ᠲᠡᠷᠢᠭᠦᠨ ᠨᠢᠭᠤᠷ>ᠮᠣᠩᠭᠣᠯ ᠰᠣᠳᠣᠯᠣᠯ>ᠮᠤᠩᠭᠤᠯᠴᠢ ᠡᠷᠳᠡᠮᠲᠡᠳ

2020-04-23 18:01:25

ᠵᠣᠬᠢᠶᠠᠭ᠍ᠴᠢ᠄ ᠤᠮᠨᠠᠷᠤᠨ ᠴᠤᠯᠮᠤᠨ ᠣᠩᠱᠢᠭ᠍ᠰᠠᠨ ᠣᠳᠠᠭ᠎ᠠ᠄ 3


● ᠤᠮᠨᠠᠷᠤᠨ ᠴᠤᠯᠮᠤᠨ



ᠤᠮᠨᠠᠷᠤᠨ ᠴᠤᠯᠮᠤᠨ ᠄ ᠤᠯᠠᠭᠠᠨᠬᠠᠳᠠ ᠬᠤᠳᠠ᠎ᠶᠢᠨ ᠠᠷᠤ ᠬᠤᠷᠴᠢᠨ ᠬᠤᠰᠢᠭᠤᠨ᠎ᠤ ᠤᠤᠭᠠᠯ ᠂ ᠳᠡᠭᠡᠷ᠎ᠡ ᠵᠠᠭᠤᠨ᠎ᠤ ᠶᠡᠷᠡᠭᠡᠳ ᠤᠨ᠎ᠤ ᠰᠡᠬᠦᠯᠴᠢ᠎ᠡᠴᠠ ᠢᠷᠡᠭᠤ ᠨᠠᠶᠢᠷᠠᠭ ᠰᠤᠨᠢᠷᠬᠠᠨ ᠪᠢᠴᠢᠵᠦ ᠦᠪᠦᠷ ᠮᠤᠩᠭᠤᠯ ᠤᠷᠤᠨ᠎ᠤ ᠡᠯ᠎ᠡ ᠮᠤᠩᠭᠤᠯ ᠰᠤᠨᠢᠨ ᠰᠡᠳᠬᠦᠯ᠎ᠢᠶᠠᠷ ᠬᠤᠶᠠᠷ ᠵᠠᠭᠤ ᠭᠠᠷᠤᠢ ᠬᠤᠪᠢ ᠰᠢᠯᠦᠭ ᠨᠠᠶᠢᠷᠠᠭᠤᠯᠤᠯ ᠨᠡᠶᠢᠳᠡᠯᠡᠬᠦᠯᠦᠭᠰᠡᠨ ᠪᠠᠢᠨ᠎ᠠ ᠃
ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠷᠠᠨ ᠵᠤᠬᠢᠶᠠᠯ᠎ᠤᠨ ᠵᠤᠬᠢᠶᠠᠨ ᠪᠦᠲᠦᠬᠡᠯᠭᠡ᠎ᠶᠢᠨ ︽ ᠰᠤᠯᠤᠩᠭ᠎ᠠ ︾ ᠱᠠᠩᠨᠠᠯ ᠂ ︽ ᠳᠡᠯᠡᠬᠡᠢ᠎ᠶᠢᠨ ᠤᠳᠬ᠎ᠠ ᠵᠤᠬᠢᠶᠠᠯ ︾ ᠰᠡᠳᠬᠦᠯ᠎ᠤᠨ 2019 ᠤᠨ᠎ᠤ ᠰᠢᠯᠢᠳᠡᠭ ᠤᠷᠴᠢᠭᠤᠯᠤᠭᠴᠢ᠎ᠶᠢᠨ ᠱᠠᠩᠨᠠᠯ ᠵᠡᠷᠭᠡ᠎ᠶᠢ ᠬᠦᠷᠳᠡᠵᠡᠢ ᠃

ᠬᠦᠮᠦᠨ ᠬᠦᠮᠦᠨ᠎ᠤ ᠰᠡᠳᠬᠢᠯ᠎ᠳ᠋ᠠᠬᠢ ᠰᠤᠩᠭᠤᠳᠠᠭ ᠤᠨᠳᠤᠤ ᠪᠠᠶᠢᠳᠠᠭ ᠃ ᠬᠠᠷᠢᠨ ᠰᠤᠩᠭᠤᠳᠠᠭ᠎ᠤᠨ ᠤᠩᠰᠢᠯᠭ᠎ᠠ᠎ᠶᠢ ᠳᠠᠷᠤᠤᠬᠠᠨ ᠦᠷᠬᠦᠯᠵᠢᠯᠡᠬᠦᠯᠵᠦ ᠡᠭᠡᠯ ᠠᠮᠢᠳᠤᠷᠠᠯ᠎ᠤᠨ ᠤᠳᠬ᠎ᠠ ᠪᠤᠯᠭᠠᠬᠤ ᠪᠤᠯ ᠠᠶᠠᠳᠠᠶᠢᠬᠠᠨ ᠰᠤᠩᠭᠤᠯᠳᠠ ᠪᠤᠯᠬᠤ ᠶᠤᠮ ᠃
ᠰᠢᠯᠢᠳᠡᠭ ᠵᠤᠬᠢᠶᠠᠯᠴᠢᠳ ᠶᠡᠷᠦ᠎ᠨᠢ ᠬᠦᠮᠦᠰ᠎ᠲᠤ ᠶᠠᠭᠤ ᠨᠢᠭᠡ᠎ᠶᠢ ᠳᠤᠯᠭᠠᠨ ᠬᠦᠯᠢᠶᠡᠯᠭᠡᠬᠦ ᠪᠢᠰᠢ ᠂ ᠡᠰᠡᠷᠬᠦ᠎ᠪᠠᠷ ᠶᠡᠭᠡ ᠠᠶᠠᠨᠳᠠᠭᠠᠨ ᠂ ᠤᠷᠠᠨ ᠭᠤᠶᠢᠳᠠ᠎ᠪᠠᠷ ᠲᠦᠷᠰᠦᠯᠡᠵᠦ ᠦᠭᠳᠡᠭ ᠶᠤᠮ ᠪᠢᠯᠡ ᠃ ᠭᠠᠷᠰᠢᠶᠠ ᠮᠠᠷᠺᠰ᠎ᠤᠨ ᠭᠠᠶᠢᠬᠠᠯᠳᠠᠢ ᠦᠬᠦᠯᠡᠯᠭᠡ᠎ᠨᠦᠭᠦᠳ ᠪᠤᠢ ᠂ ᠵᠢᠱᠢᠶᠠᠯᠠᠪᠠᠯ ︽ ᠭᠤᠷᠪᠠᠨ ᠵᠡᠬᠦᠲᠦᠯᠡᠭᠴᠢ᠎ᠶᠢᠨ ᠡᠮᠭᠡᠨᠢᠯ ︾ ᠭᠡᠳᠡᠭ ᠦᠬᠦᠯᠡᠯᠭᠡ᠎ᠳ᠋ᠡᠭᠡᠨ ︽ ᠪᠦᠰᠡᠬᠦᠢ ᠳᠠᠭᠤ ᠳᠠᠯᠪᠢᠨ ᠤᠬᠢᠯᠠᠬᠤ᠎ᠳ᠋ᠤ ᠪᠡᠶ᠎ᠡ᠎ᠳ᠋ᠤᠨᠢ ᠪᠠᠶᠢᠭᠰᠠᠨ ᠭᠡᠰᠡᠭ ᠰᠢᠯ ᠭᠡᠨᠡᠳᠳᠡ ᠯᠡ ᠰᠦᠢᠷᠡᠭᠡᠳ ᠶᠠᠪᠤᠴᠢᠬᠠᠬᠤ ᠰᠢᠭ᠋ ᠪᠤᠯᠤᠭᠰᠠᠨ ︾ ᠭᠡᠵᠤ ᠲᠦᠷᠰᠦᠯᠡᠭᠰᠡᠨ ᠶᠤᠮ ᠃ ᠪᠠᠰᠠ ︽ ᠮᠤᠤᠷ᠎ᠲᠤ ᠬᠤᠪᠢᠯᠤᠭᠰᠠᠨ ᠢᠸᠠ ︾ ᠭᠡᠳᠡᠭ ᠦᠬᠦᠯᠡᠯᠭᠡ᠎ᠳ᠋ᠡᠭᠡᠨ ᠂ ︽ ᠭᠤᠸ᠎ᠠ ᠦᠵᠡᠰᠬᠦᠯᠡᠩ᠎ᠨᠢ ᠨᠢᠬᠡᠨᠳᠡ ᠨᠤᠷᠠᠭᠰᠠᠨ᠎ᠢ ᠲᠡᠷᠡ ᠭᠡᠨᠡᠳᠳᠡ ᠯᠡ ᠮᠡᠳᠡᠪᠡ ᠂ ᠬᠦᠮᠦᠨ᠎ᠢ ᠳᠠᠷᠴᠢᠯᠠᠭᠠᠭᠰᠠᠨ ᠭᠤᠸ᠎ᠠ ᠦᠵᠡᠰᠬᠦᠯᠡᠩ᠎ᠨᠢ ᠳᠡᠬᠦᠨ᠎ᠢ ᠬᠠᠪᠤᠳᠠᠷ ᠂ ᠦᠮᠡᠨ ᠡᠪᠡᠳᠴᠢᠨ ᠰᠢᠭ ᠵᠤᠪᠠᠭᠠᠵᠦ ᠪᠠᠶᠢᠭᠰᠠᠨ ᠪᠢᠯᠡ ︾ ᠭᠡᠳ ︽ ᠰᠤᠳᠠᠰᠤᠨ᠎ᠳ᠋ᠤᠨᠢ ᠰᠢᠷᠭᠤᠭᠰᠠᠨ ᠦᠢ ᠤᠯᠠᠨ ᠦᠲᠦ ᠬᠤᠷᠤᠬᠠᠢ ᠦᠦᠷ ᠴᠠᠶᠢᠬᠤ ᠦᠶ᠎ᠡ᠎ᠪᠠᠷ ᠬᠦᠯ᠎ᠢᠶᠡᠨ ᠠᠷᠪᠠᠭᠠᠨᠠᠭᠤᠯᠤᠨ ᠰᠡᠷᠡᠵᠦ ᠂ ᠠᠷᠠᠰᠣᠨ ᠳᠤᠳᠤᠷ᠎ᠡ᠎ᠨᠢ ᠵᠢᠷᠦᠬᠡ ᠤᠷᠠᠭᠳᠠᠮ᠎ᠠ ᠬᠦᠳᠡᠯᠦᠬᠡᠳ ᠴᠡᠴᠡᠭ ᠵᠢᠮᠢᠰ ᠪᠦᠬᠦᠢ ᠬᠦᠷᠦᠰᠦ ᠰᠢᠷᠦᠢ ᠂ ᠳᠡᠷᠤᠢ ᠳᠡᠬᠦᠨ᠎ᠤ ᠮᠠᠬᠠᠪᠤᠳ᠎ᠤᠨ ᠭᠤᠸ᠎ᠠ ᠦᠵᠡᠰᠬᠦᠯᠡᠩ ᠬᠤᠷᠠᠭᠰᠠᠨ ᠬᠡᠰᠡᠭ᠎ᠢᠶᠠᠷ ᠬᠦᠶᠦᠯᠲᠦᠵᠦ ᠡᠬᠢᠯᠡᠬᠦ ᠰᠢᠭ ᠪᠤᠯᠳᠠᠭ ︾ ᠭᠡᠵᠤ ᠲᠦᠷᠰᠦᠯᠡᠳᠡᠭ ᠃ ᠤᠯᠠᠮᠯᠠᠭᠰᠠᠨ ᠰᠠᠨᠠᠭ᠎ᠠ ᠂ ᠪᠦᠲᠦᠬᠡᠭᠰᠡᠨ ᠠᠭᠱᠠᠨ᠎ᠨᠤᠭᠤᠳ᠎ᠨᠢ ᠳᠠᠪᠳᠠᠭᠳᠠᠰᠢ ᠦᠭᠡᠢ ᠴᠤᠯᠤ ᠪᠤᠯᠵᠦ ᠦᠶ᠎ᠡ ᠦᠶ᠎ᠡ᠎ᠶᠢᠨ ᠬᠦᠮᠦᠰ᠎ᠲᠤ ᠦᠪᠡᠷᠮᠢᠴᠠ ᠰᠤᠳᠤᠨ ᠮᠡᠳᠡᠷᠡᠮᠵᠢ᠎ᠶᠢ ᠳᠠᠮᠵᠢᠭᠤᠯᠵᠦ ᠴᠢᠳᠠᠳᠠᠭ᠎ᠨᠢ ᠰᠤᠩᠭᠤᠳᠠᠭ᠎ᠤᠳ᠎ᠤᠨ ᠭᠠᠶᠢᠬᠠᠯᠳᠠᠢ ᠴᠢᠳᠠᠯ ᠶᠤᠮ ᠃
ᠮᠡᠳᠡᠭᠡᠵᠢ ᠂ ᠵᠠᠷᠢᠮ ᠰᠢᠯᠢᠳᠡᠭ ᠵᠤᠬᠢᠶᠠᠯᠴᠢᠳ ᠶᠡᠭᠡ ᠬᠤᠪᠢ ᠵᠠᠶᠠᠭ᠎ᠠ᠎ᠶᠢ ᠦᠪᠡᠷ᠎ᠤᠨ᠎ᠢᠶᠡᠨ ᠠᠮᠢ ᠨᠠᠰᠣ ᠂ ᠡᠮᠵᠡᠭ ᠰᠢᠷᠬ᠎ᠠ ᠪᠤᠯᠭᠠᠵᠦ ᠡᠬᠦᠷᠭᠡᠯᠡᠳᠡᠭ ᠃ ᠤᠷᠬᠠᠨ ᠫᠠᠮᠤᠺ ︽ ᠲᠦᠷᠦᠭᠰᠡᠨ ᠬᠤᠳᠠ ᠮᠠᠨᠢ ᠬᠤᠶᠠᠷ ᠮᠢᠩᠭᠠᠨ ᠵᠢᠯ᠎ᠤᠨ ᠳᠡᠦᠬᠡᠨ᠎ᠳ᠋ᠡᠭᠡᠨ ᠶᠡᠷᠦ᠎ᠨᠢ ᠢᠩᠭᠢᠵᠦ ᠡᠪᠳᠡᠷᠡᠨ ᠰᠤᠶᠢᠳᠴᠦ ᠂ ᠦᠨᠦᠴᠢᠷᠠᠨ ᠭᠠᠭᠴᠠᠭᠠᠷᠳᠠᠵᠦ ᠂ ᠶᠠᠳᠠᠭᠤ ᠬᠤᠭᠤᠰᠣᠨ ᠪᠠᠶᠢᠵᠦ ᠦᠵᠡᠭᠰᠡᠨ ᠦᠭᠡᠢ ᠃ ᠳᠡᠷᠡ ᠨᠠᠳᠠ᠎ᠳ᠋ᠤ ᠪᠠᠭᠤᠷᠢ᠎ᠶᠢᠨ ᠬᠤᠳᠠ ᠬᠡᠪ᠎ᠢᠶᠠᠷ ᠂ ᠡᠵᠡᠨᠲᠦ ᠬᠦᠷᠦᠨ᠎ᠤ ᠡᠮᠵᠡᠭ ᠰᠢᠷᠬ᠎ᠠ᠎ᠪᠠᠷ ᠲᠦᠬᠦᠷᠡᠩ ᠰᠠᠨᠠᠭᠳᠠᠳᠠᠭ ᠃ ᠳᠡᠭᠡᠭᠡᠳ ᠴᠦ ᠮᠢᠨᠤ ᠠᠮᠢ ᠨᠠᠰᠣ ᠪᠤᠯ ᠡᠶᠢᠮᠦᠷᠬᠦᠦ ᠰᠢᠷᠬ᠎ᠠ᠎ᠲᠠᠢ ᠳᠠᠶᠢᠰᠤᠩᠨᠠᠬᠤ ᠪᠢᠰᠢ ᠂ ᠬᠠᠷᠢᠨ ᠳᠡᠬᠦᠨ᠎ᠢ ᠦᠪᠡᠷ᠎ᠤᠨ᠎ᠢᠶᠡᠨ ᠡᠮᠵᠡᠭ ᠰᠢᠷᠬ᠎ᠠ ᠪᠤᠯᠭᠠᠬᠤ᠎ᠳ᠋ᠤ ᠤᠴᠢᠷ ᠤᠳᠬ᠎ᠠ᠎ᠨᠢ ᠤᠷᠤᠰᠢᠳᠠᠭ ︾ ᠭᠡᠵᠤ ︽ ᠢᠰᠲ᠋ᠠᠨᠪᠦ᠋ᠯ  ᠨᠢᠬᠡᠨ ᠬᠤᠳᠠ᠎ᠶᠢᠨ ᠰᠠᠭᠤᠭᠳᠠᠯ ︾ ᠭᠡᠬᠦ ᠨᠤᠮ᠎ᠳᠠᠭᠠᠨ ᠪᠢᠴᠢᠭᠰᠡᠨ ᠶᠤᠮ ᠃ ᠳᠡᠶᠢᠮᠦ ᠡ ᠂ ᠰᠤᠩᠭᠤᠳᠠᠭ᠎ᠤᠳ ᠬᠦᠮᠦᠨ᠎ᠢ ᠢᠯᠠᠯᠳᠠ᠎ᠶᠢ ᠯᠡ ᠪᠢᠰᠢ ᠂ ᠢᠯᠠᠭᠳᠠᠯ᠎ᠢ ᠴᠦ ᠴᠢᠪ ᠴᠢᠮᠡᠭᠡ ᠦᠭᠡᠢ ᠰᠤᠩᠭᠤᠵᠦ ᠴᠢᠳᠠᠬᠤ ᠪᠤᠯᠭᠠᠳᠠᠭ ᠃
ᠮᠦᠷᠠᠺᠠᠮᠢ ᠬᠠᠷᠤᠺᠢ᠎ᠶᠢᠨ ᠦᠬᠦᠯᠡᠯᠭᠡ ︵ ︽ ᠡᠮᠡᠰ ᠦᠭᠡᠢ ᠡᠷᠡᠴᠣᠣᠯ ︾ ᠂ ︽ ᠱᠠᠾᠷᠠᠽᠠᠳ᠋ ︾ ᠵᠡᠷᠭᠡ ︶ ᠪᠠᠰᠠ ᠶᠡᠭᠡ ᠭᠠᠶᠢᠬᠠᠯᠳᠠᠢ ᠶᠤᠮ ᠪᠢᠯᠡ ᠂ ᠳᠡᠷᠡ᠎ᠪᠠᠷ ᠡᠳᠤᠷ ᠳᠤᠳᠤᠮ᠎ᠤᠨ ᠡᠭᠡᠯ ᠲᠦᠷᠢ᠎ᠳ᠋ᠤ ᠳᠠᠯᠳᠠᠯᠠᠭᠳᠠᠭᠰᠠᠨ ᠠᠮᠢ ᠨᠠᠰᠣᠨ᠎ᠤ ᠪᠤᠳᠤᠯᠢᠶᠠᠨ᠎ᠢ ᠤᠯᠠᠮ ᠡᠷᠴᠢᠮᠵᠢᠬᠦᠯᠵᠦ ᠰᠠᠨᠠᠭᠠᠨ᠎ᠳ᠋ᠤ ᠦᠭᠡᠢ ᠦᠷ᠎ᠡ ᠳ᠋ᠦᠩ᠎ᠳ᠋ᠤ ᠬᠦᠷᠭᠡᠳᠡᠭ ᠃ ᠭᠡᠳᠡᠯ᠎ᠡ ᠪᠢᠳᠡᠨ᠎ᠤ ᠨᠢᠭᠤᠷᠯᠠᠵᠦ ᠪᠤᠢ ᠠᠮᠢᠳᠤᠷᠠᠯ ᠴᠦ ᠠᠳᠠᠯᠢᠬᠠᠨ ᠂ ᠡᠪ ᠡᠩ᠎ᠤᠨ ᠴᠠᠭ ᠮᠦᠴᠠ ᠳᠤᠮᠳᠠ ᠡᠬᠦᠰᠦᠨ ᠦᠷᠨᠢᠵᠦ ᠡᠷᠬᠢᠬᠡᠳ ᠰᠡᠳᠬᠢᠯ᠎ᠳ᠋ᠤ ᠪᠠᠭᠳᠠᠮ᠎ᠠ ᠦᠭᠡᠢ ᠡᠭᠡᠵᠢᠭ ᠪᠤᠳᠤᠯᠢᠶᠠᠨ᠎ᠲᠠᠢ ᠳᠤᠯᠳᠠᠭ ᠦᠶ᠎ᠡ ᠪᠤᠢ ᠃ ᠰᠢᠯᠢᠳᠡᠭ ᠵᠤᠬᠢᠶᠠᠯᠴᠢᠳ ᠳᠤᠭᠤᠯᠤᠭᠰᠠᠨ ᠠᠮᠢᠳᠤᠷᠠᠯ᠎ᠢᠶᠡᠨ ᠬᠦᠮᠦᠰ᠎ᠲᠤ ᠦᠯᠢᠬᠡᠷᠯᠡᠨ ᠦᠯᠡᠳᠡᠭᠡᠵᠦ ᠠᠶᠤᠯ ᠵᠤᠪᠠᠯᠠᠩ ᠂ ᠠᠶᠢᠳᠠᠰ ᠭᠤᠨᠢᠭ ᠂ ᠦᠬᠦᠯ ᠬᠠᠭᠠᠴᠠᠯ᠎ᠢ ᠳᠠᠭᠠᠭᠠᠬᠤ ᠰᠡᠳᠬᠢᠯ᠎ᠤᠨ ᠬᠠᠳᠠ᠎ᠲᠠᠢ ᠪᠤᠯᠬᠤ᠎ᠳ᠋ᠤ ᠳᠤᠰᠠᠯᠠᠳᠠᠭ ᠃ ᠨᠡᠭᠡᠷᠡᠨ ᠂ ᠰᠡᠳᠬᠢᠯ᠎ᠤᠨ ᠬᠦᠨ ᠳᠤᠳᠤᠷ᠎ᠡ ᠦᠩᠭᠡᠷᠡᠭᠰᠡᠨ ᠢᠷᠡᠭᠡᠳᠤᠢ᠎ᠶᠢᠨ ᠴᠠᠭ ᠬᠤᠭᠤᠴᠠᠭ᠎ᠠ ᠵᠡᠷᠭᠡ᠎ᠪᠠᠷ ᠤᠶᠢᠯᠤᠨ ᠤᠷᠤᠰᠴᠦ ᠪᠠᠶᠢᠳᠠᠭ᠎ᠢ ᠦᠬᠡᠶᠢᠰᠭᠡᠵᠦ ᠪᠤᠯᠤᠰᠢ ᠦᠭᠡᠢ ᠪᠢᠯᠡ ᠃ ᠳᠡᠶᠢᠨ ᠬᠦ ᠰᠤᠩᠭᠤᠳᠠᠭ ᠪᠤᠯ ᠬᠠᠮᠤᠭ᠎ᠤᠨ ᠦᠨᠡᠳᠡᠢ ᠬᠦᠮᠦᠵᠢᠯ ᠪᠤᠯᠬᠤ ᠶᠤᠮ ᠃
ᠰᠢᠯᠢᠳᠡᠭ ᠵᠤᠬᠢᠶᠠᠯᠴᠢᠳ᠎ᠤᠨ ᠪᠠᠰᠠ ᠨᠢᠭᠡ ᠭᠠᠶᠢᠬᠠᠮᠰᠢᠭᠳᠠᠢ ᠵᠦᠢᠯ ᠪᠤᠯ ᠤᠬᠠᠭᠠᠷᠠᠯ ᠂ ᠳᠡᠳᠡ ᠬᠡᠲᠦᠨ ᠵᠠᠭᠤᠨ᠎ᠤ ᠴᠠᠭ ᠬᠤᠭᠤᠴᠠᠭ᠎ᠠ᠎ᠶᠢ ᠤᠶᠤᠨ᠎ᠤ ᠨᠢᠲᠦ᠎ᠪᠠᠷ ᠨᠡᠪᠳᠡ ᠬᠠᠯᠢᠶᠠᠨ ᠳᠤᠩᠭᠠᠵᠦ ᠢᠷᠡᠭᠡᠳᠤᠢ᠎ᠶᠢᠨ ᠬᠦᠮᠦᠰ᠎ᠲᠤ ᠦᠨᠡᠨ ᠮᠥᠨ᠎ᠢᠶᠠᠷ᠎ᠨᠢ ᠳᠤᠰᠢᠶᠠᠵᠦ ᠴᠢᠳᠠᠳᠠᠭ ᠃ ᠢᠦᠶᠢᠭᠤ᠋ ︽ ᠫᠠᠷᠢᠰ᠎ᠤᠨ ᠳ᠋ᠠᠷ᠎ᠠ ᠡᠬᠡ᠎ᠶᠢᠨ ᠰᠦᠮ᠎ᠡ ︾ ᠷᠤᠮᠠᠨ᠎ᠳᠠᠭᠠᠨ ᠦᠩᠭᠡᠷᠡᠭᠰᠡᠨ ᠦᠶ᠎ᠡ᠎ᠶᠢᠨ ᠫᠠᠷᠢᠰ ᠬᠤᠳᠠ᠎ᠶᠢᠨ ᠳᠤᠬᠠᠢ ᠶᠡᠬᠡᠬᠡᠨ ᠪᠢᠷ ᠪᠡᠭᠡ ᠦᠷᠡᠵᠦ ︽ ᠵᠢᠷᠤᠭᠯᠠᠭᠰᠠᠨ ︾ ᠬᠡᠬᠦ ᠶᠤᠮ ᠃ ᠳᠡᠬᠦᠨ᠎ᠤ ᠤᠷᠳᠤ ︽ ᠵᠢᠷᠤᠭᠯᠠᠯ ︾᠎ᠲᠠᠢ ᠳᠤᠯᠭᠠᠷᠠᠭᠠᠳ ᠭᠤᠤᠯ ᠲᠦᠷᠢ᠎ᠶᠢᠨ ᠬᠤᠪᠢ ᠵᠠᠶᠠᠭᠠᠨ᠎ᠳ᠋ᠤ ᠰᠠᠨᠠᠭᠠᠰᠢᠷᠠᠨ ᠰᠡᠳᠬᠢᠯ ᠡᠷᠭᠡ ᠦᠭᠡᠢ ᠪᠠᠴᠢᠮᠳᠠᠳᠠᠭ ᠪᠠᠶᠢᠭᠰᠠᠨ ᠪᠢᠯᠡ ᠃ ᠫᠠᠷᠢᠰ ᠬᠤᠳᠠ᠎ᠶᠢᠨ ᠰᠦᠮ᠎ᠡ ᠬᠡᠶᠢᠳ ᠂ ᠪᠠᠷᠢᠯᠭ᠎ᠠ ᠳᠠᠭᠳᠤ ᠂ ᠵᠠᠬ᠎ᠠ ᠳᠡᠬᠦᠷᠭᠡ ᠂ ᠭᠤᠤᠯ ᠮᠦᠷᠡᠨ ᠂ ᠵᠠᠮ ᠵᠡᠭᠡᠯᠢ ᠂ ᠱᠠᠯᠠ ᠳᠡᠭᠡᠪᠦᠷ᠎ᠢ ᠨᠢᠭᠡᠳ ᠨᠢᠭᠡ᠎ᠪᠠᠷ ᠨᠠᠷᠢᠨ ᠨᠤᠬᠤᠴᠠᠳᠠᠢ ︽ ᠵᠢᠷᠤᠭᠯᠠᠵᠦ ︾ ᠪᠠᠶᠢᠭᠰᠠᠨ᠎ᠢᠶᠡᠨ ᠢᠥ᠋ᠶᠢᠭᠤ᠋ ︽ ᠳᠡᠭᠡᠳᠤᠰ ᠮᠢᠨᠢ ᠴᠢᠯᠠᠭᠤᠨ ᠫᠠᠷᠢᠰ᠎ᠲᠤ ᠰᠠᠭᠤᠵᠦ ᠪᠠᠶᠢᠭᠰᠠᠨ ᠂ ᠪᠢᠳᠡ ᠰᠢᠪᠡᠷ ᠫᠠᠷᠢᠰ᠎ᠲᠤ ᠰᠠᠭᠤᠬᠤ ᠪᠤᠯᠤᠨ᠎ᠠ ︾ ᠭᠡᠵᠤ ᠴᠤᠬᠤᠶᠢᠯᠭᠠᠳᠠᠭ ᠃ ᠡᠨᠡ ᠦᠬᠡ᠎ᠶᠢ ᠤᠩᠰᠢᠭᠰᠠᠨ ᠠᠭᠱᠠᠨ᠎ᠳ᠋ᠤ ᠯᠡ ᠬᠦᠮᠦᠨ᠎ᠤ ᠵᠠᠶᠠᠭ᠎ᠠ ᠴᠢᠮᠠᠯᠠᠭᠳᠠᠵᠦ ᠬᠦᠷᠦᠰᠦᠲᠦ᠎ᠶᠢᠨ ᠠᠮᠢᠳᠤᠷᠠᠯ᠎ᠢ ᠡᠩ᠎ᠳ᠋ᠤᠨᠢ ᠪᠤᠳᠤᠬᠤ ᠪᠤᠯ ᠰᠠᠶᠢ ᠵᠦᠪ ᠭᠡᠭᠴᠢ᠎ᠶᠢ ᠵᠦᠪᠰᠢᠶᠠᠷᠠᠨ ᠰᠠᠨᠠᠬᠤ ᠪᠤᠯᠤᠨ᠎ᠠ ᠃
ᠰᠤᠩᠭᠤᠳᠠᠭ᠎ᠤᠳ ᠮᠦᠩᠭᠡ᠎ᠶᠢᠨ ᠭᠤᠸ᠎ᠠ ᠰᠠᠶᠢᠬᠠᠨ᠎ᠢ ᠴᠤᠭᠴᠠᠯᠠᠵᠦ ᠂ ᠭᠤᠸ᠎ᠠ ᠰᠠᠶᠢᠬᠠᠨ ᠪᠤᠯ ᠰᠢᠲᠦᠯᠭᠡ ᠭᠡᠵᠤ ᠬᠦᠮᠦᠰ᠎ᠲᠤ ︽ ᠬᠡᠯᠡᠵᠦ ︾ ᠦᠭᠳᠡᠭ ᠃ ᠤᠳᠬ᠎ᠠ ᠦᠭᠡᠢ ᠠᠮᠢᠳᠤᠷᠠᠯ᠎ᠳ᠋ᠤ ᠦᠬᠡᠶᠢᠬᠢᠭᠳᠡᠬᠦ ᠦᠭᠡᠢ ᠂ ᠤᠨ ᠵᠠᠭᠤᠨ᠎ᠨᠤᠭᠤᠳ᠎ᠲᠤ ᠭᠭᠢᠷᠲᠦᠬᠦ ᠦᠭᠡᠢ ᠂ ᠤᠰᠬᠠᠯ ᠢᠯᠳᠡᠮ ᠂ ᠳᠤᠳᠤᠭᠠᠳᠤ ᠭᠡᠭᠡ᠎ᠪᠠᠷ᠎ᠢᠶᠡᠨ ᠤᠷᠴᠢᠯᠠᠩ᠎ᠢ ᠳᠤᠩᠭᠠᠯᠠᠭᠵᠢᠭᠤᠯᠤᠨ ᠭᠡᠷᠡᠯᠲᠦᠬᠦᠯᠦᠭᠴᠢ ᠭᠤᠸ᠎ᠠ ᠰᠠᠶᠢᠬᠠᠨ ᠪᠤᠯ ᠨᠡᠭᠡᠷᠡᠨ ᠰᠢᠲᠦᠯᠭᠡ ᠶᠤᠮ ᠃ ᠳᠡᠭᠡᠭᠡᠳ ᠴᠦ ᠮᠦᠩᠭᠡ᠎ᠶᠢᠨ ᠭᠤᠸ᠎ᠠ ᠰᠠᠶᠢᠬᠠᠨ ᠭᠡᠭᠴᠢ ᠬᠠᠷᠠᠭᠳᠠᠭᠰᠠᠨ ᠰᠢᠨᠵᠢ᠎ᠪᠠᠷ᠎ᠢᠶᠡᠨ ᠪᠤᠰᠣ ᠂ ᠰᠠᠭᠤᠭᠳᠠᠭᠰᠠᠨ ᠴᠢᠨᠠᠷ᠎ᠢᠶᠠᠷ᠎ᠢᠶᠡᠨ ᠦᠨᠢ ᠤᠳᠠᠭᠠᠨ᠎ᠢ ᠳᠠᠪᠠᠨ ᠳᠤᠭᠤᠯᠬᠤ ᠴᠢᠳᠠᠯ᠎ᠲᠠᠢ ᠪᠠᠶᠢᠳᠠᠭ ᠃ ︽ ᠪᠠᠷᠳᠠᠮ ᠰᠡᠷᠬᠦᠯᠡᠩ ᠪᠤᠷᠤ ︾ ᠭᠡᠳᠡᠭ ᠮᠤᠩᠭᠤᠯ ᠠᠷᠠᠳ᠎ᠤᠨ ᠤᠷᠲᠦ᠎ᠶᠢᠨ ᠳᠠᠭᠤᠤ ᠪᠤᠢ ᠂ ᠳᠡᠷᠡ ᠳᠠᠭᠤᠤ᠎ᠳ᠋ᠤ ᠄
︽ ᠪᠠᠷᠳᠠᠮ ᠰᠡᠷᠬᠦᠯᠡᠩ ᠪᠤᠷᠤ᠎ᠪᠠᠨ / ᠪᠠᠷᠢᠵᠦ ᠰᠤᠶᠢᠵᠦ ᠤᠨᠤᠮᠠᠨ / ᠦᠨᠳᠤᠷ ᠬᠠᠩᠭᠠᠢ᠎ᠶᠢᠨ ᠰᠢᠯᠢ ᠳᠡᠭᠡᠬᠦᠷ / ᠦᠪᠡᠷ᠎ᠤᠨ᠎ᠢᠶᠡᠨ ᠳᠤᠷ᠎ᠡ᠎ᠪᠠᠷ ᠬᠠᠳᠠᠷᠢᠭᠤᠯᠤᠭᠠᠷᠠᠢ ᠁ / ᠭᠠᠭᠴᠠᠬᠠᠨ ᠠᠮᠠᠷᠠᠭ ᠳᠡᠷᠡ ᠮᠢᠨᠢ / ᠭᠠᠵᠠᠷ᠎ᠤᠨ ᠬᠤᠯᠠ ᠠᠶᠠᠯᠠᠬᠤ᠎ᠳ᠋ᠤ / ᠳᠤᠳᠤᠷ᠎ᠡ ᠵᠢᠷᠤᠬᠡᠨ᠎ᠤ ᠳᠤᠮᠳᠠ᠎ᠡᠴᠠ / ᠳᠤᠯᠢ ᠮᠡᠲᠦ ᠢᠯᠡᠷᠬᠡᠢ ᠁ ︾ ᠭᠡᠵᠤ ᠳᠠᠭᠤᠯᠠᠳᠠᠭ ᠂ ᠡᠨᠡ ︽ ᠳᠤᠳᠤᠷ᠎ᠡ ᠵᠢᠷᠤᠬᠡᠨ᠎ᠤ ᠳᠤᠮᠳᠠ᠎ᠡᠴᠠ / ᠳᠤᠯᠢ ᠮᠡᠲᠦ ᠢᠯᠡᠷᠬᠡᠢ ︾᠎ᠡᠴᠠ ᠰᠠᠶᠢ᠎ᠶᠢᠨ ᠬᠡᠯᠡᠭᠰᠡᠨ ᠰᠠᠭᠤᠭᠳᠠᠭᠰᠠᠨ ᠴᠢᠨᠠᠷ᠎ᠤᠨ ᠳᠡᠬᠦᠰ ᠳᠡᠬᠦᠯᠳᠡᠷ᠎ᠢ ᠬᠠᠷᠠᠵᠦ ᠪᠤᠯᠤᠨ᠎ᠠ ᠃ ᠳᠡᠶᠢᠮᠦ ᠡ ᠂ ᠴᠠᠭ ᠬᠤᠭᠤᠴᠠᠭᠠᠨ᠎ᠤ ᠤᠷᠲᠦ ᠤᠳᠠᠭᠠᠨ ᠶᠡᠷᠦ᠎ᠨᠢ ᠬᠠᠷᠠᠭᠳᠠᠭᠰᠠᠨ ᠰᠢᠨᠵᠢ᠎ᠶᠢ ᠤᠷᠤ ᠮᠦᠷ ᠦᠭᠡᠢ ᠠᠭᠤᠰᠬᠠᠵᠦ ᠂ ᠰᠠᠭᠤᠭᠳᠠᠭᠰᠠᠨ ᠴᠢᠨᠠᠷ᠎ᠢ ᠬᠠᠷᠢᠨ ᠤᠯᠠᠮ ᠯᠡ ᠳᠤᠳᠤᠷᠠᠭᠤᠯᠤᠨ ᠵᠠᠭᠤᠨ ᠵᠠᠭᠤᠨ᠎ᠤ ᠬᠦᠮᠦᠰ᠎ᠲᠤ ᠤᠯᠠᠮᠵᠢᠯᠠᠳᠠᠭ ᠪᠢᠯᠡ ᠃ ᠪᠠᠪᠤᠤ᠎ᠶᠢᠨ ᠯᠾᠬᠠᠪᠠᠰᠦ᠋ᠷᠦᠩ᠎ᠤᠨ ︽ ᠰᠠᠨᠠᠬᠤ᠎ᠶᠢᠨ ᠠᠯᠬᠤᠮ ︾ ᠭᠡᠳᠡᠭ ᠰᠢᠯᠦᠭ᠎ᠲᠤ ᠴᠦ ᠡᠶᠢᠮᠦᠷᠬᠦᠦ ᠵᠦᠢᠯ ᠳᠤᠰᠬᠠᠭᠳᠠᠭᠰᠠᠨ ᠄
︽ ᠪᠠᠶᠢᠨ ᠪᠠᠶᠢᠨ ᠬᠠᠷᠠᠬᠤ᠎ᠳ᠋ᠤ / ᠪᠠᠷ᠎ᠠ᠎ᠨᠢ ᠳᠤᠷᠤᠶᠢᠵᠦ ᠬᠠᠷᠠᠭᠳᠠᠨ᠎ᠠ / ᠪᠠᠷ᠎ᠠ᠎ᠨᠢ ᠳᠠᠰᠤᠷᠠᠬᠤ᠎ᠶᠢᠨ ᠴᠠᠭ᠎ᠲᠤ / ᠨᠢᠲᠦ᠎ᠨᠢ ᠳᠤᠷᠮᠤᠶᠢᠵᠦ ᠬᠠᠷᠠᠭᠳᠠᠨ᠎ᠠ ︾ ᠭᠡᠰᠡᠨ ᠮᠦᠷ ᠪᠠᠶᠢᠳᠠᠭ ᠃ ᠮᠡᠳᠡᠭᠡᠵᠢ ᠂ ᠡᠬᠡ ᠬᠡᠯᠡᠨ᠎ᠤ ᠰᠤᠩᠭᠤᠳᠠᠭ ᠪᠤᠯ ᠢᠷᠠᠭᠤ ᠰᠠᠶᠢᠬᠠᠨ ᠂ ᠬᠦᠨ ᠳᠤᠩᠭᠠᠯᠠᠭ ᠂ ᠠᠭᠤᠵᠢᠭᠤ ᠪᠠᠭᠳᠠᠭᠠᠮᠵᠢ᠎ᠶᠢ ᠴᠤᠭᠴᠠᠯᠠᠭᠰᠠᠨ ᠪᠠᠶᠢᠬᠤ ᠤᠴᠢᠷᠳᠠᠢ ᠃ ᠰᠡᠬᠦᠯ᠎ᠤᠨ ᠦᠶ᠎ᠡ᠎ᠳ᠋ᠤ ᠮᠠᠨ᠎ᠤ ᠤᠷᠠᠨ ᠵᠤᠬᠢᠶᠠᠯ᠎ᠳ᠋ᠤ ᠬᠡᠯᠡ᠎ᠪᠠᠨ ᠡᠪᠳᠡᠵᠦ ᠨᠠᠶᠢᠷᠠᠭᠤᠯᠭ᠎ᠠ᠎ᠪᠠᠨ ᠴᠤᠴᠠᠯᠠᠭᠰᠠᠨ ᠡᠮᠬᠡᠭ᠎ᠲᠠᠢ ᠵᠤᠶᠢᠯᠠᠰ ᠵᠦᠩᠳᠡᠭᠡᠨ ᠬᠠᠷᠠᠭᠳᠠᠬᠤ ᠪᠤᠯᠤᠭᠰᠠᠨ ᠳᠡᠳᠤᠢ ᠦᠭᠡᠢ ᠂ ᠳᠡᠬᠦᠨ᠎ᠢᠶᠡᠨ ᠰᠢᠨᠡᠴᠢᠯᠠᠯ ᠪᠤᠶᠤ ᠤᠳᠤᠬᠢᠴᠢ ᠭᠡᠬᠦ ᠮᠡᠲᠦ᠎ᠪᠠᠷ ᠬᠦᠬᠡᠷᠭᠡᠳᠡᠭᠴᠢᠳ ᠡᠲᠦᠷ ᠢᠷᠡᠬᠦᠶ᠎ᠡ ᠭᠠᠵᠠᠷ ᠠᠪᠴᠦ ᠪᠤᠢ ᠂ ᠵᠠᠯᠠᠭᠤ ᠨᠢᠭᠡ ᠦᠶ᠎ᠡ᠎ᠶᠢᠨ᠎ᠬᠢᠨ ᠡᠬᠦᠨ᠎ᠡᠴᠠ ᠡᠷᠭᠡᠪᠰᠢ ᠳᠠᠳᠠᠭᠠᠯᠵᠠᠬᠤ ᠬᠡᠷᠡᠭᠳᠡᠢ ᠃
ᠰᠤᠩᠭᠤᠳᠠᠭ ᠪᠠᠰᠠ ᠬᠦᠮᠦᠨ᠎ᠢ ᠡᠭᠡᠯ ᠳᠠᠷᠤᠤ ᠠᠷᠠᠨᠰᠢᠨ᠎ᠲᠠᠢ ᠂ ᠡᠨᠡᠷᠢᠯ ᠬᠠᠶᠢᠷ᠎ᠠ᠎ᠶᠢᠨ ᠰᠡᠳᠬᠢᠯ᠎ᠲᠠᠢ ᠂ ᠵᠦᠪ ᠦᠢᠯᠡᠰ᠎ᠲᠠᠢ ᠨᠢᠭᠡᠨ ᠪᠤᠯᠬᠤ᠎ᠳ᠋ᠤ ᠵᠠᠮᠴᠢᠯᠠᠳᠠᠭ ᠃ ᠮᠥᠨ ᠠᠮᠢᠳᠤᠷᠠᠯ᠎ᠳ᠋ᠤ ᠭᠠᠶᠢᠬᠠᠮᠰᠢᠭ ᠳᠤᠬᠢᠶᠠᠯᠳᠤᠳᠠᠭ ᠴᠦ ᠡᠭᠡᠯ ᠡᠲᠦᠷ᠎ᠤᠳ ᠵᠦᠩᠳᠡᠭᠡᠨ ᠂ ᠰᠢᠲᠦ ᠵᠠᠭᠤᠨ ᠳᠡᠪᠴᠢᠶᠡᠷᠢ ᠵᠢᠭᠠᠵᠦ ᠳᠤᠭᠤᠯᠬᠤ ᠦᠶ᠎ᠡ ᠪᠠᠶᠢᠳᠠᠭ ᠴᠦ ᠡᠨᠡᠷᠢᠨ ᠦᠷᠦᠪᠳᠦᠵᠦ ᠬᠠᠶᠢᠷᠠᠯᠠᠨ ᠨᠠᠨᠳᠢᠩᠨᠠᠬᠤ ᠬᠤᠨᠤᠭ᠎ᠤᠳ ᠵᠤᠩᠭᠢ᠎ᠶᠢ ᠤᠬᠠᠭᠠᠷᠠᠬᠤ ᠤᠬᠠᠭᠠᠷᠠᠯ ᠂ ᠦᠷᠦᠪᠳᠦᠯᠳᠡᠢ ᠦᠨᠡᠨ᠎ᠢ ᠤᠯᠤᠭᠰᠠᠨ᠎ᠢᠶᠠᠷ ᠬᠦᠴᠦᠷᠬᠡᠭ ᠬᠠᠭᠤᠷᠮᠠᠬᠴᠢ᠎ᠳ᠋ᠤ ᠢᠳᠡᠭᠳᠡᠬᠦ᠎ᠳ᠋ᠡᠭᠡᠨ ᠴᠦ ᠪᠠᠭᠤᠵᠦ ᠦᠭᠭᠦᠯ ᠦᠭᠡᠢ ᠦᠢᠯᠡᠰ᠎ᠢᠶᠡᠨ ᠦᠷᠬᠦᠯᠵᠢᠯᠡᠬᠦᠯᠵᠦ ᠴᠢᠳᠠᠬᠤ ᠪᠠᠷᠢᠮᠳᠠᠯᠠᠯ᠎ᠢ ᠬᠦᠮᠦᠰ᠎ᠲᠤ ᠤᠯᠭᠤᠳᠠᠭ ᠪᠢᠯᠡ ᠃
ᠮᠡᠳᠡᠭᠡᠵᠢ ᠂ ᠰᠤᠩᠭᠤᠳᠠᠭ᠎ᠤᠳ ᠢᠯᠡ ᠳᠤᠳᠤ ᠡᠷᠭᠡ ᠠᠰᠢᠭ᠎ᠢ ᠦᠭᠴᠦ ᠴᠢᠳᠠᠳᠠᠭ ᠦᠭᠡᠢ ᠂ ᠠᠵᠢᠯ ᠲᠦᠷᠦᠯ ᠂ ᠠᠮᠢ ᠵᠢᠭᠤᠯᠭ᠎ᠠ᠎ᠶᠢ ᠠᠷᠭᠠᠴᠠᠭᠠᠬᠤ ᠪᠠᠭᠠᠵᠢ ᠬᠡᠷᠡᠭᠯᠡᠬᠦᠷ ᠴᠦ ᠪᠢᠰᠢ ᠂ ᠬᠠᠷᠢᠨ ᠠᠮᠢᠳᠤᠷᠠᠬᠤᠢ᠎ᠶᠢᠨ ᠤᠪᠤᠷ᠎ᠢᠶᠡᠨ ᠬᠦᠮᠦᠵᠢᠬᠦᠯᠵᠦ ᠂ ᠬᠦᠮᠦᠯᠢᠭ᠎ᠢᠶᠠᠷ ᠠᠮᠢᠳᠤᠷᠠᠬᠤ ᠂ ᠰᠡᠳᠬᠢᠯ ᠪᠠᠶᠢᠭᠠᠯᠢ᠎ᠲᠠᠢ ᠬᠦᠮᠦᠨ ᠪᠤᠯᠬᠤ᠎ᠳ᠋ᠤ ᠠᠯᠢᠪᠠ ᠰᠤᠷᠭᠠᠭᠤᠯᠢ᠎ᠡᠴᠠ ᠢᠯᠡᠬᠦᠦ ᠳᠤᠰᠠᠯᠠᠳᠠᠭ ᠃
ᠰᠢᠯᠢᠳᠡᠭ ᠵᠤᠬᠢᠶᠠᠯᠴᠢᠳ ᠪᠠᠰᠠ ᠮᠦᠩᠭᠡ᠎ᠶᠢᠨ ᠡᠷᠡᠭᠡᠯᠵᠡᠭᠡ᠎ᠶᠢ ᠬᠦᠮᠦᠰ᠎ᠲᠤ ᠲᠦᠷᠦᠭᠳᠡᠬᠦᠯᠵᠦ ᠤᠶᠤᠨ ᠤᠬᠠᠭᠠᠨ᠎ᠤ ᠭᠠᠷᠴᠠ᠎ᠶᠢ ᠴᠢᠭᠯᠡᠬᠦᠯᠵᠦ ᠦᠭᠳᠡᠭ ᠳᠠᠯ᠎ᠠ᠎ᠲᠠᠢ ᠶᠤᠮ ᠃ ᠳ᠋ᠠᠨᠨᠦ᠋ᠨᠼᠢᠤ᠋᠎ᠶᠢᠨ ︽ ᠦᠬᠦᠯ᠎ᠤᠨ ᠢᠯᠡᠯᠳᠡ ︾ ᠭᠡᠳᠡᠭ ᠭᠠᠶᠢᠬᠠᠯᠳᠠᠢ ᠦᠬᠦᠯᠡᠯᠭᠡ ᠪᠤᠢ ᠂ ᠡᠨᠡ ᠦᠬᠦᠯᠡᠯᠭᠡ᠎ᠳ᠋ᠤ ᠬᠦᠮᠦᠨ ᠨᠡᠶᠢᠬᠡᠮ᠎ᠤᠨ ᠡᠯᠳᠡᠪ ᠳᠠᠭᠠᠷᠢᠯᠳᠠ᠎ᠳ᠋ᠤ ᠴᠦᠬᠦᠷᠡᠭᠰᠡᠨ ᠨᠦᠬᠦᠷ ᠪᠦᠰᠡᠬᠦᠢ ᠬᠤᠶᠠᠷ ᠭᠠᠷ ᠭᠠᠷ᠎ᠢᠶᠡᠨ ᠬᠤᠯᠪᠤᠨ ᠠᠰᠬ᠎ᠠ᠎ᠡᠴᠠ ᠦᠰᠦᠷᠴᠦ ᠠᠮᠢ᠎ᠪᠠᠨ ᠬᠤᠤᠷᠯᠠᠭᠰᠠᠨ ᠳᠤᠬᠠᠢ ᠪᠢᠴᠢᠳᠡᠭ ᠃ ︽ ᠪᠢᠳᠡᠨ᠎ᠤ ᠠᠮᠢᠳᠤᠷᠠᠯ᠎ᠢ ᠬᠦᠮᠦᠰ ᠵᠦᠪᠰᠢᠶᠡᠷᠡᠬᠦ ᠦᠭᠡᠢ ᠪᠠᠶᠢᠵᠦ ᠪᠤᠯᠤᠨ᠎ᠠ ᠂ ᠭᠡᠳᠡᠯ᠎ᠡ ᠦᠬᠦᠯ ᠴᠦ ᠪᠢᠳᠡᠨ᠎ᠢ ᠰᠠᠯᠭᠠᠵᠦ ᠡᠰᠡ ᠴᠢᠳᠠᠨ᠎ᠠ ︾ ᠭᠡᠵᠤ ᠠᠰᠬ᠎ᠠ᠎ᠡᠴᠠ ᠦᠰᠦᠷᠴᠦ ᠠᠮᠢᠳᠤᠷᠠᠯ᠎ᠢ ᠢᠯᠠᠭᠰᠠᠨ ᠭᠠᠶᠢᠬᠠᠮᠰᠢᠭ ᠪᠤᠯ ᠳ᠋ᠠᠨᠨᠦ᠋ᠨᠼᠢᠤ᠋᠎ᠶᠢᠨ ︽ ᠦᠬᠦᠯ᠎ᠤᠨ ᠢᠯᠠᠯᠳᠠ ︾ ᠪᠢᠯᠡ ᠃ ᠳᠡᠬᠦᠨ᠎ᠤ ︽ ᠭᠡᠮ ᠦᠭᠡᠢ ᠬᠦᠮᠦᠨ ︾ ᠭᠡᠳᠡᠭ ᠦᠬᠦᠯᠡᠯᠭᠡ ᠴᠦ ᠬᠠᠴᠢᠷᠬᠠᠯᠳᠠᠢ ᠴᠡᠭ ᠬᠠᠷᠠᠭᠠᠰᠦ᠎ᠶᠢ ᠢᠯᠡᠷᠡᠬᠦᠯᠦᠭᠰᠡᠨ ᠶᠤᠮ ᠂ ᠪᠦᠰᠡᠬᠦᠢ᠎ᠶᠢᠨ᠎ᠢᠶᠡᠨ ᠲᠦᠷᠦᠬᠦᠦ ᠨᠦᠬᠦᠷ᠎ᠤᠨ ᠬᠡᠦᠬᠡᠳ᠎ᠢ ᠬᠤᠤᠷᠯᠠᠭᠰᠠᠨ ᠡᠨᠳᠡᠯ ᠶᠠᠪᠤᠳᠠᠯ᠎ᠢᠶᠠᠷ ᠡᠨᠡ ᠬᠦ ᠦᠬᠦᠯᠡᠯᠭᠡ ᠦᠷᠨᠢᠵᠦ ᠬᠦᠮᠦᠨ᠎ᠳ᠋ᠤ ᠳᠤᠯᠭᠠᠷᠠᠵᠦ ᠮᠡᠳᠡᠬᠦ ᠡᠭᠡᠳᠡᠷᠡᠭᠡ᠎ᠶᠢ ᠳᠤᠳᠤᠷᠠᠭᠤᠯᠤᠭᠰᠠᠨ᠎ᠨᠢ ᠦᠨᠡᠬᠡᠷ ᠭᠠᠶᠢᠬᠠᠮᠰᠢᠭᠳᠠᠢ ᠪᠢᠯᠡ ᠃ ᠳᠡᠶᠢᠮᠦ ᠡ ᠂ ᠮᠦᠩᠭᠡ᠎ᠶᠢᠨ ᠡᠷᠡᠭᠡᠯᠵᠡᠭᠡ ᠪᠠᠶᠢᠮᠠᠨᠵᠢᠨ ᠰᠠᠶᠢ ᠤᠶᠤᠨ ᠤᠬᠠᠭᠠᠨ ᠵᠤᠭᠰᠣᠯ ᠦᠭᠡᠢ ᠰᠡᠳᠬᠢᠨ ᠪᠤᠳᠤᠯᠬᠢᠯᠠᠬᠤ ᠪᠤᠯᠤᠨ᠎ᠠ ᠂ ᠰᠤᠩᠭᠤᠳᠠᠭ᠎ᠤᠳ ᠬᠦᠮᠦᠰ᠎ᠢ ᠦᠷᠬᠦᠯᠵᠢ ᠯᠡ ᠬᠦᠨ ᠪᠤᠳᠤᠯᠭᠠᠰᠢᠷᠠᠯ᠎ᠳ᠋ᠤ ᠤᠨᠠᠭᠠᠵᠦ ᠨᠠᠮ ᠵᠢᠮ ᠪᠠᠶᠢᠯᠭᠠᠵᠦ ᠴᠢᠳᠠᠳᠠᠭ᠎ᠤᠨ ᠭᠠᠶᠢᠬᠠᠮᠰᠢᠭ᠎ᠨᠢ ᠴᠦ ᠡᠨᠡ ᠪᠠᠶᠢᠵᠦ ᠮᠠᠭᠠᠳ ᠃
ᠰᠢᠯᠢᠳᠡᠭ ᠵᠤᠬᠢᠶᠠᠯᠴᠢᠳ ᠪᠠ ᠰᠤᠩᠭᠤᠳᠠᠭ ᠦᠭᠡᠢ ᠪᠤᠯ ᠡᠨᠡ ᠶᠢᠷᠳᠢᠨᠴᠦ᠎ᠶᠢᠨ ᠦᠵᠡᠭᠳᠡᠵᠦ ᠬᠠᠷᠠᠭᠳᠠᠬᠤ ᠦᠭᠡᠢ ᠬᠤᠯᠪᠤᠭ᠎ᠠ ᠂ ᠡᠭᠡᠯᠢ ᠳᠤᠯᠠᠭᠠᠨ ᠬᠠᠯᠠᠮᠵᠢᠯᠠᠯ ᠂ ᠡᠯᠳᠡᠪ ᠪᠤᠯᠤᠮᠵᠢ᠎ᠨᠤᠭᠤᠳ᠎ᠤᠨ ᠠᠯᠢ ᠨᠢᠭᠡ᠎ᠨᠢ ᠯᠠᠪᠳᠠᠶ᠎ᠠ ᠪᠠᠷᠢᠭᠳᠠᠬᠤ ᠦᠭᠡᠢ ᠃ ᠳᠡᠭᠡᠪᠡᠯ ᠤᠩᠰᠢᠯᠭ᠎ᠠ ᠪᠤᠯ ᠰᠤᠩᠭᠤᠯᠳᠠ ᠂ ᠦᠨᠢ ᠡᠷᠳᠡᠨ ᠪᠠ ᠢᠷᠡᠭᠡᠳᠤᠢ ᠬᠤᠵᠢᠮ᠎ᠲᠠᠢ ᠨᠡᠪᠳᠡᠷᠡᠬᠦ ᠬᠦᠨ ᠳᠤᠳᠤᠭᠠᠳᠤ᠎ᠶᠢᠨ ᠳᠤᠷᠠᠨ ᠬᠠᠷᠠᠭ᠎ᠠ ᠶᠤᠮ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠷᠢᠭᠤᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面