠᠬᠤ ᠤᠷᠤᠨ ᠲᠠᠷᠢᠮᠠᠯ ᠪᠡ ᠲᠡᠵᠢᠭᠡᠪᠦᠷᠢ᠎ᠶᠢᠨ ᠦᠢᠯᠡᠰ᠎ᠢ ᠵᠡᠷᠭᠡ᠎ᠪᠡᠷ ᠬᠦᠭᠵᠢᠬᠦᠯᠵᠦ ᠪᠠᠢᠭ᠎ᠠ ᠵᠡᠷᠬᠡ 3 ᠡᠬᠡ ᠪᠢᠴᠢᠭ ᠪᠢᠴᠢᠭᠡᠳ ᠶᠠᠪᠤᠭᠤᠯᠤᠬᠰᠠᠨ᠎ᠳ᠋ᠤ ᠂ ᠦᠨᠡᠬᠡᠷ ᠪᠠᠯᠵᠢᠨᠢᠮ᠎ᠠ ᠭᠤᠸᠠᠢ᠎ᠶᠢᠨ ᠬᠡᠯᠡᠭᠰᠡᠨ᠎ᠡᠴᠠ ᠭᠠᠷᠤᠭ᠎ᠠ ᠦᠭᠡᠢ ᠂ ᠮᠠᠨ᠎ᠤ ︽ ᠦᠪᠦᠷ ᠮᠤᠩᠭᠤᠯ᠎ᠤᠨ ᠡᠲᠦᠷ᠎ᠤᠨ ᠰᠤᠨᠢᠨ ︾᠎ᠤ ᠲᠦᠷᠦᠬᠦᠦ ᠨᠢᠭᠤᠷ᠎ᠤᠨ ᠲᠦᠷᠦᠬᠦᠦ ᠪᠠᠶᠢᠷᠢ᠎ᠳ᠋ᠤ ᠠᠷᠤ ᠠᠷᠤᠡᠴᠠᠪᠠᠨ ᠨᠡᠶᠢᠲᠡᠯᠡᠭᠲᠡᠵᠡᠢ ᠃ ︽ ᠰᠤᠨᠢᠨ ᠮᠡᠲᠡᠭᠡᠨ᠎ᠳ᠋ᠤ ᠤᠬᠠᠭᠠᠯᠠᠵᠤ ᠲᠦᠰᠦᠪᠯᠡᠬᠦ ᠮᠠᠰᠢ ᠴᠢᠬᠤᠯᠠ ᠃ ᠭᠤᠤᠯ ᠰᠡᠳᠦᠪ᠎ᠢᠶᠡᠨ ᠲᠤᠭᠲᠠᠭᠠᠬᠤ ᠂ ᠬᠠᠷᠠᠭᠠᠰᠤ᠎ᠪᠠᠨ ᠰᠤᠩᠭᠤᠬᠤ ᠂ ᠴᠠᠭ ᠲᠤᠬᠢᠶᠠᠯ᠎ᠢ ᠡᠵᠡᠮᠲᠡᠬᠦ ᠭᠤᠷᠪᠠ ᠪᠤᠯ ᠤᠷᠭᠠᠨᠢᠭ ᠬᠤᠯᠪᠤᠭ᠎ᠠ᠎ᠲᠠᠢ ᠃ ᠭᠡᠬᠦ᠎ᠳ᠋ᠤ ᠴᠠᠭ ᠲᠤᠬᠢᠶᠠᠯ᠎ᠢ ᠡᠵᠡᠮᠲᠡᠬᠦ ᠪᠤᠯ ᠬᠠᠮᠤᠭ᠎ᠤᠨ ᠵᠠᠩᠭᠢᠯᠠᠭ᠎ᠠ ᠪᠤᠯᠤᠨ᠎ᠠ ︾ ᠭᠡᠵᠦ ᠪᠠᠯᠵᠢᠨᠢᠮ᠎ᠠ ᠭᠤᠸᠠᠢ ᠡᠨᠡ ᠤᠳᠠᠭ᠎ᠠ᠎ᠶᠢᠨ ᠰᠤᠷᠪᠤᠯᠵᠢᠯᠠᠭ᠎ᠠ᠎ᠶᠢᠨ ᠲᠤᠬᠠᠢ ᠳ᠋ᠦᠩᠨᠡᠵᠦ ᠶᠠᠷᠢᠬᠰᠠᠨ᠎ᠨᠢ ᠮᠢᠨᠤ ᠬᠠᠭᠠᠬᠲᠠᠬᠰᠠᠨ ᠤᠶᠤᠨ᠎ᠤ ᠴᠤᠩᠬᠤ ᠤᠩᠭᠤᠶᠢᠵᠤ ᠭᠡᠷᠡᠯ ᠭᠡᠭᠡ ᠲᠤᠰᠤᠬᠰᠠᠨ ᠮᠡᠲᠦ ᠃
ᠰᠤᠨᠢᠨ ᠮᠡᠲᠡᠭᠡᠨ᠎ᠳ᠋ᠤ ᠤᠬᠠᠭᠠᠯᠠᠵᠤ ᠲᠦᠰᠦᠪᠯᠡᠬᠦ ᠂ ᠴᠠᠭ ᠲᠤᠬᠢᠶᠠᠯ᠎ᠢ ᠡᠵᠡᠮᠲᠡᠬᠦ ᠪᠤᠲᠠᠳᠤ ᠦᠢᠯᠡᠲᠦᠯᠭᠡ᠎ᠶᠢᠨ ᠵᠢᠱᠢᠶ᠎ᠡ᠎ᠪᠠᠨ ᠪᠠᠯᠵᠢᠨᠢᠮ᠎ᠠ ᠭᠤᠸᠠᠢ ᠪᠠᠰᠠ ᠨᠢᠭᠡ ᠤᠲᠠᠭ᠎ᠠ ᠦᠵᠡᠬᠦᠯᠦᠭᠡᠳ ᠦᠭᠴᠡᠢ ᠃ 1985 ᠤᠨ᠎ᠤ ᠬᠠᠪᠤᠷ ᠂ ᠰᠤᠷᠪᠤᠯᠵᠢᠯᠠᠬᠴᠢᠳ᠎ᠤᠨ ᠠᠵᠢᠯ᠎ᠤᠨ ᠬᠤᠷᠠᠯ᠎ᠢᠶᠠᠷ ᠪᠢ ᠬᠦᠬᠡᠬᠤᠳᠠ᠎ᠳ᠋ᠤ ᠢᠷᠡᠭᠡᠳ ᠪᠠᠯᠵᠢᠨᠢᠮ᠎ᠠ ᠭᠤᠸᠠᠢ᠎ᠲᠠᠢ ᠠᠭᠤᠯᠵᠠᠵᠤ ᠂ ︽ ᠤᠶᠢᠷ᠎ᠠ᠎ᠳ᠋ᠤ ᠶᠠᠭᠤ ᠪᠢᠴᠢᠭᠡᠳ ᠶᠠᠭᠠᠷᠠᠵᠤ ᠪᠠᠶᠢᠨ᠎ᠠ ᠪᠤᠢ ︖ ︾ ᠭᠡᠵᠦ ᠠᠰᠠᠭᠤᠬᠤ᠎ᠳ᠋ᠤ ᠂ ︽ ᠴᠤᠬᠤᠮ ᠨᠢᠭᠡ ᠰᠠᠶᠢᠬᠠᠨ ᠨᠡᠶᠢᠲᠡᠯᠢᠭ ᠵᠢᠱᠢᠶ᠎ᠡ ᠤᠯᠵᠤ ᠰᠤᠷᠪᠤᠯᠵᠢᠯᠠᠬᠰᠠᠨ ︾ ᠬᠡᠯ᠎ᠠ ᠃ ᠲᠡᠬᠡᠬᠡᠳ ᠵᠤᠬᠢᠶᠠᠯ᠎ᠤᠨ ᠭᠤᠤᠯ ᠲᠦᠷᠢ ᠪᠤᠯᠬᠤ ᠸᠠᠩ ᠰᠢᠶᠠᠨ ᠼᠠᠢ ᠭᠡᠲᠡᠭ ᠬᠦᠮᠦᠨ ᠲᠠᠪᠢᠭᠠᠳ ᠤᠨᠡᠴᠠ ᠡᠬᠢᠯᠡᠵᠦ 400 ᠭᠠᠷᠤᠢ ᠲᠦᠮᠡᠨ ᠦᠰᠦᠭ ᠪᠦᠬᠦᠢ 10 ᠪᠤᠳᠢ᠎ᠶᠢᠨ ᠲᠡᠯᠡᠬᠡᠢ᠎ᠶᠢᠨ ᠠᠨᠠᠭᠠᠬᠤ ᠤᠬᠠᠭᠠᠨ᠎ᠤ ᠰᠤᠩᠭᠤᠲᠠᠭ ᠪᠦᠲᠦᠭᠡᠯ ︽ ᠰᠧᠰᠢᠯᠤᠨ ᠲᠤᠲᠤᠷ ᠡᠮᠨᠡᠯᠬᠡ᠎ᠶᠢᠨ ᠤᠬᠠᠭᠠᠨ ︾᠎ᠢ ᠮᠦᠷᠲᠡᠨ ᠠᠩᠭᠯᠢ ᠬᠡᠯᠡᠨ᠎ᠡᠴᠠ ᠬᠢᠲᠠᠳᠴᠢᠯᠠᠵᠤ ᠂ ︽ ᠪᠠᠷᠠᠭᠤᠨᠲᠠᠨ ︾᠎ᠢᠶᠠᠷ ᠴᠤᠬᠢᠬᠲᠠᠬᠰᠠᠨ ᠂ ᠲᠡᠷᠡᠴᠢᠯᠠᠨ ᠬᠢᠨᠲᠠᠨ᠎ᠳ᠋ᠤ ᠬᠤᠷᠢᠬᠲᠠᠵᠤ ᠬᠦᠲᠡᠯᠮᠦᠷᠢ᠎ᠶᠢᠨ ᠦᠭᠡᠷᠡᠴᠢᠯᠡᠯᠲᠡ ᠬᠢᠵᠦ ᠪᠠᠶᠢᠬᠤ᠎ᠳᠠᠭᠠᠨ ᠡᠨᠡ ᠠᠵᠢᠯ᠎ᠢᠶᠡᠨ ᠵᠤᠬᠰᠤᠭ᠎ᠠ ᠦᠭᠡᠢ ᠡᠲᠦᠷ ᠰᠦᠨᠢ᠎ᠶᠢ ᠵᠠᠯᠭᠠᠭᠤᠯᠤᠨ ᠦᠷᠯᠦᠭᠡ ᠦᠲᠡᠰᠢ᠎ᠶᠢ ᠲᠡᠮᠡᠴᠡᠨ ᠤᠷᠴᠢᠭᠤᠯᠵᠤ ᠲᠠᠭᠤᠰᠤᠭᠠᠳ ᠦᠪᠦᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠎ᠡᠴᠠ ᠬᠡᠪᠯᠡᠬᠦᠯᠦᠭᠰᠡᠨ ᠲᠤᠬᠠᠢ ᠮᠠᠰᠢ ᠲᠤᠭᠲᠤᠯᠤᠨ ᠶᠠᠷᠢᠵᠤ ᠦᠭᠴᠦ ᠪᠢᠯᠡ ᠃ ᠬᠠᠭᠠᠰ ᠰᠠᠷ᠎ᠠ ᠠᠷᠠᠢ ᠪᠤᠯᠤᠭ᠎ᠠ ᠦᠭᠡᠢ ᠂ ︽ ᠬᠠᠲᠠᠭᠤᠵᠢᠯᠲᠠᠢ ᠲᠡᠮᠡᠴᠡᠭᠴᠢ ᠨᠢᠭᠡᠨ ᠬᠦᠮᠦᠨ᠎ᠤ ᠤᠯᠠ ᠮᠦᠷ ︾ ᠭᠡᠬᠦ ᠤᠷᠲᠤ ᠴᠢᠮᠡᠭᠡᠯᠡᠯ᠎ᠨᠢ ︽ ᠲᠤᠰ ᠰᠤᠨᠢᠨ᠎ᠤ ᠤᠨᠴᠠ ᠤᠷᠢᠬᠰᠠᠨ ᠰᠤᠷᠪᠤᠯᠵᠢᠯᠠᠬᠴᠢ ᠪᠠᠯᠵᠢᠨᠢᠮ᠎ᠠ ︾ ᠭᠡᠬᠦ ᠨᠡᠷ᠎ᠡ᠎ᠪᠠᠷ ︽ ᠭᠤᠸᠠᠩᠮᠢᠩ ᠡᠲᠦᠷ᠎ᠤᠨ ᠰᠤᠨᠢᠨ ︾᠎ᠳ᠋ᠤ ᠲᠦᠷᠦᠬᠦᠦ ᠨᠢᠭᠤᠷ᠎ᠤᠨ ᠲᠦᠷᠦᠬᠦᠦ ᠪᠠᠶᠢᠷᠢ᠎ᠪᠠᠷ ᠰᠢᠬᠦᠮᠵᠢᠯᠡᠭᠴᠢ᠎ᠶᠢᠨ ᠦᠭᠡ ᠬᠠᠪᠰᠤᠷᠭᠠᠨ ᠦᠪᠡᠲᠡᠭᠰᠢ ᠶᠡᠬᠡᠪᠡᠷ ᠨᠡᠶᠢᠲᠡᠯᠡᠭᠲᠡᠯᠡ ᠃ ᠪᠢ ᠠᠮᠲᠠᠷᠬᠠᠨ ᠤᠩᠰᠢᠬᠤ ᠵᠠᠭᠤᠷ᠎ᠠ ᠵᠤᠬᠢᠶᠠᠯ᠎ᠤᠨ ᠪᠠᠭᠠᠳᠤᠷ᠎ᠤᠨ ᠦᠢᠯᠡ ᠶᠠᠪᠤᠲᠠᠯ᠎ᠳ᠋ᠤ ᠰᠡᠳᠬᠢᠯ᠎ᠤᠨ ᠶᠤᠩᠬᠤᠷ᠎ᠢᠶᠡᠨ ᠬᠦᠨᠲᠡᠬᠦᠯᠵᠦ ᠬᠡᠲᠦ ᠴᠤ ᠤᠲᠠᠭ᠎ᠠ ᠠᠨᠢᠰᠬ᠎ᠠ ᠴᠢᠭᠢᠭᠲᠡᠵᠦ ᠠᠬᠰᠠᠨ ᠪᠢᠯᠡ ᠃ ᠲᠤᠰ ᠴᠢᠮᠡᠭᠡᠯᠡᠯ ᠪᠦᠬᠦ ᠤᠯᠤᠰ᠎ᠲᠤ ᠂ ᠢᠯᠠᠩᠭᠤᠶ᠎ᠠ ᠦᠷᠭᠡᠨ ᠤᠯᠠᠨ ᠡᠷᠲᠡᠮᠲᠡᠨ ᠰᠡᠭᠡᠭᠡᠲᠡᠳ᠎ᠤᠨ ᠲᠤᠮᠳᠠ ᠴᠢᠩᠭ᠎ᠠ ᠲᠤᠰᠬᠠᠯ ᠭᠠᠷᠴᠤ ᠂ ︽ ᠭᠤᠸᠠᠩᠮᠢᠩ ᠡᠲᠦᠷ᠎ᠤᠨ ᠰᠤᠨᠢᠨ ︾ ᠲᠡᠭᠡᠷ᠎ᠡ ᠲᠤᠰᠬᠠᠢ ᠪᠤᠯᠤᠩ᠎ᠢᠶᠠᠷ ᠶᠠᠷᠢᠯᠴᠠᠭ᠎ᠠ ᠦᠷᠨᠢᠬᠦᠯᠦᠭᠰᠡᠨ ᠶᠤᠮ ᠃ ᠡᠨᠡ ᠪᠤᠯ ︽ ᠰᠤᠶᠤᠯ᠎ᠤᠨ ᠶᠡᠬᠡ ᠬᠤᠪᠢᠰᠬᠠᠯ ︾ ᠲᠤᠮᠲᠠ ᠲᠠᠯᠬᠢᠬᠲᠠᠬᠰᠠᠨ ᠰᠡᠭᠡᠭᠡᠲᠡᠳ᠎ᠤᠨ ᠲᠤᠬᠠᠢ ᠲᠦᠷᠦ᠎ᠶᠢᠨ ᠪᠤᠲᠤᠯᠭ᠎ᠠ ᠲᠠᠬᠢᠨ ᠰᠡᠷᠭᠦᠭᠡᠭᠲᠡᠵᠦ ᠂ ᠡᠷᠲᠡᠮᠲᠡᠨᠢ ᠬᠦᠨᠲᠦᠳᠭᠡᠵᠦ ᠴᠢᠲᠠᠪᠤᠷᠢᠲᠠᠨᠢ ᠴᠢᠬᠤᠯᠠᠴᠢᠯᠠᠬᠤ ᠪᠤᠯᠤᠬᠰᠠᠨ ᠴᠠᠭ᠎ᠤᠨ ᠪᠠᠶᠢᠲᠠᠯᠢ ᠰᠡᠷᠭᠡᠭ᠎ᠢᠶᠠᠷ ᠲᠠᠨᠢᠵᠤ ᠂ ᠠᠵᠠ ᠲᠤᠬᠢᠶᠠᠯ᠎ᠢ ᠡᠵᠡᠮᠲᠡᠭᠰᠡᠨ ᠪᠠᠯᠵᠢᠨᠢᠮ᠎ᠠ ᠭᠤᠸᠠᠢ᠎ᠶᠢᠨ ᠨᠢᠭᠡ ︽ ᠡᠷᠲᠡᠮ ︾ ᠃ ᠲᠡᠭᠦᠨ᠎ᠡᠴᠠ ᠬᠤᠢᠰᠢ ᠂ ᠪᠦᠬᠦ ᠤᠯᠤᠰ᠎ᠤᠨ ᠰᠢᠯᠢᠲᠡᠭ ᠰᠤᠨᠢᠨ ᠮᠡᠲᠡᠭᠡᠨ᠎ᠤ ᠭᠤᠷᠪᠠᠳᠤᠭᠠᠷ ᠲᠡᠰ᠎ᠤᠨ ᠱᠠᠩᠨᠠᠯ ᠬᠦᠷᠲᠡᠭᠰᠡᠨ ᠦᠪᠦᠷ ᠮᠤᠩᠭᠤᠯ᠎ᠳ᠋ᠤ ︽ ᠡᠯᠡᠰᠦ ᠤᠷᠤᠬᠰᠢᠯᠠᠵᠤ ᠬᠦᠮᠦᠨ ᠤᠬᠤᠷᠢᠲᠠᠭ ᠪᠠᠶᠢᠬᠰᠠᠨ᠎ᠡᠴᠠ ᠤᠳᠤ ᠬᠦᠮᠦᠨ ᠤᠷᠤᠬᠰᠢᠯᠠᠵᠤ ᠡᠯᠡᠰᠦ ᠤᠬᠤᠷᠢᠯ᠎ᠠ ︾ ᠭᠡᠬᠦ ᠮᠡᠲᠦ᠎ᠶᠢᠨ ᠴᠠᠭ᠎ᠢ ᠡᠵᠡᠯᠡᠭᠰᠡᠨ ᠠᠯᠢ ᠤᠯᠠᠨ ᠮᠡᠲᠡᠭᠡ ᠴᠢᠮᠡᠭᠡᠯᠠᠯᠨᠦᠭᠦᠳᠨᠢ ᠴᠦᠮ ᠪᠠᠯᠵᠢᠨᠢᠮ᠎ᠠ ᠭᠤᠸᠠᠢ᠎ᠶᠢᠨ ᠰᠤᠨᠢᠨ ᠮᠡᠲᠡᠭᠡᠯᠡᠯ᠎ᠤᠨ ᠤᠬᠠᠭᠠᠯᠠᠨ ᠲᠦᠰᠦᠪᠯᠡᠬᠦ ︽ ᠡᠷᠲᠡᠮ ︾᠎ᠳ᠋ᠤ ᠰᠠᠭᠤᠷᠢᠯᠠᠬᠰᠠᠨ ᠪᠠᠶᠢᠲᠠᠭ ᠃

ᠪᠠᠯᠵᠢᠨᠢᠮ᠎ᠠ ᠪᠠᠭᠰᠢᠲᠠᠨ ᠭᠡᠷᠬᠡᠢ ᠵᠠᠩ ᠵᠢᠢ ᠰᠢᠶᠠ ᠲᠠᠢ ᠪᠠᠨ ᠬᠠᠮᠲᠣ
1983 ᠤᠨ᠎ᠤ ᠬᠠᠪᠤᠷ ᠂ ᠪᠢᠲᠠ ᠬᠦᠬᠡᠬᠤᠲᠠ᠎ᠳ᠋ᠤ ᠬᠤᠷᠠᠯ᠎ᠳ᠋ᠤ ᠰᠠᠭᠤᠵᠤ ᠪᠠᠶᠢᠲᠠᠯ᠎ᠠ ᠂ ᠠᠯᠲᠠᠷᠲᠤ ᠲᠤᠬᠯᠠᠬᠴᠢ ᠰᠡᠴᠡᠩᠭᠤᠸ᠎ᠠ ︽ ᠲᠡᠮᠡᠭᠡ ᠰᠢᠶᠠᠩᠽᠢ ︾ ᠭᠡᠲᠡᠭ ᠺᠢᠨᠣ᠋᠎ᠳ᠋ᠤ ᠬᠡᠤ ᠨᠢᠦ᠎ᠶᠢᠨ ᠲᠦᠷᠢ᠎ᠶᠢ ᠠᠮᠵᠢᠯᠲᠠ᠎ᠲᠠᠢ ᠲᠤᠬᠯᠠᠭᠠᠳ ᠂ ᠲᠤᠮᠲᠠᠳᠤ ᠤᠯᠤᠰ᠎ᠤᠨ ᠺᠢᠨᠣ᠋᠎ᠶᠢᠨ ︽ ᠠᠯᠲᠠᠨ ᠲᠠᠬᠢᠶ᠎ᠠ ︾ ᠪᠠ ︽ ᠦᠨᠢᠷ ᠴᠡᠴᠡᠭ ︾ ᠬᠤᠤᠰ ᠱᠠᠩᠨᠠᠯ ᠤᠯᠤᠬᠰᠠᠨ ᠴᠢᠮᠡᠭᠡ᠎ᠶᠢ ᠰᠤᠨᠤᠰᠤᠮᠠᠬᠴᠠ ᠂ ︽ ᠬᠤᠷᠠᠯ᠎ᠢᠶᠡᠨ ᠪᠠᠷᠠᠪᠠᠯ ᠬᠤᠶᠠᠭᠤᠯᠠ ᠰᠡᠴᠡᠩᠭᠤᠸ᠎ᠠ᠎ᠶᠢ ᠰᠤᠷᠪᠤᠯᠵᠢᠯᠠᠬᠤ᠎ᠪᠠᠷ ᠪᠡᠭᠡᠵᠢᠩ᠎ᠳ᠋ᠤ ᠶᠠᠪᠤᠶ᠎ᠠ ︾ ᠭᠡᠵᠦ ᠪᠠᠯᠵᠢᠨᠢᠮ᠎ᠠ ᠭᠤᠸᠠᠢ ᠨᠠᠳᠠ᠎ᠳ᠋ᠤ ᠬᠡᠯᠡᠪᠡ ᠃ ᠪᠢ ᠵᠢᠭᠠᠬᠠᠨ ᠲᠠᠳᠠᠭᠠᠯᠵᠠᠬᠤᠯᠠᠷ ᠂ ᠪᠠᠯᠵᠢᠨᠢᠮ᠎ᠠ ᠭᠤᠸᠠᠢ ︽ ᠨᠡᠷᠡᠲᠦ ᠰᠤᠷᠪᠤᠯᠵᠢᠯᠠᠬᠴᠢ ᠪᠤᠯᠤᠶ᠎ᠠ ᠭᠡᠪᠡᠯ ᠨᠡᠷᠡᠲᠦ ᠬᠦᠮᠦᠨ᠎ᠢ ᠰᠤᠷᠪᠤᠯᠵᠢᠯᠠᠬᠤ ᠶᠤᠮ ᠰᠢᠤ ︾ ᠭᠡᠲᠡᠭ ︽ ᠤᠨᠤᠯ ︾᠎ᠢᠶᠡᠨ ᠨᠤᠮᠯᠠᠬᠰᠠᠨ ᠪᠠᠶᠢᠲᠠᠭ ᠃ ᠪᠢ ᠲᠡᠬᠦᠨ᠎ᠢ᠎ᠨᠢ ︽ ᠪᠠᠯᠵᠢᠨᠢᠮ᠎ᠠ᠎ᠶᠢᠨ ᠤᠨᠤᠯ ︾ ᠭᠡᠵᠦ ᠨᠡᠷᠡᠯᠡᠭᠰᠡᠨ ᠶᠤᠮ ᠃ ᠰᠡᠴᠡᠩᠭᠤᠸ᠎ᠠ ᠲᠡᠷᠡ ᠦᠶᠡᠰ᠎ᠲᠤ ᠶᠠᠭ ︽ ᠲᠠᠬᠢᠨᠲᠠ ᠠᠮᠢᠯᠠᠬᠰᠠᠨ ᠭᠠᠵᠠᠷ ︾ ᠭᠡᠬᠦ ᠺᠢᠨᠣ᠋᠎ᠳ᠋ᠤ ᠴᠢᠬᠤᠯᠠ ᠲᠦᠷᠢ ᠲᠤᠬᠯᠠᠭᠠᠳ ᠮᠠᠰᠢ ᠶᠠᠭᠠᠷᠠᠤ ᠪᠠᠢᠵᠠᠢ ᠃ ᠬᠡᠪᠡᠴᠦ ︽ ᠬᠡᠲᠦᠢ ᠶᠠᠭᠠᠷᠠᠤ ᠠᠬᠰᠠᠨ ᠴᠤ ᠨᠤᠲᠤᠭ᠎ᠡᠴᠠ ᠢᠷᠡᠭᠰᠡᠨ ᠰᠤᠷᠪᠤᠯᠵᠢᠯᠠᠬᠴᠢ᠎ᠪᠠᠨ ᠭᠤᠮᠤᠲᠠᠭᠠᠬᠤ ᠦᠭᠡᠢ ︾ ᠭᠡᠵᠦ ᠰᠡᠴᠡᠩᠭᠤᠸ᠎ᠠ ᠵᠠᠪ ᠴᠢᠯᠦᠭᠡ᠎ᠪᠠᠨ ᠵᠠᠶᠢᠴᠢᠯᠠᠵᠤ ᠰᠤᠷᠪᠤᠯᠵᠢᠯᠠᠭ᠎ᠠ᠎ᠶᠢ ᠬᠦᠯᠢᠶᠡᠭᠰᠡᠨ ᠶᠤᠮ ᠃ ᠲᠡᠬᠦᠨ᠎ᠡᠴᠠ ᠬᠤᠶᠢᠰᠢ ᠂ ᠪᠠᠯᠵᠢᠨᠢᠮ᠎ᠠ ᠪᠠᠭᠰᠢ᠎ᠶᠢᠨ ᠲᠠᠭᠠᠭᠤᠯᠭ᠎ᠠ᠎ᠪᠠᠷ ᠪᠢ ᠪᠡᠭᠡᠵᠢᠩ᠎ᠳ᠋ᠤ ᠬᠡᠲᠦᠨᠲᠡ ᠤᠴᠢᠬᠰᠠᠨ᠎ᠳᠠᠭᠠᠨ ᠮᠠᠨᠵᠤ᠎ᠶᠢᠨ ᠫᠦᠶᠢ ᠬᠠᠭᠠᠨ᠎ᠤ ᠲᠡᠬᠦᠦ ᠬᠦᠷᠭᠡᠨ ᠂ ᠲᠠᠶᠢᠸᠠᠨ᠎ᠡᠴᠠ ᠰᠠᠢᠬᠠᠨ ᠡᠬᠡ ᠬᠠᠭᠤᠷᠠᠢ᠎ᠳᠠᠭᠠᠨ ᠪᠤᠴᠠᠵᠤ ᠢᠷᠡᠭᠰᠡᠨ ᠵᠤᠤ ᠴᠢ ᠹᠠᠨ ᠠᠪᠤᠭᠠᠢ ᠂ ᠠᠯᠲᠠᠷᠲᠤ ᠵᠤᠬᠢᠶᠠᠯᠴᠢ ᠂ ᠰᠤᠷᠪᠤᠯᠵᠢᠯᠠᠬᠴᠢ ᠂ ᠤᠷᠴᠢᠭᠤᠯᠤᠬᠴᠢ ᠰᠢᠶᠤᠤ ᠴᠢᠶᠠᠨ ᠠᠪᠤᠭᠠᠢ ᠂ ᠤᠯᠠᠭᠠᠨᠬᠦᠦ ᠲᠡᠷᠢᠬᠦᠯᠡᠭᠴᠢ᠎ᠶᠢᠨ ᠬᠤᠶᠠᠳᠤᠭᠠᠷ ᠬᠦᠪᠡᠬᠦᠨ ᠂ ᠠᠯᠲᠠᠷᠲᠤ ᠴᠡᠷᠢᠭ ᠵᠡᠪᠰᠡᠭ᠎ᠤᠨ ᠰᠤᠳᠤᠯᠤᠭᠠᠴᠢ ᠦᠬᠡᠷ ᠠᠪᠤᠭᠠᠢ ᠂ ᠮᠤᠩᠭᠤᠯ ᠶᠤᠸᠠᠨ᠎ᠤ ᠲᠡᠦᠬᠡ᠎ᠶᠢᠨ ᠰᠤᠲᠤᠯᠭᠠᠲᠠᠨᠤ ᠠᠪᠤᠷᠭᠤ ᠼᠠᠢ ᠮᠸᠢ ᠪᠢᠶᠤᠤ ᠠᠪᠤᠭᠠᠢ ᠂ ᠮᠤᠩᠭᠤᠯ ᠦᠨᠲᠦᠰᠦᠲᠡᠨ᠎ᠤ ᠠᠯᠲᠠᠷᠲᠤ ᠢᠷᠠᠭᠤ ᠨᠠᠶᠢᠷᠠᠬᠴᠢ ᠴᠠᠭᠠᠨ ᠵᠡᠷᠭᠡ ᠮᠠᠰᠢ ᠤᠯᠠᠨ ᠨᠡᠷᠡᠲᠦ ᠬᠦᠮᠦᠰ᠎ᠲᠠᠢ ᠠᠭᠤᠯᠵᠠᠵᠤ ᠲᠠᠨᠢᠯᠴᠠᠵᠤ ᠂ ᠰᠤᠷᠪᠤᠯᠵᠢᠯᠠᠵᠤ ᠪᠢᠴᠢᠭᠰᠡᠨ ᠰᠠᠨ ᠃
ᠠᠮᠢᠳᠤᠷᠠᠯ᠎ᠳᠠᠭᠠᠨ ᠰᠠᠢᠨ ᠡᠬᠡᠨᠡᠷ ᠤᠯᠵᠦ ᠂ ᠠᠯᠪᠠᠨ᠎ᠳᠠᠭᠠᠨ ᠰᠠᠶᠢᠨ ᠤᠳᠤᠷᠢᠳᠤᠯᠭ᠎ᠠ᠎ᠲᠠᠢ ᠲᠠᠭᠠᠷᠠᠬᠤ ᠭᠡᠭᠴᠢ ᠠᠮᠠᠷ ᠦᠭᠡᠢ ᠃ ᠡᠨᠡ ᠬᠤᠶᠠᠷ ᠵᠤᠯ᠎ᠲᠠᠢ ᠶᠠᠪᠤᠲᠠᠯ ᠪᠠᠯᠵᠢᠨᠢᠮ᠎ᠠ ᠭᠤᠸᠠᠢ᠎ᠳ᠋ᠤ ᠵᠡᠷᠭᠡ᠎ᠪᠠᠷ ᠲᠠᠭᠠᠷᠠᠵᠠᠢ ᠃ ︽ ᠠᠮᠵᠢᠯᠲᠠ᠎ᠳ᠋ᠤ ᠬᠦᠷᠦᠭᠰᠡᠨ ᠡᠷ᠎ᠡ ᠬᠦᠮᠦᠨ᠎ᠤ ᠠᠷᠤ᠎ᠳ᠋ᠤ ᠯᠠᠪᠲᠠᠢ ᠨᠢᠭᠡ ᠮᠡᠷᠭᠡᠨ ᠴᠢᠬᠡᠴᠢ ᠡᠬᠡᠨᠡᠷ ᠪᠠᠶᠢᠲᠠᠭ ︾ ᠭᠡᠲᠡᠭ ᠦᠭᠡ ᠪᠤᠢ ᠃ ᠭᠡᠷᠭᠡᠢ᠎ᠨᠢ ᠵᠠᠩ ᠵᠢᠢ ᠰᠢᠶᠠ ᠪᠤᠯ ᠪᠠᠯᠵᠢᠨᠢᠮ᠎ᠠ ᠭᠤᠸᠠᠢ᠎ᠶᠢᠨ ᠠᠵᠢᠯ ᠦᠢᠯᠡᠰ᠎ᠤᠨ ᠲᠡᠮᠵᠢᠭᠴᠢ ᠵᠦᠪᠯᠡᠭᠴᠢ ᠶᠤᠮᠰᠠᠨ ᠃ ᠲᠡᠬᠢᠪᠡᠯ ᠲᠤᠬᠠᠢ᠎ᠶᠢᠨ ᠦᠶ᠎ᠡ᠎ᠶᠢᠨ ᠰᠤᠨᠢᠨ᠎ᠤ ᠬᠤᠷᠢᠶᠠᠨ᠎ᠤ ᠨᠠᠮ᠎ᠤᠨ ᠬᠤᠷᠢᠶ᠎ᠠ᠎ᠶᠢᠨ ᠱᠦᠵᠢ ᠪᠤᠤᠰᠢᠶᠠᠩ ᠲᠠᠷᠤᠭ᠎ᠠ ᠭᠡᠵᠤ ᠪᠤᠶᠠᠨ᠎ᠢᠶᠠᠷ ᠲᠠᠭᠠᠷᠠᠬᠰᠠᠨ ᠪᠤᠷᠬᠠᠨ ᠰᠡᠳᠬᠢᠯᠲᠦ ᠰᠠᠶᠢᠨ ᠲᠠᠷᠤᠭ᠎ᠠ ᠶᠤᠮ ᠡ ᠃ ᠮᠢᠨᠤ ᠮᠡᠲᠡᠬᠦ᠎ᠪᠠᠷ ᠂ 1987 ᠤᠨ᠎ᠳ᠋ᠤ ᠂ ᠰᠤᠨᠢᠨ᠎ᠤ ᠨᠠᠮ᠎ᠤᠨ ᠬᠤᠷᠢᠶ᠎ᠠ᠎ᠡᠴᠠ ᠪᠠᠯᠵᠢᠨᠢᠮ᠎ᠠ᠎ᠶᠢ ᠮᠤᠩᠭᠤᠯ ᠰᠤᠨᠢᠨ᠎ᠤ ᠮᠠᠯ ᠲᠠᠷᠢᠶᠠᠯᠠᠩ᠎ᠤᠨ ᠬᠡᠯᠲᠡᠰ᠎ᠤᠨ ᠲᠡᠳ᠋ ᠡᠷᠬᠢᠯᠡᠭᠴᠢ ︵ ᠲᠡᠳ᠋ ᠭᠠᠵᠠᠷ᠎ᠤᠨ ᠲᠠᠷᠤᠭ᠎ᠠ᠎ᠶᠢᠨ ᠲᠡᠰ ︶ ᠲᠤᠰᠢᠶᠠᠯ᠎ᠳ᠋ᠤ ᠲᠡᠪᠰᠢᠬᠦᠯᠬᠦ ᠭᠡᠰᠡᠨ᠎ᠳ᠋ᠤ ᠂ ᠪᠠᠯᠵᠢᠨᠢᠮ᠎ᠠ ᠦᠪᠡᠰᠦᠪᠡᠨ ᠲᠠᠲᠠᠭᠠᠯᠵᠠᠵᠤ ᠂ ︽ ᠪᠢ ᠨᠦᠬᠦᠭᠡ ᠠᠵᠢᠯ ᠠᠯᠪᠠᠨ᠎ᠳ᠋ᠤ ᠠᠷᠭᠠᠮᠵᠢᠬᠲᠠᠪᠠᠯ ᠦᠪᠡᠷ᠎ᠤᠨ ᠬᠢᠶ᠎ᠡ ᠭᠡᠰᠡᠨ ᠶᠠᠭᠤᠮ᠎ᠠ᠎ᠪᠠᠨ ᠬᠢᠵᠦ ᠴᠢᠲᠠᠬᠤ ᠦᠭᠡᠢ ᠪᠤᠯᠴᠢᠬᠠᠨ᠎ᠠ ︾ ᠭᠡᠳ ᠪᠤᠤᠰᠢᠶᠠᠩ ᠲᠠᠷᠤᠭ᠎ᠠ᠎ᠶᠢ ᠡᠷᠢᠵᠦ ︽ ᠪᠡᠯᠡᠳᠭᠡᠯ ᠰᠤᠷᠪᠤᠯᠵᠢᠯᠠᠬᠴᠢ ︾ ᠪᠤᠯᠬᠤ᠎ᠪᠠᠷ ᠭᠤᠶᠤᠴᠢᠯᠠᠪᠠ ᠃ ᠪᠤᠤ ᠲᠠᠷᠤᠭ᠎ᠠ ᠲᠡᠬᠦᠨ᠎ᠤ ᠭᠤᠶᠤᠴᠢᠯᠠᠯ᠎ᠢ ᠵᠦᠪᠰᠢᠶᠡᠷᠡᠭᠰᠡᠨ᠎ᠤ ᠰᠠᠶᠢᠨ᠎ᠢᠶᠠᠷ ᠂ ᠪᠠᠯᠵᠢᠨᠢᠮ᠎ᠠ ᠭᠤᠸᠠᠢ ᠠᠵᠢᠯ᠎ᠡᠴᠠ᠎ᠪᠠᠨ ᠲᠠᠷᠬᠠᠯᠠᠬᠲᠠᠬᠤᠡᠴᠠ ᠡᠮᠦᠨᠡᠬᠢ ᠠᠷᠪᠠᠭᠠᠳ ᠵᠢᠯ᠎ᠳ᠋ᠤ ᠪᠦᠬᠦ ᠤᠯᠤᠰ᠎ᠤᠨ ᠲᠠᠶᠢᠸᠠᠨ ᠮᠤᠵᠢ᠎ᠶᠢ ᠭᠠᠷᠭᠠᠪᠠᠯ ᠂ 31 ᠮᠤᠵᠢ ᠂ ᠬᠤᠲᠠ ᠂ ᠦᠪᠡᠷᠲᠡᠭᠡᠨ ᠵᠠᠰᠠᠬᠤ ᠤᠷᠤᠨ᠎ᠳ᠋ᠤ ᠤᠯᠠ ᠮᠦᠷ᠎ᠢᠶᠡᠨ ᠦᠯᠡᠲᠡᠭᠡᠵᠦ ᠂ ᠴᠤᠬᠤᠮ ᠴᠦ ᠡᠬᠡ ᠤᠯᠤᠰ᠎ᠤᠨ ᠡᠯ᠎ᠡ ᠭᠠᠵᠠᠷ᠎ᠢᠶᠠᠷ ᠰᠤᠷᠪᠤᠯᠵᠢᠯᠠᠵᠦ ᠶᠠᠪᠤᠬᠰᠠᠨ ᠃ ᠮᠦᠨ ᠴᠤ ᠡᠨᠡ ᠬᠤᠭᠤᠴᠠᠭᠠᠨ᠎ᠳ᠋ᠤ ᠬᠤᠵᠢᠮ᠎ᠤᠨ᠎ᠢᠶᠡᠨ ᠠᠭᠤᠤ ᠦᠢᠯᠡᠰ᠎ᠢᠶᠡᠨ ᠤᠬᠠᠭᠠᠯᠠᠨ ᠲᠦᠰᠦᠪᠯᠡᠵᠦ ᠂ ᠰᠠᠭᠤᠷᠢ᠎ᠶᠢ᠎ᠨᠢ ᠲᠠᠯᠪᠢᠬᠰᠠᠨ ᠪᠠᠶᠢᠭ᠎ᠠ ᠶᠤᠮ ᠃
ᠡᠨᠡ ᠠᠭᠤᠤ ᠶᠡᠭᠡ ᠦᠢᠯᠡᠰ᠎ᠤᠨ ᠡᠬᠢᠯᠡᠯᠲᠡ ᠪᠤᠯ ᠪᠠᠯᠵᠢᠨᠢᠮ᠎ᠠ ᠂ ᠬᠠᠨ ᠭᠧᠨ ᠴᠠᠩ ᠪᠠᠭᠰᠢ᠎ᠶᠢᠨ ᠰᠡᠳᠦᠵᠦ ᠡᠬᠦᠰᠭᠡᠭᠰᠡᠨ ᠂ ᠪᠤᠤᠰᠢᠶᠠᠩ ᠲᠠᠷᠤᠭ᠎ᠠ᠎ᠶᠢᠨ ᠵᠦᠪᠰᠢᠶᠡᠷᠡᠯ᠎ᠢᠶᠠᠷ ᠶᠠᠪᠤᠬᠲᠠᠬᠰᠠᠨ ︽ ᠡᠬᠡ ᠤᠯᠤᠰ᠎ᠤᠨ ᠡᠯ᠎ᠡ ᠭᠠᠵᠠᠷ᠎ᠲᠠᠬᠢ ᠮᠤᠩᠭᠤᠯᠴᠤᠳ ︾ ᠭᠡᠬᠦ ᠰᠢᠷᠢᠰ ᠮᠡᠲᠡᠭᠡᠯᠡᠯ ᠪᠤᠯᠤᠨ᠎ᠠ ᠃ ᠪᠢ ᠪᠠᠰᠠ ᠠᠵᠠ᠎ᠪᠠᠷ ᠡᠨᠡ ᠬᠦ ᠲᠤᠭᠤᠶᠢᠯᠠᠩ᠎ᠳ᠋ᠤ ᠤᠷᠤᠯᠴᠠᠵᠤ ᠂ 1989 ᠤᠨ᠎ᠤ ᠨᠠᠮᠤᠷ ᠪᠠᠯᠵᠢᠨᠢᠮ᠎ᠠ ᠂ ᠬᠠᠨ ᠭᠧᠨ ᠴᠠᠩ ᠪᠠᠭᠰᠢ᠎ᠶᠢᠨ ᠬᠠᠮᠳᠤ ᠰᠢᠨᠵᠢᠶᠠᠩ᠎ᠳ᠋ᠤ ᠰᠠᠷ᠎ᠠ ᠭᠠᠷᠤᠢ ᠰᠤᠷᠪᠤᠯᠵᠢᠯᠠᠭ᠎ᠠ ᠬᠢᠭᠰᠡᠨ ᠶᠤᠮ ᠃ ᠰᠢᠷᠢᠰ ᠮᠡᠲᠡᠭᠡᠯᠡᠯ᠎ᠨᠢ ᠵᠠᠷᠤᠲᠠᠯ ᠮᠦᠩᠭᠦ ᠂ ᠬᠦᠮᠦᠨ᠎ᠤ ᠬᠦᠴᠦ ᠡᠨᠡ ᠲᠡᠷᠡ᠎ᠡᠴᠠ ᠰᠢᠯᠲᠠᠭᠠᠯᠠᠵᠤ ᠂ ᠬᠡᠲᠦᠨ ᠵᠢᠯ ᠲᠠᠰᠤᠭ ᠪᠤᠰᠠᠭ ᠦᠷᠬᠦᠯᠵᠢᠯᠡᠵᠦ ᠪᠠᠶᠢᠬᠰᠠᠨ᠎ᠢᠶᠡᠨ ᠂ ᠢᠯᠠᠩᠭᠤᠶ᠎ᠠ ᠪᠤᠤᠰᠢᠶᠠᠩ ᠲᠠᠷᠤᠭ᠎ᠠ ᠰᠢᠯᠵᠢᠵᠦ ᠂ ᠬᠠᠨ ᠭᠧᠨ ᠴᠠᠩ ᠂ ᠪᠠᠯᠵᠢᠨᠢᠮ᠎ᠠ ᠪᠠᠭᠰᠢ ᠠᠷᠤ ᠠᠷᠤᠡᠴᠠᠪᠠᠨ ᠠᠵᠢᠯ᠎ᠡᠴᠠ᠎ᠪᠠᠨ ᠲᠠᠷᠬᠠᠯᠠᠬᠲᠠᠬᠰᠠᠨᠡᠴᠠ ᠲᠤᠲᠠᠭᠤ ᠲᠤᠷᠭᠤᠨ ᠵᠤᠬᠰᠤᠬᠰᠠᠨ ᠤᠬᠠᠭᠠᠨ ᠲᠠᠢ ᠃ ᠬᠡᠲᠦᠢ ᠲᠡᠶᠢᠮᠦ ᠪᠤᠯᠪᠠᠴᠤ ᠪᠠᠯᠵᠢᠨᠢᠮ᠎ᠠ ᠭᠤᠸᠠᠢ ᠪᠤᠯ ᠶᠠᠭᠤᠮ᠎ᠠ᠎ᠶᠢ ᠲᠤᠲᠠᠭᠤ ᠲᠤᠷᠭᠤᠨ ᠬᠠᠶᠠᠲᠠᠭ ᠦᠭᠡᠢ ᠂ ᠲᠡᠬᠦᠨ᠎ᠤ ︽ ᠤᠬᠠᠭᠠᠯᠠᠨ ᠲᠦᠰᠦᠪᠯᠡᠬᠦ ︾ ᠡᠷᠲᠡᠮ᠎ᠨᠢ ᠪᠠᠰᠠ ᠨᠢᠭᠡ ᠤᠲᠠᠭ᠎ᠠ ᠦᠢᠯᠡᠲᠦᠯ ᠦᠵᠡᠬᠦᠯᠪᠡ ᠃ ᠲᠡᠷᠡ᠎ᠪᠠᠷ ᠰᠤᠷᠪᠤᠯᠵᠢᠯᠠᠵᠤ ᠪᠢᠴᠢᠭᠰᠡᠨ ᠬᠦᠮᠦᠰ᠎ᠤᠨ᠎ᠢᠶᠡᠨ ᠲᠤᠲᠤᠷ᠎ᠠ᠎ᠡᠴᠠ 32 ᠪᠠᠶᠢᠭᠠᠯᠢ᠎ᠶᠢᠨ ᠰᠢᠨᠵᠢᠯᠡᠬᠦ ᠤᠬᠠᠭᠠᠨᠲᠠᠨ᠎ᠢ ᠰᠤᠩᠭᠤᠵᠤ ︽ ᠮᠤᠩᠭᠤᠯ ᠦᠨᠲᠦᠰᠦᠲᠡᠨ᠎ᠤ ᠰᠢᠨᠵᠢᠯᠡᠬᠦ ᠤᠬᠠᠭᠠᠨᠲᠠᠳ ︾ ᠭᠡᠬᠦ ᠨᠤᠮ᠎ᠢᠶᠡᠨ ᠬᠢᠲᠠᠳ ᠮᠤᠩᠭᠤᠯ ᠬᠤᠶᠠᠷ ᠬᠡᠯᠡ᠎ᠪᠠᠷ ᠨᠠᠶᠢᠷᠠᠭᠤᠯᠵᠤ ᠬᠡᠪᠯᠡᠬᠦᠯᠦᠭᠰᠡᠨ ᠰᠠᠨ ᠃ ᠰᠡᠬᠦᠯᠳ᠋ᠤᠨᠢ ᠨᠤᠮ᠎ᠤᠨ᠎ᠢᠶᠡᠨ ᠠᠭᠤᠯᠭ᠎ᠠ᠎ᠳ᠋ᠤ ᠨᠡᠮᠡᠯᠲᠡ ᠬᠠᠰᠤᠯᠲᠠ ᠬᠢᠵᠦ ᠂ ᠨᠡᠶᠢᠲᠡ 64 ᠬᠦᠮᠦᠨ᠎ᠢ ᠪᠠᠭᠲᠠᠭᠠᠬᠰᠠᠨ ︽ ᠮᠤᠩᠭᠤᠯ ᠦᠨᠲᠦᠰᠦᠲᠡᠨ᠎ᠤ ᠰᠢᠨᠵᠢᠯᠡᠬᠦ ᠤᠬᠠᠭᠠᠨᠲᠠᠳ ︾ ᠭᠡᠬᠦ ᠨᠤᠮ ᠪᠤᠯᠭᠠᠵᠤ ᠂ 2005 ᠤᠨ᠎ᠳ᠋ᠤ ᠬᠤᠶᠠᠳᠤᠭᠠᠷ ᠤᠲᠠᠭ᠎ᠠ ᠬᠡᠪᠯᠡᠬᠦᠯᠦᠭᠰᠡᠨ ᠪᠦᠭᠡᠳ 2008 ᠤᠨ᠎ᠳ᠋ᠤ ᠦᠪᠦᠷ ᠮᠤᠩᠭᠤᠯ ᠤᠷᠤᠨ᠎ᠳ᠋ᠤ ᠲᠠᠷᠬᠠᠭᠠᠯᠲᠠ᠎ᠪᠠᠷ ᠬᠠᠮᠤᠭ᠎ᠤᠨ ᠦᠷᠭᠡᠨ ︽ ᠤᠮᠠᠷᠠᠲᠤ᠎ᠶᠢᠨ ᠰᠢᠨ᠎ᠡ ᠰᠤᠨᠢᠨ ︾᠎ᠢᠶᠠᠷ ᠲᠠᠮᠵᠢᠭᠤᠯᠤᠨ ᠂ ᠮᠤᠩᠭᠤᠯ ᠦᠨᠲᠦᠰᠦᠲᠡᠨ᠎ᠤ 10 ᠰᠤᠳᠤᠨ ᠰᠢᠨᠵᠢᠯᠡᠬᠦ ᠤᠬᠠᠭᠠᠨᠲᠠᠳᠢ ᠰᠢᠯᠭᠠᠷᠠᠭᠤᠯᠬᠤ ᠠᠵᠢᠯᠯᠠᠭ᠎ᠠ ᠦᠷᠨᠢᠬᠦᠯᠵᠠᠢ ᠃ ᠡᠨᠡ ᠰᠠᠭᠤᠷᠢᠨ ᠲᠡᠭᠡᠷ᠎ᠡ᠎ᠪᠠᠨ ᠮᠤᠩᠭᠤᠯ ᠦᠨᠲᠦᠰᠦᠲᠡᠨ᠎ᠤ 10 ᠰᠤᠳᠤᠨ ᠰᠢᠨᠵᠢᠯᠡᠬᠦ ᠤᠬᠠᠭᠠᠨᠲᠠᠳ᠎ᠤᠨ ᠬᠦᠷᠦᠭ᠎ᠲᠤ ᠲᠠᠨᠢᠯᠴᠠᠭᠤᠯᠭ᠎ᠠ ᠬᠠᠲᠠᠨ ᠬᠡᠪᠯᠡᠵᠤ ᠂ 8 ᠮᠤᠵᠢ ᠤᠷᠤᠨ᠎ᠤ ᠲᠦᠮᠡ ᠭᠠᠷᠤᠢ ᠮᠤᠩᠭᠤᠯ ᠲᠤᠮᠲᠠᠳᠤ ᠂ ᠪᠠᠭ᠎ᠠ ᠰᠤᠷᠭᠠᠭᠤᠯᠢ᠎ᠳ᠋ᠤ ᠪᠡᠯᠡᠭᠯᠡᠨ ᠂ ᠮᠤᠩᠭᠤᠯ ᠦᠨᠲᠦᠰᠦᠲᠡᠨ᠎ᠤ ᠰᠢᠨᠵᠢᠯᠡᠬᠦ ᠤᠬᠠᠭᠠᠨᠲᠠᠳᠢ ᠮᠤᠩᠭᠤᠯᠴᠤᠳ᠎ᠤᠨ ᠬᠤᠶᠢᠴᠢ ᠦᠶ᠎ᠡ᠎ᠶᠢᠨ ᠵᠢᠷᠦᠬᠡ ᠰᠡᠳᠬᠢᠯ᠎ᠳ᠋ᠤ ᠬᠠᠲᠠᠩᠰᠢᠭᠤᠯᠤᠨ ᠨᠦᠯᠦᠭᠡᠯᠡᠬᠦ ᠭᠡᠰᠡᠨ ᠠᠯᠤᠰ ᠬᠡᠲᠦ᠎ᠶᠢᠨ ᠪᠤᠲᠤᠯᠭ᠎ᠠ᠎ᠪᠠᠨ ᠰᠢᠩᠭᠡᠭᠡᠵᠦ ᠂ ᠰᠤᠷᠲᠠᠯᠴᠢᠯᠠᠨ ᠲᠠᠨᠢᠯᠴᠠᠭᠤᠯᠬᠤ ᠠᠵᠢᠯᠯᠠᠭ᠎ᠠ᠎ᠪᠠᠨ ᠤᠷᠢᠲᠤ ᠡᠮᠦᠨ᠎ᠡ ᠪᠠᠶᠢᠭ᠎ᠠ ᠦᠭᠡᠢ ᠰᠢᠨ᠎ᠡ ᠨᠢᠭᠡᠨ ᠲᠦᠪᠰᠢᠨ᠎ᠳ᠋ᠤ ᠬᠦᠷᠭᠡᠵᠡᠢ ᠃ ᠡᠨᠡ ᠶᠠᠪᠤᠲᠠᠯ ᠢᠩᠭᠢᠭᠡᠳ ᠵᠤᠬᠰᠤᠨ᠎ᠠ ᠭᠡᠵᠦ ᠲᠠᠭᠠᠪᠠᠯ ᠪᠠᠰᠠ ᠡᠨᠳᠡᠬᠦᠦ ᠪᠤᠯᠤᠨ᠎ᠡ ᠃ ᠡᠬᠦᠨ᠎ᠤ ᠵᠡᠷᠭᠡ᠎ᠪᠠᠷ ᠪᠠᠰᠠ ᠨᠢᠭᠡᠨ ᠪᠦᠲᠦᠮᠵᠢᠲᠡᠢ ᠤᠬᠠᠭᠠᠯᠠᠯ ᠲᠦᠰᠦᠪᠯᠡᠯ ᠶᠠᠪᠤᠭᠲᠠᠵᠤ ᠠᠬᠰᠠᠨ ᠪᠢᠯᠡ ᠃ ᠪᠠᠯᠵᠢᠨᠢᠮ᠎ᠠ ᠭᠤᠸᠠᠢ ︽ ᠮᠤᠩᠭᠤᠯ ᠦᠨᠲᠦᠰᠦᠲᠡᠨ᠎ᠤ ᠰᠢᠨᠵᠢᠯᠡᠬᠦ ᠤᠬᠠᠭᠠᠨᠲᠠᠳ ︾ ᠨᠤᠮ᠎ᠤᠨ ᠲᠤᠲᠤᠷ᠎ᠠ᠎ᠡᠴᠠ ᠴᠢᠩ ᠤᠯᠤᠰ᠎ᠤᠨ ᠠᠯᠲᠠᠷᠲᠤ ᠰᠢᠨᠵᠢᠯᠡᠬᠦ ᠤᠬᠠᠭᠠᠨᠲᠠᠨ ᠮᠢᠩᠭᠠᠨᠳᠤ᠎ᠶᠢ ᠰᠤᠩᠭᠤᠵᠤ ᠂ ︽ ᠪᠢᠯᠢᠭᠲᠦ ᠤᠳᠤᠨ ᠮᠢᠩᠭᠠᠨᠳᠤ ︾ ᠨᠤᠮ᠎ᠢ ᠠᠰᠲᠤᠨᠢ ᠨᠠᠶᠢᠷᠠᠭᠤᠯᠵᠤ ᠬᠡᠪᠯᠡᠬᠦᠯᠦᠭᠰᠡᠨ ᠪᠦᠭᠡᠳ ᠮᠢᠩᠭᠠᠨᠳᠤ᠎ᠶᠢᠨ ᠲᠡᠭᠡᠲᠦ᠎ᠶᠢᠨ ᠨᠤᠲᠤᠭ ᠪᠤᠯ ᠦᠪᠦᠷ ᠮᠤᠩᠭᠤᠯ᠎ᠤᠨ ᠬᠦᠪᠡᠭᠡᠲᠦ ᠴᠠᠭᠠᠨ ᠬᠤᠰᠢᠭᠤ ᠪᠤᠯᠤᠨ᠎ᠠ ᠭᠡᠲᠡᠭ᠎ᠡᠴᠠ ᠤᠷᠭᠤᠭᠤᠯᠵᠤ ᠂ ᠬᠦᠪᠡᠭᠡᠲᠦ ᠴᠠᠭᠠᠨ ᠬᠤᠰᠢᠭᠤᠨ᠎ᠤ ᠵᠠᠰᠠᠭ᠎ᠤᠨ ᠤᠷᠲᠤ᠎ᠨᠢ ᠲᠤᠮᠲᠠᠳᠤ ᠤᠯᠤᠰ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ ᠪᠤᠯᠤᠨ ᠤᠯᠤᠰ᠎ᠤᠨ ᠤᠳᠤᠨ ᠤᠷᠤᠨ᠎ᠤ ᠬᠦᠷᠢᠶᠡᠯᠡᠩ᠎ᠳ᠋ᠤ ᠮᠡᠲᠡᠬᠦᠯᠦᠯᠲᠡ ᠪᠢᠴᠢᠬᠦᠯᠦᠨ ᠂ ︽ ᠮᠢᠩᠭᠠᠨᠳᠤ ᠤᠳᠤᠨ ︾ ᠨᠡᠷᠡᠶᠢᠳᠬᠦ ᠠᠵᠢᠯᠯᠠᠭ᠎ᠠ᠎ᠶᠢ ᠰᠡᠲᠤᠨ ᠡᠬᠦᠰᠭᠡᠪᠡ ᠃ ︽ ᠬᠡᠲᠦᠨ ᠵᠢᠯ᠎ᠤᠨ ᠲᠠᠷᠠᠭ᠎ᠠ ᠂ ᠲᠤᠲᠤᠷᠠᠭᠤᠯᠵᠤ ᠬᠡᠯᠡᠪᠡᠯ ᠂ 2002 ᠤᠨ᠎ᠤ 5 ᠰᠠᠷ᠎ᠠ᠎ᠳ᠋ᠤ ᠲᠤᠮᠲᠠᠳᠤ ᠤᠯᠤᠰ᠎ᠤᠨ ᠢᠯᠡᠷᠡᠬᠦᠯᠵᠦ ᠮᠡᠲᠡᠭᠰᠡᠨ 28242 ᠨᠤᠮᠧᠷᠲᠦ ᠵᠢᠵᠢᠭ ᠭᠠᠷᠠᠭ ᠤᠳᠤ᠎ᠶᠢ ︽ ᠮᠢᠩᠭᠠᠨᠳᠤ ᠤᠳᠤᠨ ︾ ᠬᠡᠮᠡᠨ ᠨᠡᠷᠡᠶᠢᠳᠪᠡ ᠃ ᠡᠨᠡ ᠪᠤᠯ ᠮᠠᠨ᠎ᠤ ᠤᠯᠤᠰ ᠠᠩᠬ᠎ᠠ ᠤᠲᠠᠭ᠎ᠠ ᠴᠦᠬᠡᠨ ᠲᠤᠭᠠᠳᠤ ᠦᠨᠲᠦᠰᠦᠲᠡᠨ᠎ᠤ ᠰᠢᠨᠵᠢᠯᠡᠬᠦ ᠤᠬᠠᠭᠠᠨᠲᠠᠨ᠎ᠤ ᠨᠡᠷ᠎ᠡ᠎ᠪᠠᠷ ᠭᠠᠷᠠᠭ ᠤᠳᠤ᠎ᠶᠢ ᠨᠡᠷᠡᠶᠢᠳᠦᠭᠰᠡᠨ ᠶᠠᠪᠤᠲᠠᠯ ᠪᠤᠯᠬᠤ . ᠶᠤᠮ ᠃ ᠭᠠᠷᠠᠭ ᠤᠳᠤᠨᠢ ᠨᠡᠷᠡᠶᠢᠳᠬᠦ᠎ᠶᠢ ᠲᠤᠮᠲᠠᠳᠤ ᠤᠯᠤᠰ ᠲᠤᠬᠲᠠᠭᠠᠵᠤ ᠲᠡᠶᠢᠯᠲᠡᠭ ᠪᠢᠰᠢ ᠂ ᠡᠷᠬᠡᠪᠰᠢ ᠤᠯᠠᠨ ᠤᠯᠤᠰ᠎ᠤᠨ ᠤᠳᠤᠨ ᠤᠷᠤᠨ᠎ᠤ ᠰᠤᠲᠤᠯᠤᠯ᠎ᠤᠨ ᠬᠠᠮᠳᠤᠷᠠᠬᠰᠠᠨ ᠨᠡᠶᠢᠭᠡᠮᠯᠢᠭ᠎ᠤᠨ ᠵᠢᠵᠢᠭ ᠤᠳᠤᠨᠢ ᠨᠡᠷᠡᠶᠢᠳᠬᠦ ᠵᠦᠪᠯᠡᠯ᠎ᠳ᠋ᠤ ᠮᠡᠲᠡᠬᠦᠯᠵᠦ ᠵᠦᠪᠰᠢᠶᠡᠷᠡᠬᠦᠯᠲᠡᠭ ᠶᠤᠮ ᠪᠠᠶᠢᠨ᠎ᠠ ᠃ ᠬᠡᠯᠡᠬᠦ᠎ᠳ᠋ᠤ ᠪᠠᠯᠵᠢᠨᠢᠮ᠎ᠠ ᠂ ᠵᠠᠩ ᠵᠢᠢ ᠰᠢᠶᠠ ᠡᠷ᠎ᠡ ᠡᠮ᠎ᠡ ᠬᠤᠶᠠᠭᠤᠯᠠ᠎ᠶᠢᠨ ᠤᠬᠠᠭᠠᠯᠠᠵᠤ ᠰᠡᠲᠦᠭᠰᠡᠨ ᠦᠢᠯᠡᠲᠦᠯ ᠭᠠᠪᠢᠶ᠎ᠠ᠎ᠶᠢ ᠬᠠᠷᠢᠨ ᠦᠭᠡᠶᠢᠰᠭᠡᠬᠦ᠎ᠶᠢᠨ ᠠᠷᠭ᠎ᠠ ᠦᠭᠡᠢ ᠃ ᠮᠦᠨ ᠲᠡᠲᠡᠨᠡᠷ᠎ᠤᠨ ᠤᠬᠠᠭᠠᠯᠠᠯ ᠰᠡᠲᠦᠯᠭᠡᠪᠠᠷ ᠂ ᠬᠦᠪᠡᠭᠡᠲᠦ ᠴᠠᠭᠠᠨ ᠬᠤᠰᠢᠭᠤᠨ᠎ᠤ ᠬᠤᠰᠢᠭᠤᠨ ᠲᠦᠪ᠎ᠤᠨ ᠨᠡᠷ᠎ᠡ᠎ᠶᠢ ︽ ᠮᠢᠩᠭᠠᠨᠳᠤ ᠪᠠᠯᠭᠠᠰᠤ ︾ ᠬᠡᠮᠡᠨ ᠬᠠᠯᠠᠵᠤ ᠂ ᠲᠤᠮᠲᠠᠳᠤ ᠤᠯᠤᠰ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ ᠪᠤᠯᠤᠨ ᠤᠯᠤᠰ᠎ᠤᠨ ᠤᠳᠤᠨ ᠤᠷᠤᠨ᠎ᠤ ᠬᠦᠷᠢᠶᠡᠯᠡᠩ 4500 ᠲᠦᠮᠡᠨ ᠲᠦᠬᠦᠷᠢᠭ᠎ᠤᠨ ᠪᠡᠯᠡ ᠤᠷᠤᠭᠤᠯᠵᠤ ᠂ ᠰᠢᠯᠤᠭᠤᠨ ᠴᠠᠭᠠᠨ ᠬᠤᠰᠢᠭᠤᠨ᠎ᠳ᠋ᠤ ᠤᠳᠤᠨ ᠤᠷᠤᠨ᠎ᠤ ᠠᠵᠢᠬᠯᠠᠯᠲᠠ᠎ᠶᠢᠨ ᠦᠷᠲᠡᠭᠡ ᠪᠠᠶᠢᠭᠤᠯᠵᠤ ᠂ ᠰᠢᠯᠤᠭᠤᠨ ᠴᠠᠭᠠᠨ ᠬᠤᠰᠢᠭᠤᠨ᠎ᠤ ᠨᠡᠷ᠎ᠡ ᠠᠯᠲᠠᠷᠰᠢᠯ᠎ᠢ ᠶᠡᠬᠡᠪᠡᠷ ᠮᠠᠨᠳᠤᠭᠤᠯᠤᠬᠰᠠᠨ ᠪᠠᠶᠢᠨ᠎ᠠ ᠃ ᠡᠨᠡ ᠪᠤᠯ ᠲᠠᠷᠤᠢ ᠪᠠᠯᠵᠢᠨᠢᠮ᠎ᠠ᠎ᠶᠢᠨ ︽ ᠡᠷᠲᠡᠮ ︾ ᠂ ᠪᠠᠯᠵᠢᠨᠢᠮ᠎ᠠ᠎ᠶᠢᠨ ︽ ᠠᠪᠲᠠᠯ ︾ ᠃

ᠪᠠᠯᠵᠢᠨᠢᠮ᠎ᠠ ᠪᠠᠭᠰᠢᠲᠠᠨ᠎ᠤ ᠪᠦᠲᠦᠭᠡᠯ᠎ᠦᠳ
ᠰᠢᠨ᠎ᠡ ᠵᠠᠭᠤᠨ᠎ᠳ᠋ᠤ ᠤᠷᠤᠬᠰᠠᠨ ᠲᠡᠷᠡ ᠵᠢᠯ ᠪᠠᠯᠵᠢᠨᠢᠮ᠎ᠠ ᠭᠤᠸᠠᠢ 62 ᠨᠠᠰᠤᠳᠠᠢ ᠃ ᠡᠩ᠎ᠤᠨ ᠵᠦᠢ᠎ᠪᠠᠷ ᠪᠤᠯ ᠡᠨᠡ ᠨᠠᠰᠤᠨ᠎ᠤ ᠦᠨᠲᠦᠷᠯᠢᠭ᠎ᠲᠤ ᠭᠠᠷᠤᠬᠰᠠᠳ ᠦᠷ᠎ᠡ᠎ᠡᠴᠠ ᠭᠠᠷᠤᠬᠰᠠᠨ ᠦᠷ᠎ᠡ᠎ᠪᠠᠨ ᠡᠪᠦᠲᠦᠭ ᠲᠤᠭᠤᠷᠢᠭᠤᠯᠤᠨ ᠦᠷᠪᠡᠭᠡᠶᠢᠨᠢ ᠦᠨᠦᠷᠯᠡᠨ ᠂ ᠦᠲᠡᠯᠦᠭᠡ ᠨᠠᠰᠤᠨ᠎ᠤ ᠬᠠᠪᠤ᠋ ᠵᠢᠷᠭᠠᠯ᠎ᠢ ᠡᠳ᠋ᠯᠡᠵᠦ ᠰᠠᠭᠤᠨ᠎ᠠ ᠃ ᠭᠡᠪᠡᠴᠦ ᠪᠠᠯᠵᠢᠨᠢᠮ᠎ᠠ ᠭᠡᠲᠡᠭ ᠬᠦᠮᠦᠨ ᠭᠠᠷ ᠬᠤᠮᠢᠵᠤ ᠵᠦᠭᠡᠷ ᠰᠠᠭᠤᠵᠤ ᠴᠢᠲᠠᠲᠠᠭ ᠦᠭᠡᠢ ᠃ ᠲᠡᠷᠡ᠎ᠪᠠᠷ ᠰᠢᠨ᠎ᠡ ᠵᠠᠭᠤᠨ᠎ᠢᠶᠠᠷ ᠪᠡᠯᠭᠡ ᠲᠡᠮᠲᠡᠭ ᠪᠤᠯᠭᠠᠵᠤ ᠂ ᠠᠵᠢᠯ ᠦᠢᠯᠡᠰ᠎ᠤᠨ᠎ᠢᠶᠡᠨ ᠰᠢᠨ᠎ᠡ ᠠᠶᠠᠨ᠎ᠳ᠋ᠤ ᠮᠤᠷᠲᠠᠪᠠ ᠃ 1995 ᠤᠨ᠎ᠤ 12 ᠰᠠᠷ᠎ᠠ᠎ᠶᠢᠨ 31᠎ᠤ ᠡᠲᠦᠷ ᠂ ᠠᠮᠧᠷᠢᠺᠠ᠎ᠶᠢᠨ ︽ ᠸᠠᠰᠢᠩᠲ᠋ᠤᠨ ᠫᠤᠰᠲ ᠰᠤᠨᠢᠨ ︾᠎ᠡᠴᠠ ︽ ᠬᠡᠨ ᠪᠦᠮᠪᠦᠷᠴᠡᠭ᠎ᠢ ᠵᠢᠵᠢᠭᠷᠡᠬᠦᠯᠵᠦ ᠂ ᠶᠢᠷᠲᠢᠨᠴᠦ᠎ᠶᠢ ᠤᠶᠢᠷᠠᠲᠤᠭᠤᠯᠤᠬᠰᠠᠨ ᠪᠤᠢ ︾ ᠭᠡᠬᠦ ᠵᠠᠷᠴᠢᠮ᠎ᠢᠶᠠᠷ ᠬᠦᠮᠦᠨ ᠲᠦᠷᠦᠯᠬᠢᠲᠡᠨ᠎ᠤ ᠪᠤᠯᠪᠠᠰᠤᠨ᠎ᠤ ᠲᠡᠦᠬᠡᠨ ᠲᠡᠭᠡᠷᠡᠬᠢ ᠬᠤᠶᠠᠳᠤᠭᠠᠷ ᠮᠢᠩᠭᠠᠨᠤ ᠲᠤᠨᠵᠢ ᠬᠦᠮᠦᠨ᠎ᠢ ᠰᠢᠯᠭᠠᠷᠠᠭᠤᠯᠤᠬᠰᠠᠨ᠎ᠳ᠋ᠤ ᠴᠢᠩᠬᠢᠰ ᠬᠠᠭᠠᠨ ᠨᠢᠬᠡᠲᠦᠭᠡᠷ᠎ᠲᠤ ᠲᠤᠲᠤᠷᠠᠬᠰᠠᠨ ᠶᠠᠪᠤᠲᠠᠯ᠎ᠨᠢ ᠴᠢᠩᠭᠢᠰ ᠬᠠᠭᠠᠨ᠎ᠤ ᠲᠦᠷᠪᠡᠲᠦᠭᠡᠷ ᠬᠦᠦ ᠲᠤᠯᠤᠢ᠎ᠶᠢᠨ 33 ᠳ᠋ᠤᠭᠠᠷ ᠦᠶ᠎ᠡ᠎ᠶᠢᠨ ᠬᠤᠶᠢᠴᠢᠰ ᠂ ᠪᠤᠷᠵᠢᠬᠢᠨ ᠤᠪᠤᠭ᠎ᠤᠨ ᠪᠠᠯᠵᠢᠨᠢᠮ᠎ᠠ᠎ᠶᠢᠨ ᠡᠪᠴᠢᠬᠦᠦ ᠲᠦᠬᠦᠷᠡᠩ ᠬᠠᠯᠠᠭᠤᠨ ᠴᠢᠰᠤ᠎ᠶᠢ ᠤᠷᠬᠢᠯᠤᠭᠤᠯᠵᠤ ᠂ ᠡᠪᠦᠭᠡ ᠲᠡᠭᠡᠲᠦᠰᠤᠨᠢᠶᠡᠨ ᠤᠯᠠ ᠮᠦᠷ᠎ᠢ ᠬᠠᠶᠢᠬᠤ ᠤᠷᠲᠤ ᠠᠶᠠᠨ᠎ᠳ᠋ᠤ ᠦᠢᠯᠡᠰ᠎ᠤᠨ ᠵᠢᠯᠤᠭᠤ ᠰᠤᠩᠭᠠᠪᠠ ᠃ ᠲᠡᠭᠦᠨ᠎ᠡᠴᠠ ᠨᠠᠭᠠᠰᠢᠬᠢ ᠬᠤᠷᠢ ᠭᠠᠷᠤᠢ ᠵᠢᠯ᠎ᠤᠨ ᠲᠤᠷᠰᠢ ᠪᠠᠯᠵᠢᠨᠢᠮ᠎ᠠ ᠭᠤᠸᠠᠢ ᠭᠡᠷᠭᠡᠢ ᠵᠠᠩ ᠵᠢᠢ ᠰᠢᠶᠠᠲᠠᠢᠪᠠᠨ ᠬᠠᠮᠳᠤ ᠲᠠᠪᠢ ᠵᠢᠷᠠᠨ ᠤᠯᠤᠰ ᠭᠦᠷᠦᠨ᠎ᠢᠶᠠᠷ ᠶᠠᠪᠤᠵᠤ ᠂ ᠴᠢᠩᠭᠢᠰ ᠬᠠᠭᠠᠨ᠎ᠤ ᠲᠤᠬᠠᠢ ᠪᠠ ᠴᠢᠩᠭᠢᠰ ᠬᠠᠭᠠᠨᠯᠤᠭᠠ ᠬᠤᠯᠪᠤᠬᠲᠠᠯ ᠪᠦᠬᠦᠢ ᠨᠤᠮ ᠪᠢᠴᠢᠭ᠎ᠢ 15000 ᠭᠠᠷᠤᠢ ᠰᠢᠷᠬᠡᠭ ᠴᠤᠭᠯᠠᠭᠤᠯᠵᠠᠢ ᠃ ᠡᠨᠡ ᠬᠦ ᠶᠠᠪᠤᠴᠠ᠎ᠳ᠋ᠤ ᠬᠦᠷᠦᠩᠭᠡ ᠮᠦᠩᠭᠦ᠎ᠪᠠᠨ ᠬᠦᠨᠲᠤᠷᠦᠭᠰᠠᠨ ᠴᠤ ᠬᠡᠦᠬᠡᠳ ᠠᠴᠢᠷ᠎ᠢᠶᠡᠨ ᠲᠠᠶᠢᠴᠢᠯᠠᠵᠤ ᠂ ᠬᠦᠴᠢᠷ ᠪᠡᠷᠬᠡᠰᠢᠶᠡᠯ᠎ᠢ ᠢᠯᠠᠨ ᠲᠠᠪᠠᠭᠰᠠᠨᠢ ᠨᠢᠭᠡᠳ ᠨᠢᠭᠡᠳ ᠲᠤᠭᠠᠴᠠᠪᠠᠯ ᠦᠭᠡ ᠤᠯᠠᠳᠠᠨᠠ ᠃
︽ ᠴᠢᠩᠭᠢᠰ ᠬᠠᠭᠠᠨ ᠪᠤᠯ ᠮᠢᠨᠤ ᠰᠡᠳᠬᠢᠯ ᠵᠢᠷᠤᠬᠡᠨ᠎ᠤ ᠰᠢᠲᠦᠯᠭᠡ ᠂ ᠴᠢᠩᠭᠢᠰ᠎ᠤᠨ ᠲᠤᠬᠠᠢ ᠨᠤᠮ ᠴᠤᠭᠯᠠᠭᠤᠯᠵᠤ ᠬᠠᠳᠠᠭᠠᠯᠠᠬᠤ ᠂ ᠴᠢᠩᠭᠢᠰ ᠬᠠᠭᠠᠨ᠎ᠤ ᠲᠤᠬᠠᠢ ᠰᠤᠳᠤᠯᠭ᠎ᠠ ᠬᠢᠬᠦ᠎ᠨᠢ ᠮᠢᠨᠤ ᠨᠢᠭᠡ ᠨᠠᠰᠤᠨ᠎ᠤ ᠬᠦᠭᠡᠭᠡᠴᠡᠯᠳᠦᠯ ᠃ ᠪᠢ ᠵᠠᠪᠠᠯ ᠮᠠᠰᠢ ᠴᠢᠬᠤᠯᠠ ᠲᠤᠮᠤ ᠂ ᠮᠠᠰᠢ ᠤᠴᠢᠷ ᠠᠭᠤᠯᠭ᠎ᠠ᠎ᠲᠠᠢ ᠨᠢᠭᠡ ᠶᠠᠪᠤᠲᠠᠯ ᠬᠢᠵᠤ ᠦᠯᠡᠲᠡᠭᠡᠨᠡ ︾ ᠂ ᠪᠠᠯᠵᠢᠨᠢᠮ᠎ᠠ ᠢᠩᠭᠢᠵᠦ ᠬᠡᠯᠡᠭᠰᠡᠨ ᠂ ᠮᠦᠨ ᠢᠩᠭᠢᠵᠦ ᠬᠢᠭᠰᠡᠨ ᠃ ᠴᠢᠩᠭᠢᠰ ᠬᠠᠭᠠᠨ᠎ᠤ ᠲᠤᠬᠠᠢ ᠪᠠ ᠴᠢᠩᠭᠢᠰ ᠬᠠᠭᠠᠨᠯᠤᠭᠠ ᠬᠤᠯᠪᠤᠬᠲᠠᠯ ᠪᠦᠬᠦᠢ ᠨᠤᠮ ᠪᠢᠴᠢᠭ᠎ᠢ ᠴᠤᠬᠯᠠᠭᠤᠯᠤᠬᠰᠠᠨ᠎ᠨᠢ ᠪᠠᠯᠵᠢᠨᠢᠮ᠎ᠠ᠎ᠶᠢᠨ ᠡᠨᠡ ᠨᠠᠰᠤᠨ᠎ᠤ ᠠᠵᠢᠯ ᠦᠢᠯᠡᠰ᠎ᠤᠨ ᠬᠢᠨᠢ ᠨᠤᠶᠠᠨ ᠤᠷᠬᠢᠯ ᠪᠤᠯᠬᠤ ᠰᠠᠨ ᠃ ᠡᠬᠦᠨ᠎ᠳ᠋ᠤ ᠲᠤᠮᠲᠠ ᠂ ᠪᠠᠯᠵᠢᠨᠢᠮ᠎ᠠ ᠤᠬᠠᠭᠠᠯᠠᠵᠤ ᠲᠦᠰᠦᠪᠯᠡᠬᠦ ᠤᠷ᠎ᠠ ᠠᠪᠢᠶᠠᠰ ᠂ ᠡᠷᠲᠡᠮ ᠴᠢᠲᠠᠪᠤᠷᠢ᠎ᠪᠠᠨ ᠴᠤ ᠭᠤᠶᠢᠲᠠ ᠪᠠᠲᠠᠷᠠᠭᠤᠯᠤᠬᠰᠠᠨ ᠪᠠᠶᠢᠨ᠎ᠠ ᠃ ᠴᠢᠩᠭᠢᠰ ᠬᠠᠭᠠᠨ᠎ᠤ ᠲᠤᠬᠠᠢ ᠪᠠ ᠴᠢᠩᠭᠢᠰ ᠬᠠᠭᠠᠨᠯᠤᠭᠠ ᠬᠤᠯᠪᠤᠬᠲᠠᠯ ᠪᠦᠬᠦᠢ ᠨᠤᠮ ᠪᠢᠴᠢᠭ᠎ᠢ ᠴᠤᠭᠯᠠᠭᠤᠯᠤᠬᠰᠠᠨ ᠲᠤᠭ᠎ᠠ ᠬᠡᠮᠵᠢᠶ᠎ᠡ᠎ᠪᠠᠷ ᠲᠡᠬᠦᠨᠯᠦᠭᠡ ᠡᠭᠡᠮ ᠰᠠᠴᠠᠭᠤᠯᠤᠬᠴᠢ ᠶᠢᠷᠲᠢᠨᠴᠦ᠎ᠳ᠋ᠤ ᠠᠯᠠᠭ᠎ᠠ ᠃ ᠲᠡᠭᠡᠬᠦ ᠮᠦᠷᠲᠡᠭᠡᠨ ᠪᠠᠯᠵᠢᠨᠢᠮ᠎ᠠ᠎ᠶᠢᠨ ᠨᠤᠮ᠎ᠤᠨ ᠬᠠᠲᠠᠭᠠᠯᠠᠮᠵᠢ ᠬᠠᠷᠢᠴᠠᠭᠤᠯᠦᠰᠢ ᠦᠭᠡᠢ ᠂ ᠲᠠᠪᠲᠠᠭᠲᠠᠰᠢ ᠦᠭᠡᠢ ᠬᠡᠮᠵᠢᠶᠡᠨ᠎ᠳ᠋ᠤ ᠬᠦᠷᠦᠭᠰᠡᠨ ᠪᠠᠶᠢᠲᠠᠭ ᠃ ᠡᠬᠦᠨ᠎ᠤ ᠤᠴᠢᠷ᠎ᠨᠢ ᠭᠡᠪᠡᠯ ᠂ ᠪᠠᠯᠵᠢᠨᠢᠮ᠎ᠠ᠎ᠶᠢᠨ ᠴᠤᠭᠯᠠᠭᠤᠯᠤᠬᠰᠠᠨᠨ ᠵᠠᠷᠢᠮ ᠨᠤᠮ᠎ᠨᠢ ︽ ᠭᠠᠵᠠᠷ ᠲᠡᠭᠡᠷᠡᠬᠢ ᠭᠠᠭᠴᠠ ᠲᠡᠪᠲᠡᠷ ︾ ᠂ ᠵᠠᠷᠢᠮ᠎ᠨᠢ ᠨᠤᠮ᠎ᠤᠨ ᠵᠤᠬᠢᠶᠠᠬᠴᠢ᠎ᠶᠢᠨ ᠠᠮᠢᠲᠤ ᠰᠡᠷᠡᠬᠦᠨ ᠦᠶ᠎ᠡ᠎ᠶᠢᠨ ᠭᠠᠷ ᠪᠢᠴᠢᠮᠡᠯ᠎ᠤᠨ ᠦᠲᠡᠪᠦᠷᠢ ᠂ ᠵᠠᠷᠢᠮ᠎ᠨᠢ ᠲᠡᠭᠡᠷ᠎ᠡ ᠵᠠᠭᠤᠨ᠎ᠤ ᠭᠤᠴᠢ ᠲᠦᠴᠢᠭᠡᠳ ᠤᠨ᠎ᠤ ᠦᠶ᠎ᠡ᠎ᠶᠢᠨ ᠭᠠᠷ ᠬᠠᠭᠤᠯᠪᠤᠷᠢ ᠃ ᠶᠠᠷᠢᠶᠠᠨ ᠦᠭᠡᠢ ᠬᠤᠵᠢᠮ᠎ᠤᠨ ᠬᠦᠮᠦᠰ ᠲᠡᠯᠡᠬᠡᠢ᠎ᠶᠢᠨ ᠲᠠᠪᠢ ᠂ ᠵᠢᠷᠠᠨ ᠤᠯᠤᠰ ᠪᠠᠶᠢᠳᠤᠭᠠᠢ ᠂ ᠵᠠᠭᠤᠨ ᠤᠯᠤᠰ᠎ᠲᠤ ᠴᠤ ᠤᠴᠢᠵᠤ ᠪᠤᠯᠤᠨ᠎ᠠ ᠃ ᠭᠡᠪᠡᠴᠦ ᠡᠲᠡᠭᠡᠷ ᠵᠦᠢᠯ᠎ᠢ ᠲᠠᠬᠢᠭᠠᠳ ᠤᠯᠤᠨ᠎ᠠ ᠭᠡᠲᠡᠭ ᠴᠢᠨᠢ ᠴᠢᠲᠠᠰᠢ ᠦᠭᠡᠢ ᠬᠡᠷᠡᠭ ᠃
︽ ᠨᠤᠮ ᠬᠠᠲᠠᠭᠠᠯᠠᠬᠤ ᠢᠨᠤ ᠤᠩᠰᠢᠬᠤ᠎ᠶᠢᠨ ᠲᠦᠯᠦᠭᠡ ᠂ ᠨᠤᠮ ᠤᠩᠰᠢᠬᠤ ᠢᠨᠤ ᠬᠡᠷᠡᠭᠯᠡᠬᠦ᠎ᠶᠢᠨ ᠲᠦᠯᠦᠭᠡ ᠂ ᠡᠨᠡ ᠪᠤᠯᠪᠠᠰᠤ ᠨᠤᠮ ᠬᠠᠲᠠᠭᠠᠯᠠᠬᠤ᠎ᠶᠢᠨ ᠬᠠᠮᠤᠭ᠎ᠤᠨ ᠲᠡᠭᠡᠲᠦ ᠠᠨᠢᠰᠤ ︾ ᠭᠡᠰᠡᠨ ᠦᠭᠡ ᠪᠠᠶᠢᠲᠠᠭ ᠃ ᠭᠡᠬᠦ᠎ᠳ᠋ᠤ ᠂ ᠪᠠᠯᠵᠢᠨᠢᠮ᠎ᠠ ᠭᠤᠸᠠᠢ ᠨᠤᠮ ᠴᠤᠭᠯᠠᠭᠤᠯᠬᠤ᠎ᠶᠢᠨ ᠲᠦᠯᠦᠭᠡ ᠴᠤᠭᠯᠠᠭᠤᠯᠤᠬᠰᠠᠨ ᠪᠢᠰᠢ ᠂ ᠬᠦᠮᠦᠷᠬᠡᠳ᠋ᠡᠭᠡᠨ ᠤᠪᠤᠭᠠᠯᠠᠭᠠᠳ ᠱᠠᠬᠰᠢᠭᠠᠳ ᠰᠠᠭᠤᠬᠰᠠᠨ ᠪᠢᠰᠢ ᠂ ᠬᠠᠷᠢᠨ ᠡᠨᠡ ︽ ᠠᠯᠲᠠᠨ ᠠᠭᠤᠷᠬᠠᠢ ︾᠎ᠶᠢ ᠨᠡᠬᠡᠭᠡᠨ ᠠᠰᠢᠬᠯᠠᠵᠤ ᠂ ᠨᠡᠶᠢᠭᠡᠮ᠎ᠤᠨ ᠦᠷ᠎ᠡ ᠨᠦᠯᠦᠭᠡ ᠬᠢᠭᠡᠳ ᠠᠵᠤ ᠠᠬᠤᠢ᠎ᠶᠢᠨ ᠦᠷ᠎ᠡ ᠠᠰᠢᠭ᠎ᠢ ᠬᠠᠮᠤᠭ᠎ᠤᠨ ᠶᠡᠭᠡ ᠬᠡᠮᠵᠢᠶᠡᠨ᠎ᠳ᠋ᠤ ᠬᠦᠷᠭᠡᠵᠦ ᠂ ︽ ᠶᠠᠭᠤᠮ᠎ᠠ᠎ᠪᠠᠨ ᠶᠠᠭᠤᠮ᠎ᠠ ᠪᠤᠯᠭᠠᠵᠤ ︾ ᠴᠢᠲᠠᠬᠰᠠᠨ ᠬᠦᠮᠦᠨ ᠃ ᠡᠨᠡ ᠠᠭᠤᠯᠭ᠎ᠠ᠎ᠡᠴᠠ ᠬᠡᠯᠡᠪᠡᠯ ᠂ ᠪᠠᠯᠵᠢᠨᠢᠮ᠎ᠠ ᠡᠩ᠎ᠤᠨ ︽ ᠨᠤᠮ ᠴᠤᠭᠯᠠᠭᠤᠯᠤᠬᠴᠢ ︾ ᠂ ᠲᠡᠷᠡᠴᠢᠯᠡᠨ ᠰᠤᠳᠤᠯᠭᠠᠲᠠᠨ ᠂ ᠡᠷᠲᠡᠮᠲᠡᠨᠤ ᠲᠡᠭᠲᠡᠷ᠎ᠡᠴᠠ ᠦᠭᠰᠦᠬᠦᠯᠵᠦ ᠂ ᠪᠤᠲᠤᠯᠭᠠᠲᠠᠨᠤ ᠲᠦᠪᠰᠢᠨ᠎ᠳ᠋ᠤ ᠬᠦᠷᠦᠭᠰᠡᠨ ᠪᠠᠶᠢᠲᠠᠭ ᠃ ︽ ᠤᠬᠠᠭᠠᠯᠠᠵᠤ ᠲᠦᠰᠦᠪᠯᠡᠬᠦ ︾᠎ᠶᠢᠨ ᠴᠢᠮᠦᠭᠡ᠎ᠨᠢ ᠪᠤᠲᠤᠯᠭ᠎ᠠ᠎ᠳ᠋ᠤ ᠪᠤᠢ ᠃ ᠪᠤᠳᠤᠵᠤ ᠭᠠᠷᠪᠠᠯ ᠵᠠᠮ ᠭᠠᠷᠤᠨ᠎ᠠ ᠂ ᠪᠤᠲᠤᠯᠭ᠎ᠠ ᠬᠡᠲᠦ ᠬᠤᠯᠠ ᠪᠤᠯᠬᠤ ᠲᠤᠰᠤᠮ᠎ᠢᠶᠡᠨ ᠵᠠᠮ ᠨᠡᠩ ᠬᠤᠯᠠ ᠪᠤᠯᠤᠨ᠎ᠠ ᠃
ᠡᠲᠡᠭᠡᠷ ᠵᠢᠯ᠎ᠤᠳ᠎ᠲᠤ ᠂ ᠪᠠᠯᠵᠢᠨᠢᠮ᠎ᠠ ᠭᠤᠸᠠᠢ ᠡᠨᠡ ︽ ᠠᠯᠲᠠᠨ ᠠᠭᠤᠷᠬᠠᠢ ︾᠎ᠶᠢ ᠨᠡᠬᠡᠭᠡᠨ ᠠᠰᠢᠬᠯᠠᠵᠤ ᠂ ᠤᠷᠢᠳ ᠬᠤᠵᠢᠳ ᠬᠡᠲᠦᠨ ᠠᠷᠪᠠᠨ ᠵᠦᠢᠯ᠎ᠤᠨ ᠨᠤᠮ ᠨᠠᠶᠢᠷᠠᠭᠤᠯᠵᠤ ᠬᠡᠪᠯᠡᠬᠦᠯᠦᠭᠰᠡᠨ ᠶᠤᠮ ᠃ ᠡᠬᠦᠨ᠎ᠤ ᠲᠤᠲᠤᠷ᠎ᠠ᠎ᠡᠴᠠ ᠬᠠᠮᠤᠭ᠎ᠤᠨ ᠲᠦᠷᠦᠬᠦᠨ᠎ᠳ᠋ᠤ ᠲᠤᠷᠠᠳᠤᠬᠲᠠᠬᠤ ᠂ ᠮᠦᠨ ᠨᠡᠷ᠎ᠡ ᠨᠦᠯᠦᠭᠡ᠎ᠪᠠᠷ ᠬᠠᠮᠤᠭ᠎ᠤᠨ ᠦᠷᠭᠡᠨ ᠲᠡᠯᠭᠡᠷ᠎ᠨᠢ ᠭᠡᠪᠡᠯ ᠂ ᠪᠠᠯᠵᠢᠨᠢᠮ᠎ᠠ ᠂ ᠵᠠᠩ ᠵᠢᠢ ᠰᠢᠶᠠ ᠂ ᠡᠷᠲᠡᠨᠢᠵᠠᠪ ᠨᠠᠷ᠎ᠤᠨ 8 ᠵᠢᠯ᠎ᠤᠨ ᠴᠠᠭ ᠤᠷᠤᠭᠤᠯᠵᠤ ᠡᠮᠬᠢᠳᠭᠡᠨ ᠨᠠᠶᠢᠷᠠᠭᠤᠯᠵᠤ ᠭᠠᠷᠭᠠᠬᠰᠠᠨ ︽ ᠮᠢᠩᠭᠠᠨ ᠵᠢᠯ᠎ᠤᠨ ᠲᠤᠨᠵᠢ ᠬᠦᠮᠦᠨ ᠲᠡᠯᠡᠬᠡᠢ᠎ᠶᠢᠨ ᠲᠤᠮᠤᠴᠤᠤᠯ᠎ᠤᠨ ᠬᠠᠷᠠᠭᠠᠨᠳ᠋ᠠᠬᠢ ᠴᠢᠩᠭᠢᠰ ᠬᠠᠭᠠᠨ ︾ ᠭᠡᠲᠡᠭ 80 ᠲᠦᠮᠡᠨ ᠦᠰᠦᠭ ᠪᠦᠬᠦᠢ ᠠᠪᠤᠷᠭᠤ ᠪᠦᠲᠦᠭᠡᠯ ᠪᠤᠯᠬᠤ ᠶᠤᠮ ᠃ ᠲᠤᠰ ᠨᠤᠮ᠎ᠤᠨ ᠠᠩᠬᠠᠨ᠎ᠤ ᠬᠡᠪᠯᠡᠯᠳ᠋ᠡᠭᠡᠨ 10000 ᠰᠢᠷᠬᠡᠭ ᠬᠡᠪᠯᠡᠵᠦ ᠂ ᠲᠠᠬᠢᠵᠤ ᠬᠡᠪᠯᠡᠭᠰᠡᠨ ᠪᠠ ᠮᠤᠩᠭᠤᠯᠴᠢᠯᠠᠵᠤ ᠬᠡᠪᠯᠡᠬᠦᠯᠦᠭᠰᠡᠨ ᠪᠦᠬᠦ ᠲᠤᠭ᠎ᠠ ᠨᠡᠶᠢᠯᠡᠭᠡᠳ 30000 ᠰᠢᠷᠬᠡᠭ᠎ᠲᠤ ᠬᠦᠷᠴᠦ ᠂ ᠨᠤᠮ ᠬᠡᠪᠯᠡᠯ᠎ᠤᠨ ᠲᠡᠦᠬᠡᠨ᠎ᠳ᠋ᠤ ᠰᠢᠨ᠎ᠡ ᠲᠡᠮᠲᠡᠭᠯᠡᠯ᠎ᠢ ᠡᠭᠦᠳᠴᠦ ᠂ ᠤᠷᠤᠨ᠎ᠤ ᠭᠠᠲᠠᠨ᠎ᠠ ᠲᠤᠲᠤᠨ᠎ᠠ ᠂ ᠤᠯᠤᠰ᠎ᠤᠨ ᠲᠤᠲᠤᠨ᠎ᠠ ᠭᠠᠲᠠᠨ᠎ᠠ ᠮᠠᠰᠢ ᠶᠡᠭᠡ ᠨᠦᠯᠦᠭᠡ ᠲᠤᠰᠬᠠᠯ ᠭᠠᠷᠤᠬᠰᠠᠨ ᠪᠦᠭᠡᠳ ᠲᠤᠰ ᠨᠤᠮ᠎ᠨᠢ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ ᠬᠢᠭᠡᠳ ᠬᠦᠬᠡᠬᠤᠲᠠ᠎ᠶᠢᠨ ᠬᠤᠶᠠᠷ ᠲᠡᠰ᠎ᠤᠨ ᠠᠷᠠᠳ᠎ᠤᠨ ᠵᠠᠰᠠᠭ᠎ᠤᠨ ᠤᠷᠲᠤᠨ᠎ᠡᠴᠠ ᠬᠦᠨᠲᠦᠲᠦ ᠵᠤᠴᠢᠳ᠎ᠲᠤ ᠪᠡᠯᠡᠭᠯᠡᠬᠦ ᠭᠠᠷ ᠪᠡᠯᠡᠭ᠎ᠤᠨ ᠬᠤᠪᠢ᠎ᠳ᠋ᠤ ᠲᠤᠰ ᠨᠤᠮ ᠤᠯᠪᠠᠰᠤ ᠵᠤᠬᠢᠬᠤ ᠡᠷᠬᠢᠮ ᠲᠡᠭᠡᠲᠦ ᠬᠦᠨᠲᠦᠳᠭᠡᠯᠤᠨ ᠪᠠᠶᠢᠷᠢ᠎ᠳ᠋ᠤ ᠰᠠᠭᠠᠲᠠᠬᠰᠠᠨ ᠭᠡᠯᠲᠡᠢ ᠃ ᠲᠡᠭᠦᠨ᠎ᠡᠴᠠ ᠤᠷᠭᠤᠭᠤᠯᠤᠭᠠᠳ ᠂ ᠪᠠᠯᠵᠢᠨᠢᠮ᠎ᠠ ᠂ ᠵᠠᠩ ᠵᠢᠢ ᠰᠢᠶᠠ ᠨᠠᠷ᠎ᠤᠨ ᠭᠠᠷ᠎ᠢᠶᠠᠷ ᠡᠮᠬᠢᠳᠭᠡᠨ ᠨᠠᠶᠢᠷᠠᠭᠤᠯᠤᠬᠰᠠᠨ ︽ ᠭᠠᠲᠠᠭᠠᠳᠤ᠎ᠶᠢᠨ ᠬᠦᠮᠦᠰ᠎ᠤᠨ ᠬᠠᠷᠠᠭᠠᠨᠳ᠋ᠠᠬᠢ ᠴᠢᠩᠭᠢᠰ ᠬᠠᠭᠠᠨ ︾ ᠂ ︽ ᠴᠢᠩᠭᠢᠰ ᠬᠠᠭᠠᠨ᠎ᠤ ᠪᠦᠲᠦᠭᠡᠭᠰᠡᠨ ᠲᠡᠯᠡᠬᠡᠢ᠎ᠶᠢᠨ ᠠᠷᠪᠠᠨ ᠬᠤᠶᠠᠷ ᠲᠤᠨᠵᠢ ︾ ︵ ᠤᠯᠤᠰ᠎ᠤᠨ ᠲᠤᠲᠤᠭᠠᠳᠤᠬᠢ 9 ᠲᠦᠷᠦᠯ᠎ᠤᠨ ᠦᠰᠦᠭ ᠪᠢᠴᠢᠭ ︶ ᠂ ︽ ᠴᠢᠩᠭᠢᠰ ᠬᠠᠭᠠᠨ᠎ᠤ ᠰᠤᠩᠭᠤᠲᠠᠭ ᠰᠤᠷᠪᠤᠯᠵᠢ ᠪᠢᠴᠢᠭ ᠮᠠᠲ᠋ᠧᠷᠢᠶᠠᠯ᠎ᠤᠨ ᠡᠮᠬᠢᠳᠭᠡᠯ ︾ ᠂ ︽ ᠴᠢᠩᠭᠢᠰ ᠬᠠᠭᠠᠨ᠎ᠤ ᠵᠢᠷᠤᠬᠲᠤ ᠨᠠᠮᠲᠠᠷ ︾ ᠂ ︽ ᠳ᠋ᠠᠷ᠎ᠠ ᠡᠬᠡ ᠠᠯᠤᠨ ᠭᠤᠸ᠎ᠠ ︾ ᠂ ︽ ᠲᠤᠷᠤᠨᠠᠳᠠᠬᠢᠨ᠎ᠡᠴᠠ ᠢᠷᠡᠭᠰᠡᠨ ᠰᠢᠲᠦᠯᠭᠡ ︾ ᠂ ︽ ᠲᠤᠮᠲᠠᠳᠤ ᠤᠯᠤᠰ᠎ᠤᠨ ᠲᠡᠦᠬᠡᠨᠳ᠋ᠠᠬᠢ ᠠᠭᠤᠤ ᠶᠡᠭᠡ ᠬᠠᠭᠠᠨᠳᠤ ᠬᠦᠷᠦᠨ ᠶᠤᠸᠠᠨ ᠤᠯᠤᠰ ︾ ᠵᠡᠷᠭᠡ ᠠᠷᠪᠠᠭᠠᠳ ᠨᠤᠮ᠎ᠨᠤᠭᠤᠳ ᠠᠷᠤ ᠠᠷᠤᠡᠴᠠᠪᠠᠨ ᠬᠡᠪᠯᠡᠭᠲᠡᠵᠡᠢ ᠃
ᠡᠬᠦᠨ᠎ᠤ ᠵᠡᠷᠭᠡ᠎ᠪᠠᠷ ᠂ ᠪᠠᠯᠵᠢᠨᠢᠮ᠎ᠠ ᠭᠤᠸᠠᠢ ᠬᠠᠭᠠᠨ᠎ᠤ ᠲᠤᠬᠠᠢ ᠨᠤᠮ ᠪᠢᠴᠢᠭ ᠂ ᠬᠦᠷᠦᠭ ᠵᠢᠷᠤᠭ ᠂ ᠡᠬᠡ ᠨᠤᠤᠷᠠᠭᠨᠤᠭᠤᠳᠢᠶᠡᠨ ᠨᠡᠶᠢᠭᠡᠮ ᠨᠡᠶᠢᠲᠡ᠎ᠳ᠋ᠤ ᠲᠡᠯᠭᠡᠨ ᠦᠵᠡᠬᠦᠯᠬᠦ ᠂ ᠲᠠᠨᠢᠭᠤᠯᠬᠤ ᠵᠤᠷᠢᠯᠭ᠎ᠠ᠎ᠪᠠᠷ ︽ ᠴᠢᠩᠭᠢᠰ ᠬᠠᠭᠠᠨ᠎ᠤ ᠰᠤᠷᠪᠤᠯᠵᠢ ᠪᠢᠴᠢᠭ᠎ᠤᠨ ᠮᠦᠽᠸᠢ ︾ ᠪᠠᠶᠢᠭᠤᠯᠬᠤ ᠭᠡᠵᠦ ᠴᠢᠷᠮᠠᠶᠢᠬᠰᠠᠭᠠᠷ ᠪᠠᠶᠢᠭᠠᠳ ᠰᠡᠲᠦᠭᠰᠡᠨ ᠶᠠᠪᠤᠲᠠᠯ᠎ᠨᠢ ᠰᠡᠳᠬᠢᠯᠴᠢᠯᠡᠨ ᠪᠦᠲᠦᠵᠦ ᠂ 2013 ᠤᠨ᠎ᠳ᠋ᠤ ᠮᠦᠽᠸᠢ᠎ᠨᠢ ᠡᠬᠦᠲᠡ᠎ᠪᠠᠨ ᠨᠡᠬᠡᠭᠡᠵᠦ ᠡᠷᠦᠬᠡ᠎ᠪᠠᠨ ᠰᠡᠬᠦᠯ᠎ᠡ ᠃ ᠲᠡᠷᠡ᠎ᠨᠢ ᠪᠠᠯᠵᠢᠨᠢᠮ᠎ᠠ᠎ᠶᠢᠨ ᠢᠲᠡᠭᠡᠯ ᠪᠢᠰᠢᠷᠡᠯ᠎ᠢᠶᠠᠷ ᠰᠦᠮᠪᠦᠷᠯᠡᠭᠰᠡᠨ ᠮᠦᠩᠬᠡ᠎ᠶᠢᠨ ᠬᠦᠰᠢᠶ᠎ᠡ ᠂ ᠤᠶᠤᠨ ᠰᠠᠨᠠᠭᠠᠨ᠎ᠤ ᠬᠢᠨᠢ ᠠᠷᠢᠭᠤᠨ ᠲᠠᠬᠰᠢᠨ ᠤᠷᠲᠤ᠎ᠨᠢ ᠪᠤᠯᠤᠬᠰᠠᠨ ᠠᠵᠤᠭᠤ ᠃ ︽ ᠴᠢᠩᠭᠢᠰ ᠬᠠᠭᠠᠨ᠎ᠤ ᠰᠤᠷᠪᠤᠯᠵᠢ ᠪᠢᠴᠢᠭ᠎ᠤᠨ ᠮᠦᠽᠸᠢ ︾᠎ᠳ᠋ᠤ ᠪᠢ ᠤᠯᠠᠨᠲᠠ ᠤᠴᠢᠲᠠᠭ ᠪᠠᠶᠢᠬᠰᠠᠨ ᠃ ᠤᠴᠢᠬᠤ ᠪᠤᠯᠭᠠᠨ ᠲᠡᠨᠲᠡ ᠲᠤᠭᠤᠷᠢᠨ ᠦᠵᠡᠭᠰᠡᠳ ᠲᠠᠰᠤᠷᠠᠬᠤ ᠦᠭᠡᠢ ᠪᠠᠢᠳᠠᠭ ᠃ ᠪᠠᠯᠵᠢᠨᠢᠮ᠎ᠠ ᠭᠤᠸᠠᠢ ᠮᠦᠽᠸᠢ᠎ᠶᠢᠨ᠎ᠢᠶᠡᠨ ᠡᠯ᠎ᠡ ᠲᠠᠰᠤᠭ᠎ᠢ ᠦᠵᠡᠬᠦᠯᠵᠦ ᠂ ᠬᠤᠪᠤᠷ ᠨᠤᠮ ᠂ ᠰᠤᠨᠢᠷᠬᠠᠯ᠎ᠲᠠᠢ ᠨᠤᠮ ᠪᠠ ᠲᠡᠬᠦᠨ᠎ᠢᠶᠡᠨ ᠴᠤᠬᠯᠠᠭᠤᠯᠤᠬᠰᠠᠨ ᠦᠯᠢᠭᠡᠷᠨᠦᠭᠦᠳᠢᠶᠡᠨ ᠤᠷᠮ᠎ᠠ᠎ᠲᠠᠢ ᠲᠠᠨᠢᠯᠴᠠᠭᠤᠯᠤᠨ ᠶᠠᠷᠢᠬᠤ᠎ᠳ᠋ᠤ ᠂ ᠲᠤᠬᠠᠢ᠎ᠶᠢᠨ ᠦᠶ᠎ᠡ᠎ᠳ᠋ᠤ ᠨᠤᠮ᠎ᠤᠨ ᠡᠷᠢᠯ᠎ᠢᠶᠠᠷ ᠬᠡᠯᠡ ᠠᠮᠠ ᠨᠡᠪᠲᠡᠷᠡᠯᠴᠡᠬᠦ ᠦᠭᠡᠢ ᠬᠦᠮᠦᠨ᠎ᠤ ᠭᠠᠵᠠᠷ ᠬᠦᠨᠲᠡᠯᠡᠨ ᠨᠤᠲᠤᠭ᠎ᠲᠤ ᠲᠦᠭᠡᠷᠢᠵᠤ ᠲᠤᠬᠰᠢᠵᠤ ᠂ ᠦᠢᠯᠡ᠎ᠪᠠᠨ ᠦᠵᠡᠵᠦ ᠦᠰᠦ᠎ᠪᠠᠨ ᠲᠤᠭᠠᠯᠠᠵᠤ ᠶᠠᠪᠤᠬᠰᠠᠨ ᠶᠠᠲᠠᠷᠠᠭᠤ ᠵᠦᠲᠡᠷᠡᠬᠦᠦ ᠶᠠᠪᠤᠲᠠᠯᠤᠳᠨᠢ ᠤᠷᠤ ᠦᠭᠡᠢ ᠤᠮᠠᠷᠲᠠᠭᠲᠠᠵᠤ ᠂ ᠴᠢᠷᠠᠢᠳ᠋ᠤᠨᠢ ᠤᠯᠵᠠ ᠤᠮᠤᠭ ᠪᠠᠶᠠᠷ ᠪᠠᠭ᠋ᠠᠲᠤᠯ᠎ᠤᠨ ᠲᠤᠶᠠᠭ᠎ᠠ ᠲᠠᠲᠠᠨ᠎ᠠ ᠪᠢᠯᠡ ᠃
︽ ᠤᠳᠤ ᠬᠦᠭᠰᠢᠨ ᠪᠢᠲᠡ ᠬᠤᠶᠠᠭᠤᠯᠠ ᠨᠠᠶᠠ ᠲᠦᠬᠦᠵᠦ ᠶᠠᠪᠤᠭ᠎ᠠ ᠤᠯᠤᠰ ᠃ ᠪᠢᠲᠡ ᠦᠬᠦᠪᠡᠯ ᠡᠨᠡ ᠮᠦᠽᠸᠢ᠎ᠶᠢ ᠠᠪᠰᠠᠨ᠎ᠳᠠᠭᠠᠨ ᠠᠪᠤᠭᠠᠳ ᠶᠠᠪᠤᠯᠲᠠᠢ ᠪᠢᠰᠢ ᠃ ᠡᠷᠲᠡ ᠤᠷᠤᠢ ᠦᠭᠡᠢ ᠨᠡᠶᠢᠭᠡᠮ᠎ᠳ᠋ᠤ ᠲᠤᠰᠢᠶᠠᠨ᠎ᠠ ᠂ ᠰᠠᠶᠢᠨ ︿ ᠡᠵᠡᠨ ﹀ ᠤᠯᠵᠤ ᠦᠭᠭᠦᠨ᠎ᠡ ︾ ᠭᠡᠵᠦ ᠪᠠᠯᠵᠢᠨᠢᠮ᠎ᠠ ᠪᠠᠭᠰᠢᠲᠠᠨ᠎ᠤ ᠰᠡᠬᠦᠯ᠎ᠤᠨ ᠵᠢᠯ᠎ᠤᠳ᠎ᠲᠤ ᠬᠡᠯᠡᠬᠦ᠎ᠶᠢ᠎ᠨᠢ ᠪᠢ ᠨᠢᠭᠡ ᠪᠢᠰᠢ ᠤᠯᠠᠨ ᠤᠲᠠᠭ᠎ᠠ ᠰᠤᠨᠤᠰᠤᠬᠰᠠᠨ ᠶᠤᠮ ᠃ ᠲᠡᠭᠡᠭᠡᠳ ᠤᠲᠠᠯ ᠦᠭᠡᠢ ᠮᠦᠽᠸᠢ᠎ᠪᠠᠨ ᠰᠢᠯᠢ᠎ᠶᠢᠨ ᠭᠤᠤᠯ᠎ᠤᠨ ᠠᠵᠢᠯ ᠮᠡᠷᠭᠡᠵᠢᠯ᠎ᠤᠨ ᠲᠡᠭᠡᠲᠦ ᠰᠤᠷᠭᠠᠭᠤᠯᠢ᠎ᠳ᠋ᠤ ᠰᠢᠯᠵᠢᠬᠦᠯᠵᠦ ᠦᠭᠭᠦᠯ᠎ᠡ ᠭᠡᠵᠦ ᠲᠤᠭᠤᠯᠤᠬᠰᠠᠨ ᠰᠠᠨ ᠃
ᠪᠠᠯᠵᠢᠨᠢᠮ᠎ᠠ ᠪᠠᠭᠰᠢᠲᠠᠨ ᠦᠨᠡᠬᠡᠷ ᠴᠢᠩᠭᠢᠰ ᠪᠤᠬᠲᠠ᠎ᠶᠢ ᠠᠯᠲᠠᠷᠰᠢᠭᠤᠯᠬᠤ ᠂ ᠦᠨᠲᠦᠰᠦᠲᠡᠨ᠎ᠤ᠎ᠪᠠᠨ ᠲᠡᠦᠬᠡ ᠰᠤᠶᠤᠯ᠎ᠢᠶᠡᠨ ᠪᠠᠲᠠᠷᠠᠭᠠᠨ ᠬᠦᠭᠵᠢᠭᠦᠯᠭᠦ᠎ᠳ᠋ᠤ ᠮᠠᠰᠢ ᠴᠢᠬᠤᠯᠠ ᠲᠤᠮᠤ ᠂ ᠮᠠᠰᠢ ᠤᠴᠢᠷ ᠠᠭᠤᠯᠭ᠎ᠠ᠎ᠲᠠᠢ ᠶᠠᠪᠤᠲᠠᠯ ᠬᠢᠵᠦ ᠪᠦᠲᠦᠭᠡᠭᠰᠡᠨ ᠃ ᠴᠢᠩᠭᠢᠰ ᠬᠠᠭᠠᠨ᠎ᠡᠴᠠ ᠨᠠᠭᠠᠰᠢᠬᠢ 800 ᠭᠠᠷᠤᠢ ᠵᠢᠯ᠎ᠤᠨ ᠲᠤᠷᠰᠢᠬᠢ ᠲᠡᠭᠡᠲᠦᠰᠤᠨᠢᠶᠡᠨ ᠤᠶᠤᠨ ᠰᠠᠨᠠᠭᠠᠨ᠎ᠤ ᠬᠦᠷᠦᠩᠭᠡ᠎ᠶᠢ ᠬᠠᠶᠢᠨ ᠴᠤᠭᠯᠠᠭᠤᠯᠬᠤ ᠭᠡᠵᠦ ᠴᠠᠩᠭᠠᠬᠰᠠᠨ ᠵᠠᠭᠠᠨ᠎ᠠ ᠤᠰᠤᠨᠳ᠋ᠤᠷ ᠵᠢᠳᠭᠦᠯᠡᠬᠦ ᠮᠡᠲᠦ ᠨᠢᠭᠡᠨ ᠦᠵᠦᠬᠦᠷ᠎ᠲᠦ ᠰᠡᠳᠬᠢᠯ᠎ᠢᠶᠠᠷ ᠂ ᠲᠠᠶᠢᠯᠤᠭ ᠲᠡᠮᠡᠭᠡ ᠰᠢᠭ ᠲᠠᠪᠠᠭ᠎ᠢᠶᠡᠨ ᠡᠯᠡᠲᠡᠯ᠎ᠡ ᠂ ᠲᠠᠰ ᠪᠦᠷᠬᠦᠳ ᠰᠢᠭ ᠲᠠᠯᠠᠪᠴᠢ᠎ᠪᠠᠨ ᠡᠴᠡᠲᠡᠯᠡ ᠪᠠᠷᠢᠮᠲᠠᠯᠠᠯ᠎ᠢᠶᠠᠷ ᠪᠦᠮᠪᠦᠷᠴᠡᠭ᠎ᠢ ᠪᠠᠷᠠᠲᠠᠯ᠎ᠠ ᠰᠢᠬᠠᠮ ᠶᠠᠪᠤᠵᠤ ᠪᠠᠶᠢᠭᠠᠳ ᠡᠶᠢᠮᠦ ᠠᠭᠤᠤ ᠶᠡᠭᠡ ᠦᠢᠯᠡᠰ᠎ᠢ ᠪᠦᠲᠦᠭᠡᠭᠰᠡᠨ ᠬᠦᠮᠦᠨ ᠪᠠᠯᠵᠢᠨᠢᠮ᠎ᠠ ᠭᠤᠸᠠᠢ᠎ᠡᠴᠠ ᠤᠨᠳᠤᠤ ᠬᠡᠲᠦ ᠪᠠᠶᠢᠬᠤ ᠪᠢᠯᠡ ︖ ᠪᠠᠯᠵᠢᠨᠢᠮ᠎ᠠ ᠪᠠᠭᠰᠢᠲᠠᠨ᠎ᠤ ᠬᠤᠷᠠᠮᠳᠤᠭᠤᠯᠵᠤ ᠴᠤᠭᠯᠠᠭᠤᠯᠤᠬᠰᠠᠨ ᠂ ᠬᠢᠮᠠᠭᠠᠲᠠᠵᠤ ᠦᠯᠡᠲᠡᠭᠡᠭᠰᠡᠨ ᠶᠠᠭᠤᠮᠠᠰ᠎ᠨᠢ ᠲᠠᠶᠠᠭᠠᠷ ᠮᠤᠩᠭᠤᠯᠴᠤᠳ᠎ᠲᠠᠭᠠᠨ ᠂ ᠲᠡᠷᠡᠴᠢᠯᠡᠨ ᠬᠦᠵᠢ ᠶᠢᠷᠲᠢᠨᠴᠤ᠎ᠳ᠋ᠤ ᠶᠠᠨᠲᠠᠰᠢ ᠦᠭᠡᠢ ᠦᠨ᠎ᠡ ᠦᠷᠲᠡᠭ ᠪᠦᠬᠦᠢ ᠬᠤᠪᠤᠷ ᠨᠠᠨᠳᠢᠨ ᠦᠪ ᠬᠦᠷᠦᠩᠭᠡ ᠪᠤᠯᠵᠤ ᠬᠤᠴᠤᠷᠤᠯ᠎ᠠ ᠃
ᠪᠠᠯᠵᠢᠨᠢᠮ᠎ᠠ ᠪᠠᠭᠰᠢᠲᠠᠨ ᠠᠮᠢᠲᠤ ᠲᠤᠩᠭᠠᠯᠠᠭ ᠪᠠᠶᠢᠬᠤ᠎ᠳᠠᠭᠠᠨ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠠᠷᠠᠳ᠎ᠤᠨ ᠵᠠᠰᠠᠭ᠎ᠤᠨ ᠤᠷᠲᠤᠨ᠎ᠤ ᠠᠯᠲᠠᠨ ᠮᠧᠳᠠᠯ᠎ᠢᠶᠠᠷ ᠂ ᠮᠤᠩᠭᠤᠯ ᠤᠯᠤᠰ᠎ᠤᠨ ︽ ᠠᠯᠲᠠᠨ ᠭᠠᠲᠠᠰᠤ ︾ ᠤᠳᠤᠨ ᠲᠡᠮᠲᠡᠭ᠎ᠢᠶᠠᠷ ᠡᠩᠭᠡᠷ᠎ᠢᠶᠡᠨ ᠮᠢᠯᠢᠶᠠᠯᠭᠠᠬᠰᠠᠨ ᠃ ᠠᠯᠲᠠᠨ ᠮᠧᠳᠠᠯ ᠂ ᠠᠯᠲᠠᠨ ᠤᠳᠤᠨ ᠪᠠᠶᠢᠳᠤᠭᠠᠢ ᠂ ᠠᠯᠲᠠᠨ ᠬᠦᠰᠢᠶ᠎ᠡ ᠪᠤᠰᠬᠠᠭᠠᠳ ᠦᠭᠬᠦ᠎ᠳ᠋ᠤ ᠡᠨᠡ ᠬᠦᠮᠦᠨ᠎ᠤ ᠭᠠᠪᠢᠶ᠎ᠠ᠎ᠳ᠋ᠤ ᠢᠯᠡᠬᠦᠲᠡᠬᠦ ᠦᠭᠡᠢ ᠃ ᠨᠢᠭᠡ ᠰᠠᠶᠢᠨ᠎ᠨᠢ ᠡᠨᠡ ᠠᠯᠲᠠᠨ ᠬᠦᠰᠢᠶ᠎ᠡ ᠠᠯᠢ ᠡᠷᠲᠡ ᠠᠷᠠᠳ ᠲᠦᠮᠡᠨ᠎ᠤ ᠰᠡᠳᠬᠢᠯ᠎ᠳ᠋ᠤ ᠰᠡᠬᠦᠶᠢᠨ ᠰᠦᠨᠲᠡᠷᠯᠡᠭᠰᠡᠨ ᠪᠠᠶᠢᠲᠠᠭ ᠃
︽ ᠪᠢ ᠶᠠᠭᠠᠷᠠᠭᠠᠳ ᠪᠦᠷ ᠡᠪᠡᠳᠴᠢᠨ ᠬᠦᠷᠬᠦ ᠵᠠᠪ ᠦᠭᠡᠢ ︾ ᠭᠡᠵᠦ ᠬᠡᠯᠡᠭᠡᠳ ᠢᠨᠢᠶᠡᠳᠡᠭ ᠂ ᠲᠠᠩᠲᠠ ᠰᠢᠨ᠎ᠡ ᠰᠡᠳᠦᠪ ᠰᠡᠳᠦᠭᠡᠳ ᠮᠤᠩᠭᠠᠨᠢᠭᠠᠳ ᠬᠦᠶᠦᠲᠡᠭ ᠪᠠᠭᠰᠢᠲᠠᠨ ᠮᠠᠨᠢ ᠮᠠᠰᠢ ᠭᠡᠨᠡᠦᠡᠲᠡᠪᠠᠷ ᠶᠠᠪᠤᠭᠠᠳ ᠦᠭᠭᠦᠯ᠎ᠡ ᠃ ᠪᠠᠭᠰᠢ ᠮᠠᠨᠢ ᠮᠠᠰᠢ ᠵᠦᠲᠡᠷᠡᠭᠰᠡᠨ ᠪᠠᠶᠢᠵᠠᠢ ᠰᠢᠦ ᠃ ᠰᠠᠶᠢᠨ ᠬᠦᠮᠦᠨ᠎ᠤ ᠠᠷᠤ᠎ᠡᠴᠠ ᠬᠡᠨ ᠴᠤ ᠭᠡᠰᠡᠨ ᠦᠭᠡᠶᠢᠯᠡᠨ᠎ᠡ ᠂ ᠬᠠᠷᠠᠮᠰᠠᠨ᠎ᠠ ᠃ ᠭᠡᠪᠡᠴᠦ ᠤᠬᠢᠯᠠᠵᠤ ᠢᠷᠡᠵᠦ ᠤᠬᠢᠯᠠᠭᠤᠯᠵᠤ ᠶᠠᠪᠤᠲᠠᠭ ᠬᠤᠷᠸ᠎ᠠ᠎ᠶᠢᠨ ᠬᠠᠲᠠᠭᠤ ᠵᠢᠮ᠎ᠡ ᠶᠤᠮ ᠬᠤᠶᠢᠨ᠎ᠠ ᠶᠠᠭᠠᠬᠢᠯᠲᠠᠢ ᠪᠢᠯᠡ ᠃ ᠪᠠᠯᠵᠢᠨᠢᠮ᠎ᠠ ᠪᠠᠭᠰᠢᠲᠠᠨ ᠮᠠᠨᠢ ᠮᠤᠩᠭᠤᠯ᠎ᠳᠠᠭᠠᠨ ᠲᠠᠬᠢᠵᠤ ᠢᠷᠡᠵᠦ ᠵᠠᠶᠠᠭᠠᠰᠠᠢ ᠭᠡᠵᠦ ᠲᠠᠭᠠᠳᠬᠠᠨ ᠵᠠᠯᠪᠠᠷᠢᠨᠠᠮ ︕ ᠬᠡᠯᠡᠬᠦ᠎ᠳ᠋ᠤ ᠂ 83 ᠨᠠᠰᠤᠨ᠎ᠤ ᠦᠨᠲᠦᠷᠯᠢᠭ᠎ᠲᠤ ᠭᠠᠷᠤᠨ᠎ᠠ ᠭᠡᠲᠡᠭ ᠮᠦᠨ ᠠᠮᠠᠷ ᠦᠭᠡᠢ ᠂ ᠲᠡᠭᠡᠬᠦ ᠮᠦᠷᠲᠡᠭᠡᠨ ᠲᠡᠷᠡ ᠮᠠᠨᠢ ᠤᠵᠢᠭ ᠡᠪᠡᠳᠴᠢᠨ᠎ᠳ᠋ᠤ ᠤᠷᠢᠶᠠᠴᠢᠯᠠᠬᠲᠠᠵᠤ ᠤᠲᠠᠭᠠᠨ ᠲᠠᠷᠴᠢᠯᠠᠵᠤ ᠬᠡᠪᠲᠡᠭᠡ ᠦᠭᠡᠢ ᠂ ᠦᠪᠡᠷ ᠪᠤᠰᠤᠳ᠎ᠢ ᠵᠤᠪᠠᠭᠠᠬᠰᠠᠨ ᠦᠭᠡᠢ ᠂ ᠪᠠᠰᠠ ᠪᠤᠲᠤᠪᠠᠯ ᠪᠤᠶᠠᠨ᠎ᠲᠠᠢ ᠬᠦᠮᠦᠨ ᠡ ᠃
ᠤᠶᠢᠷ᠎ᠠ᠎ᠳ᠋ᠤ ᠪᠠᠯᠵᠢᠨᠢᠮ᠎ᠠ ᠪᠠᠭᠰᠢᠲᠠᠨᠢ ᠬᠡᠲᠦ ᠤᠲᠠᠭ᠎ᠠ ᠵᠡᠬᠦᠲᠦᠯᠡᠯᠡ ᠂ ︽ ᠵᠢᠷᠦᠬᠡᠨ᠎ᠡᠴᠠ ᠵᠢᠷᠦᠬᠡᠨ᠎ᠳ᠋ᠤ ᠬᠦᠷᠲᠡᠭ᠎ᠨᠢ ᠬᠠᠶᠢᠷ᠎ᠠ ᠭᠡᠲᠡᠭ ᠶᠤᠮ ᠂ ᠵᠡᠬᠦᠲᠦᠨᠡᠴᠠ ᠵᠡᠬᠦᠲᠦᠨᠳ᠋ᠤ ᠬᠦᠷᠲᠡᠭ᠎ᠨᠢ ᠮᠦᠷᠦᠭᠡᠲᠦᠯ ᠭᠡᠲᠡᠭ ᠶᠤᠮ ︾ ᠃ ᠰᠠᠶᠢᠨ ᠬᠦᠮᠦᠨ᠎ᠤ ᠲᠤᠬᠠᠢ ᠰᠠᠶᠢᠬᠠᠨ ᠲᠤᠷᠠᠳᠬᠠᠯ ᠰᠠᠷᠠᠨ᠎ᠤ ᠭᠡᠷᠡᠯ ᠮᠡᠲᠤ ᠭᠡᠭᠡᠭᠡᠨ ᠃
ᠪᠠᠯᠵᠢᠨᠢᠮ᠎ᠠ ᠪᠠᠭᠰᠢᠲᠠᠨ ᠮᠠᠨᠢ ᠠᠮᠤᠷᠯᠢᠩᠭᠤᠢ ᠨᠤᠶᠢᠷᠰᠤᠭᠠᠷᠠᠢ ︕
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃