ᠲᠡᠷᠢᠭᠦᠨ ᠨᠢᠭᠤᠷ>ᠮᠣᠩᠭᠣᠯ ᠰᠣᠳᠣᠯᠣᠯ>ᠮᠤᠩᠭᠤᠯᠴᠢ ᠡᠷᠳᠡᠮᠲᠡᠳ

2020-04-23 18:00:29

ᠵᠣᠬᠢᠶᠠᠭ᠍ᠴᠢ᠄ ᠤ᠊ · ᠠᠯᠳᠠᠩᠭᠤᠸ᠎ᠠ ᠣᠩᠱᠢᠭ᠍ᠰᠠᠨ ᠣᠳᠠᠭ᠎ᠠ᠄ 3


● ᠤ᠊ · ᠠᠯᠳᠠᠩᠭᠤᠸ᠎ᠠ



ᠤ · ᠠᠯᠳᠠᠩᠭᠤᠸ᠎ᠠ ᠄ ᠤᠯᠠᠭᠠᠨᠬᠠᠳᠠ ᠬᠤᠳᠠ᠎ᠶᠢᠨ ᠤᠩᠨᠢᠭᠤᠳ ᠬᠤᠰᠢᠭᠤ᠎ᠪᠠᠷ ᠨᠤᠳᠤᠭᠳᠠᠢ ᠃ ︽ ᠤᠰᠤᠨ᠎ᠤ ᠬᠡ ︾ ᠬᠡᠬᠦ ᠦᠬᠦᠯᠡᠯᠬᠡ᠎ᠶᠢᠨ ᠲᠡᠬᠦᠪᠦᠷᠢ ᠪᠠ ︽ ᠠᠵᠠ ᠵᠢᠷᠭᠠᠯ᠎ᠤᠨ ᠮᠤᠳᠤᠨ ︾ ᠂ ︽ ᠡᠪᠡᠰᠦᠨ᠎ᠤ ᠦᠨᠦᠷ ︾ ᠬᠡᠬᠦ ᠬᠤᠶᠠᠷ ᠨᠠᠶᠢᠷᠠᠭᠤᠯᠤᠯ᠎ᠤᠨ ᠲᠡᠬᠦᠪᠦᠷᠢ᠎ ᠲᠠᠢ ᠃
ᠠᠩᠬᠠᠳᠤᠭᠠᠷ ᠤᠳᠠᠭᠠᠨ᠎ᠤ ︽ ᠤᠩᠨᠢᠭᠤᠳ ︾ ᠨᠡᠷᠡᠮᠵᠢᠳᠦ ᠤᠬᠤᠷ ᠦᠬᠦᠯᠡᠯᠬᠡ᠎ᠶᠢᠨ ᠤᠷᠤᠯᠳᠤᠭᠠᠨ ᠂ ᠠᠩᠬᠠᠳᠤᠭᠠᠷ ᠤᠳᠠᠭᠠᠨ᠎ᠤ ︽ ᠦᠪᠦᠷ ᠮᠤᠩᠭᠤᠯ᠎ᠤᠨ ᠵᠠᠯᠠᠭᠤᠴᠤᠳ ︾ ᠨᠡᠷᠡᠮᠵᠢᠳᠦ ᠪᠢᠴᠢᠯ ᠦᠬᠦᠯᠡᠯᠬᠡ᠎ᠶᠢᠨ ᠤᠷᠤᠯᠳᠤᠭᠠᠨ ᠵᠡᠷᠬᠡ᠎ᠳ᠋ᠤ ᠱᠠᠩᠨᠠᠯ ᠬᠦᠷᠳᠡᠵᠦ ᠪᠠᠢᠵᠠᠢ ᠃

ᠤᠷᠠᠨ ᠵᠤᠬᠢᠶᠠᠯ᠎ᠢ ᠨᠡᠶᠢᠳᠡ᠎ᠶᠢᠨ ᠤᠷᠠᠨ ᠵᠤᠬᠢᠶᠠᠯ ᠂ ᠬᠡᠬᠡᠨᠴᠢᠷ ᠤᠷᠠᠨ ᠵᠤᠬᠢᠶᠠᠯ ᠂ ᠰᠤᠩᠭᠤᠮᠠᠯ ᠤᠷᠠᠨ ᠵᠤᠬᠢᠶᠠᠯ ᠂ ᠰᠤᠩᠭᠤᠳᠠᠭ ᠤᠷᠠᠨ ᠵᠤᠬᠢᠶᠠᠯ ᠬᠡᠵᠦ ᠲᠦᠷᠪᠡᠨ ᠲᠦᠷᠦᠯ ᠬᠤᠪᠢᠶᠠᠳᠠᠭ ᠃ ᠡᠨᠡ ᠲᠦᠷᠪᠡᠨ ᠲᠦᠷᠦᠯ᠎ᠤᠨ ᠵᠤᠬᠢᠶᠠᠯ ᠲᠤᠳᠤᠷ᠎ᠠ᠎ᠡᠴᠠ ᠤᠯᠠᠨ ᠨᠡᠶᠢᠳᠡ᠎ᠶᠢᠨ ᠤᠷᠠᠨ ᠵᠤᠬᠢᠶᠠᠯ᠎ᠨᠢ ᠬᠠᠮᠤᠭ ᠤᠷᠢᠳ᠎ᠢᠶᠠᠷ ᠪᠤᠢ ᠪᠤᠯᠤᠨ᠎ᠠ ᠃ ᠤᠯᠠᠨ ᠨᠡᠶᠢᠳᠡ᠎ᠶᠢᠨ ᠤᠷᠠᠨ ᠵᠤᠬᠢᠶᠠᠯ᠎ᠡᠴᠠ ᠤᠩᠰᠢᠭᠴᠢ᠎ᠶᠢᠨ ᠲᠠᠭᠠᠰᠢᠶᠠᠯ᠎ᠳ᠋ᠤ ᠬᠦᠷᠬᠦ ᠬᠡᠬᠡᠨᠴᠢᠷ ᠤᠷᠠᠨ ᠵᠤᠬᠢᠶᠠᠯ ᠪᠤᠢ ᠪᠤᠯᠤᠨ᠎ᠠ ᠃ ᠬᠡᠬᠡᠨᠴᠢᠷ ᠤᠷᠠᠨ ᠵᠤᠬᠢᠶᠠᠯ᠎ᠡᠴᠠ ᠵᠠᠷᠢᠮ ᠬᠡᠰᠡᠭ᠎ᠨᠢ ᠰᠢᠭᠰᠢᠭᠳᠡᠵᠦ ᠰᠤᠩᠭᠤᠮᠠᠯ ᠤᠷᠠᠨ ᠵᠤᠬᠢᠶᠠᠯ ᠪᠤᠯᠳᠠᠭ ᠃ ᠰᠤᠩᠭᠤᠮᠠᠯ ᠤᠷᠠᠨ ᠵᠤᠬᠢᠶᠠᠯ ᠲᠤᠳᠤᠷ᠎ᠠ᠎ᠡᠴᠠ ᠦᠶ᠎ᠡ ᠦᠶ᠎ᠡ᠎ᠶᠢᠨ ᠤᠩᠰᠢᠭᠴᠢ᠎ᠶᠢᠨ ᠬᠦᠯᠢᠶᠡᠨ ᠵᠦᠪᠰᠢᠶᠡᠷᠡᠳᠡᠭ ᠰᠤᠩᠭᠤᠳᠠᠭ ᠤᠷᠠᠨ ᠵᠤᠬᠢᠶᠠᠯ ᠮᠡᠨᠳᠦᠯᠡᠳᠡᠭ ᠃ ᠲᠡᠶᠢᠮᠦ᠎ᠡᠴᠠ ᠪᠦᠬᠦ ᠲᠦᠷᠦᠯ᠎ᠤᠨ ᠵᠤᠬᠢᠶᠠᠯ ᠲᠤᠳᠤᠷ᠎ᠠ ᠮᠦᠩᠬᠡ ᠦᠯᠡᠳᠡᠵᠦ ᠲᠡᠶᠢᠯᠬᠦ᠎ᠨᠢ ᠭᠠᠭᠴᠠ ᠰᠤᠩᠭᠤᠳᠠᠭ ᠤᠷᠠᠨ ᠵᠤᠬᠢᠶᠠᠯ ᠪᠤᠯᠬᠤ ᠶᠤᠮ ᠃ ᠡᠬᠦᠨ᠎ᠡᠴᠠ ᠪᠢᠳᠡ ᠵᠢᠩᠬᠢᠨᠢ ᠰᠠᠶᠢᠨ ᠤᠷᠠᠨ ᠵᠤᠬᠢᠶᠠᠯ᠎ᠤᠨ ᠰᠢᠯᠭᠠᠭᠤᠷ ᠪᠤᠯ ᠴᠠᠭ ᠬᠤᠭᠤᠴᠠᠭ᠎ᠠ ᠪᠤᠯᠬᠤ᠎ᠶᠢ ᠮᠡᠳᠡᠵᠦ ᠲᠡᠶᠢᠯᠦᠨ᠎ᠡ ᠃ ᠳ᠋ᠤᠰᠲᠤᠶᠸᠧᠰᠺᠢ᠎ᠶᠢᠨ ︽ ᠺᠠᠷᠠᠮᠠᠽᠥᠸ᠎ᠤᠨ ᠬᠦᠪᠡᠬᠦᠳ ︾ ᠂ ᠤᠰᠺᠡᠷ ᠸᠠᠶᠢᠯᠳ᠋᠎ᠤᠨ ︽ ᠳ᠋ᠤᠷᠶᠠᠨ ᠭᠷᠸᠢ᠎ᠶᠢᠨ ᠬᠦᠷᠦᠭ ︾ ᠂ ᠺᠠᠹᠺᠠ᠎ᠶᠢᠨ ︽ ᠴᠠᠶᠢᠵᠠ ︾ ᠂ ︽ ᠰᠢᠬᠦᠬᠦ ᠠᠵᠢᠯᠯᠠᠬ᠌᠎ᠠ ︾ ᠂ ᠠ᠊ · ᠴᠧᠬᠤᠸ᠎ᠤᠨ ︽ ᠭᠦᠷᠪᠡᠯ ︾ ᠂ ᠤ᠊ · ᠾᠧᠩᠷᠢ᠎ᠶᠢᠨ ︽ ᠡᠴᠦᠰ᠎ᠤᠨ ᠨᠠᠪᠴᠢ ︾ ᠂ ︽ ᠮᠧᠭᠢ᠎ᠶᠢᠨ ᠪᠡᠯᠡᠭ ︾ ᠂ ᠮᠠᠤᠫᠠᠰᠰᠠᠨ᠎ᠤ ︽ ᠦᠭᠡᠬᠦᠨ ᠪᠦᠮᠪᠦᠭᠡ ︾ ᠂ ︽ ᠰᠤᠨᠳᠤᠷ ︾ ᠂ ︽ ᠮᠢᠨᠤ ᠠᠪᠠᠭ᠎ᠠ ᠷᠦᠷ ︾ ᠁ ᠮᠡᠳᠦ᠎ᠶᠢᠨ ᠤᠯᠠᠨ ᠤᠯᠠᠨ ᠰᠤᠩᠭᠤᠳᠠᠭ ᠵᠤᠬᠢᠶᠠᠯ ᠪᠤᠯ ᠬᠡᠵᠢᠶᠡᠳᠡ ᠴᠤ ᠲᠠᠪᠳᠠᠭᠳᠠᠰᠢ ᠦᠬᠡᠢ ᠤᠷᠠᠯᠢᠭ ᠪᠤᠯᠬᠤ᠎ᠶᠢ ᠴᠠᠭ ᠬᠤᠭᠤᠴᠠᠭ᠎ᠠ ᠨᠢᠬᠡᠨᠳᠡ ᠬᠡᠷᠡᠴᠢᠯᠡᠵᠡᠢ ᠃
ᠮᠦᠷᠠᠰᠠᠺᠢ ᠰᠢᠺᠢᠪᠦ᠋᠎ᠶᠢᠨ ︽ ᠬᠡᠩᠵᠢ᠎ᠶᠢᠨ ᠲᠤᠮᠤᠭ ︾ ᠬᠡᠰᠡᠨ ᠷᠤᠮᠠᠨ᠎ᠢ ᠪᠢ ᠲᠤᠩ ᠪᠠᠭ᠋ᠠᠷᠬᠠᠳᠠᠭ ᠃ ︽ ᠬᠡᠩᠵᠢ᠎ᠶᠢᠨ ᠲᠤᠮᠤᠭ ︾ ᠪᠤᠯ ᠠᠷᠪᠠᠨ ᠨᠢᠬᠡᠳᠦᠬᠡᠷ ᠵᠠᠭᠤᠨ᠎ᠳ᠋ᠤ ᠪᠢᠴᠢᠭᠳᠡᠭᠰᠡᠨ ᠲᠠᠪᠢᠨ ᠲᠦᠷᠪᠡᠨ ᠪᠦᠯᠦᠭ᠎ᠢᠶᠠᠷ ᠪᠦᠷᠢᠯᠳᠦᠭᠰᠡᠨ ᠵᠠᠭᠤᠨ ᠲᠦᠮᠡ ᠭᠠᠷᠤᠢ ᠦᠰᠦᠭ᠎ᠲᠠᠢ ᠶᠠᠫᠤᠨ᠎ᠤ ᠠᠩᠬᠠᠨ᠎ᠤ ᠰᠤᠩᠭᠤᠳᠠᠭ ᠵᠤᠬᠢᠶᠠᠯ ᠪᠤᠯᠬᠤ ᠶᠤᠮ ᠃ ᠲᠤᠰ ᠷᠤᠮᠠᠨ᠎ᠳ᠋ᠤ ᠬᠠᠭᠠᠨ᠎ᠤ ᠬᠦᠦ ᠬᠡᠩᠵᠢ᠎ᠶᠢᠨ ᠠᠮᠢᠳᠤᠷᠠᠯ ᠪᠠ ᠤᠯᠠᠨ ᠡᠮᠡᠭᠳᠡᠢ᠎ᠶᠢᠨ ᠬᠤᠭᠤᠷᠤᠨᠳᠤᠬᠢ ᠬᠠᠶᠢᠷ᠎ᠠ ᠰᠡᠳᠬᠢᠯᠬᠡ᠎ᠶᠢᠨ ᠦᠯᠢᠬᠡᠷ᠎ᠢ ᠪᠢᠴᠢᠬᠦ᠎ᠪᠠᠷ ᠲᠠᠮᠵᠢᠭᠤᠯᠵᠦ ᠶᠠᠫᠤᠨ᠎ᠤ ᠬᠠᠮᠤᠭ ᠬᠦᠭᠵᠢᠯ᠎ᠲᠠᠢ ᠦᠶ᠎ᠡ᠎ᠶᠢᠨ ᠬᠠᠭᠠᠨ᠎ᠤ ᠰᠢᠳᠡᠷ ᠲᠦᠰᠢᠮᠡᠳ ᠪᠠ ᠬᠠᠳᠤᠳ᠎ᠤᠨ ᠬᠤᠭᠤᠷᠤᠨᠳᠤᠬᠢ ᠡᠷᠬᠡ᠎ᠶᠢᠨ ᠲᠡᠮᠡᠴᠡᠯ ᠂ ᠤᠷᠳᠤᠨ᠎ᠤ ᠬᠡᠬᠡᠨᠴᠢᠷ ᠡᠷᠬᠢᠮᠰᠦᠭ ᠮᠦᠷᠳᠡᠯ᠎ᠡ᠎ᠪᠠᠨ ᠲᠤᠷᠤᠶᠢᠳᠠᠮᠠᠯ ᠪᠠᠶᠢᠳᠠᠯ ᠪᠠ ᠰᠢᠨᠤᠯ᠎ᠡᠴᠠ᠎ᠪᠠᠨ ᠪᠤᠯᠵᠦ ᠬᠦᠮᠤᠨ ᠴᠢᠨᠠᠷ᠎ᠢᠶᠡᠨ ᠠᠯᠳᠠᠭᠰᠠᠨ ᠲᠤᠬᠠᠢ᠎ᠶᠢᠨ ᠴᠠᠭ ᠦᠶ᠎ᠡ᠎ᠶᠢᠨ ᠬᠦᠮᠤᠰ᠎ᠤᠨ ᠦᠨᠡᠨ ᠲᠦᠷᠢ᠎ᠶᠢ ᠢᠯᠡᠴᠢᠯᠡᠵᠡᠢ ᠃ ᠬᠡᠩᠵᠢ ᠪᠤᠯ ᠬᠠᠭᠠᠨ᠎ᠤ ᠬᠠᠶᠢᠷᠠᠳᠠᠢ ᠬᠠᠳᠤᠨ᠎ᠡᠴᠠ ᠲᠦᠷᠦᠭᠰᠡᠨ ᠬᠦᠦ ᠤᠴᠢᠷ ᠪᠠᠶᠢᠷᠢ ᠰᠠᠭᠤᠷᠢ᠎ᠪᠠᠷ ᠬᠠᠮᠤᠭ ᠦᠨᠳᠦᠷ ᠬᠠᠭᠠᠨ᠎ᠤ ᠨᠦᠬᠦᠬᠡ ᠬᠠᠳᠤᠨ᠎ᠤ ᠬᠢᠬᠠᠯ ᠲᠠᠷᠤᠯᠠᠯ᠎ᠢ ᠬᠠᠨᠳᠠᠯ᠎ᠠ ᠠᠮᠰᠠᠭᠰᠠᠨ ᠪᠢᠯᠡ ᠃ ᠲᠤᠰ ᠷᠤᠮᠠᠨ᠎ᠤ ᠲᠦᠷᠢ ᠪᠦᠳᠦᠬᠡᠯᠳᠡ᠎ᠨᠢ ᠠᠮᠵᠢᠯᠳᠠ᠎ᠳ᠋ᠤ ᠬᠦᠷᠦᠯ᠎ᠡ ᠬᠡᠵᠦ ᠪᠢ ᠪᠤᠳᠤᠳᠠᠭ ᠂ ᠵᠤᠬᠢᠶᠠᠭᠴᠢ᠎ᠡᠴᠠ ᠬᠠᠵᠠᠭᠤ᠎ᠡᠴᠠ ᠵᠢᠷᠤᠭᠯᠠᠬᠤ ᠠᠷᠭ᠎ᠠ᠎ᠪᠠᠷ ᠭᠤᠤᠯᠳᠠᠭᠤᠯᠵᠦ ᠂ ᠬᠡᠩᠵᠢ᠎ᠶᠢᠨ ᠰᠡᠴᠡᠨ ᠰᠡᠷᠬᠦᠯᠡᠩ ᠂ ᠬᠡᠳᠦᠶᠢᠳᠦᠭᠰᠡᠨ ᠠᠪᠢᠶᠠᠰ ᠪᠢᠯᠢᠭ ᠂ ᠠᠮᠢᠳᠤᠷᠠᠯ ᠲᠡᠮᠡᠴᠡᠯ ᠬᠢᠬᠡᠳ ᠲᠤᠩ ᠤᠯᠠᠨ ᠭᠤᠸ᠎ᠠ ᠰᠠᠶᠢᠬᠠᠨ ᠡᠮᠡᠭᠳᠡᠢ᠎ᠶᠢᠨ ᠲᠦᠷᠢ᠎ᠶᠢ ᠠᠮᠵᠢᠯᠳᠠ᠎ᠲᠠᠢ ᠪᠦᠳᠦᠬᠡᠵᠡᠢ ᠃ ︽ ᠬᠡᠩᠵᠢ᠎ᠶᠢᠨ ᠲᠤᠮᠤᠭ ︾᠎ᠢ ᠪᠢ ᠶᠡᠭᠡ ᠰᠤᠷᠭᠠᠭᠤᠯᠢ᠎ᠳ᠋ᠤ ᠪᠠᠶᠢᠬᠤ᠎ᠳᠠᠭᠠᠨ ᠤᠯᠵᠦ ᠤᠩᠰᠢᠭᠰᠠᠨ ᠪᠢᠯᠡ ᠂ ᠲᠤᠬᠠᠢ᠎ᠶᠢᠨ ᠦᠶ᠎ᠡ᠎ᠳ᠋ᠤ ᠲᠤᠰ ᠷᠤᠮᠠᠨ᠎ᠢ ᠤᠩᠰᠢᠬᠤ᠎ᠳ᠋ᠤ ᠲᠤᠮᠳᠠᠳᠤ ᠤᠯᠤᠰ᠎ᠤᠨ ᠰᠤᠩᠭᠤᠳᠠᠭ ᠵᠤᠬᠢᠶᠠᠯ ︽ ᠤᠯᠠᠭᠠᠨ ᠠᠰᠠᠷ᠎ᠤᠨ ᠵᠡᠬᠦᠳᠦ ︾ ᠪᠠ ᠮᠤᠩᠭᠤᠯ ᠦᠨᠳᠦᠰᠦᠳᠡᠨ᠎ᠤ ︽ ᠨᠢᠬᠡᠨ ᠲᠠᠪᠬᠤᠷ ᠠᠰᠠᠷ ︾ ᠲᠤᠳᠤᠷᠠᠬᠢ ᠲᠡᠬᠡᠳᠦ ᠲᠠᠪᠬᠤᠷᠭᠠᠳᠠᠳ᠎ᠤᠨ ᠠᠮᠢᠳᠤᠷᠠᠯ ᠵᠢᠷᠤᠭᠯᠠᠯ ᠂ ᠵᠤᠬᠢᠶᠠᠯ᠎ᠤᠨ ᠪᠠᠭᠠᠳᠤᠷ ᠪᠤᠤ ᠢᠦᠢ ᠂ ᠫᠦ᠋ ᠢᠦᠢ ᠪᠠ ᠵᠤᠬᠢᠶᠠᠯ ᠲᠤᠳᠤᠷᠠᠬᠢ ᠡᠮᠡᠭᠳᠡᠶᠢᠴᠤᠳ᠎ᠤᠨ ᠲᠦᠷᠢ᠎ᠨᠢ ᠤᠢ ᠰᠠᠭᠤᠭᠳᠠᠯ᠎ᠳ᠋ᠤ ᠪᠠᠶᠢᠨ ᠪᠠᠶᠢᠨ ᠲᠤᠳᠤᠷᠠᠵᠦ ᠂ ᠡᠨᠡ ᠵᠤᠬᠢᠶᠠᠯ᠎ᠢ ᠲᠤᠩ ᠰᠢᠮ᠎ᠡ᠎ᠲᠠᠢ ᠤᠩᠰᠢᠭᠰᠠᠨ ᠪᠢᠯᠡ ᠃
ᠵᠤᠬᠢᠶᠠᠯ ᠪᠦᠳᠦᠬᠡᠯ ᠪᠢᠴᠢᠵᠦ ᠤᠷᠤᠯᠳᠤᠳᠠᠭ ᠬᠦᠮᠤᠰ ᠰᠤᠩᠭᠤᠳᠠᠭ ᠵᠤᠬᠢᠶᠠᠯ᠎ᠢ ᠤᠩᠰᠢᠭᠠᠳ ᠲᠦᠷᠢ᠎ᠶᠢ ᠬᠡᠷᠬᠢᠨ ᠪᠦᠳᠦᠬᠡᠬᠦ ᠂ ᠵᠤᠬᠢᠶᠠᠮᠵᠢ᠎ᠪᠠᠨ ᠬᠡᠷᠬᠢᠨ ᠪᠠᠶᠢᠷᠢᠯᠠᠭᠤᠯᠬᠤ ᠂ ᠦᠯᠢᠬᠡᠷ᠎ᠢᠶᠡᠨ ᠬᠡᠷᠬᠢᠨ ᠰᠡᠳᠬᠢᠮᠵᠢᠯᠡᠬᠦ᠎ᠶᠢ ᠰᠤᠷᠴᠦ ᠪᠤᠯᠳᠠᠭ ᠃ ︽ ᠬᠡᠩᠵᠢ᠎ᠶᠢᠨ ᠲᠤᠮᠤᠭ ︾᠎ᠢ ᠤᠩᠰᠢᠭᠰᠠᠨ᠎ᠤ ᠲᠠᠷᠠᠭ᠎ᠠ ᠮᠢᠨᠤ ᠵᠤᠬᠢᠶᠠᠨ ᠪᠢᠴᠢᠬᠦ ᠲᠤᠷ᠎ᠠ ᠪᠠᠬ᠎ᠠ ᠶᠡᠭᠡ ᠬᠦᠳᠡᠯᠵᠦ ᠪᠢ ᠴᠤ ᠦᠪᠡᠷ᠎ᠢᠶᠡᠨ ᠨᠢᠬᠡ ᠰᠠᠶᠢᠬᠠᠨ ᠵᠤᠬᠢᠶᠠᠯ ᠪᠢᠴᠢᠶ᠎ᠡ ᠬᠡᠵᠦ ᠪᠤᠳᠤᠭᠰᠠᠨ ᠶᠤᠮ ᠃ ᠲᠤᠰ ᠵᠤᠬᠢᠶᠠᠯ᠎ᠤᠨ ᠡᠮᠡᠭᠳᠡᠢ ᠲᠦᠷᠢ᠎ᠶᠢᠨ ᠰᠡᠳᠬᠢᠯ᠎ᠢ ᠲᠠᠳᠠᠬᠤ ᠬᠦᠴᠦᠨ᠎ᠳ᠋ᠤ ᠨᠦᠯᠦᠬᠡᠯᠡᠭᠳᠡᠵᠦ ᠵᠤᠬᠢᠶᠠᠯ ᠲᠤᠳᠤᠷ᠎ᠠ᠎ᠪᠠᠨ ᠭᠤᠶᠤ ᠡᠮᠡᠭᠳᠡᠢ᠎ᠶᠢᠨ ᠲᠦᠷᠢ᠎ᠶᠢ ᠪᠦᠳᠦᠬᠡᠬᠦ ᠰᠠᠨ ᠬᠡᠵᠦ ᠪᠤᠳᠤᠭᠠᠳ ︽ ᠲᠡᠨᠵᠢᠨ ᠤᠪᠤᠭᠠᠨ᠎ᠤ ᠮᠡᠯᠵᠢᠶ᠎ᠡ ︾ ᠬᠡᠰᠡᠨ ᠲᠤᠭᠤᠵᠢ᠎ᠶᠢ ᠪᠢᠴᠢᠬᠦ᠎ᠳ᠋ᠤ᠎ᠪᠠᠨ ᠬᠤᠶᠠᠷ ᠭᠤᠶᠤ ᠡᠮᠡᠭᠳᠡᠢ᠎ᠶᠢᠨ ᠲᠦᠷᠢ᠎ᠶᠢ ᠪᠦᠳᠦᠭᠡᠭᠰᠡᠨ ᠪᠢᠯᠡ ᠂ ᠲᠡᠬᠡᠬᠦ᠎ᠳ᠋ᠡᠭᠡᠨ ᠪᠢ ᠮᠤᠩᠭᠤᠯ ᠦᠨᠳᠦᠰᠦᠳᠡᠨ᠎ᠤ ᠤᠨᠴᠠᠯᠢᠭ᠎ᠲᠠᠢ ᠲᠦᠷᠰᠦᠯᠡᠭᠰᠡᠨ ᠶᠤᠮ ᠃ ᠭᠤᠷᠺᠢ᠎ᠶᠢᠨ ︽ ᠮᠢᠨᠤ ᠪᠠᠭ᠎ᠠ ᠨᠠᠰᠤ ︾ ᠬᠡᠰᠡᠨ ᠵᠤᠬᠢᠶᠠᠯ᠎ᠤᠨ ᠬᠡᠤᠬᠡᠳ᠎ᠤᠨ ᠨᠢᠳᠦ᠎ᠪᠠᠷ ᠨᠡᠶᠢᠬᠡᠮ᠎ᠤᠨ ᠰᠠᠶᠢᠨ ᠰᠠᠶᠢᠬᠠᠨ᠎ᠢ ᠬᠠᠷᠠᠭᠤᠯᠤᠭᠰᠠᠨ ᠪᠢᠴᠢᠯᠬᠡ᠎ᠶᠢᠨ ᠠᠷᠭ᠎ᠠ ᠬᠡᠯᠪᠡᠷᠢ᠎ᠶᠢ᠎ᠨᠢ ᠪᠢ ᠶᠡᠭᠡ ᠲᠤᠭᠤᠳᠠᠭ ᠃ ᠮᠦᠨ ᠴᠤ ᠦᠪᠡᠷ᠎ᠤᠨ ᠵᠤᠬᠢᠶᠠᠨ ᠪᠢᠴᠢᠯᠬᠡ᠎ᠳ᠋ᠡᠭᠡᠨ ᠵᠤᠷᠢᠯᠭ᠎ᠠ᠎ᠲᠠᠢ ᠬᠡᠷᠡᠭᠯᠡᠵᠦ ᠪᠠᠶᠢᠭᠰᠠᠨ ᠃ ᠵᠢᠱᠢᠶᠡᠯᠡᠪᠡᠯ ᠮᠢᠨᠤ ︽ ᠰᠡᠳᠬᠢᠯ᠎ᠤᠨ ᠲᠡᠩᠬᠡᠭᠡ ︾ ᠂ ︽ ᠠᠪᠤ᠋ ︾ ᠂ ︽ ᠨᠤᠳᠤᠭ ᠪᠤᠴᠠᠭᠰᠠᠨ ᠰᠢᠪᠠᠭᠤ ︾ ᠂ ︽ ᠡᠪᠦᠬᠡᠳ᠎ᠤᠨ ᠦᠷᠦ᠎ᠲᠠᠢ ᠨᠤᠳᠤᠭ ︾ ᠂ ︽ ᠡᠪᠦᠬᠡᠨ ᠠᠬ᠎ᠠ ︾ ᠵᠡᠷᠬᠡ ᠵᠤᠬᠢᠶᠠᠯ ᠪᠤᠯ ᠪᠦᠷ ᠯᠠ ᠬᠡᠤᠬᠡᠳ᠎ᠤᠨ ᠬᠠᠷᠠᠭᠠᠰᠤ᠎ᠡᠴᠠ ᠪᠢᠴᠢᠵᠠᠢ ᠃ ᠮᠠᠤᠫᠠᠰᠰᠠᠨ᠎ᠤ ︽ ᠦᠭᠡᠬᠦᠨ ᠪᠦᠮᠪᠦᠭᠡ ︾᠎ᠶᠢ ᠦᠵᠡᠭᠡᠳ ᠦᠪᠡᠷ᠎ᠤᠨ ᠤᠤᠷ ᠴᠢᠨᠠᠷ᠎ᠢᠶᠡᠨ ᠠᠯᠳᠠᠭᠰᠠᠨ ᠬᠦᠮᠦᠰ᠎ᠤᠨ ᠦᠨᠡᠨ ᠴᠠᠭᠠᠨ ᠵᠢᠩᠬᠢᠨᠢ ᠰᠠᠶᠢᠨ ᠰᠠᠶᠢᠬᠠᠨ᠎ᠢ ᠲᠤᠷᠤᠮᠵᠢᠯᠠᠨ ᠱᠤᠤᠯᠠᠵᠦ ᠪᠠᠶᠢᠭ᠎ᠠ᠎ᠶᠢ ᠵᠦᠪ ᠲᠠᠯ᠎ᠠ᠎ᠡᠴᠠ ᠪᠢᠴᠢᠨ ᠂ ᠤᠩᠰᠢᠭᠴᠢ᠎ᠶᠢᠨ ᠰᠡᠳᠬᠢᠯ᠎ᠳ᠋ᠤ ᠬᠢᠯᠢᠩ᠎ᠤᠨ ᠲᠦᠯᠦ ᠨᠤᠴᠤᠭᠠᠵᠦ ᠦᠯᠡᠳᠡᠬᠡᠬᠦ ᠪᠢᠴᠢᠯᠬᠡ᠎ᠶᠢᠨ ᠠᠷᠭ᠎ᠠ ᠬᠡᠯᠪᠡᠷᠢ᠎ᠶᠢ᠎ᠨᠢ ᠶᠡᠭᠡ ᠲᠤᠭᠤᠭᠰᠠᠨ ᠂ ᠮᠢᠨᠤ ︽ ᠬᠦᠬᠡᠷᠦᠬᠦᠶᠢᠯᠡᠯᠳᠡᠢ ᠬᠦᠮᠤᠨ ︾ ᠂ ︽ ᠵᠠᠩᠭ᠎ᠠ ᠪᠠᠭᠰᠢ ︾ ᠵᠡᠷᠬᠡ ᠵᠤᠬᠢᠶᠠᠯ ᠪᠤᠯ ᠡᠶᠢᠮᠤᠷᠬᠦ ᠬᠡᠯᠪᠡᠷᠢ᠎ᠪᠠᠷ ᠪᠢᠴᠢᠭᠳᠡᠵᠡᠢ ᠃ ᠲᠡᠶᠢᠮᠦ᠎ᠡᠴᠠ ᠰᠤᠩᠭᠤᠳᠠᠬ ᠵᠤᠬᠢᠶᠠᠯ᠎ᠨᠢ ᠦᠪᠡᠷᠮᠢᠴᠡ ᠪᠢᠴᠢᠯᠬᠡ᠎ᠶᠢᠨ ᠠᠷᠭ᠎ᠠ ᠂ ᠰᠢᠨᠡᠷᠬᠡᠬᠦᠨ ᠰᠡᠳᠬᠢᠮᠵᠢ᠎ᠪᠠᠷ᠎ᠢᠶᠡᠨ ᠵᠤᠬᠢᠶᠠᠭᠴᠢ᠎ᠶᠢ ᠨᠦᠯᠦᠬᠡᠯᠡᠵᠦ ᠤᠷᠠᠨ ᠪᠦᠳᠦᠬᠡᠯᠬᠡ᠎ᠶᠢᠨ ᠲᠡᠬᠡᠭᠰᠢᠯᠡᠯᠳᠡ᠎ᠳ᠋ᠤ ᠲᠤᠰᠠ ᠪᠤᠯᠳᠠᠭ ᠃ ᠵᠢᠱᠢᠶᠡᠯᠡᠪᠡᠯ ᠮᠢᠯᠥᠷᠡᠳ᠋ ᠫᠠᠸᠢᠴ᠎ᠤᠨ ᠲᠤᠯᠢ ᠪᠢᠴᠢᠭ᠎ᠤᠨ ᠬᠡᠯᠪᠡᠷᠢ᠎ᠪᠠᠷ ᠪᠢᠴᠢᠭᠰᠡᠨ ︽ ᠬᠠᠽᠠᠷ ᠬᠡᠯᠡᠨ᠎ᠤ ᠲᠤᠯᠢ ︾ ᠬᠡᠳᠡᠭ ᠷᠤᠮᠠᠨ᠎ᠨᠢ ᠲᠤᠯᠢ ᠪᠢᠴᠢᠭ᠎ᠤᠨ ᠬᠡᠯᠪᠡᠷᠢ᠎ᠪᠠᠷ ᠬᠠᠽᠠᠷ᠎ᠤᠨ ᠠᠶᠢᠮᠠᠭ ᠤᠭᠰᠠᠭ᠎ᠠ ᠂ ᠲᠡᠤᠬᠡᠳᠦ ᠬᠦᠮᠤᠨ ᠵᠡᠷᠬᠡ᠎ᠶᠢ ᠲᠤᠯᠢᠴᠢᠯᠠᠨ ᠲᠠᠨᠢᠯᠴᠠᠭᠤᠯᠬᠤ ᠬᠡᠯᠪᠡᠷᠢ᠎ᠪᠠᠷ ᠪᠢᠴᠢᠵᠡᠢ ᠃ ᠡᠨᠡ ᠬᠡᠯᠪᠡᠷᠢ᠎ᠶᠢ ᠲᠠᠭᠤᠷᠢᠶᠠᠵᠦ ᠤᠯᠠᠨ ᠬᠦᠮᠦᠨ ᠡᠶᠢᠮᠤᠷᠬᠦᠤ ᠬᠡᠯᠪᠡᠷᠢ᠎ᠪᠠᠷ ᠵᠤᠬᠢᠶᠠᠯ ᠪᠢᠴᠢᠭᠰᠡᠨ ᠪᠤᠯᠪᠠᠴᠦ ᠬᠠᠭᠤᠯᠪᠤᠷᠢ᠎ᠡᠴᠠ ᠬᠡᠳᠦᠷᠡᠬᠦ ᠦᠬᠡᠢ ᠶᠤᠮ ᠃ ︽ ᠳ᠋ᠧᠺᠡᠮᠧᠷᠦᠨ ︾᠎ᠳ᠋ᠤ ᠨᠢᠬᠡ ᠤᠯᠤᠰ᠎ᠲᠤ ᠬᠢᠵᠢᠭ ᠲᠡᠯᠬᠡᠷᠡᠭᠰᠡᠨ᠎ᠳ᠋ᠤ ᠪᠠᠶᠠᠨ ᠠᠶᠢᠯ᠎ᠤᠨ ᠬ᠋ᠤᠷᠪᠠᠨ ᠵᠠᠯᠠᠭᠤ ᠨᠠᠶᠢᠵᠠ ᠦᠬᠢᠳ ᠪᠠ ᠰᠠᠳᠤᠨ ᠲᠦᠷᠦᠯ᠎ᠤᠨ ᠬᠢᠨᠢ ᠲᠦᠷᠪᠡᠨ ᠦᠬᠢᠨ᠎ᠲᠠᠢ ᠬᠠᠮᠳᠤ ᠠᠷᠪᠠᠭᠤᠯᠠ ᠪᠤᠯᠵᠦ ᠠᠭᠤᠯᠠᠨ ᠵᠤᠰᠠᠯᠠᠩ᠎ᠳ᠋ᠤ ᠤᠴᠢᠵᠦ ᠨᠢᠭᠤᠭᠳᠠᠨ ᠰᠠᠭᠤᠵᠠᠢ ᠃ ᠲᠡᠳᠡ ᠡᠳᠦᠷ ᠪᠦᠷᠢ ᠨᠢᠬᠡ ᠬᠦᠮᠤᠨ᠎ᠤ ᠨᠢᠬᠡ ᠦᠯᠢᠬᠡᠷ ᠶᠠᠷᠢᠵᠦ ᠠᠷᠪᠠᠨ ᠡᠳᠦᠷ ᠶᠠᠭ ᠵᠠᠭᠤᠨ ᠦᠯᠢᠬᠡᠷ ᠶᠠᠷᠢᠭᠰᠠᠨ ᠪᠠᠶᠢᠯ᠎ᠠ ᠃ ᠡᠳᠡᠬᠡᠷ ᠦᠯᠢᠬᠡᠷ ᠪᠤᠯᠭᠠᠨ᠎ᠨᠢ ᠨᠢᠬᠡ ᠤᠬᠤᠷ ᠦᠬᠦᠯᠡᠯᠬᠡ ᠪᠤᠯᠵᠠᠢ ᠃ ᠱᠧᠺᠸᠰᠫᠧᠷ ᠵᠡᠷᠬᠡ ᠵᠤᠬᠢᠶᠠᠯᠴᠢᠳ ︽ ᠳ᠋ᠧᠺᠡᠮᠧᠷᠦᠨ ︾ ᠲᠤᠳᠤᠷᠠᠬᠢ ᠦᠯᠢᠬᠡᠷ᠎ᠤᠨ ᠮᠠᠲ᠋ᠧᠷᠢᠶᠠᠯ᠎ᠢ ᠠᠰᠢᠬᠯᠠᠵᠦ ᠵᠤᠬᠢᠶᠠᠯ ᠪᠢᠴᠢᠵᠦ ᠪᠠᠶᠢᠵᠠᠢ ᠃
ᠰᠤᠩᠭᠤᠳᠠᠭ ᠵᠤᠬᠢᠶᠠᠯ ᠪᠤᠯ ᠵᠤᠬᠢᠶᠠᠭᠴᠢ᠎ᠶᠢᠨ ᠤᠶᠤᠨ ᠰᠠᠨᠠᠭᠠᠨ᠎ᠤ ᠪᠦᠳᠦᠬᠡᠭᠳᠡᠬᠦᠨ ᠂ ᠰᠢᠮᠡᠳᠦ ᠤᠷᠴᠢᠯᠠᠩ᠎ᠳ᠋ᠤ ᠦᠯᠡᠳᠡᠬᠡᠭᠰᠡᠨ ᠮᠦᠩᠬᠡ᠎ᠶᠢᠨ ᠪᠢᠯᠢᠭ ᠃ ᠬᠤᠷᠢᠨ ᠨᠢᠬᠡᠳᠦᠬᠡᠷ ᠵᠠᠭᠤᠨ᠎ᠤ ᠰᠤᠷᠠᠭ ᠵᠠᠩᠬᠢᠴᠢᠯᠠᠭᠰᠠᠨ ᠴᠠᠭ ᠡᠷᠡᠨ᠎ᠳ᠋ᠤ ᠠᠮᠢᠳᠤᠷᠠᠵᠦ ᠶᠠᠪᠤᠭ᠎ᠠ ᠤᠷᠠᠨ ᠪᠦᠳᠦᠬᠡᠯᠴᠢᠳ ᠮᠢᠨᠢ ᠰᠤᠩᠭᠤᠳᠠᠭ ᠪᠦᠳᠦᠬᠡᠯ᠎ᠢ ᠪᠠᠶᠢᠨ ᠲᠠᠬᠢᠨ ᠤᠩᠰᠢᠵᠦ ᠪᠢᠯᠢᠭ ᠤᠬᠠᠭᠠᠨ᠎ᠢᠶᠡᠨ ᠲᠡᠵᠢᠬᠡᠵᠦ ᠂ ᠮᠤᠩᠭᠤᠯ ᠰᠤᠶᠤᠯ᠎ᠤᠨ ᠬᠦᠭᠵᠢᠯᠳᠡ᠎ᠳ᠋ᠤ ᠦᠪᠡᠷ᠎ᠤᠨ ᠬᠦᠴᠦᠨ ᠵᠢᠳᠬᠦᠯ᠎ᠢᠶᠡᠨ ᠡᠷᠬᠦᠬᠦ᠎ᠨᠢ ᠵᠦᠢᠳᠠᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠠᠷᠢᠭᠤᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面