ᠲᠡᠷᠢᠭᠦᠨ ᠨᠢᠭᠤᠷ>ᠮᠣᠩᠭᠣᠯ ᠰᠣᠳᠣᠯᠣᠯ>ᠮᠤᠩᠭᠤᠯᠴᠢ ᠡᠷᠳᠡᠮᠲᠡᠳ

2020-04-23 18:18:21

ᠵᠣᠬᠢᠶᠠᠭ᠍ᠴᠢ᠄ ᠴᠣᠯᠢᠭᠢᠷ ᠣᠩᠱᠢᠭ᠍ᠰᠠᠨ ᠣᠳᠠᠭ᠎ᠠ᠄ 3

ᠴᠤᠯᠢᠭᠢᠷ ᠄ ᠤᠤᠯ ᠨᠡᠷ᠎ᠡ ᠪᠤᠤ ᠷᠦᠩ ᠃ ᠵᠤᠬᠢᠶᠠᠯᠴᠢ ᠂ ᠳ᠋ᠣᠺᠲ᠋ᠤᠷ ᠂ ᠦᠪᠦᠷ ᠮᠤᠩᠭᠤᠯ ‍ᠤᠨ ᠪᠠᠭᠰᠢ᠎ᠶᠢᠨ ᠶᠡᠭᠡ ᠰᠣᠷᠭᠠᠭᠤᠯᠢ᠎ᠶᠢᠨ ᠮᠤᠩᠭᠤᠯ ᠰᠣᠳᠣᠯᠣᠯ᠎ᠤᠨ ᠲᠡᠭᠡᠳᠦ ᠰᠣᠷᠭᠠᠭᠤᠯᠢ᠎ᠶᠢᠨ ᠲᠡᠳ᠋ ᠫᠷᠤᠹᠧᠰᠰᠤᠷ ᠃ ︽ ᠲᠤᠩᠭᠠᠭᠠᠯᠳᠠ  ᠪᠤᠴᠠᠯᠳᠠ  ᠡᠷᠢᠯᠬᠢᠯᠡᠯ  ᠬᠤᠷᠢᠳᠣᠭᠠᠷ ᠵᠠᠭᠤᠨ᠎ᠤ ᠨᠠᠶᠠ ᠶᠡᠷᠡᠭᠡᠳ ᠤᠨ᠎ᠤ ᠮᠤᠩᠭᠤᠯ ᠲᠤᠭᠤᠵᠢᠰ ‍ᠤᠨ ᠰᠣᠳᠣᠯᠣᠯ ︾ ︵ ᠲᠤᠰᠬᠠᠢ ᠰᠡᠳᠦᠪᠳᠦ ᠰᠣᠳᠣᠯᠭᠠᠨ᠎ᠤ ᠨᠤᠮ ︶ ᠂ ︽ ᠵᠠᠮ ︾ ︵ ᠷᠤᠮᠠᠨ ︶ ᠪᠠ ︽ ᠨᠢᠭᠤᠴᠠ ᠠᠮᠠᠷᠠᠭ ︾ ᠂ ︽ ᠠᠯᠳᠠᠵᠦ ᠤᠨᠤᠳᠠᠭ ᠽᠠᠮᠪᠤᠯᠢᠡᠭ ︾ ᠵᠡᠷᠬᠡ ᠲᠤᠭᠤᠵᠢ᠎ᠲᠠᠢ ᠃ ᠠᠩᠬᠠᠳᠤᠭᠠᠷ ᠤᠳᠠᠭᠠᠨ᠎ᠤ ︽ ᠲᠤᠷᠤᠨ᠎ᠠ ︾ ᠤᠳᠬ᠎ᠠ ᠵᠤᠬᠢᠶᠠᠯ᠎ᠤᠨ ᠱᠠᠩᠨᠠᠯ᠎ᠤᠨ ︽ ᠰᠢᠨ᠎ᠠ ᠤᠳᠤᠨ ︾ ᠱᠠᠩᠨᠠᠯ᠎ᠢ ᠲᠣᠰᠴᠣ ᠦᠩᠭᠡᠷᠡᠵᠡᠢ ᠃





ᠮᠤᠩᠭᠤᠯᠴᠤᠳ ᠪᠤᠯ ᠤᠷᠠᠨ ᠵᠤᠬᠢᠶᠠᠯ᠎ᠤᠨ ᠡᠯᠪᠡᠭ ᠪᠠᠶᠠᠨ ᠦᠪ ᠬᠦᠷᠦᠩᠭᠡ᠎ᠲᠠᠢ ᠦᠨᠳᠦᠰᠦᠳᠡᠨ ᠃ ᠤᠷᠴᠢᠨ ᠦᠶ᠎ᠡ᠎ᠡᠴᠠ ᠡᠮᠦᠨᠡᠬᠢ ᠤᠷᠠᠨ ᠵᠤᠬᠢᠶᠠᠯ᠎ᠤᠨ ᠰᠤᠩᠭᠤᠳᠠᠭ ᠰᠤᠳᠤᠨ ᠪᠦᠳᠦᠭᠡᠯ᠎ᠢ ᠠᠮᠠᠨ ᠵᠤᠬᠢᠶᠠᠯ ᠪᠠ ᠪᠢᠴᠢᠭ᠎ᠤᠨ ᠵᠤᠬᠢᠶᠠᠯ ᠭᠡᠵᠦ ᠬᠤᠪᠢᠶᠠᠨ ᠦᠵᠡᠵᠦ ᠪᠤᠯᠤᠨ᠎ᠠ ᠃
ᠨᠢᠭᠡ ᠂ ᠠᠮᠠᠨ ᠵᠤᠬᠢᠶᠠᠯ᠎ᠤᠨ ᠰᠣᠩᠭᠤᠳᠠᠭ ᠪᠦᠳᠦᠭᠡᠯ᠎ᠤᠳ
ᠠᠷᠠᠳ᠎ᠤᠨ ᠠᠮᠠᠨ ᠵᠤᠬᠢᠶᠠᠯ ᠪᠤᠯ ᠠᠷᠠᠳ ᠤᠯᠠᠨ᠎ᠤ ᠲᠦᠷᠰᠦᠯᠢᠭ ᠰᠡᠳᠭᠢᠬᠦᠢ ᠂ ᠬᠤᠯᠪᠤᠨ ᠪᠤᠳᠤᠯᠳᠠ ᠂ ᠢᠯᠡᠳᠭᠡᠬᠦᠢ ᠵᠠᠩᠰᠢᠯ ᠂ ᠶᠢᠷᠳᠢᠨᠴᠤ᠎ᠶᠢᠨ ᠲᠤᠬᠠᠢ ᠲᠠᠨᠢᠯᠳᠠ ᠲᠠᠨᠢᠪᠤᠷᠢ ᠵᠡᠷᠭᠡ ᠤᠶᠤᠨ ᠰᠠᠨᠠᠭᠠᠨ᠎ᠤ ᠬᠢᠨᠢ ᠲᠦᠷᠰᠦ ᠪᠠᠶᠢᠳᠠᠯ᠎ᠢ ᠬᠠᠷᠠᠭᠤᠯᠤᠬᠰᠠᠨ ᠭᠤᠴᠤ ᠰᠠᠶᠢᠬᠠᠨ ᠤᠷᠠᠨ ᠪᠦᠳᠦᠭᠡᠯ᠎ᠤᠳ ᠃
⒈ ᠲᠤᠮᠤᠭ  ᠲᠤᠮᠤᠭ᠎ᠨᠢ ᠦᠨᠡᠨ ᠬᠦᠮᠦᠨ ᠂ ᠦᠨᠡᠨ ᠬᠡᠷᠡᠭ ᠂ ᠦᠨᠡᠨ ᠪᠤᠳᠠᠰ᠎ᠤᠨ ᠰᠠᠭᠤᠷᠢᠨ ᠲᠡᠭᠡᠷ᠎ᠡ ᠤᠷᠭᠤᠭᠤᠯᠤᠨ ᠪᠦᠳᠦᠭᠡᠭᠰᠡᠨ ᠦᠯᠢᠭᠡᠷ ᠬᠠᠭᠤᠴᠢ ᠶᠠᠷᠢᠶ᠎ᠠ ᠃ ︽ ᠠᠯᠤᠩᠭᠤᠸ᠎ᠠ ᠡᠬᠡ᠎ᠶᠢᠨ ᠲᠠᠪᠤᠨ ᠮᠦᠰᠦ᠎ᠪᠠᠷ ᠬᠡᠦᠬᠡᠳ᠎ᠢᠶᠡᠨ ᠰᠣᠷᠭᠠᠬᠰᠠᠨ ᠲᠤᠮᠤᠭ ︾ ᠂ ︽ ᠭᠠᠭ᠋ᠠᠢ ᠠᠭᠤᠯᠠ᠎ᠶᠢᠨ ᠲᠤᠮᠤᠭ ︾ ᠂ ︽ ᠮᠡᠷᠭᠡᠯ ᠭᠤᠤᠯ᠎ᠤᠨ ᠲᠤᠮᠤᠭ ︾ ᠁ ᠭᠡᠬᠦ ᠮᠡᠳᠦ ᠮᠤᠩᠭᠤᠯᠴᠤᠳ᠎ᠤᠨ ᠰᠣᠶᠣᠯ ᠲᠡᠦᠬᠡᠨ᠎ᠳ᠋ᠤ ᠬᠤᠯᠪᠤᠬᠳᠠᠬᠤ ᠲᠤᠭᠠᠯᠠᠰᠢ ᠦᠭᠡᠢ ᠤᠯᠠᠨ ᠲᠤᠮᠤᠭ᠎ᠨᠢ ᠮᠤᠩᠭᠤᠯᠴᠤᠳ᠎ᠤᠨ ᠶᠠᠰᠣ ᠴᠢᠮᠦᠭᠡᠨ᠎ᠳ᠋ᠤ᠎ᠨᠢ ᠪᠠᠶᠢᠬᠤ ᠡᠮᠵᠡᠭ ᠲᠤᠭᠤᠯᠳᠠᠯ᠎ᠢ ᠵᠠᠰᠠᠨ ᠰᠡᠷᠡᠮᠵᠢᠯᠡᠭᠦᠯᠬᠦ ᠦᠢᠯᠡᠳᠦᠯ᠎ᠢ ᠭᠠᠷᠭᠠᠬᠰᠠᠨ ᠪᠤᠶᠤ ᠵᠠᠰᠠᠬᠳᠠᠵᠤ ᠬᠠᠯᠠᠬᠳᠠᠵᠤ ᠂ ᠰᠦᠢᠳᠭᠡᠭᠳᠡᠵᠦ ᠪᠠᠯᠠᠷᠬᠠᠶᠢᠰᠢᠬᠰᠠᠨ ᠲᠡᠦᠬᠡ᠎ᠶᠢᠨ ᠤᠯᠠᠨ ᠵᠦᠢᠯ᠎ᠢ ᠨᠦᠬᠦᠬᠦ ᠂ ᠤᠯᠠᠮᠵᠢᠯᠠᠨ ᠴᠡᠭᠡᠵᠢᠯᠡᠭᠦᠯᠬᠦ ᠦᠢᠯᠡᠳᠦᠯ ᠭᠠᠷᠭᠠᠬᠰᠠᠨ ᠪᠠᠶᠢᠳᠠᠭ ᠃ ᠲᠡᠭᠡᠬᠦ᠎ᠪᠠᠷ ᠮᠤᠩᠭᠤᠯ ᠲᠤᠮᠤᠭ ᠪᠤᠯ ᠠᠷᠠᠳ᠎ᠤᠨ ᠠᠮᠠᠨ ᠵᠤᠬᠢᠶᠠᠯ᠎ᠤᠨ ᠲᠤᠳᠤᠷᠠᠬᠢ ᠲᠡᠦᠬᠡ ᠰᠣᠶᠣᠯ᠎ᠤᠨ ᠦᠨ᠎ᠡ ᠴᠡᠨ᠎ᠡ ᠦᠨᠳᠦᠷ ᠰᠣᠩᠭᠤᠳᠠᠭ ᠪᠦᠳᠦᠭᠡᠯ᠎ᠤᠳ ᠪᠤᠯᠤᠨ᠎ᠠ ᠃
⒉ ᠪᠠᠭᠠᠳᠣᠷᠯᠢᠭ ᠲᠤᠤᠯᠢ  ᠪᠠᠭᠠᠳᠣᠷᠯᠢᠭ ᠲᠤᠤᠯᠢ᠎ᠨᠢ ᠮᠤᠩᠭᠤᠯᠴᠤᠳ᠎ᠤᠨ ᠡᠷᠳᠡᠨ᠎ᠤ ᠤᠷᠠᠨ ᠵᠤᠬᠢᠶᠠᠯ᠎ᠤᠨ ᠨᠤᠶᠠᠨ ᠤᠷᠭᠢᠯ᠎ᠢ ᠲᠦᠯᠦᠭᠡᠯᠡᠵᠦ ᠲᠡᠶᠢᠯᠦᠨ᠎ᠡ ᠃ ︽ ᠵᠠᠩᠭᠠᠷ ︾ ᠂ ︽ ᠭᠤᠷᠪᠠᠨ ᠨᠠᠰᠣᠳᠠᠢ ᠭᠤᠨᠠᠭᠠᠨ ᠤᠯᠠᠭᠠᠨ ᠪᠠᠭᠠᠳᠣᠷ ︾ ᠁ ᠭᠡᠬᠦᠴᠢᠯᠡᠨ ᠮᠢᠩᠭ᠎ᠠ᠎ᠪᠠᠷ ᠲᠤᠭᠠᠯᠠᠬᠳᠠᠬᠤ ᠪᠠᠭᠠᠳᠣᠷᠯᠢᠭ ᠲᠤᠤᠯᠢ᠎ᠳ᠋ᠤ ᠮᠤᠩᠭᠤᠯᠴᠤᠳ᠎ᠤᠨ ᠬᠡᠯᠡ ᠂ ᠰᠣᠶᠣᠯ ᠂ ᠰᠡᠳᠭᠢᠬᠦᠢ ᠬᠦᠢᠴᠡᠳ ᠲᠤᠰᠬᠠᠬᠳᠠᠬᠰᠠᠨ᠎ᠢᠶᠠᠷ ᠮᠤᠩᠭᠤᠯ ᠰᠣᠶᠣᠯ ᠢᠷᠭᠡᠨᠰᠢᠯ᠎ᠤᠨ ᠨᠡᠪᠳᠡᠷᠭᠡᠢ ᠲᠤᠯᠢ ᠭᠡᠭᠳᠡᠳᠡᠭ ᠪᠢᠯᠡ ᠃ ︽ ᠰᠡᠷ ᠰᠡᠷ ᠰᠠᠯᠬᠢ᠎ᠲᠠᠢ ᠂ ᠪᠤᠷ ᠪᠤᠷ ᠪᠤᠷᠤᠭᠠᠨ᠎ᠲᠠᠢ ᠂ ᠦᠬᠦᠰᠢ ᠦᠭᠡᠢ ᠮᠦᠩᠭᠡ ᠂ ᠦᠳᠡᠯᠦᠰᠢ ᠦᠭᠡᠢ ᠵᠠᠯᠠᠭᠤ ᠂ ᠦᠭᠡᠭᠦᠷᠡᠰᠢ ᠦᠭᠡᠢ ᠪᠠᠶᠠᠨ ᠂ ᠦᠨᠦᠴᠢᠨ ᠦᠭᠡᠢ ᠦᠨᠢᠷ ︾ ᠪᠠᠶᠢᠳᠠᠭ ︽ ᠠᠷᠤ ᠪᠤᠮᠪᠠ᠎ᠶᠢᠨ ᠤᠷᠤᠨ ︾᠎ᠤ ᠲᠦᠷᠰᠦᠯᠡᠯ᠎ᠨᠢ ᠭᠠᠭᠴᠠ ᠮᠤᠩᠭᠤᠯᠴᠤᠳ᠎ᠤᠨ ᠬᠦᠰᠡᠯ ᠡᠷᠡᠮᠡᠯᠵᠡᠯ ᠪᠤᠰᠤ ᠪᠦᠬᠦ ᠬᠦᠮᠦᠨ ᠲᠦᠷᠦᠯᠬᠢᠳᠡᠨ᠎ᠤ ᠠᠮᠢ ᠨᠠᠰᠣ ᠂ ᠠᠮᠢᠳᠣᠷᠠᠯ ᠨᠡᠶᠢᠭᠡᠮ᠎ᠤᠨ ᠲᠤᠬᠠᠢ ᠬᠦᠰᠡᠯ ᠡᠷᠡᠮᠡᠯᠵᠡᠯ ᠪᠤᠶᠤ ᠃ ᠢᠯᠠᠩᠭᠤᠶ᠎ᠠ ᠮᠤᠩᠭᠤᠯᠴᠤᠳ᠎ᠤᠨ ᠪᠠᠭᠠᠳᠣᠷᠯᠢᠭ ᠵᠤᠷᠢᠭ ᠰᠠᠨᠠᠭ᠎ᠠ ᠂ ᠡᠬᠡ ᠤᠷᠤᠨᠴᠢ ᠵᠤᠷᠢᠭ ᠰᠠᠨᠠᠭ᠎ᠠ ᠵᠤᠬᠢᠶᠠᠯ᠎ᠤᠨ ᠴᠢᠮᠦᠭᠡ᠎ᠨᠢ ᠪᠤᠯᠵᠤ ᠪᠠᠶᠢᠳᠠᠭ᠎ᠢ ᠶᠠᠭᠤᠨ ᠦᠭᠦᠯᠡᠬᠦ ︖
⒊ ᠠᠵᠤ ᠪᠠᠶᠢᠳᠠᠯ᠎ᠤᠨ ᠠᠮᠠᠨ ᠦᠯᠢᠭᠡᠷ ᠪᠠ ᠠᠷᠠᠳ᠎ᠤᠨ ᠲᠠᠭᠤᠤ  ᠬᠡᠯᠡᠨ᠎ᠤ ᠬᠤᠷᠴᠠ ᠂ ᠤᠬᠠᠭᠠᠨ᠎ᠤ ᠰᠡᠷᠭᠦᠯᠡᠩ ᠂ ᠰᠠᠨᠠᠭᠠᠨ᠎ᠤ ᠰᠠᠶᠢᠬᠠᠨ᠎ᠢ ᠡᠷᠬᠢᠮᠯᠡᠨ ᠲᠡᠭᠡᠳᠦᠯᠡᠳᠡᠭ᠎ᠨᠢ ᠮᠤᠩᠭᠤᠯᠴᠤᠳ᠎ᠤᠨ ᠡᠷᠳᠡᠨ᠎ᠡᠴᠠ ᠢᠨᠠᠬᠰᠢᠬᠢ ᠰᠡᠳᠭᠢᠬᠦᠢ ᠂ ᠲᠠᠭᠠᠰᠢᠶᠠᠯ ᠃ ᠲᠡᠷᠡ ᠤᠯᠠᠨ ︽ ᠰᠡᠴᠡᠨ ᠪᠡᠷᠢ᠎ᠶᠢᠨ ᠦᠯᠢᠭᠡᠷ ︾ ᠂ ︽ ᠲᠡᠨᠡᠭ ᠬᠦᠷᠭᠡᠨ᠎ᠤ ᠦᠯᠢᠭᠡᠷ ︾ ᠁᠎ᠨᠢ ᠰᠣᠶᠣᠯᠯᠢᠭ ᠂ ᠠᠷᠤᠤᠬᠠᠨ ᠠᠷᠠᠳ ᠲᠦᠮᠡᠨ᠎ᠤ ᠠᠮᠢᠳᠣᠷᠠᠯ᠎ᠤᠨ ᠦᠩᠭᠡ ᠲᠦᠷᠰᠦ ᠂ ᠤᠶᠤᠨ ᠰᠠᠨᠠᠭᠠᠨ᠎ᠤ ᠶᠢᠷᠳᠢᠨᠴᠤ ᠶᠠᠮᠠᠷᠬᠠᠨ ᠭᠡᠳᠡᠭ᠎ᠢ ᠬᠠᠷᠠᠭᠤᠯᠤᠬᠰᠠᠨ ᠠᠵᠢ ᠃ ︽ ᠤᠷᠤᠰᠤᠮᠠᠯ᠎ᠤᠨ ᠴᠠᠭᠠᠳᠠᠢ ᠂ ᠤᠷᠭᠤᠮᠠᠯ᠎ᠤᠨ ᠨᠠᠭᠠᠳᠠᠢ ᠂ ᠮᠠᠶᠢᠯᠠᠭᠤᠷ᠎ᠢ ᠴᠢᠨᠢ ᠮᠤᠳᠤᠨ ᠰᠡᠭᠦᠯᠳᠦ ᠪᠠᠷᠢᠵᠤ ᠪᠠᠶᠢᠨ᠎ᠠ ᠃ ᠠᠪᠤ᠋ ᠲᠠ ᠲᠡᠯᠳᠦ᠎ᠪᠠᠨ ᠤᠨᠤᠭᠠᠳ ᠭᠠᠯᠳᠣ᠎ᠪᠠᠨ ᠠᠪᠤᠭᠠᠳ ᠲᠦᠷᠭᠡᠨ ᠤᠴᠢᠭᠠᠴᠢ ︾ ᠂ ︽ ᠡᠷ᠎ᠡ ᠦᠭᠡᠷ᠎ᠤᠨ ᠰᠦ᠎ᠪᠠᠷ ᠡᠯᠢᠭᠡᠨ ᠲᠠᠷᠠᠭ ᠪᠦᠷᠢᠵᠦ ᠪᠤᠯᠤᠭᠠᠳ ᠡᠷ᠎ᠡ ᠬᠦᠮᠦᠨ ᠨᠢᠷᠠᠶᠢᠯᠵᠤ ᠬᠦᠩᠭᠡᠵᠢᠵᠦ ᠪᠤᠯᠬᠤ ᠦᠭᠡᠢ ᠭᠡᠵᠦ ᠬᠡᠨ ᠬᠡᠯᠡᠪᠡ ︖ ︾ ᠁ ᠭᠡᠬᠦᠴᠢᠯᠡᠨ ᠤᠬᠠᠭᠠᠨ᠎ᠤ ᠬᠤᠷᠴᠠ ᠂ ᠤᠶᠤᠨ᠎ᠤ ᠰᠡᠷᠭᠦᠯᠡᠩ ᠂ ᠬᠡᠯᠡᠨ᠎ᠤ ᠤᠷᠠᠨ ᠪᠠᠶᠠᠯᠢᠭ᠎ᠢ ᠭᠠᠶᠢᠬᠠᠭᠤᠯᠤᠬᠰᠠᠨ ᠡᠶᠢᠮᠦᠷᠭᠦᠦ ᠦᠯᠢᠭᠡᠷ᠎ᠤᠳ᠎ᠨᠢ ᠠᠷᠠᠳᠴᠢ ᠰᠢᠨᠵᠢ᠎ᠲᠠᠢ ᠂ ᠠᠮᠢᠳᠣᠷᠠᠯ᠎ᠲᠠᠢ ᠤᠶᠢᠷ᠎ᠠ ᠂ ᠠᠭᠤᠯᠭ᠎ᠠ᠎ᠪᠠᠷ ᠪᠠᠶᠠᠯᠢᠭ ᠪᠠᠶᠢᠳᠠᠭ ᠃ ᠡᠶᠢᠮᠦᠷᠭᠦᠦ ᠠᠷᠠᠳᠴᠢ ᠰᠢᠨᠵᠢ᠎ᠲᠠᠢ ᠂ ᠠᠭᠤᠯᠭ᠎ᠠ᠎ᠪᠠᠷ ᠪᠠᠶᠠᠯᠢᠭ ᠂ ᠠᠷᠠᠳ ᠲᠦᠮᠡᠨ᠎ᠤ ᠰᠡᠳᠭᠢᠯ ᠵᠢᠷᠦᠬᠡᠨ᠎ᠤ ᠴᠤᠤᠷᠢᠶ᠎ᠠ ᠪᠤᠯᠤᠬᠰᠠᠨ ᠪᠠᠰᠠ ᠨᠢᠭᠡ ᠵᠦᠢᠯ᠎ᠤᠨ ᠤᠷᠠᠨ ᠪᠦᠳᠦᠭᠡᠯ᠎ᠨᠢ ᠠᠷᠠᠳ᠎ᠤᠨ ᠲᠠᠭᠤᠤ ᠶᠤᠮ ᠃ ᠪᠠᠭᠠᠳᠣᠷ᠎ᠤᠨ ᠲᠠᠭᠤᠤ ︽ ᠭᠠᠳᠠ ᠮᠡᠶᠢᠷᠡᠨ ︾᠎ᠡᠴᠠ ᠡᠬᠢᠯᠡᠨ ᠢᠨᠠᠭ᠎ᠤᠨ ᠲᠠᠭᠤᠤ ︽ ᠯᠦᠩᠮᠸᠢ ︾᠎ᠳ᠋ᠤ ᠬᠦᠷᠳᠡᠯ᠎ᠡ ᠶᠤᠰᠤᠳᠠᠢ ᠲᠤᠭᠠᠯᠠᠬᠤ᠎ᠶᠢᠨ ᠠᠷᠭ᠎ᠠ ᠦᠭᠡᠢ ᠤᠯᠠᠨ ᠰᠢᠯᠢᠳᠡᠭ ᠰᠣᠳᠣᠨ ᠪᠦᠳᠦᠭᠡᠯ᠎ᠤᠳ ᠪᠤᠢ ᠃
ᠬᠤᠶᠠᠷ ᠂ ᠪᠢᠴᠢᠭ᠎ᠤᠨ ᠵᠤᠬᠢᠶᠠᠯ᠎ᠤᠨ ᠰᠣᠩᠭᠤᠳᠠᠭ ᠪᠦᠳᠦᠭᠡᠯ᠎ᠤᠳ
⒈ ᠲᠡᠦᠬᠡᠨ ᠨᠠᠶᠢᠷᠠᠭᠤᠯᠤᠯ᠎ᠤᠳ  ︽ ᠮᠤᠩᠭᠤᠯ᠎ᠤᠨ ᠨᠢᠭᠤᠴᠠ ᠲᠤᠪᠴᠢᠶᠠᠨ ︾᠎ᠢᠶᠠᠷ ᠲᠦᠯᠦᠭᠡᠯᠡᠭᠴᠢ ᠪᠤᠯᠭᠠᠬᠰᠠᠨ ᠲᠤᠮᠳᠠᠳᠣ ᠵᠠᠭᠤᠨ᠎ᠤ ᠲᠡᠷᠡ ᠤᠯᠠᠨ ᠲᠡᠦᠬᠡᠨ ᠨᠠᠶᠢᠷᠠᠭᠤᠯᠤᠯ᠎ᠨᠢ ᠮᠤᠩᠭᠤᠯ᠎ᠤᠨ ᠡᠷᠳᠡᠨ᠎ᠤ ᠪᠢᠴᠢᠭ᠎ᠤᠨ ᠵᠤᠬᠢᠶᠠᠯ᠎ᠤᠨ ᠤᠷᠭᠢᠯ᠎ᠢ ᠪᠦᠳᠦᠭᠡᠭᠰᠡᠨ᠎ᠢᠶᠠᠷ ᠪᠠᠷᠠᠬᠤ ᠦᠭᠡᠢ ᠂ ᠦᠨᠳᠦᠰᠦᠳᠡᠨ᠎ᠤ ᠲᠡᠦᠬᠡ ᠰᠣᠶᠣᠯ᠎ᠤᠨ ᠤᠯᠠᠷᠢᠯ ᠬᠤᠪᠢᠰᠣᠯ᠎ᠤᠨ ᠵᠠᠮ ᠮᠦᠷ᠎ᠢ ᠲᠤᠳᠤᠷᠠᠭᠤᠯᠤᠨ ᠦᠯᠡᠳᠡᠭᠡᠭᠰᠡᠨ ᠶᠤᠮ ᠃ ᠲᠠᠷᠤᠢ ᠡᠳᠡᠭᠡᠷ ᠲᠡᠦᠬᠡᠨ ᠨᠠᠶᠢᠷᠠᠭᠤᠯᠤᠯ᠎ᠤᠳ ᠤᠷᠠᠨ ᠵᠤᠬᠢᠶᠠᠯ᠎ᠤᠨ ᠦᠷᠳᠡᠭ ᠦᠨᠳᠦᠷ᠎ᠢᠶᠠᠷ ᠪᠠᠷᠠᠬᠤ ᠦᠭᠡᠢ ᠲᠡᠦᠬᠡ᠎ᠶᠢᠨ ᠦᠷᠳᠡᠭ ᠴᠤ ᠦᠨᠳᠦᠷ ᠃ ᠤᠷᠤᠰ᠎ᠤᠨ ᠡᠷᠳᠡᠮᠳᠡᠨ ᠸᠯᠠᠳᠢᠮᠢᠷᠼᠤᠸ ︽ ᠲᠤᠮᠳᠠᠳᠣ ᠵᠠᠭᠤᠨ᠎ᠤ ᠦᠶ᠎ᠡ᠎ᠳ᠋ᠤ ᠁ ︿ ᠨᠢᠭᠤᠴᠠ ᠲᠤᠪᠴᠢᠶᠠᠨ ﹀᠎ᠤ ᠠᠳᠠᠯᠢ᠎ᠪᠠᠷ ᠵᠢᠩᠭᠢᠨᠢ ᠠᠮᠢᠳᠣᠷᠠᠯ᠎ᠢ ᠲᠤᠳᠤᠷᠬᠠᠢ ᠲᠦᠷᠰᠦᠯᠡᠨ ᠦᠵᠡᠭᠦᠯᠦᠭᠰᠡᠨ ᠲᠤᠷᠠᠰᠬᠠᠯᠳᠣ ᠪᠢᠴᠢᠭ᠎ᠢ ᠨᠢᠭᠡ ᠴᠦ ᠨᠡᠭᠦᠳᠡᠯᠴᠢᠨ ᠦᠨᠳᠦᠰᠦᠳᠡᠨ ᠦᠯᠡᠳᠡᠭᠡᠭᠰᠡᠨ ᠦᠭᠡᠢ ᠁ ︾ ᠭᠡᠵᠦ ᠪᠢᠴᠢᠵᠦ ᠦᠩᠭᠡᠷᠡᠵᠡᠢ ᠃ ︽ ᠮᠤᠩᠭᠤᠯ᠎ᠤᠨ ᠨᠢᠭᠤᠴᠠ ᠲᠤᠪᠴᠢᠶᠠᠨ ︾ ᠪᠤᠯ ᠲᠤᠮᠳᠠᠳᠣ ᠵᠠᠭᠤᠨ᠎ᠤ ᠦᠶ᠎ᠡ᠎ᠶᠢᠨ ᠮᠤᠩᠭᠤᠯ ᠤᠷᠠᠨ ᠵᠤᠬᠢᠶᠠᠯ᠎ᠤᠨ ᠤᠬᠢ ᠰᠣᠳᠣᠨ ᠪᠦᠳᠦᠭᠡᠯ ᠮᠦᠷᠳᠡᠭᠡᠨ ᠲᠡᠯᠡᠬᠡᠢ᠎ᠶᠢᠨ ᠤᠷᠠᠨ ᠵᠤᠬᠢᠶᠠᠯ᠎ᠤᠨ ᠴᠤ ᠤᠬᠢ ᠰᠣᠳᠣᠨ ᠪᠦᠳᠦᠭᠡᠯ ᠃
⒉ ᠢᠨᠵᠠᠨᠨᠠᠰᠢ᠎ᠶᠢᠨ ᠲᠦᠷᠪᠡᠨ ᠷᠤᠮᠠᠨ  ᠠᠷᠪᠠ ᠶᠢᠰᠦᠳᠦᠭᠡᠷ ᠵᠠᠭᠤᠨ᠎ᠳ᠋ᠤ ᠪᠦᠳᠦᠭᠡᠭᠳᠡᠭᠰᠡᠨ ︽ ᠶᠡᠭᠡ ᠶᠤᠸᠠᠨ ᠤᠯᠤᠰ᠎ᠤᠨ ᠮᠠᠨᠳᠣᠬᠰᠠᠨ ᠲᠦᠷᠦ᠎ᠶᠢᠨ ᠬᠦᠭᠡ ᠰᠣᠳᠣᠷ ︾ ᠲᠡᠷᠢᠭᠦᠳᠡᠨ ᠲᠦᠷᠪᠡᠨ ᠪᠦᠯᠦᠭᠳᠦ ᠷᠤᠮᠠᠨ ᠵᠢᠴᠢ ᠲᠡᠷᠡ ᠤᠯᠠᠨ ᠬᠡᠮᠵᠢᠶᠡᠳᠦ ᠰᠢᠯᠦᠭ ᠪᠤᠯ ᠪᠠᠰᠠᠴᠤ ᠮᠤᠩᠭᠤᠯ ᠤᠷᠠᠨ ᠵᠤᠬᠢᠶᠠᠯ᠎ᠤᠨ ᠨᠤᠶᠠᠨ ᠤᠷᠭᠢᠯ ᠃ ᠲᠡᠳᠡᠭᠡᠷ ᠵᠤᠬᠢᠶᠠᠯ ᠲᠤᠬᠠᠢ᠎ᠶᠢᠨ ᠲᠡᠷᠡ ᠴᠠᠭ ᠦᠶ᠎ᠡ᠎ᠶᠢᠨ᠎ᠢᠶᠡᠨ ᠬᠤᠭᠤᠰᠤᠨ᠎ᠢ ᠨᠦᠬᠦᠭᠰᠡᠨ ᠮᠦᠷᠳᠡᠭᠡᠨ ᠤᠷᠠᠯᠢᠭ᠎ᠤᠨ ᠨᠤᠶᠠᠨ ᠤᠷᠭᠢᠯ᠎ᠢ ᠪᠦᠳᠦᠭᠡᠭᠰᠡᠨ ᠪᠠᠢᠳᠠᠭ ᠃
⒊ ᠰᠡᠭᠡᠭᠡᠷᠡᠭᠦᠯᠬᠦ ᠦᠵᠡᠯ᠎ᠤᠨ ᠤᠷᠠᠨ ᠪᠦᠳᠦᠭᠡᠯ᠎ᠤᠳ  ᠮᠤᠩᠭᠤᠯ᠎ᠤᠨ ᠤᠷᠴᠢᠨ ᠦᠶ᠎ᠡ᠎ᠶᠢᠨ ᠤᠷᠠᠨ ᠵᠤᠬᠢᠶᠠᠯ᠎ᠢ ᠰᠡᠭᠡᠭᠡᠷᠡᠭᠦᠯᠬᠦ ᠦᠵᠡᠯ᠎ᠤᠨ ᠤᠷᠠᠨ ᠵᠤᠬᠢᠶᠠᠯ ᠭᠡᠳᠡᠭ ᠃ ᠲᠤᠭᠤᠵᠢᠰ᠎ᠡᠴᠠ ᠷᠢᠨᠴᠢᠨᠬᠤᠷᠯᠤ᠎ᠶᠢᠨ ︽ ᠭᠠᠰᠢᠭᠤᠨ᠎ᠤ ᠲᠤᠳᠤᠷᠠᠬᠢ ᠲᠡᠯᠴᠢᠯᠡᠭᠴᠢ ᠬᠡᠮᠡᠬᠦ ᠦᠯᠢᠭᠡᠷ ︾ ᠬᠡᠮᠡᠬᠦ ᠲᠤᠭᠤᠵᠢ ᠂ ᠨᠠᠶᠢᠷᠠᠭᠤᠯᠤᠯ᠎ᠡᠴᠠ ᠰᠠᠶᠢᠴᠤᠩᠭ᠎ᠠ᠎ᠶᠢᠨ ︽ ᠡᠯᠡᠰᠦ ᠮᠠᠩᠬᠠᠨ᠎ᠤ ᠡᠬᠡ ᠨᠤᠳᠤᠭ ︾ ᠂ ︽ ᠮᠠᠨ᠎ᠤ ᠮᠤᠩᠭᠤᠯ᠎ᠤᠨ ᠮᠠᠨᠳᠣᠬᠤ ᠲᠠᠭᠤᠨ ︾ ᠁ ᠮᠡᠳᠦᠰ ᠂ ᠰᠢᠯᠦᠭ᠎ᠡᠴᠠ ᠡᠷᠳᠡᠨᠢᠳᠣᠬᠳᠠᠬᠤ᠎ᠶᠢᠨ ︽ ᠬᠦᠭᠡ ᠮᠤᠩᠭᠤᠯ᠎ᠤᠨ ᠬᠡᠦᠬᠡᠳ᠎ᠤᠨ ᠰᠣᠷᠳᠠᠯ ︾ ᠂ ᠭᠠᠮᠠᠯᠠ᠎ᠶᠢᠨ ︽ ᠪᠦᠭᠡ᠎ᠶᠢᠨ ᠬᠤᠯᠪᠤᠭ᠎ᠠ ︾ ᠲᠡᠷᠢᠭᠦᠳᠡᠨ ᠁ ᠮᠠᠰᠢ ᠤᠯᠠᠨ ᠰᠢᠯᠢᠳᠡᠭ ᠰᠤᠳᠤᠨ ᠪᠦᠳᠦᠭᠡᠯ ᠪᠤᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠷᠢᠭᠤᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面