ᠲᠡᠷᠢᠭᠦᠨ ᠨᠢᠭᠤᠷ>ᠮᠣᠩᠭᠣᠯ ᠰᠣᠳᠣᠯᠣᠯ>ᠮᠤᠩᠭᠤᠯᠴᠢ ᠡᠷᠳᠡᠮᠲᠡᠳ

2020-04-23 18:03:10

ᠵᠣᠬᠢᠶᠠᠭ᠍ᠴᠢ᠄ ᠪᠤᠷᠤᠭᠠᠠ ᠣᠩᠱᠢᠭ᠍ᠰᠠᠨ ᠣᠳᠠᠭ᠎ᠠ᠄ 3

● ᠪᠤᠷᠤᠭᠠᠠ



ᠪᠤᠷᠤᠭᠠᠨ ︵ ᠢ᠊ · ᠰᠢᠤ ᠯᠠᠨ ︶ ᠂ ᠲᠦᠩᠯᠢᠶᠤᠤ ᠬᠤᠳᠠ᠎ᠶᠢᠨ ᠬᠤᠷᠴᠢᠨ ᠵᠡᠬᠦᠨ ᠭᠠᠷᠤᠨ ᠬᠤᠢᠳᠦ ᠬᠤᠰᠢᠭᠤ᠎ᠪᠠᠷ ᠨᠤᠳᠤᠭᠳᠠᠢ ᠃ ︽ ᠰᠢᠪᠡᠷᠡᠬᠡ ᠪᠤᠷᠤᠭᠠᠨ ︾ ᠬᠡᠬᠦ ᠲᠤᠭᠤᠵᠢᠰ᠎ᠤᠨ ᠲᠡᠬᠦᠪᠦᠷᠢ ᠂ ︽ ᠠᠷᠪᠠᠨ ᠨᠠᠢᠮᠡᠳᠡᠢ ᠪᠠᠢᠬᠰᠠᠨ ︾ ᠬᠡᠬᠦ ᠷᠤᠮᠠᠨ᠎ᠲᠠᠢ ᠃ 2019 ᠤᠨ᠎ᠳ᠋ᠤ ︽ ᠴᠡᠬᠡ ︾ ᠨᠡᠷᠡᠮᠵᠢᠳᠦ ᠦᠨᠢᠷ ᠴᠡᠴᠡᠭ ᠤᠷᠠᠨ ᠵᠤᠬᠢᠶᠠᠯ᠎ᠤᠨ ᠨᠠᠭᠠᠳᠤᠮ᠎ᠤᠨ ᠲᠤᠭᠤᠵᠢ᠎ᠶᠢᠨ ᠤᠷᠤᠯᠳᠤᠭᠠᠨ᠎ᠳ᠋ᠤ ᠲᠡᠷᠢᠬᠦᠯᠡᠵᠦ ᠂ ︽ ᠠᠯᠳᠠᠨ ᠬᠢᠩᠭᠠᠨ ︾ ᠬᠤᠨᠳᠠᠭᠠᠳᠦ ᠪᠦᠬᠦ ᠤᠯᠤᠰ᠎ᠤᠨ ᠮᠤᠩᠭᠤᠯ ᠨᠠᠢᠷᠠᠭᠤᠯᠤᠯ᠎ᠤᠨ ᠤᠷᠤᠯᠳᠤᠭᠠᠨ᠎ᠤ ᠲᠡᠷᠢᠬᠦᠨ ᠨᠡᠷ᠎ᠠ᠎ᠳ᠋ᠤ ᠲᠤᠳᠤᠷᠠᠪᠠ ᠃


2019 ᠤᠠ᠎ᠤ 11 ᠰᠠᠷ᠎ᠠ᠎ᠶᠢᠨ 7᠎ᠤ ᠥᠳᠡ᠎ᠶᠢᠨ ᠡᠮᠥᠨ᠎ᠡ ᠬᠥᠬᠡᠬᠤᠳᠠ ᠨᠤᠳᠤᠭ᠎ᠲᠠᠢ ᠳ᠋ᠧᠩ ᠵᠢᠤ ᠭᠠᠩ ᠪᠠᠭᠰᠢ ᠮᠠᠠ᠎ᠤ ᠶᠢᠰᠥᠳᠥᠬᠡᠷ ᠬᠤᠭᠤᠴᠠᠭᠠᠠ᠎ᠤ ᠤᠳᠬ᠎ᠠ ᠵᠤᠬᠢᠶᠠᠯ ᠰᠤᠳᠤᠯᠬᠤ ᠠᠩᠬᠢ᠎ᠳ᠋ᠤ ᠬᠢᠴᠢᠶᠡᠯᠯᠡᠭᠡ ᠬᠢᠬᠦ᠎ᠳ᠋ᠡᠭᠡᠨ ᠂ ︽ ᠮᠥᠸᠧ ᠶᠠᠠ᠎ᠯᠤᠭ᠎ᠠ ᠵᠤᠭᠤᠬᠳᠠᠬᠤ ᠲᠤᠮᠳᠠ ᠪᠢ ᠲᠡᠬᠦᠠ᠎ᠤ ᠠᠮᠵᠢᠯᠳᠠ ᠤᠯᠤᠬᠰᠠᠠ ᠤᠯᠠᠩᠬᠢ ᠪᠥᠳᠥᠬᠡᠯ᠎ᠨᠢ ᠴᠦᠮ ︿ ᠲᠥᠯᠬᠡᠡ ᠳ᠋ᠤᠠ ﹀᠎ᠡᠴᠠ ᠰᠡᠷᠡᠯᠳᠡ ᠤᠯᠤᠬᠰᠠᠠ ᠬᠡᠳᠡᠭ᠎ᠢ ᠮᠡᠳᠡᠭᠰᠡᠡ ᠶᠤᠮ ︾ ᠬᠡᠰᠡᠡ᠎ᠨᠢ ᠮᠢᠨᠤ ᠰᠡᠳᠬᠢᠯ᠎ᠳ᠋ᠤ ᠬᠥᠠ ᠰᠠᠭᠤᠬᠳᠠᠯ᠎ᠠ ᠃ ᠤᠳᠬ᠎ᠠ ᠵᠤᠬᠢᠶᠠᠯ᠎ᠤᠨ ᠤᠯᠠᠩᠬᠢ ᠪᠠᠭᠰᠢᠨᠠᠷ ︽ ᠲᠥᠯᠬᠡᠡ ᠳ᠋ᠤᠠ ︾᠎ᠢ ᠠᠮᠠᠠ᠎ᠡᠴᠠ᠎ᠪᠠᠨ ᠰᠠᠯᠭᠠᠯ ᠥᠬᠡᠢ ᠶᠠᠷᠢᠳᠠᠭ ᠪᠥᠬᠡᠳ ᠨᠤᠫᠧᠯ᠎ᠤᠨ ᠱᠠᠩᠨᠠᠯᠳᠤ ᠵᠤᠬᠢᠶᠠᠯᠴᠢ ᠮᠥᠸᠧ ᠶᠠᠠ ᠴᠤ ︽ ᠲᠥᠯᠬᠡᠡ ᠳ᠋ᠤᠠ ︾᠎ᠯᠤᠭ᠎ᠠ ᠡᠶᠢᠮᠥᠷᠬᠦᠤ ᠁ ᠬᠤᠯᠪᠤᠭ᠎ᠠ᠎ᠲᠠᠢ ᠪᠠᠶᠢᠭ᠎ᠠ᠎ᠨᠢ ᠮᠢᠨᠤ ᠠᠩᠬᠠᠷᠤᠯ᠎ᠢ ᠶᠠᠭᠠᠬᠢᠬᠤ᠎ᠶᠢᠨ ᠠᠷᠭ᠎ᠠ ᠥᠬᠡᠢ ᠲᠠᠳᠠᠯ᠎ᠠ ᠃
ᠡᠨᠡ ᠬᠦ ᠠᠯᠳᠠᠷᠳᠤ ᠪᠥᠳᠥᠬᠡᠯ᠎ᠲᠠᠢ ᠪᠢ ᠲᠠᠩᠳᠠ ᠵᠠᠶᠠᠭ᠎ᠠ ᠠᠯᠤᠰᠯᠠᠠ ᠶᠠᠪᠤᠵᠤ ᠂ ᠬᠡᠵᠢᠶ᠎ᠡ ᠬᠤᠵᠢᠮ᠎ᠨᠢ ᠤᠳᠬ᠎ᠠ ᠵᠤᠬᠢᠶᠠᠯ᠎ᠤᠨ ᠰᠤᠳᠤᠯᠤᠠ ᠰᠤᠷᠤᠯᠴᠠᠬᠤ ᠠᠩᠬᠢ᠎ᠳ᠋ᠤ ᠢᠷᠡᠬᠡᠳ ᠰᠠᠶᠢ ᠥᠪᠥᠷ ᠮᠤᠩᠭᠤᠯ᠎ᠤᠨ ᠶᠡᠭᠡ ᠰᠤᠷᠭᠠᠭᠤᠯᠢ᠎ᠶᠢᠨ ᠨᠤᠮ᠎ᠤᠨ ᠰᠠᠩ᠎ᠳ᠋ᠤ ᠶᠡᠭᠡ ᠲᠥᠯᠥᠪ ᠨᠢᠳᠥᠯᠡᠡ ᠲᠠᠭᠤᠰᠬᠠᠵᠠᠢ ᠃ ᠨᠠᠶᠠᠭᠠᠳ ᠤᠠ᠎ᠤ ᠬᠡᠪᠯᠡᠯ ᠪᠠᠶᠢᠵᠤ ᠂ ᠵᠤᠪ ᠵᠤᠵᠠᠭᠠᠠ ᠲᠥᠷᠪᠡᠡ ᠲᠡᠪᠳᠡᠷ ᠪᠠᠶᠢᠬᠰᠠᠠ ᠃ ᠬᠡᠴᠢᠨᠡᠡ ᠤᠯᠠᠠ ᠤᠩᠰᠢᠬᠴᠢ᠎ᠶᠢᠨ ᠭᠠᠷ᠎ᠤᠨ ᠬᠥᠯᠥᠰᠤᠠ᠎ᠳ᠋ᠤ ᠲᠡᠪᠳᠥᠭᠰᠡᠡ᠎ᠢ ᠪᠤᠤ ᠮᠡᠳᠡ ᠂ ᠡᠯᠡᠭᠳᠡᠡ ᠤᠷᠠᠬᠳᠠᠵᠤ ᠭᠬᠢᠷᠳᠤᠠ ᠲᠠᠬᠰᠢᠷᠠᠭᠠᠳ ᠥᠵᠡᠬᠦ᠎ᠳ᠋ᠤ ᠥᠨ᠎ᠡ ᠬᠥᠷᠬᠦ ᠥᠬᠡᠢ ᠪᠤᠯᠤᠬᠰᠠᠠ ᠰᠢᠭ᠋ ᠪᠤᠯᠪᠠᠴᠤ ᠶᠠᠭ ᠡᠨᠡ ᠬᠦ ᠥᠨ᠎ᠡ ᠬᠥᠷᠬᠦ ᠥᠬᠡᠢ ᠶᠠᠩᠵᠤ᠎ᠨᠢ ᠨᠠᠳᠠᠳᠤ ᠲᠤᠩ ᠥᠨᠡᠳᠡᠢ ᠰᠠᠨᠠᠬᠳᠠᠵᠠᠢ ᠃ ᠪᠢ ᠲᠤᠩ ᠨᠠᠷᠢᠠ ᠬᠢᠨᠠᠮᠠᠭᠠᠢ ᠲᠡᠮᠳᠡᠭᠯᠡᠯ ᠬᠢᠵᠤ ᠂ ᠭᠷᠢᠭᠤᠷᠢ ᠪᠠ ᠠᠺᠰᠢᠨᠢᠶᠠ᠎ᠶᠢᠨ ᠤᠯᠠᠠ ᠨᠤᠭᠤᠴᠠᠭᠠᠳᠤ ᠬᠤᠪᠢ ᠲᠠᠪᠢᠯᠠᠩ᠎ᠳ᠋ᠤ ᠰᠡᠳᠬᠢᠯ ᠲᠡᠩᠰᠡᠯᠵᠤ ᠶᠠᠪᠤᠬᠰᠠᠠ ᠳ᠋ᠠ ᠃
ᠳ᠋ᠧᠩ ᠪᠠᠭᠰᠢ᠎ᠶᠢᠨ ᠬᠢᠴᠢᠶᠡᠯᠯᠡᠭᠡ᠎ᠶᠢᠨ ᠲᠠᠷᠠᠭ᠎ᠠ ᠪᠢ ᠲᠤᠰᠬᠠᠶᠢᠯᠠᠠ ᠮᠥᠸᠧ ᠶᠠᠠ᠎ᠤ ᠪᠥᠳᠥᠬᠡᠯ᠎ᠢ ᠤᠷᠪᠠᠭᠤᠯᠵᠤ ᠂ ᠤᠠᠴᠠᠭᠠᠶᠢᠯᠠᠠ ︽ ᠤᠯᠠᠭᠠᠠ ᠰᠢᠰᠢ ᠤᠬᠰᠠᠭ᠎ᠠ ︾᠎ᠶᠢ᠎ᠨᠢ ᠤᠷᠮ᠎ᠠ ᠲᠡᠬᠦᠯᠳᠡᠷ ᠤᠩᠰᠢᠯ᠎ᠠ ᠃ ᠥᠩᠬᠡᠷᠡᠭᠰᠡᠡ᠎ᠳ᠋ᠤ ᠮᠥᠸᠧ ᠶᠠᠠ᠎ᠤ ᠵᠤᠬᠢᠶᠠᠯ᠎ᠢ ᠬᠤᠪᠢᠠ᠎ᠳᠠᠭᠠᠨ ᠪᠢ ᠲᠤᠭᠤᠬᠤ ᠡᠰᠡᠬᠦ᠎ᠶᠢᠨ ᠬᠤᠭᠤᠷᠤᠠᠳᠤ ᠡᠷᠡᠬᠡᠯᠵᠡᠵᠤ ᠶᠠᠪᠤᠬᠰᠠᠠ ᠮᠢᠨᠢ ᠬᠡᠴᠢᠨᠡᠡ ᠪᠤᠷᠤᠭᠤᠳᠠᠬᠰᠠᠠ᠎ᠢᠶᠡᠨ ᠬᠡᠨᠡᠳᠳᠡ ᠤᠶᠢᠯᠠᠭᠠᠵᠤ ᠂ ᠶᠠᠭᠠᠬᠢᠭᠠᠳ ᠡᠷᠳᠡ ᠤᠩᠰᠢᠬᠰᠠᠠ ᠥᠬᠡᠢ ᠶᠤᠮ ᠳ᠋ᠠ ᠬᠡᠰᠡᠡ ᠬᠠᠷᠠᠮᠰᠠᠯ᠎ᠳ᠋ᠤ ᠪᠠᠵᠠᠯᠠᠬᠳᠠᠵᠤ ᠪᠠᠶᠢᠪᠠ ᠃
︽ ᠤᠯᠠᠭᠠᠠ ᠰᠢᠰᠢ ᠤᠬᠰᠠᠭ᠎ᠠ ︾᠎ᠶᠢ ᠤᠩᠰᠢᠬᠤ᠎ᠳ᠋ᠤ ᠢᠥ᠋ᠢ ᠵᠠᠠ ᠣᠣ᠎ᠶᠢᠨ ᠲᠥᠷᠢ ᠂ ︽ ᠲᠥᠯᠬᠡᠡ ᠳ᠋ᠤᠠ ︾᠎ᠤ ᠭᠤᠤᠯ ᠪᠠᠭᠠᠳᠤᠷ ᠭᠷᠢᠭᠤᠷᠢ᠎ᠶᠢᠨ ᠲᠥᠷᠢ ᠬᠤᠶᠠᠷ ᠮᠢᠨᠤ ᠨᠢᠳᠤᠠ ᠡᠮᠥᠨ᠎ᠡ ᠰᠤᠯᠪᠢᠴᠠᠨ᠎ᠠ ᠃ ᠠᠺᠰᠢᠨᠢᠶᠠ ᠪᠠ ᠳ᠋ᠠᠢ ᠹᠧᠩ ᠯᠢᠶᠠᠠ ︵ ᠪᠠᠭ᠎ᠠ᠎ᠶᠢᠨ ᠨᠡᠷ᠎ᠡ᠎ᠨᠢ ᠵᠢᠤ ᠡᠯ ︶᠎ᠤ ᠲᠥᠷᠢ ᠴᠤ ᠶᠠᠮᠠᠷ ᠨᠢᠬᠡᠡ ᠲᠠᠯ᠎ᠠ᠎ᠪᠠᠷ᠎ᠢᠶᠡᠨ ᠲᠥᠰᠥᠬᠡᠳᠡᠢ ᠰᠢᠭ ᠃ ᠳ᠋ᠤᠠ ᠭᠤᠤᠯ ᠪᠠ ᠮᠥᠸᠧ ᠱᠥᠢ ᠡᠾᠧ ᠭᠤᠤᠯ ᠴᠤ ᠵᠤᠬᠢᠶᠠᠯ᠎ᠤᠨ ᠤᠷᠴᠢᠠ ᠲᠤᠭᠤᠷᠢᠠ᠎ᠤ ᠰᠥᠭ ᠰᠥᠨᠡᠰᠤ ᠪᠤᠯᠵᠤ ᠂ ᠪᠥᠬᠦ ᠵᠤᠬᠢᠶᠠᠯ᠎ᠳ᠋ᠤ ᠬᠥᠭ ᠵᠢᠷᠤᠭ ᠨᠡᠮᠡᠷᠢᠯᠡᠭᠰᠡᠡ᠎ᠨᠢ ᠲᠡᠷᠡ ᠃ ᠮᠥᠸᠧ ᠶᠠᠠ ᠨᠡᠩ ᠰᠡᠷᠬᠦᠯᠡᠩ ᠤᠬᠠᠭᠠᠠ᠎ᠢᠶᠠᠷ ᠨᠤᠳᠤᠭ᠎ᠤᠨ ᠭᠤᠤᠯ ᠤᠷᠭᠤᠯᠳᠠ ᠪᠤᠯᠬᠤ ᠤᠯᠠᠭᠠᠠ ᠰᠢᠰᠢ᠎ᠶᠢ ᠲᠡᠷᠢᠬᠦᠠ ᠲᠡᠬᠡᠷ᠎ᠡ᠎ᠪᠠᠨ ᠡᠷᠬᠦᠬᠡᠳ ᠶᠡᠷᠤ ᠲᠠᠯᠪᠢᠬᠰᠠᠠ ᠥᠬᠡᠢ ᠲᠤᠯᠠ ᠴᠠᠭ ᠪᠠ ᠤᠷᠤᠠ ᠵᠠᠢ ᠂ ᠵᠤᠬᠢᠶᠠᠮᠵᠢᠯᠳᠠ᠎ᠨᠢ ᠨᠢᠬᠳᠠ ᠤᠶᠠᠯᠳᠤᠵᠤ ᠂ ᠨᠢᠮᠪᠠᠢ ᠠᠭᠤᠰᠤᠯᠳᠤᠵᠤ ᠴᠢᠳᠠᠵᠠᠢ ᠃ ᠲᠡᠶᠢᠮᠤ᠎ᠡᠴᠠ ᠬᠡᠡ ᠬᠥᠮᠥᠠ ᠲᠡᠬᠦᠠ᠎ᠤ ︽ ᠤᠯᠠᠭᠠᠠ ᠰᠢᠰᠢ ᠤᠬᠰᠠᠭ᠎ᠠ ︾᠎ᠶᠢ ︽ ᠲᠥᠯᠬᠡᠡ ᠳ᠋ᠤᠠ ︾᠎ᠲᠠᠢ ᠲᠡᠶᠢᠮᠤ ᠠᠮᠠᠷᠬᠠᠠ ᠬᠤᠯᠪᠤᠠ ᠪᠤᠳᠤᠬᠤ ᠶᠤᠮ ᠳ᠋ᠠ ᠃
︽ ᠤᠯᠠᠭᠠᠠ ᠰᠢᠰᠢ ᠤᠬᠰᠠᠭ᠎ᠠ ︾᠎ᠶᠢᠨ ᠤᠷᠴᠢᠠ ᠲᠤᠭᠤᠷᠢᠠ᠎ᠤ ᠲᠥᠷᠰᠥᠯᠡᠯ ᠭᠤᠶᠤ ᠃ ᠤᠯᠠᠭᠠᠠ ᠰᠢᠰᠢ ᠶᠡᠷᠤᠨᠢ ᠴᠢᠰᠤᠠ ᠥᠨᠥᠷ᠎ᠡᠴᠠ ᠰᠠᠯᠤᠬᠰᠠᠠ ᠥᠬᠡᠢ ᠪᠤᠯᠪᠠᠴᠤ ᠲᠡᠷᠡ᠎ᠨᠢ ᠶᠠᠭ ︽ ᠲᠥᠯᠬᠡᠡ ᠳ᠋ᠤᠠ ︾᠎ᠳ᠋ᠤ ᠵᠤᠬᠢᠴᠠᠯᠳᠤᠬᠰᠠᠠ ᠵᠤᠬᠢᠶᠠᠬᠴᠢ᠎ᠶᠢᠨ ᠡᠷᠳᠡᠮ ᠃ ᠬᠤᠶᠠᠳᠤᠭᠠᠷ ᠡᠮᠡᠭᠡ᠎ᠶᠢᠨ ᠥᠨᠡᠭᠡ ᠤᠷᠤᠰᠢᠬᠰᠠᠠ ᠲᠥᠷᠢ᠎ᠶᠢ ᠴᠤ ᠭᠤᠶᠤ ᠪᠥᠳᠥᠬᠡᠵᠡᠢ ᠃ ᠶᠠᠫᠤᠠ᠎ᠢ ᠡᠰᠡᠷᠬᠦᠴᠡᠬᠦ ᠲᠠᠶᠢᠠ᠎ᠢᠶᠠᠷ ᠠᠷᠤ ᠥᠵᠡᠭᠳᠡᠯ ᠪᠤᠯᠭᠠᠬᠰᠠᠠ᠎ᠨᠢ ᠲᠡᠥᠬᠡᠳᠤ ᠠᠴᠢ ᠬᠤᠯᠪᠤᠬᠳᠠᠯ᠎ᠲᠠᠢ᠎ᠪᠠᠷ ᠪᠠᠷᠠᠬᠤ ᠥᠬᠡᠢ ᠬᠤᠶᠠᠳᠤᠭᠠᠷ ᠡᠮᠡᠭᠡ ᠮᠡᠳᠤ᠎ᠶᠢᠨ ᠲᠥᠷᠢ ᠰᠠᠶᠢ ᠲᠡᠷᠡ ᠴᠠᠭ ᠥᠶ᠎ᠡ᠎ᠶᠢ ᠲᠥᠢᠯᠪᠤᠷᠢᠳᠠᠢ ᠲᠤᠰᠬᠠᠬᠤ᠎ᠳ᠋ᠤ ᠤᠠᠴᠠᠭᠠᠢ ᠲᠤᠰᠠᠯᠠᠪᠠ ᠃ ᠮᠥᠸᠧ ᠶᠠᠠ᠎ᠤ ᠵᠤᠬᠢᠶᠠᠯ᠎ᠤᠨ ᠥᠬᠡ ᠬᠡᠯᠡᠯᠬᠡ᠎ᠶᠢ ᠵᠠᠷᠢᠮᠠᠳ᠎ᠨᠢ ᠪᠥᠳᠥᠬᠦᠯᠢᠭ ᠬᠡᠵᠤ ᠬᠡᠯᠡᠨ᠎ᠡ ᠃ ᠬᠡᠳᠡᠯ᠎ᠡ ᠮᠢᠨᠤ ᠪᠤᠳᠤᠬᠤ᠎ᠪᠠᠷ ᠲᠡᠷᠡ᠎ᠨᠢ ᠶᠠᠭ ᠡᠵᠡᠷᠬᠡᠭ ᠮᠠᠢᠭ᠎ᠤᠨ ᠥᠪᠡᠷᠮᠢᠴᠡ ᠬᠡᠯᠡᠯᠬᠡ ᠪᠠᠶᠢᠭ᠎ᠠ ᠶᠤᠮ ᠃ ᠡᠶᠢᠮᠤᠷᠬᠦᠤ ᠵᠤᠬᠢᠶᠠᠯ᠎ᠤᠨ ᠬᠡᠯᠡᠯᠬᠡ ᠪᠠᠶᠢᠭ᠎ᠠ ᠥᠬᠡᠢ ᠶᠤᠮ ᠪᠤᠯ ᠮᠥᠸᠧ ᠶᠠᠠ᠎ᠤ ᠵᠤᠬᠢᠶᠠᠯ᠎ᠤᠨ ᠥᠩᠬᠡ᠎ᠨᠢ ᠬᠠᠮᠢᠭ᠎ᠠ᠎ᠪᠠᠨ ᠲᠡᠯᠬᠡᠭᠳᠡᠵᠤ ᠪᠠᠶᠢᠳᠠᠭ᠎ᠢ ᠤᠯᠳᠤᠢ ᠪᠢ ᠤᠬᠳᠤ ᠮᠡᠳᠡᠬᠦ᠎ᠶᠢᠨ ᠠᠷᠭ᠎ᠠ ᠥᠬᠡᠢ ᠃
ᠢᠥ᠋ᠢ ᠵᠠᠠ ᠣᠣ᠎ᠶᠢᠨ ᠲᠥᠬᠡᠷᠢᠭᠳᠡᠯ ᠂ ᠭᠷᠢᠭᠤᠷᠢ᠎ᠶᠢᠨ ᠰᠤᠩᠭᠤᠯᠳᠠ ᠃ ᠵᠢᠤ ᠡᠯ᠎ᠶᠢᠨ ᠥᠷᠡᠭᠳᠡᠯ ᠂ ᠠᠺᠨᠢᠰᠢᠶᠠ᠎ᠶᠢᠨ ᠥᠬᠦᠯ ᠃ ᠲᠠᠩᠴᠢ ᠲᠥᠰᠥᠬᠡᠳᠡᠢ ᠃ ᠨᠡᠩ ᠬᠥᠠᠵᠡᠬᠡᠢ ᠤᠳᠬ᠎ᠠ ᠠᠭᠤᠯᠭ᠎ᠠ᠎ᠡᠴᠠ ᠬᠡᠯᠡᠪᠡᠯ ᠵᠢᠤ ᠡᠯ ᠪᠤᠯ ᠡᠷᠬᠡ ᠴᠢᠯᠥᠬᠡ᠎ᠶᠢ ᠬᠥᠰᠡᠭᠰᠡᠡ ᠂ ᠠᠵᠢᠯᠴᠢ ᠠᠷᠪᠢᠴᠢ᠎ᠪᠠᠷ ᠠᠳᠠᠯ ᠠᠮᠢᠳᠤᠷᠠᠯ᠎ᠢᠶᠡᠨ ᠪᠤᠰᠬᠠᠬᠰᠠᠠ ᠂ ᠢᠨᠠᠭ ᠬᠠᠶᠢᠷ᠎ᠠ᠎ᠳᠠᠭᠠᠨ ᠥᠨᠡᠡᠴᠢ ᠂ ᠤᠯᠤᠰ ᠥᠠᠳᠥᠰᠥᠳᠡᠡ᠎ᠢᠶᠡᠨ ᠥᠪᠡᠷ᠎ᠤᠨ ᠬᠡᠰᠡᠡ ᠤᠬᠠᠮᠰᠠᠷ᠎ᠢᠶᠠᠷ᠎ᠢᠶᠡᠨ ᠬᠠᠶᠢᠷᠠᠯᠠᠠ ᠬᠠᠮᠠᠭᠠᠯᠠᠳᠠᠭ ᠴᠠᠭ ᠥᠶ᠎ᠡ᠎ᠳ᠋ᠡᠭᠡᠨ ᠵᠤᠬᠢᠴᠠᠯᠳᠤᠬᠰᠠᠠ ᠠᠪᠬᠠᠯᠵᠢᠳᠠᠢ ᠰᠡᠷᠬᠦᠯᠡᠩ ᠂ ᠭᠤᠸ᠎ᠠ ᠥᠵᠡᠰᠬᠦᠯᠡᠩ ᠲᠤᠮᠳᠠᠳᠤ᠎ᠶᠢᠨ ᠡᠮᠡᠭᠳᠡᠢ᠎ᠶᠢᠨ ᠲᠥᠷᠢ ᠶᠤᠮ ᠃ ᠲᠡᠬᠦᠠ᠎ᠤ ᠲᠥᠷᠢ᠎ᠶᠢᠨ ᠤᠷᠤᠰᠢᠬᠤᠢ᠎ᠶᠢᠨ ᠤᠳᠬ᠎ᠠ ᠴᠢᠨᠠᠷ᠎ᠨᠢ ᠠᠺᠨᠢᠰᠢᠶᠠ᠎ᠶᠢᠨ ᠲᠥᠷᠢ᠎ᠶᠢᠨ ᠤᠷᠤᠰᠢᠬᠤᠢ᠎ᠶᠢᠨ ᠤᠳᠬ᠎ᠠ ᠴᠢᠨᠠᠷ᠎ᠲᠠᠢ ᠬᠠᠷᠢᠴᠠᠭᠤᠯᠤᠬᠳᠠᠵᠤ ᠪᠠᠶᠢᠬᠰᠠᠠ ᠶᠤᠮ ᠃ ᠡᠶᠢᠠ ᠬᠦ ᠠᠵᠢᠪᠠᠯ ᠠᠯᠳᠠᠷᠳᠤ ᠵᠤᠬᠢᠶᠠᠯᠴᠢ ᠮᠥᠸᠧ ᠶᠠᠠ ︽ ᠲᠥᠯᠬᠡᠡ ᠳ᠋ᠤᠠ ︾ ᠬᠡᠮᠡᠬᠦ ᠠᠭᠤᠤ ᠶᠡᠭᠡ ᠪᠥᠳᠥᠬᠡᠯ᠎ᠢᠶᠠᠷ ᠡᠬᠦᠯᠡᠡ ᠬᠢᠰᠬᠢᠬᠦᠷ ᠪᠤᠯᠭᠠᠵᠤ ᠪᠠᠶᠢᠬᠰᠠᠠ᠎ᠨᠢ ᠭᠠᠶᠢᠬᠠᠮᠰᠢᠬᠳᠠᠢ ᠃
︽ ᠲᠥᠯᠬᠡᠡ ᠳ᠋ᠤᠠ ︾ ᠴᠤ ᠬᠡᠰᠡᠡ ᠂ ︽ ᠲᠥᠯᠬᠡᠡ ᠳ᠋ᠤᠠ ︾᠎ᠤ ᠮᠤᠩᠭᠤᠯ ᠬᠤᠪᠢᠯᠪᠤᠷᠢ ᠬᠡᠵᠤ ᠶᠠᠷᠢᠬᠳᠠᠳᠠᠭ ︽ ᠲᠤᠩᠭᠠᠯᠠᠭ ᠲᠠᠮᠢᠷ ︾ ᠴᠤ ᠬᠡᠰᠡᠡ ᠂ ᠨᠤᠫᠧᠯ᠎ᠤᠨ ᠱᠠᠩᠨᠠᠯᠳᠤ᠎ᠶᠢᠨ ︽ ᠤᠯᠠᠭᠠᠠ ᠰᠢᠰᠢ ᠤᠬᠰᠠᠭ᠎ᠠ ︾ ᠴᠤ ᠬᠡᠰᠡᠡ ᠂ ᠲᠥᠬᠡᠷᠢᠵᠤ ᠪᠤᠳᠤᠯᠢᠬᠰᠠᠠ ᠭᠤᠤᠯ ᠪᠠᠭᠠᠳᠤᠷ᠎ᠤᠨ ᠲᠥᠷᠢ᠎ᠶᠢ ᠪᠥᠳᠥᠭᠡᠭᠰᠡᠡ ᠡᠳᠡᠬᠡᠷ ᠪᠥᠳᠥᠬᠡᠯ ᠪᠤᠯ ᠪᠢᠴᠢᠭ᠎ᠤᠨ ᠬᠤᠷᠭᠤᠠ᠎ᠳ᠋ᠤ ᠲᠠᠯᠪᠢᠬᠤ ᠶᠤᠰᠤᠳᠠᠢ ᠰᠤᠩᠭᠤᠳᠠᠭ ᠪᠤᠶᠤ ᠰᠢᠯᠢᠳᠡᠭ ᠨᠤᠮ᠎ᠤᠳ ᠪᠤᠯᠪᠠᠴᠤ ᠠᠯᠢ ᠨᠢᠬᠡᠡ ᠲᠠᠯ᠎ᠠ᠎ᠪᠠᠷ᠎ᠢᠶᠡᠨ ᠡᠩ ᠵᠡᠷᠬᠡᠴᠡᠬᠦᠯᠵᠤ ᠪᠤᠯᠤᠰᠢ ᠥᠬᠡᠢ ᠲᠤᠰᠠᠭᠠᠷ ᠪᠥᠳᠥᠬᠡᠯ᠎ᠤᠳ ᠪᠠᠶᠢᠭ᠎ᠠ᠎ᠨᠢ ᠲᠠᠮᠵᠢᠭ ᠥᠬᠡᠢ ᠃ ᠬᠡᠪᠡᠴᠤ ᠤᠳᠬ᠎ᠠ ᠵᠤᠬᠢᠶᠠᠯ ᠪᠤᠯ ᠲᠠᠰᠤᠷᠠᠯᠳᠠ ᠥᠬᠡᠢ ᠰᠢᠨᠡᠴᠢᠯᠡᠭᠳᠡᠡ ᠬᠥᠭᠵᠢᠬᠦ ᠴᠢᠬᠤᠯᠠᠳᠠᠢ ᠲᠤᠯᠠ ᠤᠷᠠᠠ ᠲᠥᠷᠢ᠎ᠶᠢᠨ ᠪᠥᠳᠥᠬᠡᠯᠳᠡ᠎ᠡᠴᠠ ᠡᠬᠢᠯᠡᠬᠡᠳ ᠥᠯᠢᠬᠡᠷ ᠥᠢᠯᠡ᠎ᠶᠢᠨ ᠡᠰᠬᠡᠯᠳᠡ ᠂ ᠥᠬᠡ ᠬᠡᠯᠡᠯᠬᠡ᠎ᠶᠢᠨ ᠰᠤᠩᠭᠤᠯᠳᠠ ᠬᠥᠷᠳᠡᠯ᠎ᠡ ︽ ᠲᠥᠯᠬᠡᠡ ᠳ᠋ᠤᠠ ︾ ᠂ ︽ ᠲᠤᠩᠭᠠᠯᠠᠭ ᠲᠠᠮᠢᠷ ︾᠎ᠲᠤ ᠪᠠᠷᠢᠬᠳᠠᠬᠤ ᠴᠠᠭ ᠥᠶ᠎ᠡ ᠨᠢᠬᠡᠨᠳᠡ ᠰᠥᠨᠢ᠎ᠶᠢᠨ ᠬᠠᠷᠠᠩᠭᠤᠢ᠎ᠶᠢ ᠬᠡᠷᠡᠯᠳᠥᠬᠦᠯᠬᠦ ᠰᠠᠷᠠᠠ᠎ᠤ ᠰᠥᠠ ᠲᠤᠶᠠᠭ᠎ᠠ ᠰᠢᠭ᠋ ᠨᠠᠮᠢᠯᠵᠠᠠ ᠤᠳᠤᠬᠰᠠᠠ᠎ᠢ ᠥᠥ᠋ᠷ᠎ᠤᠨ ᠴᠡᠬᠡᠡ ᠬᠡᠬᠡ ᠂ ᠪᠤᠯᠵᠤᠮᠤᠷ ᠰᠢᠪᠠᠭᠤᠳ᠎ᠤᠨ ᠵᠢᠷᠬᠢᠬᠡ ᠂ ᠠᠯᠳᠠᠠ ᠨᠠᠷᠠᠠ᠎ᠤ ᠲᠥᠮᠡᠡ ᠰᠠᠴᠤᠷᠠᠭ ᠪᠢᠳᠡᠡ᠎ᠳ᠋ᠤ ᠬᠡᠯᠡᠬᠡᠳ ᠥᠭᠬᠦ ᠪᠢᠵᠠ ᠃
ᠰᠢᠨ᠎ᠡ ᠨᠢᠬᠡᠡ ᠡᠳᠥᠷ ᠡᠬᠢᠯᠡᠯ᠎ᠡ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠷᠢᠭᠤᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面