2020-04-23 18:02:20
● ᠪᠠᠢ ᠹᠦ᠋ ᠿᠦᠩ

ᠪᠠᠢ ᠹᠦ᠋ ᠿᠦᠩ ᠄ ᠵᠠᠷᠣᠳ ᠬᠤᠰᠢᠭᠤᠨ᠎ᠤ ᠮᠣᠩᠭᠤᠯ ᠦᠨᠳᠦᠰᠦᠳᠡᠨ᠎ᠤ ᠨᠢᠭᠡᠳᠦᠭᠡᠷ ᠲᠣᠮᠳᠠᠳᠣ ᠰᠣᠷᠭᠠᠭᠤᠯᠢ᠎ᠶᠢᠨ ᠪᠠᠭᠰᠢ ᠃ ᠲᠡᠬᠡᠷ᠎ᠠ ᠵᠠᠭᠤᠨ᠎ᠤ ᠶᠡᠷᠡᠭᠡᠳ ᠣᠨ᠎ᠡᠴᠠ ᠡᠬᠢᠯᠡᠨ ᠰᠣᠨᠢᠨ ᠰᠡᠳᠭᠦᠯ᠎ᠢᠶᠠᠷ ᠣᠷᠠᠨ ᠪᠦᠳᠦᠭᠡᠯ᠎ᠢᠶᠡᠨ ᠨᠡᠶᠢᠳᠡᠯᠡᠭᠦᠯᠵᠣ ᠂ ︽ ᠮᠢᠨᠦ ᠪᠠᠶᠠᠨᠪᠣᠯᠠᠭ ︾ ᠵᠡᠷᠭᠡ ᠰᠢᠯᠦᠭ ᠂ ︽ ᠬᠦᠭᠰᠢᠨ ᠬᠠᠶᠢᠯᠠᠰᠣᠨᠤ ᠰᠡᠭᠦᠳᠡᠷ ︾ ᠵᠡᠷᠭᠡ ᠨᠠᠶᠢᠷᠠᠭᠤᠯᠣᠯ ᠂ ︽ ᠲᠡᠷᠳᠡᠭᠡ ᠡᠷᠭᠢ ︾ ᠵᠡᠷᠭᠡ ᠦᠭᠦᠯᠡᠯᠭᠡ ︽ ᠬᠠᠮᠤᠭ᠎ᠤᠨ ᠬᠤᠯᠠ᠎ᠨᠢ ᠰᠡᠳᠬᠢᠯ᠎ᠤᠨ ᠵᠠᠢ ︾ ᠵᠡᠷᠭᠡ ᠲᠣᠭᠤᠵᠢ ᠵᠢᠴᠢ ︽ ᠰᠡᠳᠭᠢᠯ᠎ᠤᠨ ᠳᠣᠯᠠᠭᠠᠨ ᠪᠠᠭᠤᠴᠠ ︾ ᠬᠡᠬᠦ ᠷᠣᠮᠠᠨ᠎ᠲᠠᠢ ᠃ ᠬᠤᠶᠠᠳᠣᠭᠠᠷ ᠬᠤᠭᠤᠴᠠᠭᠠᠨ᠎ᠤ ︽ ᠦᠨᠢᠷ ᠴᠡᠴᠡᠭ ︾ ᠱᠠᠩᠨᠠᠯ ᠂ ᠨᠠᠢᠮᠠᠳᠣᠭᠠᠷ ᠬᠤᠭᠤᠴᠠᠭᠠᠨ᠎ᠤ ︽ ᠰᠣᠯᠣᠩᠭ᠎ᠠ ︾ ᠱᠠᠩᠨᠠᠯ ᠬᠦᠷᠳᠡᠪᠡ ᠃
ᠬᠡᠪ᠎ᠤᠨ ᠪᠣᠰᠣ ᠡᠬᠢᠯᠡᠯᠳᠡ᠎ᠲᠠᠢ ᠰᠢᠨ᠎ᠡ ᠨᠢᠭᠡᠨ ᠵᠢᠯ ᠨᠣᠮ ᠣᠩᠰᠢᠬᠤ᠎ᠨᠢ ᠨᠡᠳᠡ᠎ᠳ᠋ᠤ ᠬᠦᠯᠢᠴᠡᠩᠭᠦᠢ ᠲᠣᠭᠳᠠᠭᠤᠨ ᠪᠠᠶᠢᠬᠤ᠎ᠶᠢᠨ ᠬᠠᠮᠤᠭ ᠶᠡᠭᠡ ᠲᠣᠰᠠ᠎ᠶᠢ ᠬᠦᠷᠳᠡᠭᠡᠯ᠎ᠡ ᠃ ᠪᠢ ᠮᠣᠩᠭᠤᠯ ᠣᠯᠣᠰ᠎ᠤᠨ ᠵᠣᠬᠢᠶᠠᠯᠴᠢ ᠪᠢᠮᠪᠠ᠎ᠶᠢᠨ ᠰᠠᠷᠠᠨᠳᠣᠶᠠᠭᠠᠶᠢᠨ ︽ ᠰᠣᠷᠬᠠᠭᠳᠠᠨᠢ ᠪᠡᠬᠢ ᠬᠠᠳᠣᠨ ︾ ᠭᠡᠬᠦ ᠨᠣᠮ᠎ᠢ ᠰᠣᠩᠭᠤᠵᠣ ᠬᠢᠵᠢᠭ᠎ᠤᠨ ᠬᠤᠭᠤᠴᠠᠭᠠᠨ᠎ᠳ᠋ᠠᠬᠢ ᠣᠩᠰᠢᠯᠭ᠎ᠠ᠎ᠪᠠᠨ ᠡᠬᠢᠯᠡᠭᠦᠯᠦᠭᠰᠡᠨ ᠶᠣᠮ ᠃
︽ ᠰᠣᠷᠬᠠᠭᠳᠠᠨᠢ ᠪᠡᠬᠢ ᠬᠠᠳᠣᠨ ︾ ᠨᠣᠮ ᠬᠡᠳᠦᠶᠢᠪᠡᠷ ᠣᠷᠠᠨ ᠵᠣᠬᠢᠶᠠᠯ᠎ᠤᠨ ᠨᠣᠮ ᠪᠠᠶᠢᠭᠰᠠᠨ ᠴᠦ ᠣᠷᠣᠰᠢᠯ᠎ᠤᠨ ᠣᠷᠣᠨ᠎ᠳ᠋ᠤ ᠷᠠᠰᠢᠳ᠋ ᠠᠳᠢᠨᠤ ︽ ᠰᠣᠳᠣᠷ᠎ᠤᠨ ᠴᠢᠭᠤᠯᠭᠠᠨ ︾᠎ᠡᠴᠠ ᠡᠰᠢ ᠲᠠᠳᠠᠭᠰᠠᠨ ︽ ᠰᠣᠷᠬᠠᠭᠳᠠᠨᠢ ᠬᠠᠳᠣᠨ ᠪᠣᠯ ᠮᠠᠰᠢ ᠶᠡᠭᠡ ᠣᠬᠠᠭᠠᠨ᠎ᠲᠠᠢ ᠂ ᠠᠪᠢᠶᠠᠰᠯᠢᠭ ᠂ ᠪᠦᠬᠦ ᠲᠠᠯ᠎ᠠ᠎ᠪᠠᠷ᠎ᠢᠶᠡᠨ ᠲᠡᠯᠡᠬᠡᠢ᠎ᠶᠢᠨ ᠡᠮᠡᠭᠳᠡᠶᠢᠴᠣᠳ᠎ᠤᠨ ᠲᠣᠳᠣᠷ᠎ᠠ ᠲᠣᠪᠣᠶᠢᠵᠣ ᠪᠠᠶᠢᠯ᠎ᠠ ᠁ ︾ ᠭᠡᠬᠦ ᠦᠨᠡᠯᠡᠯᠳᠡ᠎ᠶᠢ ᠣᠩᠰᠢᠭᠠᠳ ᠮᠣᠩᠭᠤᠯ᠎ᠤᠨ ᠲᠡᠦᠬᠡᠳᠦ ᠬᠠᠳᠣᠨᠤ ᠲᠣᠭᠤᠯᠵᠣ ᠦᠩᠭᠡᠷᠡᠭᠦᠯᠦᠭᠰᠡᠨ ᠠᠮᠢᠳᠣᠷᠠᠯ᠎ᠢ ᠦᠯᠢᠭᠡᠷ᠎ᠤᠨ ᠮᠦᠷ᠎ᠡᠴᠠ ᠮᠦᠷᠳᠡᠨ ᠬᠠᠷᠠᠬᠤ ᠰᠣᠨᠢᠷᠬᠠᠯ ᠮᠢᠨᠢ ᠠᠷᠭ᠎ᠠ ᠦᠭᠡᠢ ᠲᠦᠷᠦᠵᠦ ᠪᠠᠶᠢᠪᠠ ᠃
︽ ᠁ ᠬᠡᠷᠡᠶᠢᠳ ᠬᠡᠮᠡᠬᠦ ᠣᠶᠣᠨ᠎ᠤ ᠦᠨᠳᠦᠷ ᠰᠣᠶᠣᠯ᠎ᠲᠠᠢ ᠣᠪᠣᠭ ᠠᠶᠢᠮᠠᠭ᠎ᠤᠨ ᠣᠳᠣᠷᠢᠳᠣᠭᠠᠴᠢ ᠸᠠᠩ ᠬᠠᠨ᠎ᠤ ᠲᠡᠭᠦᠦ ᠵᠠᠬ᠎ᠠ ᠬᠠᠮᠪᠤ᠋ᠶᠢᠨ ᠦᠬᠢᠨ ᠰᠣᠷᠬᠠᠭᠳᠠᠨᠢ ᠂ ᠴᠢᠩᠭᠢᠰ ᠬᠠᠭᠠᠨᠲᠠᠢ ᠲᠠᠩᠭᠠᠷᠢᠭ ᠲᠠᠰᠣᠷᠠᠭᠰᠠᠨ ᠡᠴᠢᠭᠡ ᠡᠬᠡ ᠂ ᠠᠬᠠᠨ ᠲᠡᠭᠦᠣᠰ᠎ᠢᠶᠡᠨ ᠠᠪᠣᠷᠠᠬᠤ᠎ᠶᠢᠨ ᠲᠣᠯᠠᠳᠠ ᠦᠪᠡᠷ᠎ᠤᠨ ᠬᠦᠰᠡᠯ᠎ᠢᠶᠠᠷ ᠬᠠᠭᠠᠨ᠎ᠳ᠋ᠤ ᠢᠷᠡᠵᠦ ᠪᠠᠭ᠎ᠠ ᠬᠦᠦ᠎ᠲᠠᠢ᠎ᠨᠢ ᠭᠡᠷᠯᠡᠭᠰᠡᠨ ᠁ ︾ ᠬᠡᠮᠡᠨ ᠪᠢᠴᠢᠭᠰᠡᠨ ᠲᠣᠰ ᠨᠣᠮ᠎ᠳ᠋ᠤ ᠴᠢᠩᠭᠢᠰ ᠬᠠᠭᠠᠨ᠎ᠡᠴᠠ ᠵᠠᠬ᠎ᠠ ᠬᠠᠮᠪᠤ᠋ᠶᠢᠨ ᠬᠤᠶᠠᠷ ᠦᠬᠢᠨ᠎ᠲᠠᠢ ᠠᠩᠬ᠎ᠠ ᠶᠠᠷᠢᠯᠴᠠᠭᠰᠠᠨ ᠶᠠᠷᠢᠯᠴᠠᠭ᠎ᠠ᠎ᠶᠢ ᠢᠩᠭᠢᠵᠦ ᠲᠦᠷᠰᠦᠯᠡᠨ ᠪᠢᠴᠢᠭᠰᠡᠨ ᠪᠠᠶᠢᠯ᠎ᠠ ᠃
︽ ᠴᠢᠩᠭᠢᠰ ᠬᠠᠭᠠᠨ ᠬᠤᠶᠠᠷ ᠦᠬᠢᠨ᠎ᠳ᠋ᠤ ᠬᠠᠨᠳᠣᠨ ᠄
ᠲᠠ ᠬᠤᠶᠠᠷ᠎ᠤᠨ ᠰᠣᠣ ᠪᠢᠯᠢᠭ᠎ᠢ ᠲᠠᠯ᠎ᠠ ᠨᠣᠳᠤᠭ᠎ᠢᠶᠠᠷ ᠲᠠᠶᠠᠭᠠᠷ ᠶᠠᠷᠢᠨ᠎ᠠ ᠃ ᠡᠷᠳᠡᠮ ᠨᠣᠮ᠎ᠳ᠋ᠤ ᠢᠩᠭᠢᠵᠦ ᠰᠢᠮᠡᠳᠬᠦ ᠪᠣᠯᠣᠭᠰᠠᠨ ᠣᠴᠢᠷ᠎ᠢᠶᠡᠨ ᠬᠡᠯᠡᠭᠡᠴᠢ ᠭᠡᠬᠦ᠎ᠳ᠋ᠤ ᠢᠪᠠᠭ᠎ᠠ ᠨᠢᠭᠡ ᠪᠣᠳᠣᠭᠰᠠᠨ ᠶᠠᠭᠤᠮ᠎ᠠ ᠦᠭᠡᠢ ᠰᠢᠭᠤᠳ ᠬᠠᠭᠠᠨ᠎ᠤ ᠦᠭᠡᠳᠡ ᠬᠠᠷᠠᠨ ᠄
ᠡᠷᠭᠢᠬᠦ ᠠᠮᠢᠳᠣᠷᠠᠯ ᠪᠦᠬᠦᠯᠢᠳ᠋ᠡᠭᠡᠨ ᠡᠷ᠎ᠡ ᠬᠦᠮᠦᠨ᠎ᠤ ᠬᠦᠴᠦᠨ ᠲᠣᠣᠷ᠎ᠠ ᠂ ᠡᠮ᠎ᠡ ᠬᠦᠮᠦᠨ᠎ᠤ ᠣᠬᠠᠭᠠᠨ ᠲᠣᠣᠷ᠎ᠠ ᠣᠷᠣᠰᠢᠨ᠎ᠠ ᠭᠡᠵᠤ ᠪᠣᠳᠣᠳᠠᠭ ᠬᠡᠮᠡᠨ ᠭᠡᠨᠡᠭ ᠦᠭᠡᠢ ᠬᠠᠷᠢᠭᠤᠯᠵᠣ ᠣᠷᠬᠢᠯ᠎ᠠ ᠃
ᠰᠣᠷᠬᠠᠭᠳᠠᠨᠢ ᠁
ᠡᠨᠡ ᠪᠡᠶ᠎ᠡ᠎ᠳ᠋ᠤ ᠪᠣᠢ ᠮᠣᠩᠬᠠᠭᠢ ᠡᠷᠳᠡᠮ ᠣᠶᠣᠨ᠎ᠢᠶᠠᠷ ᠭᠡᠷᠡᠯᠳᠦᠭᠦᠯᠪᠡᠯ ᠦᠪᠡᠷ᠎ᠤᠨ ᠪᠡᠶ᠎ᠡ᠎ᠳ᠋ᠤ ᠪᠣᠢ ᠭᠡᠷᠡᠯ᠎ᠢᠶᠠᠷ ᠦᠷᠭᠡᠨ ᠣᠯᠠᠨ᠎ᠢ ᠭᠡᠶᠢᠭᠦᠯᠵᠦ ᠴᠢᠳᠠᠨ᠎ᠠ ᠭᠡᠳ ᠬᠡᠯᠡᠴᠢᠬᠡᠯ᠎ᠡ ᠃
ᠴᠢᠩᠭᠢᠰ ᠬᠠᠭᠠᠨ ᠰᠡᠳᠬᠢᠯ ᠬᠠᠩᠭᠠᠯᠣᠭᠤᠨ ᠢᠨᠢᠶᠡᠵᠦ ᠄
᠁ ᠡᠨᠡ ᠪᠡᠶ᠎ᠡ᠎ᠶᠢᠨ ᠬᠦᠴᠦ᠎ᠪᠠᠷ ᠶᠡᠭᠡ᠎ᠶᠢ ᠬᠤᠷᠢᠶᠠᠵᠣ ᠪᠣᠯᠬᠤ᠎ᠳ᠋ᠤ ᠂ ᠡᠷᠳᠡᠮ ᠣᠬᠠᠭᠠᠨ᠎ᠤ ᠬᠦᠴᠦ᠎ᠪᠠᠷ ᠣᠯᠠᠨ᠎ᠢ ᠲᠠᠭᠠᠭᠤᠯᠵᠣ ᠶᠠᠪᠣᠨ᠎ᠠ ᠃ ᠵᠠᠬ᠎ᠠ ᠬᠠᠮᠪᠤ᠋ ᠦᠨᠡᠬᠡᠷ ᠠᠯᠳᠠ ᠡᠷᠳᠡᠨᠢᠰ᠎ᠡᠴᠠ ᠦᠨᠡᠳᠠᠢ ᠦᠬᠢᠳ ᠲᠦᠷᠦᠭᠦᠯᠵᠠᠢ ᠭᠡᠵᠤ ᠬᠡᠯᠡᠬᠦ᠎ᠳ᠋ᠤ ᠁ ︾
ᠨᠣᠮ᠎ᠤᠨ ᠬᠠᠭᠤᠳᠠᠰᠣᠨ᠎ᠡᠴᠠ ᠡᠨᠡ ᠬᠦ ᠬᠡᠰᠡᠭ᠎ᠢ ᠣᠩᠰᠢᠬᠤ᠎ᠳᠠᠭᠠᠨ ᠣᠳᠣ ᠴᠠᠭ᠎ᠤᠨ ᠠᠮᠢᠳᠣᠷᠠᠯ᠎ᠢᠶᠠᠷ ᠵᠦᠢᠷᠯᠡᠨ ᠪᠣᠳᠣᠪᠠᠯ ᠢᠪᠠᠭ᠎ᠠ ᠂ ᠰᠣᠷᠬᠠᠭᠳᠠᠨᠢ ᠡᠭᠡᠴᠢ ᠲᠡᠭᠦᠦ ᠬᠤᠶᠠᠭᠤᠯᠠ ᠨᠢᠭᠤᠷᠳᠠᠨ ᠰᠢᠯᠭᠠᠯᠳᠠ ᠲᠠᠪᠠᠵᠣ ᠪᠠᠶᠢᠭ᠎ᠠ ᠭᠡᠵᠤ ᠪᠢ ᠲᠦᠰᠦᠭᠡᠯᠡᠨ ᠪᠣᠳᠣᠯ᠎ᠠ ᠃ ᠲᠡᠭᠡᠬᠦ᠎ᠳ᠋ᠤ ᠣᠶᠣᠨ᠎ᠤ ᠲᠡᠩᠬᠡᠭᠡ ᠰᠡᠳᠬᠢᠯ᠎ᠤᠨ ᠲᠠᠮᠢᠷ᠎ᠢᠶᠠᠷ ᠨᠢᠭᠤᠷᠳᠠᠨ ᠰᠢᠯᠭᠠᠯᠳᠠ᠎ᠶᠢ ᠲᠣᠭᠤᠯᠵᠣ ᠪᠠᠶᠢᠭ᠎ᠠ ᠬᠤᠶᠠᠷ ᠦᠬᠢᠨ᠎ᠤ ᠠᠷᠣ᠎ᠳ᠋ᠤ ᠣᠴᠢᠬᠤ ᠭᠠᠵᠠᠷ ᠲᠦᠰᠢᠬᠦ ᠡᠵᠡᠨ ᠦᠭᠡᠢ ᠪᠣᠯᠣᠭᠰᠠᠨ ᠠᠪᠤ᠋᠎ᠨᠢ ᠵᠠᠬ᠎ᠠ ᠬᠠᠮᠪᠤ᠋ ᠬᠢᠭᠡᠳ ᠠᠶᠢᠮᠠᠭ ᠣᠯᠠᠨ᠎ᠤ ᠬᠢᠨᠢ ᠬᠤᠪᠢ ᠵᠠᠶᠠᠭ᠎ᠠ ᠬᠠᠮᠢᠭᠠᠰᠢ ᠪᠣᠯᠣᠨ᠎ᠠ ᠭᠡᠳᠡᠭ ᠬᠡᠴᠡᠭᠦᠦ ᠠᠰᠠᠭᠤᠳᠠᠯ᠎ᠢ ᠬᠦᠯᠢᠶᠡᠵᠦ ᠪᠠᠶᠢᠭᠰᠠᠨ ᠃ ︽ ᠣᠯᠠᠨ ᠰᠠᠷ᠎ᠠ᠎ᠶᠢᠨ ᠲᠡᠨᠦᠮᠡᠯ ᠠᠮᠢᠳᠣᠷᠠᠯ ᠂ ᠠᠶᠣᠯ ᠵᠠᠨᠣᠯ᠎ᠡᠴᠠ ᠠᠶᠣᠬᠤ ᠠᠶᠢᠳᠠᠰ ︾᠎ᠤᠨ ᠡᠮᠦᠨ᠎ᠡ ᠡᠷᠳᠡᠮ ᠪᠣᠯᠪᠠᠰᠣᠷᠠᠯ᠎ᠲᠠᠢ ᠬᠤᠶᠠᠷ ᠦᠬᠢᠨ ᠣᠷᠢ ᠵᠠᠯᠠᠭᠤ ᠨᠠᠰᠣ ᠬᠢᠭᠡᠳ ᠴᠡᠴᠡᠨ ᠴᠡᠯᠮᠡᠭ ᠣᠬᠠᠭᠠᠪᠠᠷᠢᠶᠡᠨ ᠡᠵᠡᠨ᠎ᠳ᠋ᠤ ᠲᠠᠨᠢᠭᠳᠠᠵᠣ ᠣᠭᠰᠠᠭ᠎ᠠ ᠠᠶᠢᠮᠠᠭ᠎ᠢᠶᠡᠨ ᠢᠩᠭᠢᠵᠦ ᠠᠪᠣᠷᠠᠭᠰᠠᠨ ᠪᠠᠶᠢᠨ᠎ᠠ ᠃
ᠡᠵᠡᠨ ᠴᠢᠩᠭᠢᠰ ᠵᠠᠬ᠎ᠠ ᠬᠠᠮᠪᠤ᠋ᠶᠢᠨ ᠬᠤᠶᠠᠷ ᠦᠬᠢᠨ᠎ᠲᠠᠢ ᠶᠠᠷᠢᠯᠴᠠᠭᠰᠠᠨ ᠡᠨᠡ ᠬᠦ ᠶᠠᠷᠢᠯᠴᠠᠭ᠎ᠠ᠎ᠨᠢ ᠲᠡᠦᠬᠡᠨ ᠦᠨᠡᠨ ᠤᠤ ᠂ ᠡᠰᠡᠭᠦᠯ᠎ᠡ ᠬᠤᠵᠢᠮ᠎ᠤᠨ ᠦᠶ᠎ᠡ᠎ᠳ᠋ᠤ ᠪᠦᠰᠡᠭᠦᠢ ᠵᠣᠬᠢᠶᠠᠭᠴᠢ᠎ᠶᠢᠨ ᠪᠣᠳᠣᠯ᠎ᠡᠴᠠ ᠣᠨᠳᠣᠷᠣᠭᠰᠠᠨ ᠦᠯᠢᠭᠡᠷ ᠤᠤ ᠭᠡᠳᠡᠭ᠎ᠢ ᠪᠢ ᠦᠵᠡᠵᠦ ᠰᠣᠨᠣᠰᠣᠭᠰᠠᠨ ᠲᠣᠯᠢᠮᠠᠭ ᠡᠩ᠎ᠤᠨ ᠣᠩᠰᠢᠭᠴᠢ ᠪᠣᠯᠣᠭᠰᠠᠨ᠎ᠤ ᠬᠤᠪᠢ᠎ᠳ᠋ᠤ ᠡᠰᠡ ᠮᠡᠳᠡᠨ᠎ᠡ ᠃ ᠭᠡᠪᠡᠴᠦ ᠠᠯᠢ ᠠᠯᠢ᠎ᠨᠢ ᠪᠣᠯᠣᠭᠰᠠᠨ ᠴᠦ ᠡᠷᠳᠡᠮ ᠨᠣᠮ ᠂ ᠣᠶᠣᠨ ᠣᠬᠠᠭᠠᠨ ᠂ ᠭᠡᠷᠡᠯ ᠭᠡᠭᠡ᠎ᠶᠢ ᠬᠦᠰᠡᠵᠦ ᠬᠦᠨᠳᠦᠳᠭᠡᠭᠰᠡᠨ ᠪᠦᠰᠡᠭᠦᠢ ᠬᠦᠮᠦᠨ᠎ᠤ ᠪᠣᠳᠣᠯ ᠪᠠᠶᠢᠭ᠎ᠠ᠎ᠨᠢ ᠮᠠᠭᠠᠳ ᠦᠨᠡᠨ ᠃ ︽ ᠭᠤᠸ᠎ᠠ ᠦᠵᠡᠰᠭᠦᠯᠡᠩ ᠭᠡᠳᠡᠭ ᠨᠢᠭᠡᠨ ᠴᠠᠭ᠎ᠤᠨ ᠦᠵᠡᠬᠦ ᠨᠢᠳᠦᠨ᠎ᠤ ᠪᠠᠶᠠᠰᠣᠯ ᠪᠢᠵᠠ ᠂ ᠣᠶᠣᠨ ᠣᠬᠠᠭᠠᠨ ᠭᠡᠳᠡᠭ ᠨᠢᠭᠡᠨ ᠨᠠᠰᠣᠨ᠎ᠤ ᠠᠮᠢᠳᠣᠷᠠᠬᠤ ᠵᠠᠮ᠎ᠤᠨ ᠦᠨᠡᠨ ᠪᠢᠵᠠ ︾ ᠭᠡᠵᠤ ᠲᠣᠰ ᠨᠣᠮ᠎ᠳ᠋ᠤ ᠬᠡᠯᠡᠭᠰᠡᠨᠴᠢᠯᠡᠨ ᠢᠪᠠᠭ᠎ᠠ ᠂ ᠰᠣᠷᠬᠠᠭᠳᠠᠨᠢ ᠬᠤᠶᠠᠷ᠎ᠤᠨ ᠬᠡᠯᠡᠭᠰᠡᠨ ᠦᠭᠡ ᠪᠣᠯ ᠪᠦᠰᠡᠭᠦᠢ ᠬᠦᠮᠦᠨ ᠪᠦᠷᠢ ᠰᠡᠳᠬᠢᠯ᠎ᠳ᠋ᠡᠭᠡᠨ ᠣᠳᠠᠭᠠᠨ ᠡᠷᠭᠢᠴᠡᠭᠦᠯᠦᠨ ᠲᠣᠩᠭᠠᠵᠣ ᠪᠣᠯᠬᠤ ᠨᠠᠨᠳᠢᠨ ᠰᠠᠶᠢᠬᠠᠨ ᠵᠦᠢᠯ ᠪᠠᠶᠢᠭ᠎ᠠ ᠭᠡᠵᠤ ᠪᠠᠬᠠᠷᠬᠠᠬᠤ ᠶᠣᠮ ᠃ ᠲᠡᠶᠢᠨ ᠬᠦ ᠪᠢ ᠲᠣᠰ ᠨᠣᠮ᠎ᠤᠨ ᠠᠭᠤᠯᠭ᠎ᠠ᠎ᠡᠴᠠ ᠨᠣᠮ ᠣᠩᠰᠢᠬᠤ ᠲᠣᠬᠠᠢ ᠵᠠᠷᠢᠮ ᠬᠤᠯᠪᠣᠭᠳᠠᠭᠰᠠᠨ ᠵᠦᠢᠯ᠎ᠢ ᠰᠣᠩᠭᠤᠨ ᠲᠡᠮᠳᠡᠭᠯᠡᠬᠦ ᠬᠦᠰᠡᠯ ᠣᠷᠭᠤᠯ᠎ᠠ ᠃
ᠰᠣᠷᠬᠠᠭᠳᠠᠨᠢ ᠪᠠᠬᠢ ᠬᠠᠳᠣᠨ ᠨᠣᠮ ᠶᠡᠭᠡ ᠣᠩᠰᠢᠳᠠᠭ ᠦᠨᠳᠦᠷ ᠪᠣᠯᠪᠠᠰᠣᠷᠠᠯ᠎ᠲᠠᠢ ᠪᠦᠰᠡᠭᠦᠢ ᠪᠠᠶᠢᠵᠣ ᠬᠦᠪᠡᠭᠦᠳ᠎ᠢᠶᠡᠨ ᠴᠦ ᠡᠨᠡ ᠬᠦ ᠲᠡᠯ᠎ᠡ᠎ᠪᠠᠷ ᠭᠦᠨᠵᠡᠭᠡᠢ ᠨᠦᠯᠦᠭᠡᠯᠡᠵᠦ ᠪᠠᠶᠢᠭᠰᠠᠨ ᠮᠡᠳᠡᠭᠡ᠎ᠶᠢ ᠲᠣᠰ ᠨᠣᠮ᠎ᠡᠴᠠ ᠪᠢ ᠣᠯᠠᠨ ᠣᠯᠵᠣ ᠣᠩᠰᠢᠯ᠎ᠠ ᠃ ᠰᠣᠷᠬᠠᠭᠳᠠᠨᠢ ᠬᠠᠷᠢ᠎ᠳ᠋ᠤ ᠮᠣᠷᠳᠠᠬᠤ᠎ᠳᠠᠭᠠᠨ ᠴᠦ ᠪᠠᠷᠢᠨᠳᠠᠭᠯᠠᠭᠰᠠᠨ ᠰᠣᠳᠣᠷᠤᠳᠢᠶᠡᠨ ᠶᠡᠬᠡᠳᠡ ᠨᠠᠨᠳᠢᠩᠨᠠᠨ ᠸᠡᠳ᠋ᠸᠡᠭᠳ᠋ᠤ ᠪᠠᠭᠯᠠᠭᠠᠳ ᠠᠪᠴᠣ ᠶᠠᠪᠣᠳᠠᠭ ᠨᠢᠭᠡᠨ ᠪᠠᠶᠢᠭᠰᠠᠨ ᠠᠵᠢ ᠃ ᠶᠡᠭᠡ ᠨᠡᠭᠦᠳᠡᠯ ᠂ ᠲᠠᠶᠢᠨ ᠲᠡᠵᠢᠨ᠎ᠲᠠᠢ ᠣᠷᠤᠭ᠎ᠠ ᠪᠣᠰᠬᠠᠭ᠎ᠠ ᠣᠨ ᠵᠢᠯ᠎ᠤᠳ᠎ᠢᠶᠠᠷ ᠲᠠᠶᠢᠨ᠎ᠳ᠋ᠤ ᠮᠣᠷᠳᠠᠭᠰᠠᠨ ᠴᠡᠷᠢᠭ ᠡᠷᠡᠰ᠎ᠤᠨ ᠠᠷᠣ᠎ᠳ᠋ᠤ ︽ ᠮᠣᠩᠭᠤᠯ᠎ᠤᠨ ᠲᠠᠯ᠎ᠠ᠎ᠳ᠋ᠤ ᠬᠦᠯᠢᠶᠡᠯᠳᠡ᠎ᠪᠠᠷ ᠦᠷᠬᠦᠯᠵᠢᠯᠡᠬᠦ ᠡᠳᠦᠷ ᠬᠤᠨᠤᠭ᠎ᠤᠳ ᠣᠷᠣᠰᠣᠨ᠎ᠠ ᠃ ︾ ᠬᠦᠯᠢᠶᠡᠯᠳᠡ᠎ᠪᠠᠷ ᠦᠷᠬᠦᠯᠵᠢᠯᠡᠭᠰᠡᠨ ᠡᠳᠦᠷ᠎ᠤᠳ᠎ᠲᠤ ︽ ᠰᠣᠷᠬᠠᠭᠳᠠᠨᠢ ᠬᠠᠳᠣᠨ ᠭᠠᠭᠴᠠᠭᠠᠷ ᠨᠣᠮ ᠱᠠᠭ᠎ᠠ᠎ᠶᠢᠨ ᠪᠠᠶᠢᠭᠰᠠᠨ ᠪᠣᠯ ᠣᠳᠣ ᠬᠦᠪᠡᠭᠦᠳ᠎ᠤᠨ᠎ᠢᠶᠡᠨ ᠬᠠᠮᠳᠣ ᠨᠣᠮ ᠡᠷᠳᠡᠮ᠎ᠳ᠋ᠤ ᠰᠢᠮᠳᠠᠨ ᠰᠠᠭᠤᠬᠤ ᠪᠣᠯᠵᠠᠢ ︾ ᠃
ᠬᠤᠯᠠ ᠶᠠᠪᠣᠵᠣ ᠶᠡᠭᠡ᠎ᠶᠢ ᠪᠦᠳᠦᠭᠡᠬᠦ ᠪᠦᠰᠡᠳᠡᠶᠢᠴᠣᠳᠤᠨ ᠠᠷᠣ᠎ᠳ᠋ᠤ ᠨᠣᠮ ᠪᠦᠰᠡᠭᠦᠢ ᠬᠡᠣᠬᠡᠳ ᠭᠤᠷᠪᠠ ᠢᠩᠭᠢᠵᠦ ᠭᠡᠷ᠎ᠢᠶᠡᠨ ᠰᠠᠬᠢᠭᠠᠳ ᠨᠦᠬᠦᠷᠯᠡᠭᠡᠳ ᠰᠠᠭᠤᠨ᠎ᠠ ᠭᠡᠳᠡᠭ ᠣᠴᠢᠷ ᠣᠳᠬ᠎ᠠ᠎ᠲᠠᠢ ᠠᠮᠢᠳᠣᠷᠠᠯ ᠪᠠᠶᠢᠯ᠎ᠠ ᠃
︽ ᠬᠤᠪᠢᠯᠠᠢ ᠬᠦᠦ᠎ᠨᠢ ᠠᠷᠪᠠᠨ ᠨᠠᠰᠣᠳᠠᠢ ᠪᠠᠶᠢᠭᠰᠠᠨ ᠦᠶ᠎ᠡ ᠃ ᠡᠬᠡᠶᠢᠪᠠᠨ ᠰᠣᠳᠣᠷ ᠡᠷᠭᠢᠭᠦᠯᠦᠨ ᠰᠠᠭᠤᠬᠤ᠎ᠳ᠋ᠤ ᠭᠠᠳᠠᠨ᠎ᠠ᠎ᠡᠴᠠ ᠣᠷᠣᠵᠣ ᠢᠷᠡᠭᠡᠳ ᠶᠡᠭᠡ ᠯᠠ ᠴᠢᠬᠤᠯᠠᠴᠢᠯᠠᠨ ᠨᠢᠭᠡ ᠵᠦᠢᠯ᠎ᠢ ᠠᠰᠠᠭᠤᠭᠰᠠᠨ ᠶᠣᠮ ᠃ ᠲᠡᠷᠡ ᠪᠢᠴᠢᠬᠠᠨ ᠣᠬᠠᠭᠠᠨᠢᠶᠠᠷᠢᠶᠡᠨ ᠡᠷᠭᠢᠴᠡᠭᠦᠯᠦᠨ ᠪᠣᠳᠣᠭᠰᠠᠨ ᠪᠣᠯᠣᠯᠳᠠᠢ ᠄
ᠬᠠᠳᠣᠨ ᠡᠬᠡ ᠲᠠ ᠮᠢᠨᠢ ᠠᠯᠢᠪᠠ ᠬᠦᠮᠦᠨ᠎ᠳ᠋ᠤ ᠣᠬᠠᠭᠠᠷᠠᠬᠤ ᠬᠤᠶᠠᠷ ᠵᠠᠮ ᠪᠠᠶᠢᠳᠠᠭ ᠭᠡᠵᠤ ᠬᠡᠯᠡᠵᠦ ᠪᠠᠶᠢᠭᠰᠠᠨ ᠭᠡᠵᠤ ᠶᠠᠷᠢᠶ᠎ᠠ᠎ᠪᠠᠨ ᠡᠬᠢᠯᠡᠭᠦᠯᠪᠡ ᠃
ᠲᠡᠶᠢᠮᠦ ᠡ ᠬᠦᠦ ᠮᠢᠨᠢ ᠭᠡᠬᠦ᠎ᠳ᠋ᠤ ᠂
ᠲᠡᠨᠡᠭ ᠬᠦᠮᠦᠨ ᠠᠯᠳᠠᠵᠣ ᠪᠠᠶᠢᠵᠣ ᠣᠬᠠᠭᠠᠷᠠᠳᠠᠭ ᠂ ᠣᠬᠠᠭᠠᠨ᠎ᠲᠠᠢ ᠬᠦᠮᠦᠨ ᠠᠯᠳᠠᠬᠤᠡᠴᠠᠪᠠᠨ ᠡᠮᠦᠨ᠎ᠡ ᠪᠣᠰᠣᠳ᠎ᠤᠨ ᠠᠯᠳᠠᠭᠠᠨ᠎ᠡᠴᠠ ᠣᠬᠠᠭᠠᠷᠠᠳᠠᠭ ᠃ ᠦᠨᠡᠨ ᠠᠯᠳᠠᠭ᠎ᠠ ᠣᠨᠤᠭ᠎ᠠ ᠠᠯᠢ ᠠᠯᠢ᠎ᠨᠢ ᠨᠣᠮ᠎ᠳ᠋ᠤ ᠪᠣᠢ ᠲᠣᠯᠠ ᠠᠮᠢᠳᠣᠷᠠᠯ᠎ᠤᠨ ᠦᠨᠡᠨ᠎ᠢ ᠨᠣᠮ᠎ᠡᠴᠠ ᠬᠠᠢ ᠭᠡᠵᠤ ᠬᠡᠯᠡᠵᠦ ᠪᠠᠶᠢᠭᠰᠠᠨ ᠃ ᠨᠢᠭᠡᠨᠳᠡ ᠪᠢ ᠦᠩᠭᠡᠷᠡᠭᠰᠡᠨ ᠠᠮᠢᠳᠣᠷᠠᠯ᠎ᠢ ᠨᠣᠮ᠎ᠡᠴᠠ ᠬᠠᠶᠢᠵᠣ ᠣᠯᠵᠣ ᠪᠣᠯᠬᠤ ᠪᠣᠯ ᠢᠷᠡᠭᠡᠳᠦᠢ᠎ᠪᠠᠨ ᠴᠦ ᠭᠡᠰᠡᠨ ᠨᠣᠮ᠎ᠡᠴᠠ ᠬᠠᠶᠢᠵᠣ ᠪᠣᠯᠬᠤ ᠤᠤ ︖ ᠬᠡᠮᠡᠨ ᠠᠰᠠᠭᠤᠭᠰᠠᠨ ᠶᠣᠮ ᠃ ᠬᠠᠳᠣᠨ ᠡᠬᠡ ᠬᠦᠦ᠎ᠶᠢᠨ᠎ᠢᠶᠡᠨ ᠲᠣᠯᠣᠭᠠᠢ᠎ᠶᠢ ᠢᠯᠢᠵᠦ ᠲᠣᠬᠤᠨ ᠲᠡᠭᠡᠷ᠎ᠡ᠎ᠨᠢ ᠦᠨᠦᠰᠦᠭᠡᠳ ᠂
ᠢᠷᠡᠭᠡᠳᠦᠢ᠎ᠶᠢ ᠬᠡᠨ ᠴᠦ ᠪᠢᠴᠢᠭᠡ ᠦᠭᠡᠢ ᠪᠠᠶᠢᠳᠠᠭ ᠃ ᠲᠡᠭᠦᠨ᠎ᠢ ᠡᠵᠡᠨ ᠬᠦᠮᠦᠨ ᠦᠪᠡᠷ᠎ᠢᠶᠡᠨ ᠪᠢᠴᠢᠳᠡᠭ ᠭᠡᠵᠤ ᠬᠡᠯᠡᠵᠦ ᠪᠠᠶᠢᠵᠠᠢ ᠃
ᠡᠬᠡ ᠬᠦᠦ ᠬᠤᠶᠠᠭᠤᠯᠠ᠎ᠶᠢᠨ ᠨᠣᠮ ᠣᠩᠰᠢᠬᠤ ᠲᠣᠬᠠᠢ ᠡᠨᠡ ᠬᠦ ᠬᠡᠰᠡᠭ ᠶᠠᠷᠢᠯᠴᠠᠭ᠎ᠠ ᠭᠡᠵᠤ ᠰᠡᠳᠬᠢᠯ᠎ᠳ᠋ᠤ ᠰᠡᠶᠢᠯᠦᠭᠳᠡᠨ ᠦᠯᠡᠳᠡᠬᠦ ᠶᠠᠮᠠᠷ ᠶᠡᠭᠡ ᠦᠨ᠎ᠡ᠎ᠲᠠᠢ ᠰᠠᠶᠢᠬᠠᠨ ᠶᠠᠷᠢᠯᠴᠠᠭ᠎ᠠ ᠪᠣᠢ ︖ ᠠᠮᠢᠳᠣᠷᠠᠯ ᠭᠡᠳᠡᠭ ᠣᠯᠣᠮ ᠦᠭᠡᠢ ᠶᠡᠭᠡ ᠲᠠᠯᠠᠢ ᠃ ᠬᠠᠷᠢᠨ ᠬᠦᠮᠦᠨ ᠭᠡᠳᠡᠭ ᠲᠡᠷᠡ ᠶᠡᠭᠡ ᠲᠠᠯᠠᠢ᠎ᠳ᠋ᠤ ᠪᠣᠯ ᠨᠢᠭᠡᠨ ᠲᠣᠰᠣᠯ ᠣᠰᠣᠨ᠎ᠤ ᠬᠢᠷᠢ ᠶᠠᠯᠢᠮ ᠦᠭᠡᠢ ᠵᠢᠵᠢᠭ ᠃ ᠭᠡᠪᠡᠴᠦ ᠲᠠᠩᠬᠢᠰ ᠲᠠᠯᠠᠢ ᠴᠦ ᠲᠣᠰᠣᠯ ᠣᠰᠣ᠎ᠪᠠᠷ ᠪᠦᠷᠢᠯᠳᠦᠳᠡᠭ ᠭᠡᠳᠡᠭ ᠪᠢᠵᠠ ᠃ ᠨᠡᠯᠦᠭᠡᠷ ᠶᠡᠭᠡ ᠲᠠᠯᠠᠢ᠎ᠶᠢᠨ ᠲᠣᠳᠠᠭᠳᠠᠵᠣ ᠪᠣᠯᠣᠰᠢ ᠦᠭᠡᠢ ᠨᠢᠭᠡᠨ ᠲᠣᠰᠣᠯ ᠪᠣᠯᠬᠤ ᠬᠦᠰᠡᠯ᠎ᠲᠠᠢ ᠪᠣᠯ ᠂ ᠮᠦᠨ ᠲᠡᠷᠡ ᠬᠦ ᠬᠦᠰᠡᠯ᠎ᠢ ᠪᠡᠶᠡᠯᠡᠭᠦᠯᠬᠦ᠎ᠳ᠋ᠤ ᠣᠨᠳᠣᠣ ᠲᠦᠭᠦᠮ ᠠᠷᠭ᠎ᠠ ᠲᠦᠳᠡ ᠵᠠᠮ ᠪᠠᠶᠢᠳᠠᠭ ᠦᠭᠡᠢ ᠶᠡᠭᠡ ᠶᠣᠰᠣᠨ᠎ᠤ ᠡᠮᠦᠨ᠎ᠡ ᠂ ᠬᠦᠴᠦᠨ ᠴᠢᠳᠠᠯ ᠣᠶᠣᠨ ᠣᠬᠠᠭᠠᠨ᠎ᠢᠶᠡᠨ ᠨᠡᠮᠡᠭᠳᠡᠭᠦᠯᠬᠦ᠎ᠶᠢᠨ ᠲᠦᠯᠦᠭᠡ ᠨᠣᠮ ᠶᠡᠭᠡ ᠣᠩᠰᠢᠭᠠᠷᠠᠢ ᠭᠡᠳᠡᠭ᠎ᠢ ᠡᠬᠡ ᠬᠦᠮᠦᠨ ᠬᠦᠦ᠎ᠳ᠋ᠡᠭᠡᠨ ᠢᠩᠭᠢᠵᠦ ᠵᠢᠭᠠᠳᠠᠭ ᠪᠠᠶᠢᠵᠠᠢ ᠃ ᠲᠡᠭᠡᠬᠦ᠎ᠳ᠋ᠤ ᠭᠡᠷ᠎ᠲᠡᠭᠡᠨ ᠰᠠᠭᠤᠭᠰᠠᠨ ᠵᠢᠷ᠎ᠤᠨ ᠪᠦᠰᠡᠭᠦᠢ ᠪᠣᠶᠣ ᠲᠠᠶᠢᠨᠤ ᠬᠦᠯ᠎ᠳ᠋ᠤ ᠲᠦᠷᠪᠡᠭᠰᠡᠨ ᠨᠡᠭᠦᠳᠡᠯᠴᠢᠨ ᠂ ᠡᠰᠡᠭᠦᠯ᠎ᠡ ᠦᠨᠳᠦᠷ ᠰᠠᠨᠳᠠᠢᠳ᠋ᠤ ᠰᠠᠭᠠᠳᠠᠭᠰᠠᠨ ᠬᠠᠳᠣᠨ ᠪᠣᠶᠣ ᠭᠠᠩᠳᠠᠭᠰᠠᠨ ᠲᠡᠷᠯᠢᠭ᠎ᠲᠠᠢ ᠪᠣᠷᠣᠴᠣᠣᠯ ᠠᠯᠢ᠎ᠨᠢ ᠪᠠᠶᠢᠭᠰᠠᠨ ᠴᠦ ᠡᠷᠳᠡᠮ ᠨᠣᠮ᠎ᠢ ᠬᠦᠨᠳᠦᠳᠭᠡᠳᠡᠭ ᠡᠵᠢ ᠭᠡᠳᠡᠭ ᠦᠷ᠎ᠡ ᠬᠡᠣᠬᠡᠳ᠎ᠤᠨ᠎ᠢᠶᠡᠨ ᠦᠯᠢᠭᠡᠷ ᠲᠠᠭᠤᠷᠢᠶᠠᠯ ᠪᠣᠯᠬᠤ ᠶᠣᠰᠣᠳᠠᠢ ᠃ ᠨᠣᠮ᠎ᠲᠠᠢ ᠡᠵᠢ᠎ᠶᠢᠨ ᠬᠠᠵᠠᠭᠤ᠎ᠳ᠋ᠤ ᠦᠰᠦᠭᠰᠡᠨ ᠬᠡᠣᠬᠡᠳ ᠬᠡᠷᠡᠭᠳᠡᠢ ᠵᠦᠪ ᠵᠦᠢᠯ᠎ᠢ ᠬᠦᠯᠢᠶᠡᠨ ᠰᠣᠨᠣᠰᠴᠣ ᠮᠡᠳᠡᠷᠡᠵᠦ ᠴᠢᠳᠠᠬᠤ ᠣᠬᠠᠭᠠᠨ ᠰᠣᠷᠣᠨ᠎ᠠ ᠭᠡᠳᠡᠭ᠎ᠢ ᠡᠬᠡ ᠬᠦᠦ ᠬᠤᠶᠠᠭᠤᠯᠠ᠎ᠶᠢᠨ ᠶᠠᠷᠢᠯᠴᠠᠭ᠎ᠠ᠎ᠡᠴᠠ ᠴᠢᠩᠨᠠᠬᠤ ᠰᠠᠶᠢᠬᠠᠨ ᠪᠠᠶᠢᠨ᠎ᠠ ᠃
ᠰᠣᠷᠬᠠᠭᠳᠠᠨᠢ ᠬᠠᠳᠣᠨ᠎ᠳ᠋ᠤ ᠲᠣᠯᠭᠠᠷᠠᠭᠰᠠᠨ ᠠᠮᠢᠳᠣᠷᠠᠯ ᠬᠠᠳᠠᠭᠤ ᠪᠠᠶᠢᠯ᠎ᠠ ᠃ ᠬᠠᠳᠠᠭᠤ ᠠᠮᠢᠳᠣᠷᠠᠯ᠎ᠤᠨ ᠨᠣᠭᠤᠴᠠᠭᠠᠨ᠎ᠳ᠋ᠤ ᠭᠠᠭᠴᠠᠭᠠᠷᠳᠠᠵᠣ ᠶᠠᠪᠣᠬᠤ᠎ᠳᠠᠭᠠᠨ ᠲᠡᠷᠡ ᠲᠡᠭᠷᠢ᠎ᠳ᠋ᠤ ᠬᠠᠯᠢᠭᠰᠠᠨ ᠡᠴᠢᠬᠡ ᠡᠬᠡ ᠂ ᠬᠠᠨᠢ ᠨᠦᠬᠦᠷ ᠂ ᠦᠪᠡᠷ᠎ᠲᠤ᠎ᠨᠢ ᠦᠨᠡᠨ ᠰᠠᠶᠢᠨᠤ ᠲᠣᠬᠠᠢ ᠶᠠᠷᠢᠳᠠᠭ ᠬᠦᠨᠳᠦᠳᠦ ᠬᠦᠮᠦᠰ᠎ᠢᠶᠡᠨ ᠦᠷᠬᠦᠯᠵᠢ ᠲᠣᠷᠠᠰᠣᠨ ᠮᠦᠷᠦᠭᠡᠳᠦᠳᠡᠭ ᠪᠠᠶᠢᠪᠠ ᠃ ᠲᠡᠷᠡ ᠬᠦ ᠮᠦᠷᠦᠭᠡᠳᠦᠯ ᠂ ᠲᠣᠯᠭᠠᠷᠠᠵᠣ ᠢᠷᠡᠭᠰᠡᠨ ᠠᠮᠢᠳᠣᠷᠠᠯ᠎ᠤᠨ ᠲᠦᠪᠡᠭ ᠭᠠᠰᠢᠭᠤ᠎ᠨᠢ ᠰᠣᠷᠬᠠᠭᠳᠠᠨᠢ ᠬᠠᠳᠣᠨ ᠵᠢᠷᠦᠬᠡᠨ ᠲᠠᠮᠢᠷ᠎ᠢᠶᠠᠷ᠎ᠢᠶᠡᠨ ᠨᠡᠷᠡᠵᠦ ᠂ ᠬᠠᠶᠢᠷ᠎ᠠ ᠡᠷᠳᠡᠮ ᠢᠳᠡᠭᠡᠯ ᠪᠣᠯᠭᠠᠵᠣ ᠬᠦᠪᠡᠭᠦᠳᠲᠡᠭᠡᠨ ᠣᠯᠠᠮᠵᠢᠯᠠᠨ ᠬᠦᠷᠳᠡᠭᠡᠭᠰᠡᠨ ᠪᠣᠯᠣᠯᠳᠠᠢ ᠃
︽ ᠰᠣᠷᠬᠠᠭᠳᠠᠨᠢ ᠬᠠᠳᠣᠨ ᠬᠦᠦ ᠮᠦᠩᠬᠡᠳ᠋ᠡᠭᠡᠨ ᠲᠠᠯ᠎ᠠ ᠨᠣᠳᠤᠭ᠎ᠤᠨ ᠡᠯᠢᠭᠡᠨ᠎ᠳ᠋ᠤ ᠣᠷᠭᠤᠭᠰᠠᠨ ᠴᠢᠯᠠᠭᠤ ᠴᠦ ᠨᠢᠭᠡᠨ ᠴᠠᠭ᠎ᠲᠤ ᠪᠣᠳᠠᠷᠠᠨ ᠣᠨᠠᠳᠠᠭ ᠵᠢᠮ᠎ᠡ᠎ᠲᠠᠢ ᠭᠡᠵᠤ ᠬᠠᠭᠠᠨ ᠡᠪᠦᠭᠡᠶᠢᠨᠢᠶᠡᠨ ᠬᠡᠯᠡᠵᠦ ᠪᠠᠶᠢᠭᠰᠠ᠎ᠨᠢ ᠰᠠᠨᠠᠵᠣ ᠪᠠᠶᠢᠨ᠎ᠠ ᠤᠤ ︖ ᠴᠠᠭ᠎ᠨᠢ ᠢᠷᠡᠬᠦ᠎ᠪᠠᠷ ᠪᠦᠭᠦᠳᠡ ᠵᠠᠮᠬᠠᠷᠠᠨ ᠣᠳᠣᠨ᠎ᠠ ᠃ ᠬᠠᠷᠢᠨ ᠦᠪᠡᠷ᠎ᠤᠨ ᠪᠣᠢ ᠴᠠᠭ ᠬᠤᠭᠤᠴᠠᠭᠠᠨ᠎ᠳᠠᠭᠠᠨ ᠡᠵᠡᠨ ᠪᠠᠶᠢᠵᠣ ᠬᠡᠮᠡᠨ᠎ᠡ ᠃ ᠬᠤᠵᠢᠮ᠎ᠤᠨ ᠦᠶ᠎ᠡ᠎ᠳ᠋ᠤ ᠰᠠᠶᠢᠨ ᠨᠡᠷ᠎ᠡ᠎ᠪᠠᠷ ᠦᠯᠡᠳᠡᠬᠦ᠎ᠶᠢᠨ ᠲᠣᠯᠠ ᠲᠡᠭᠷᠢ᠎ᠶᠢᠨ ᠶᠠᠪᠣᠳᠠᠯ᠎ᠡᠴᠠ ᠢᠯᠡᠭᠦᠦ᠎ᠲᠠᠢ ᠦᠪᠡᠷ᠎ᠤᠨ ᠶᠠᠪᠣᠳᠠᠯ᠎ᠢ ᠠᠵᠢᠭᠯᠠᠨ ᠰᠣᠷ ︾ ᠭᠡᠵᠤ ᠬᠡᠯᠡᠯ᠎ᠠ ᠃
ᠰᠣᠷᠬᠠᠭᠳᠠᠨᠢ ᠬᠠᠳᠣᠨᠤ ᠰᠣᠷᠭᠠᠯ ᠶᠣᠰᠣ᠎ᠪᠠᠷ ᠲᠡᠭᠦᠨ᠎ᠤ ᠬᠦᠪᠡᠭᠦᠳ ᠴᠦ ︽ ᠨᠡᠭᠡᠷᠡᠨ ᠭᠠᠷ ᠴᠣᠴᠠᠬᠤᠳ᠋ᠤ ᠣᠬᠠᠭᠠᠨ ᠶᠠᠭᠤᠨ᠎ᠳ᠋ᠤ ᠴᠣᠴᠠᠬᠤ ᠪᠢᠯᠡ ︾ ᠬᠡᠮᠡᠨ ᠦᠢᠯᠡᠰ᠎ᠤᠨ ᠵᠢᠯᠣᠭᠤ ᠰᠢᠭᠦᠷᠦᠭᠰᠡᠨ ᠪᠠᠶᠢᠯ᠎ᠠ ᠃
ᠰᠣᠷᠬᠠᠭᠳᠠᠨᠢ ᠬᠠᠳᠣᠨ ᠡᠷᠳᠡᠮ ᠨᠣᠮ᠎ᠢᠶᠠᠷ ᠵᠦᠪᠬᠡᠨ ᠦᠪᠡᠷ᠎ᠤᠨ ᠬᠡᠣᠬᠡᠳ᠎ᠢᠶᠡᠨ ᠭᠡᠶᠢᠭᠦᠯᠦᠭᠰᠡᠨ ᠪᠢᠰᠢ ᠂ ᠲᠡᠷᠡ ᠬᠦ ᠭᠡᠷᠡᠯ ᠭᠡᠭᠡ᠎ᠶᠢ ᠦᠶ᠎ᠡ ᠣᠯᠠᠮᠵᠢᠯᠠᠨ ᠭᠡᠷᠡᠯᠳᠦᠭᠦᠯᠬᠦ᠎ᠶᠢ ᠬᠢᠴᠢᠶᠡᠳᠡᠭ ᠪᠦᠰᠡᠭᠦᠢ ᠪᠠᠶᠢᠭᠰᠠᠨ ᠠᠵᠢ ᠃ ᠲᠡᠷᠡ ᠰᠣᠳᠣᠷ ᠪᠦᠳᠦᠭᠡᠬᠦ ᠠᠵᠢᠯ ᠦᠷᠨᠢᠭᠦᠯᠵᠦ ᠂ ᠪᠦᠳᠦᠭᠡᠭᠰᠡᠨ ︽ ᠠᠯᠳᠠᠨ ᠰᠣᠳᠣᠷ ︾᠎ᠨᠢ ᠰᠢᠳᠠᠭᠠᠭᠳᠠᠬᠤᠳ᠋ᠤ ᠲᠠᠬᠢᠨ ᠪᠦᠳᠦᠭᠡᠬᠦ᠎ᠪᠠᠷ ᠰᠢᠨᠳᠠᠷᠠᠰᠢ ᠦᠭᠡᠢ ᠴᠢᠷᠮᠠᠶᠢᠯᠭ᠎ᠠ ᠭᠠᠷᠭᠠᠨ᠎ᠠ ᠃ ᠲᠡᠭᠦᠨ᠎ᠤ ᠬᠦᠪᠡᠭᠦᠨ ᠬᠦᠯᠡᠬᠦ᠎ᠶᠢᠨ ᠡᠵᠡᠯᠡᠨ ᠰᠠᠭᠤᠬᠤ ᠪᠣᠯᠣᠭᠰᠠᠨ ᠪᠣᠬᠠᠷ ᠬᠤᠳᠠ᠎ᠶᠢᠨ ᠬᠡᠣᠬᠡᠳ ᠲᠠᠶᠢᠨᠤ ᠰᠠᠮᠠᠭᠤᠨ᠎ᠡᠴᠠ ᠪᠣᠯᠵᠣ ᠰᠣᠶᠣᠯ ᠪᠣᠯᠪᠠᠰᠣᠷᠠᠯ᠎ᠡᠴᠠ ᠬᠤᠯᠠᠳᠠᠬᠤ᠎ᠶᠢ ᠬᠠᠷᠠᠵᠣ ᠲᠦᠪᠳᠡᠬᠦ ᠦᠭᠡᠢᠳ᠋ᠡᠭᠡᠨ ᠲᠡᠷᠡ ᠬᠠᠷᠢ ᠨᠣᠳᠤᠭ᠎ᠤᠨ ᠠᠷᠠᠳ᠎ᠤᠨ ᠬᠡᠣᠬᠡᠳ᠎ᠲᠤ ᠰᠣᠷᠭᠠᠭᠤᠯᠢ ᠪᠠᠶᠢᠭᠤᠯᠵᠣ ᠦᠭᠭᠦᠭᠰᠡᠨ ᠦᠯᠢᠭᠡᠷ᠎ᠲᠠᠢ ᠪᠠᠶᠢᠪᠠ ᠃ ᠬᠦᠮᠦᠨ ᠠᠷᠠᠳ᠎ᠤᠨ ᠬᠦᠨᠳᠦᠳᠭᠡᠯ᠎ᠢᠶᠠᠷ ︽ ᠬᠠᠳᠣᠨᠤ ᠰᠣᠷᠭᠠᠭᠤᠯᠢ ︾ ᠭᠡᠵᠤ ᠨᠡᠷᠡᠶᠢᠳᠦᠭᠰᠡᠨ ᠲᠣᠰ ᠰᠣᠷᠭᠠᠭᠤᠯᠢ᠎ᠨᠢ ᠦᠨᠦ ᠬᠦᠷᠳᠡᠯ᠎ᠡ ᠡᠨᠡ ᠨᠡᠷ᠎ᠡ᠎ᠪᠠᠨ ᠬᠠᠳᠠᠭᠠᠯᠠᠨ ᠠᠷᠠᠳ᠎ᠤᠨ ᠬᠡᠣᠬᠡᠳ᠎ᠲᠤ ᠨᠣᠮ ᠡᠷᠳᠡᠮ ᠵᠢᠭᠠᠨ ᠰᠣᠷᠭᠠᠵᠣ ᠪᠠᠶᠢᠭ᠎ᠠ᠎ᠶᠢ ᠲᠣᠰ ᠨᠣᠮ᠎ᠤᠨ ᠲᠡᠭᠦᠰᠭᠡᠯ᠎ᠳ᠋ᠤ ᠵᠣᠬᠢᠶᠠᠭᠴᠢ᠎ᠡᠴᠠ ︽ ᠦᠨᠦ ᠬᠠᠳᠣᠨᠤ ᠰᠣᠷᠭᠠᠭᠤᠯᠢ ᠨᠠᠢᠮᠠᠨ ᠵᠠᠭᠤᠨ᠎ᠢ ᠦᠵᠡᠨ ᠰᠦᠨᠳᠡᠷᠯᠡᠭᠰᠡᠨ ᠬᠡᠪ᠎ᠢᠶᠠᠷ ᠪᠠᠶᠢᠨ᠎ᠠ ︾ ᠬᠡᠵᠦ ᠲᠣᠳᠣᠷᠬᠠᠶᠢᠯᠠᠭᠰᠠᠨ ᠪᠠᠶᠢᠨ᠎ᠠ ᠃
ᠵᠣᠬᠢᠶᠠᠭᠴᠢ ᠪᠢᠮᠪᠠ᠎ᠶᠢᠨ ᠰᠠᠷᠠᠨᠳᠣᠶᠠᠭᠠᠡᠴᠠ ᠲᠣᠰ ᠨᠣᠮ᠎ᠢ ᠬᠠᠶᠢᠷᠠᠳᠠᠢ ᠡᠵᠢ᠎ᠶᠢᠨ᠎ᠢᠶᠡᠨ ᠭᠡᠭᠡᠨ ᠲᠣᠷᠠᠰᠬᠠᠯ᠎ᠳ᠋ᠤ ᠵᠣᠷᠢᠭᠤᠯᠣᠨ ᠪᠢᠴᠢᠭᠰᠡᠨ ᠲᠣᠬᠠᠢ᠎ᠪᠠᠨ ︽ ᠦᠬᠢᠨ ᠲᠠᠨ᠎ᠢ ᠡᠨᠡ ᠨᠣᠮ᠎ᠢ ᠪᠢᠴᠢᠭᠰᠡᠨ᠎ᠢᠶᠠᠷ ᠡᠨᠡ ᠬᠤᠷᠸ᠎ᠠ᠎ᠳ᠋ᠤ ᠢᠷᠡᠭᠰᠡᠨ ᠵᠣᠷᠢᠯᠭ᠎ᠠ ᠬᠢᠭᠡᠳ ᠡᠮᠡᠭᠳᠡᠢ ᠬᠦᠮᠦᠨ ᠪᠣᠯᠵᠣ ᠲᠦᠷᠦᠭᠰᠡᠨ ᠡᠬᠡ ᠬᠦᠮᠦᠨ᠎ᠤ ᠡᠭᠦᠷᠭᠡ᠎ᠪᠠᠨ ᠰᠠᠶᠢᠳᠣᠷ ᠣᠬᠠᠭᠠᠷᠠᠯ᠎ᠠ ᠃ ᠡᠭᠦᠪᠡᠷ ᠪᠢ ᠬᠠᠶᠢᠷᠠᠳᠠᠢ ᠡᠵᠢ ᠲᠠᠨ᠎ᠤ᠎ᠪᠠᠨ ᠨᠢᠭᠡᠨ ᠰᠦᠨᠢ ᠦᠨᠳᠡᠶᠢᠨ ᠬᠦᠬᠦᠭᠦᠯᠦᠭᠰᠡᠨ ᠠᠴᠢ᠎ᠶᠢ ᠲᠠᠨ᠎ᠢ ᠬᠠᠷᠢᠭᠤᠯᠣᠭᠰᠠᠨ ᠪᠣᠯᠪᠠ ᠤᠤ ᠭᠡᠵᠤ ᠰᠡᠳᠬᠢᠨ᠎ᠡ ᠃ ᠪᠣᠰᠣᠳ ᠣᠯᠠᠨ ᠰᠦᠨᠢᠨᠦᠭᠦᠳᠤᠨ ᠲᠠᠨ᠎ᠢ ᠡᠯᠪᠡᠷᠢᠯ᠎ᠤᠨ ᠬᠠᠷᠢᠭᠤ᠎ᠶᠢ ᠦᠨᠦ ᠪᠢ ᠦᠪᠡᠷ᠎ᠤᠨ ᠦᠷ᠎ᠡ ᠬᠡᠣᠬᠡᠳᠲᠡᠭᠡᠨ ᠵᠣᠷᠢᠭᠤᠯᠬᠤ ᠪᠣᠯᠣᠨ᠎ᠠ ︾ ᠭᠡᠵᠤ ᠪᠢᠴᠢᠭᠰᠡᠨ ᠪᠠᠳᠠᠭ᠎ᠢ ᠣᠩᠰᠢᠬᠤ᠎ᠳ᠋ᠤ ᠨᠢᠯᠪᠣᠰᠣ ᠵᠠᠶᠢᠷᠯᠠᠬᠤ ᠶᠣᠮ ᠃
ᠨᠣᠮ᠎ᠲᠠᠢ ᠡᠵᠢ᠎ᠶᠢᠨ ᠬᠡᠣᠬᠡᠳ ᠭᠡᠳᠡᠭ ᠵᠦᠪᠬᠡᠨ ᠡᠬᠡ᠎ᠶᠢᠨ ᠬᠠᠶᠢᠷ᠎ᠠ ᠬᠦᠷᠳᠡᠬᠦ ᠲᠡᠳᠦᠢ ᠪᠢᠰᠢ ᠂ ᠬᠠᠷᠢᠨ ᠬᠦᠮᠦᠨ ᠪᠣᠯᠬᠤ᠎ᠶᠢᠨ ᠣᠴᠢᠷ ᠶᠣᠰᠣ᠎ᠶᠢ ᠣᠬᠠᠭᠠᠷᠠᠵᠣ ᠣᠶᠢᠯᠠᠭᠠᠬᠤ ᠠᠵᠠ ᠲᠣᠬᠢᠶᠠᠯ ᠬᠦᠷᠳᠡᠭᠰᠡᠨ ᠬᠡᠣᠬᠡᠳ ᠪᠠᠶᠢᠬ᠎ᠠ ᠃ ᠦᠷᠭᠡᠨ ᠬᠤᠷᠸ᠎ᠠ᠎ᠳ᠋ᠤ ᠠᠮᠢᠳᠣᠷᠠᠯ ᠦᠷᠭᠦᠯᠵᠢᠯᠡᠵᠦ ᠯᠠ ᠪᠠᠶᠢᠪᠠᠯ ᠂ ᠨᠣᠮ ᠪᠦᠰᠡᠭᠦᠢ ᠬᠡᠣᠬᠡᠳ ᠭᠤᠷᠪᠠ᠎ᠶᠢᠨ ᠬᠤᠪᠢ ᠪᠠᠷᠢᠯᠳᠣᠯᠭ᠎ᠠ ᠮᠦᠨ ᠦᠨᠢᠳᠡ ᠣᠷᠣᠰᠢᠨ ᠦᠷᠬᠦᠯᠵᠢᠯᠡᠬᠦ ᠂ ᠲᠡᠷᠡᠴᠢᠯᠡᠨ ᠦᠶ᠎ᠡ ᠲᠠᠮᠵᠢᠨ ᠦᠷᠬᠦᠯᠵᠢᠯᠡᠬᠦ ᠲᠣᠳᠣᠮ ᠡᠷᠴᠢᠮ᠎ᠨᠢ ᠣᠯᠠᠮ ᠴᠢᠩᠭᠠᠷᠠᠬᠤ ᠪᠣᠯᠳᠣᠭᠠᠢ ᠭᠡᠵᠤ ᠪᠢ ᠢᠳᠡᠭᠡᠨ ᠲᠠᠭᠠᠳᠬᠠᠨᠠᠮ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃