ᠲᠡᠷᠢᠭᠦᠨ ᠨᠢᠭᠤᠷ>ᠮᠣᠩᠭᠣᠯ ᠰᠣᠳᠣᠯᠣᠯ>ᠮᠤᠩᠭᠤᠯᠴᠢ ᠡᠷᠳᠡᠮᠲᠡᠳ

2021-10-15 09:49:50

ᠵᠣᠬᠢᠶᠠᠭ᠍ᠴᠢ᠄ ​ᠤᠷᠢᠬᠠᠨ ᠭᠤᠤ ᠮᠸᠢ ᠷᠥᠩ ᠣᠩᠱᠢᠭ᠍ᠰᠠᠨ ᠣᠳᠠᠭ᠎ᠠ᠄ 3

ᠠᠷᠣ ᠬᠤᠷᠴᠢᠨ ᠬᠤᠰᠢᠭᠤᠨ᠎ᠤ ᠦᠯᠢᠭᠡᠷ ᠬᠤᠯᠪᠤᠭ᠎ᠠ ᠲᠣᠣᠯᠢ᠎ᠶᠢᠨ ᠣᠷᠠᠯᠢᠭ᠎ᠤᠨ ᠨᠡᠶᠢᠭᠡᠮᠯᠢᠭ᠎ᠤᠨ ᠭᠡᠰᠢᠬᠥᠨ ᠡᠷᠳᠡᠨᠢᠪᠣᠯᠠᠭ ᠯᠢᠶᠣᠣᠨᠢᠩ ᠮᠤᠵᠢ᠎ᠶᠢᠨ ᠹᠦᠰᠢᠨ᠎ᠤ ᠮᠣᠩᠭᠤᠯ ᠷᠠᠳᠢᠣ᠋ ᠬᠤᠷᠢᠶ᠎ᠠ᠎ᠳ᠋ᠤ ᠬᠦᠷᠴᠦ ᠪᠣᠶᠠᠨᠨᠡᠮᠡᠬᠦ ᠬᠤᠭᠤᠷᠴᠢ᠎ᠶᠢᠨ ᠬᠡᠯᠡᠭᠰᠡᠨ ︽ ᠬᠤᠪᠢᠯᠭᠠᠨ ᠣᠳᠣᠳ᠎ᠤᠨ ᠱᠠᠰᠳᠢᠷ ︾ ᠂ ︽ ᠭᠠᠷᠣᠳᠢ ᠭᠠᠯᠪᠢᠩᠭ᠎ᠠ᠎ᠶᠢᠨ ᠲᠣᠭᠤᠵᠢ ︾ ᠬᠡᠮᠡᠬᠦ ᠬᠤᠶᠠᠷ ᠦᠯᠢᠭᠡᠷ᠎ᠤᠨ 20 ᠭᠠᠷᠤᠢ ᠴᠠᠭ᠎ᠤᠨ ᠰᠢᠩᠬᠡᠬᠡᠯᠳᠡ᠎ᠶᠢ ᠳᠠᠬᠢᠨ ᠰᠢᠩᠬᠡᠬᠡᠨ ᠬᠠᠳᠠᠭᠠᠯᠠᠪᠠ ᠃ ᠡᠨᠡ ᠬᠦ ᠬᠤᠶᠠᠷ ᠦᠯᠢᠭᠡᠷ᠎ᠤᠨ ᠤᠤᠯ᠎ᠤᠨ ᠰᠢᠩᠭᠡᠭᠡᠯᠲᠡ᠎ᠶᠢᠨ ᠣᠷᠢᠶᠠᠮᠠᠭ ᠪᠦᠰᠡ ᠪᠣᠯ ᠳᠡᠭᠡᠷ᠎ᠡ ᠵᠠᠭᠤᠨ᠎ᠤ ᠳᠠᠯᠠ ᠨᠠᠶᠠᠭᠠᠳ ᠣᠨ᠎ᠤ ᠦᠶ᠎ᠡ᠎ᠶᠢᠨ ᠰᠢᠩᠭᠡᠭᠡᠯᠲᠡ᠎ᠶᠢᠨ ᠮᠠᠰᠢᠨ᠎ᠢᠶᠠᠷ ᠰᠢᠩᠭᠡᠭᠡᠭᠰᠡᠨ ᠣᠷᠢᠶᠠᠮᠠᠭ ᠪᠦᠰᠡ ᠪᠤᠯᠬᠤᠷ ᠤᠳᠤ ᠵᠦᠪᠬᠡᠨ ᠹᠦᠰᠢᠨ᠎ᠤ ᠮᠣᠩᠭᠤᠯ ᠷᠠᠳᠢᠣ᠋ ᠬᠤᠷᠢᠶ᠎ᠠ᠎ᠳ᠋ᠤ ᠬᠠᠳᠠᠭᠠᠯᠠᠭᠳᠠᠵᠦ ᠪᠠᠶᠢᠭ᠎ᠠ ᠮᠠᠰᠢᠨ᠎ᠢᠶᠠᠷ MP3 ᠬᠡᠯᠪᠡᠷᠢ᠎ᠲᠠᠢ ᠪᠤᠯᠭᠠᠨ ᠳᠠᠬᠢᠨ ᠰᠢᠩᠭᠡᠭᠡᠨ ᠬᠠᠳᠠᠭᠠᠯᠠᠬᠤ ᠪᠤᠯᠤᠮᠵᠢ᠎ᠲᠠᠢ ᠪᠤᠯᠵᠠᠢ ᠃


4145048_lity_1634113480715_m.jpg

4145047_lity_1634113518650_m.jpg


ᠪᠣᠶᠠᠨᠨᠡᠮᠡᠬᠦ ᠬᠤᠭᠤᠷᠴᠢ ︵ 1903  1982 ︶ ᠣᠣᠯ᠎ᠤᠨ ᠵᠢᠷᠢᠮ᠎ᠤᠨ ᠴᠢᠭᠤᠯᠭᠠᠨ᠎ᠤ ᠨᠠᠢ᠌ᠮᠠᠨ ᠬᠤᠰᠢᠭᠤᠨ᠎ᠤ ᠲᠠᠴᠢᠨ ᠰᠦᠮ᠎ᠡ᠎ᠶᠢᠨ ᠲᠠᠯ᠎ᠠ᠎ᠶᠢᠨ ᠠᠶᠢᠯ᠎ᠳ᠋ᠤ ᠠᠷᠠᠳ᠎ᠤᠨ ᠣᠷᠠᠯᠢᠭᠴᠢᠨ ᠰᠧᠷᠡᠩᠨᠣᠷᠪᠤ᠋᠎ᠶᠢᠨ ᠭᠤᠷᠪᠠᠳᠣᠭᠠᠷ ᠬᠦᠦ᠎ᠨᠢ ᠪᠣᠯᠵᠤ ᠵᠠᠶᠠᠭᠠᠪᠠ ᠃ ᠲᠡᠭᠦᠨ᠎ᠤ ᠤᠭ ᠨᠤᠲᠤᠭ᠎ᠨᠢ ᠮᠣᠩᠭᠤᠯᠵᠢᠨ ᠬᠤᠰᠢᠭᠤ ᠪᠣᠯᠣᠨ᠎ᠠ ᠃ ᠲᠡᠷᠡ ᠬᠠᠷᠠᠬᠠᠨ ᠪᠠᠭ᠎ᠠ᠎ᠡᠴᠠ᠎ᠪᠠᠨ ︽ ᠠᠯᠲᠠᠨ ᠴᠡᠭᠡᠵᠢ᠎ᠲᠠᠢ ᠬᠡᠣᠬᠡᠳ ︾ ᠬᠡᠮᠡᠨ ᠠᠯᠳᠠᠷᠰᠢᠵᠦ ᠂ 15 ᠨᠠᠰᠣᠨ᠎ᠳᠠᠭᠠᠨ ᠮᠠᠨᠬᠦᠦ ᠭᠡᠳᠡᠭ ᠬᠤᠭᠤᠷᠴᠢ᠎ᠶᠢ ᠪᠠᠭᠰᠢ ᠪᠠᠷᠢᠵᠣ ᠂ ᠬᠤᠷᠢ ᠬᠦᠷᠦᠮᠡᠭᠴᠡ ᠦᠯᠢᠭᠡᠷ ᠬᠤᠯᠪᠤᠭ᠎ᠠ ᠬᠡᠯᠡᠵᠦ ᠠᠷᠠᠳ᠎ᠤᠨ ᠳᠠᠭᠤᠣ ᠳᠠᠭᠤᠯᠠᠬᠤ᠎ᠳ᠋ᠤ ᠴᠠᠭᠠᠷᠠᠪᠠ ᠃ ᠬᠤᠵᠢᠮ᠎ᠨᠢ ᠠᠷᠣ ᠬᠤᠷᠴᠢᠨ ᠵᠠᠰᠠᠭ ᠨᠣᠶᠠᠨ ᠸᠠᠩᠴᠢᠨᠫᠧᠷᠯᠠᠢ᠎ᠳ᠋ᠤ ᠲᠠᠨᠢᠭᠳᠠᠵᠣ ᠂ ᠣᠷᠳᠣᠨ᠎ᠤ ᠬᠤᠭᠤᠷᠴᠢ ᠪᠣᠯᠤᠭᠰᠠᠨ ᠪᠠᠶᠢᠨ᠎ᠠ ᠃

ᠲᠡᠷᠡ ᠣᠷᠳᠣᠨ᠎ᠤ ᠬᠤᠭᠤᠷᠴᠢ ᠪᠠᠶᠢᠬᠤ᠎ᠳᠠᠭᠠᠨ ︽ ᠲᠠᠩ᠎ᠤᠨ ᠲᠠᠪᠣᠨ ᠵᠣᠸᠠᠨ ︾ ᠂ ︽ ᠭᠤᠷᠪᠠᠨ ᠣᠯᠣᠰ᠎ᠤᠨ ᠦᠯᠢᠭᠡᠷ ︾ ᠂ ︽ ᠵᠦᠩ ᠭᠦᠸᠧ ᠮᠦ᠎ᠶᠢᠨ ᠦᠯᠢᠭᠡᠷ ︾ ᠂ ︽ ᠱᠦᠢ ᠬᠤ᠎ᠶᠢᠨ ᠦᠯᠢᠭᠡᠷ ︾ ᠵᠡᠷᠭᠡ ᠣᠯᠠᠨ ᠦᠯᠢᠭᠡᠷ᠎ᠢ ᠬᠡᠯᠡᠭᠰᠡᠨ ᠮᠦᠷᠲᠡᠭᠡᠨ ︽ ᠬᠤᠪᠢᠯᠭᠠᠨ ᠣᠳᠣᠳ᠎ᠤᠨ ᠱᠠᠰᠳᠢᠷ ︾ ᠂ ︽ ᠭᠠᠷᠣᠳᠢ ᠭᠠᠯᠪᠢᠩᠭ᠎ᠠ᠎ᠶᠢᠨ ᠲᠣᠭᠤᠵᠢ ︾ ᠬᠡᠮᠡᠬᠦ ᠶᠣᠸᠠᠨ ᠣᠯᠣᠰ᠎ᠤᠨ ᠦᠶ᠎ᠡ᠎ᠶᠢᠨ ᠲᠡᠣᠬᠡᠨ ᠪᠠᠶᠢᠳᠠᠯ᠎ᠢ ᠲᠣᠰᠬᠠᠭᠰᠠᠨ ᠬᠤᠶᠠᠷ ᠦᠯᠢᠭᠡᠷ᠎ᠢ ︽ ᠦᠭᠡᠳᠡᠢ ᠮᠡᠷᠭᠡᠨ ᠬᠠᠭᠠᠨ᠎ᠤ ᠦᠯᠢᠭᠡᠷ ︾ ᠂ ︽ ᠬᠤᠪᠢᠯᠠᠢ ᠰᠡᠴᠡᠨ ᠬᠠᠭᠠᠨ᠎ᠤ ᠦᠯᠢᠭᠡᠷ ︾ ᠬᠡᠮᠡᠨ ᠦᠭᠡᠷᠡᠴᠢᠯᠡᠨ ᠬᠡᠯᠡᠵᠦ ᠪᠠᠶᠢᠪᠠ ᠃

ᠪᠣᠶᠠᠨᠨᠡᠮᠡᠬᠦ ᠬᠤᠭᠤᠷᠴᠢ ᠪᠣᠯ ᠮᠣᠩᠭᠤᠯ ᠦᠨᠳᠦᠰᠦᠲᠡᠨ᠎ᠤ ᠲᠡᠣᠬᠡᠨ ᠦᠯᠢᠭᠡᠷ᠎ᠢ ᠬᠤᠭᠤᠷᠳᠠᠵᠦ ᠬᠡᠯᠡᠭᠰᠡᠨ ᠤᠤᠭᠠᠨ ᠬᠤᠭᠤᠷᠴᠢ ᠪᠣᠯᠬᠤ ᠪᠢᠯᠡ ᠃ ᠳᠡᠬᠦᠨ᠎ᠤ ᠬᠡᠯᠡᠭᠰᠡᠨ ᠦᠯᠢᠭᠡᠷ᠎ᠤᠳ᠎ᠤᠨ ᠰᠢᠩᠬᠡᠬᠡᠯᠳᠡ᠎ᠶᠢ ᠣᠯᠤᠭᠰᠠᠨ᠎ᠨᠢ ︽ ᠪᠣᠶᠠᠨᠨᠡᠮᠡᠬᠦ ᠬᠤᠭᠤᠷᠴᠢ᠎ᠶᠢᠨ ᠰᠣᠳᠣᠯᠣᠯ ︾᠎ᠳ᠋ᠤ ᠬᠤᠪᠤᠷ ᠴᠣᠬᠠᠭ ᠦᠨᠡᠲᠦ ᠮᠠᠲ᠋ᠧᠷᠢᠶᠠᠯ ᠪᠣᠯᠬᠤ᠎ᠨᠢ ᠲᠠᠮᠵᠢᠭ ᠦᠭᠡᠢ ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面