2020-06-10 16:45:57
ᠠᠮᠢᠳᠤᠷᠠᠬᠤᠢ᠎ᠶᠢᠨ ᠤᠳᠬ᠎ᠠ ᠤᠴᠢᠷ ᠦᠨ᠎ᠡ ᠥᠷᠳᠡᠭ᠎ᠢ ᠵᠥᠪ᠎ᠢᠶᠠᠷ ᠥᠢᠯᠠᠭᠠᠵᠥ ᠂ ᠦᠨᠡᠨᠴᠢ᠎ᠪᠠᠷ ᠬᠠᠨᠳᠤᠳᠠᠬ ᠬᠥᠮᠥᠰ᠎ᠲᠤ ᠠᠪᠴᠤ ᠬᠡᠯᠡᠪᠡᠯ ᠡᠷᠬᠢᠯᠡᠭᠰᠡᠨ ᠠᠵᠢᠯ ᠥᠢᠯᠡᠰ᠎ᠢᠶᠡᠨ ᠡᠷᠬᠢᠮᠯᠡᠨ ᠬᠠᠢᠷᠠᠯᠠᠬᠤ ᠭᠡᠭᠴᠢ ᠢᠳᠡᠭᠡᠯ ᠰᠢᠳᠤᠭᠡᠨ᠎ᠨᠢ ᠪᠠᠢᠵᠦ ᠲᠠᠭᠠᠷᠠᠨ᠎ᠠ ︔ ᠬᠡᠯᠡᠵᠥ ᠬᠢᠬᠥ᠎ᠶᠢᠨ ᠨᠢᠬᠡᠳᠤᠯ᠎ᠢᠶᠠᠷ ᠲᠤᠭᠤᠵᠥ ᠬᠠᠢᠷᠠᠯᠠᠬᠰᠠᠨ ᠠᠵᠢᠯ ᠥᠢᠯᠡᠰᠲᠡᠭᠡᠨ ᠴᠠᠯᠠᠭᠠᠢᠳᠠᠯ ᠥᠬᠡᠢ ᠴᠢᠷᠮᠠᠢᠵᠥ ᠶᠠᠪᠤᠬᠤ ᠭᠡᠭᠴᠢ ᠰᠡᠳᠬᠢᠯ᠎ᠤᠨ ᠬᠠᠳᠠᠭᠤ ᠲᠠᠡᠭᠭᠠᠷᠢᠬ ᠭᠡᠯᠳᠠᠢ ᠃ ᠡᠷᠳᠡᠨ᠎ᠤ ᠨᠤᠮ ᠰᠤᠳᠤᠷ᠎ᠤᠨ ᠲᠠᠯᠠᠢ ᠶᠡᠬᠡ ᠰᠠᠩ᠎ᠡᠴᠠ ᠲᠥᠪᠡᠳ ᠮᠤᠡᠭᠭᠤᠯ ᠰᠤᠷᠪᠤᠯᠵᠢ ᠪᠢᠴᠢᠭ ᠬᠡᠮᠡᠬᠥ ᠰᠤᠶᠤᠯ᠎ᠤᠨ ᠲᠠᠨ᠎ᠠ ᠰᠤᠪᠤᠳ᠎ᠢ ᠬᠠᠮᠠᠭᠠᠯᠠᠨ ᠬᠠᠳᠠᠭᠠᠯᠠᠵᠥ ᠶᠠᠪᠤᠭ᠎ᠠ ᠤᠯᠠᠭᠠᠨᠴᠠᠪ ᠬᠤᠳᠠ᠎ᠶᠢᠨ ᠵᠢᠨᠢᠡᠭ ᠨᠤᠳᠤᠬᠳᠠᠢ ᠪᠠᠭᠠᠳᠤᠷ ᠪᠤᠯ ᠶᠠᠬ ᠯᠡ ᠢᠩᠬᠢᠵᠦ ᠪᠤᠲᠤᠵᠦ ᠢᠩᠬᠢᠵᠦ ᠬᠢᠳᠡᠭ ᠭᠠᠭᠴᠠ ᠦᠵᠦᠬᠦᠷᠳᠦ ᠰᠡᠳᠬᠢᠯ᠎ᠢᠶᠠᠷ ᠵᠢᠳᠬᠦᠨ ᠲᠡᠮᠡᠦᠯᠡᠵᠦ ᠶᠠᠪᠤᠭ᠎ᠠ ᠬᠥᠮᠤᠨ ᠶᠤᠮᠰᠠᠨ ︕
ᠪᠠᠭᠠᠳᠤᠷ ᠂ ᠠᠮᠢᠳᠤᠷᠠᠯ᠎ᠤᠨ ᠭᠠᠡᠭᠭᠠᠡᠭ ᠲᠥᠷᠥᠭᠡᠨ᠎ᠳ᠋ᠤ ᠲᠥᠴᠢᠨ ᠲᠠᠪᠤᠲᠠᠢ ᠬᠢᠯᠠᠷᠠᠭᠤᠯᠵᠥ ᠶᠠᠪᠤᠭ᠎ᠠ ᠥᠨᠳᠤᠷᠭᠡᠨ ᠪᠡᠶ᠎ᠠ᠎ᠲᠠᠢ ᠲᠥᠪᠯᠡᠬᠥᠨ ᠬᠢᠨᠠᠭᠤᠷ ᠬᠥᠮᠥᠨ ᠃ ᠨᠡᠷ᠎ᠡ ᠬᠤᠷ᠎ᠠ ᠲᠠᠡᠭᠴᠡᠭᠰᠡᠨ 6 ᠰᠠᠷ᠎ᠠ᠎ᠶᠢᠨ 1᠎ᠤ ᠡᠳᠤᠷ ᠪᠢᠳᠠ ᠤᠯᠠᠭᠠᠨᠴᠠᠪ ᠬᠤᠳᠠ᠎ᠶᠢᠨ ᠵᠢᠨᠢᠡᠭ ᠲᠤᠭᠤᠷᠢᠬ᠎ᠲᠤ ᠪᠠᠢᠷᠢᠯᠠᠭ᠎ᠠ ︽ ᠲᠥᠪᠡᠳ ᠮᠤᠡᠭᠭᠤᠯ ᠰᠤᠷᠪᠤᠯᠵᠢ ᠪᠢᠴᠢᠭ ᠲᠠᠡᠭᠰᠠ ᠡᠪᠬᠡᠮᠡᠯ ︾ ᠭᠡᠬᠥ ᠡᠷᠳᠡᠨ᠎ᠤ ᠨᠤᠮ ᠰᠤᠳᠤᠷ ᠬᠠᠳᠠᠭᠠᠯᠠᠵᠥ ᠪᠠᠢᠭ᠎ᠠ ᠭᠠᠵᠠᠷ ᠬᠥᠷᠴᠤ ᠲᠡᠬᠦᠨ᠎ᠢ ᠰᠤᠷᠪᠤᠯᠵᠢᠯᠠᠪᠠ ᠃

ᠪᠠᠭᠠᠲᠣᠷ ᠬᠠᠭᠣᠴᠢᠨᠤ ᠪᠣᠳᠠᠰ᠎ᠢᠶᠡᠨ ᠦᠵᠡᠭᠴᠢᠳ ᠲᠣ ᠲᠠᠨᠢᠯᠴᠠᠭᠣᠯᠣᠨᠠ
ᠡᠷᠳᠡᠨ᠎ᠤ ᠨᠤᠮ ᠰᠤᠳᠤᠷ ᠭᠡᠵᠦ ᠬᠡᠯᠡᠬᠦ᠎ᠳ᠋ᠤ ᠤᠯᠠᠩᠬᠢ ᠬᠦᠮᠦᠰ ᠲᠡᠢᠮᠦ ᠬᠦᠨ ᠤᠢᠯᠠᠭᠠᠯᠳᠠ᠎ᠲᠠᠢ ᠪᠢᠰᠢ ᠪᠠᠢᠬ᠎ᠠ ᠃ ᠪᠢᠳᠡ ᠪᠠᠭᠠᠳᠤᠷ ᠭᠤᠸᠠᠢ᠎ᠶᠢᠨ ᠬᠤᠪᠢ ᠬᠥᠮᠥᠨ᠎ᠤ ᠰᠤᠷᠪᠤᠯᠵᠢ ᠪᠢᠴᠢᠭ ᠲᠠᠩᠰᠠ ᠡᠪᠬᠡᠮᠡᠯ ᠬᠠᠳᠠᠭᠠᠯᠠᠵᠤ ᠪᠠᠢᠭ᠎ᠠ ᠭᠠᠵᠠᠷ ᠬᠦᠷᠦᠭᠡᠳ ᠰᠠᠶᠢ ᠡᠷᠳᠡᠨ᠎ᠤ ᠨᠤᠮ ᠰᠤᠳᠤᠷ᠎ᠤᠨ ᠲᠠᠯᠠᠢ ᠶᠡᠬᠡ ᠠᠭᠤᠯᠤᠭᠳᠠᠬᠤᠨ ᠵᠢᠴᠢ ᠦᠨᠢ ᠤᠳᠠᠭᠠᠨ ᠲᠡᠤᠭᠡ᠎ᠲᠠᠢ ᠲᠦᠪᠡᠳ ᠮᠤᠩᠭᠤᠯ ᠨᠤᠮ ᠰᠤᠳᠤᠷ᠎ᠤᠨ ᠦᠪ ᠰᠤᠶᠤᠯ᠎ᠤᠨ ᠥᠨ᠎ᠠ ᠴᠠᠨᠠᠶᠢᠨᠢ ᠭᠠᠢᠬᠠᠵᠦ ᠠᠮᠳᠠᠷᠬᠠᠯᠠ ᠃ ᠰᠢᠷ᠎ᠠ ᠬᠠᠪᠢᠰᠤ᠎ᠲᠠᠢ ᠲᠤᠬᠤᠢ ᠵᠤᠵᠠᠭᠠᠨ ᠲᠥᠪᠡᠳ ᠮᠤᠡᠭᠭᠤᠯ ᠡᠷᠳᠡᠨ᠎ᠤ ᠨᠤᠮ ᠰᠤᠲᠤᠷ᠎ᠤᠳ ᠂ ᠬᠣᠷᠢᠳᠤᠭᠠᠷ ᠵᠠᠭᠤᠨ᠎ᠤ ᠭᠤᠴᠢᠭᠠᠳ ᠣᠨ᠎ᠡᠴᠠ ᠳᠠᠯᠠᠭᠠᠳ ᠣᠨ ᠪᠣᠯᠲᠠᠯᠠᠬᠢ ᠪᠦᠬᠦ ᠤᠯᠤᠰ᠎ᠤᠨ ᠡᠯ᠎ᠡ ᠭᠠᠵᠠᠷ ᠤᠷᠤᠨ᠎ᠤ ᠭᠠᠵᠠᠷ᠎ᠤᠨ ᠵᠢᠷᠤᠭ ᠂ ᠠᠯᠪᠠᠨ᠎ᠤ ᠲᠠᠮᠠᠭ᠎ᠠ ᠂ ᠠᠯᠪᠠᠨ ᠪᠢᠴᠢᠭ ᠂ ᠪᠠᠷᠢᠮᠲᠠ ᠪᠢᠴᠢᠭ ᠂ ᠭᠠᠵᠠᠷ ᠰᠢᠷᠣᠢ ᠭᠡᠷ ᠬᠦᠷᠦᠩᠭᠡ᠎ᠶᠢᠨ ᠥᠮᠴᠢᠯᠡᠯ᠎ᠤᠨ ᠦᠨᠡᠮᠯᠡᠯ ᠂ ᠬᠠᠭᠤᠴᠢᠨ ᠭᠡᠷᠡᠯ ᠵᠢᠷᠤᠭ ᠵᠢᠴᠢ ᠡᠬᠡ ᠹᠢᠯᠢᠮ ᠂ ᠴᠠᠭᠠᠰᠢᠯᠠᠪᠠᠯ ᠬᠠᠭᠤᠴᠢᠨ᠎ᠤ ᠠᠷᠢᠬᠢ ᠲᠠᠮᠠᠬᠢ᠎ᠶᠢᠨ ᠬᠠᠶᠢᠷᠴᠠᠭ ᠂ ᠪᠥᠰ ᠪᠠᠷᠠᠭᠠᠨ᠎ᠤ ᠫᠢᠶᠤᠤ ᠁ ᠵᠡᠷᠭᠡ᠎ᠶᠢ ᠥᠷᠥᠭᠡ ᠲᠥᠬᠥᠷᠡᠡᠭ ᠡᠮᠬᠢᠯᠡᠨ ᠲᠢᠭᠯᠡᠵᠥ ᠵᠢᠬᠢᠷᠢᠭᠯᠠᠨ ᠬᠠᠳᠠᠭᠠᠯᠠᠵᠤ ᠂ ᠨᠤᠮ ᠪᠢᠴᠢᠭ᠎ᠤᠨ ᠦᠨᠦᠷ ᠦᠷᠦᠭᠡ ᠲᠦᠬᠦᠷᠡᠩ ᠬᠠᠩᠬᠤᠯᠵᠤ ᠂ ᠦᠩᠭᠡᠷᠡᠨ ᠤᠲᠤᠭᠰᠠᠨ ᠣᠨ ᠵᠢᠯ᠎ᠤᠨ ᠤᠴᠠᠷᠠᠯ ᠲᠡᠦᠭᠡ᠎ᠶᠢ ᠬᠦᠤᠷᠨᠢᠨ᠎ᠡ ᠃
︽ ᠮᠢᠨᠦ ᠬᠠᠳᠠᠭᠠᠯᠠᠵᠤ ᠪᠠᠶᠢᠭ᠎ᠠ ᠡᠷᠲᠡᠨ᠎ᠤ ᠨᠣᠮ ᠪᠢᠴᠢᠭ᠎ᠤᠨ ᠳᠣᠲᠣᠷ᠎ᠠ 60 ᠲᠦᠮᠡᠨ ᠦᠰᠦᠭ᠎ᠤᠨ ᠲᠥᠪᠡᠳ ᠨᠤᠮ ᠪᠠ 80 ᠲᠦᠮᠡᠨ ᠦᠰᠦᠭ᠎ᠤᠨ ᠮᠤᠡᠭᠭᠤᠯ ᠨᠤᠮ ᠪᠠᠢᠨ᠎ᠠ ᠂ ᠠᠨᠠᠭᠠᠬᠤ ᠤᠬᠠᠭᠠᠨ ᠂ ᠱᠠᠰᠢᠨ ᠰᠤᠷᠲᠠᠬᠤᠨ ᠂ ᠤᠳᠬ᠎ᠠ ᠵᠣᠬᠢᠶᠠᠯ ᠵᠡᠷᠭᠡ ᠲᠥᠷᠥᠯ ᠵᠦᠢᠯ ᠶᠡᠭᠡᠡᠭᠭᠢᠶᠢᠨᠢ ᠡᠵᠡᠯᠡᠨ᠎ᠡ ︾ ᠭᠡᠵᠦ ᠪᠠᠭᠠᠲᠦᠷ ᠲᠠᠨᠢᠯᠴᠠᠭᠤᠯᠵᠦ ᠭᠠᠷᠤᠯ᠎ᠠ ᠃ ᠲᠤᠰᠬᠠᠢ ᠮᠡᠷᠭᠡᠵᠢᠯᠲᠡᠨ᠎ᠤ ᠬᠢᠨᠠᠨ ᠲᠣᠭᠲᠠᠭᠠᠯᠳᠠ᠎ᠶᠢ ᠥᠨᠳᠤᠰᠤᠯᠠᠪᠠᠯ ᠂ ᠪᠠᠭᠠᠲᠦᠷ᠎ᠤᠨ ᠬᠠᠲᠠᠭᠠᠯᠠᠵᠦ ᠪᠠᠢᠭ᠎ᠠ ᠡᠷᠳᠡᠨ᠎ᠤ ᠨᠤᠮ ᠰᠤᠲᠤᠷ᠎ᠤᠨ ᠲᠤᠳᠤᠷ᠎ᠠ ᠬᠠᠮᠤᠭ᠎ᠤᠨ ᠡᠷᠳᠡᠨ᠎ᠤ ᠨᠤᠮ ᠰᠤᠲᠤᠷ᠎ᠨᠢ 500 ᠵᠢᠯ᠎ᠤᠨ ᠡᠮᠦᠨ᠎ᠡ ᠪᠢᠴᠢᠭᠳᠡᠭᠰᠡᠨ ᠪᠠᠶᠢᠵᠤ ᠂ ᠮᠠᠰᠢ ᠣᠯᠠᠨ ᠬᠠᠭᠤᠴᠢ ᠮᠠᠲ᠋ᠧᠷᠢᠶᠠᠯ᠎ᠨᠢ ᠲᠤᠩ ᠶᠡᠬᠡ ᠰᠤᠳᠤᠯᠭᠠᠨ᠎ᠤ ᠥᠨ᠎ᠠ ᠴᠠᠨ᠎ᠠ᠎ᠲᠠᠢ ᠠᠵᠢ ᠃
ᠪᠠᠭᠠᠳᠤᠷ ᠭᠤᠸᠠᠢ᠎ᠶᠢᠨ ᠡᠷᠳᠡᠨ᠎ᠤ ᠰᠤᠷᠪᠤᠯᠵᠢ ᠪᠢᠴᠢᠭ ᠲᠠᠩᠰᠠ ᠡᠪᠬᠡᠮᠡᠯ ᠬᠤᠷᠢᠶᠠᠨ ᠬᠠᠳᠠᠭᠠᠯᠠᠭᠰᠠᠨ ᠦᠯᠢᠭᠡᠷ ᠤᠴᠠᠷᠠᠯ᠎ᠢ ᠲᠡᠬᠦᠨ᠎ᠤ ᠪᠠᠭ᠎ᠠ ᠨᠠᠰᠤ ᠂ ᠴᠠᠭᠠᠰᠢᠯᠠᠭᠠᠳ ᠡᠪᠦᠭᠡ ᠠᠪᠤ᠋᠎ᠶᠢᠨ ᠬᠢᠨᠢ ᠥᠶ᠎ᠠ᠎ᠡᠴᠠ ᠶᠠᠷᠢᠬᠤ ᠴᠢᠬᠤᠯᠠᠳᠠᠢ ᠃ ︽ ᠮᠢᠨᠦ ᠡᠪᠤᠭᠡ ᠠᠪᠤ᠋ ᠪᠠ ᠠᠪᠤ᠋ ᠪᠦᠷ ᠮᠤᠩᠭᠤᠯ ᠲᠦᠪᠡᠳ ᠡᠷᠳᠡᠨ᠎ᠤ ᠰᠤᠷᠪᠤᠯᠵᠢ ᠪᠢᠴᠢᠭ᠎ᠢ ᠬᠠᠲᠠᠭᠠᠯᠠᠲᠠᠭ ᠪᠠᠢᠬᠰᠠᠨ ᠃ ᠠᠪᠤ᠋ ᠮᠢᠨᠢ ᠮᠠᠯ ᠠᠵᠦ ᠠᠬᠤᠢ᠎ᠶᠢᠨ ᠰᠢᠰᠲᠸᠮ᠎ᠤᠨ ᠠᠵᠢᠯᠲᠠᠨ ᠪᠠᠢᠬᠰᠠᠨ ᠦᠶ᠎ᠡ᠎ᠳ᠋ᠡᠭᠡᠨ ᠮᠤᠩᠭᠤᠯ ᠨᠤᠮ ᠰᠤᠳᠤᠷ᠎ᠲᠤ ᠬᠤᠷᠤᠬᠠᠢ᠎ᠲᠠᠢ ᠪᠤᠯᠵᠥ ᠂ ᠡᠳᠤᠷ ᠲᠤᠳᠤᠮ᠎ᠤᠨ ᠠᠮᠢᠳᠤᠷᠠᠯ ᠲᠤᠮᠳᠠ᠎ᠪᠠᠨ ᠪᠥᠰ᠎ᠤᠨ ᠡᠭᠡᠳᠠᠰᠤ ᠴᠤᠬᠯᠠᠭᠤᠯᠬᠤ ᠰᠢᠬ ᠲᠥᠪᠡᠳ ᠮᠤᠡᠭᠭᠤᠯ ᠡᠷᠳᠡᠨ᠎ᠤ ᠰᠤᠷᠪᠤᠯᠵᠢ ᠪᠢᠴᠢᠭ᠎ᠢ ᠡᠷᠢᠵᠦ ᠴᠤᠭᠯᠠᠭᠤᠯᠤᠨ ᠡᠷᠳᠡᠨᠢ ᠪᠤᠯᠭᠠᠨ ᠬᠠᠳᠠᠭᠠᠯᠠᠳᠠᠬ ᠵᠠᠡᠭᠰᠢᠯ᠎ᠲᠠᠢ ᠪᠠᠢᠵᠠᠢ ︾ ᠭᠡᠵᠦ ᠪᠠᠭᠠᠲᠤᠷ ᠪᠢᠳᠡᠨ᠎ᠳ᠋ᠤ ᠶᠠᠷᠢᠵᠤ ᠦᠭᠴᠦ ᠪᠠᠢᠯ᠎ᠠ ᠃ ᠪᠠᠭᠠᠲᠦᠷ᠎ᠤᠨ ᠡᠵᠢ᠎ᠨᠢ ᠡᠭᠡᠯ ᠵᠢᠷ᠎ᠤᠨ ᠮᠠᠯᠴᠢᠨ ᠪᠥᠰᠡᠬᠥᠢ ᠪᠠᠢᠬᠰᠠᠨ ᠴᠤ ᠬᠠᠳᠬᠤᠮᠠᠯ ᠤᠶᠤᠳᠠᠯ᠎ᠳ᠋ᠤ ᠴᠠᠭᠠᠷᠠᠵᠦ ᠂ ᠮᠤᠩᠭᠤᠯ ᠬᠠᠳᠬᠤᠮᠠᠯ᠎ᠤᠨ ᠪᠤᠲᠠᠰ᠎ᠤᠨ ᠪᠤᠰᠤ ᠰᠤᠶᠤᠯ᠎ᠤᠨ ᠦᠪ᠎ᠤᠨ ᠤᠯᠠᠮᠵᠢᠯᠠᠭᠴᠢ ᠪᠤᠯᠤᠬᠰᠠᠨ ᠶᠤᠮ ᠃ ᠡᠢᠮᠦᠷᠬᠥᠤ ᠰᠤᠶᠤᠯ ᠤᠷᠠᠯᠢᠭ᠎ᠤᠨ ᠠᠭᠤᠷ ᠠᠮᠢᠰᠬᠤᠯ᠎ᠢᠶᠠᠷ ᠦᠳᠭᠡᠨ ᠵᠤᠵᠠᠭᠠᠨ ᠭᠡᠷ ᠪᠥᠯᠢ᠎ᠳ᠋ᠤ ᠦᠰᠴᠦ ᠲᠤᠷᠨᠢᠬᠰᠠᠨ ᠪᠠᠭᠠᠳᠤᠷ ᠭᠤᠸᠠᠢ ᠬᠠᠷᠠᠬᠠᠨ ᠪᠠᠭ᠎ᠠ᠎ᠡᠴᠠ᠎ᠪᠠᠨ ᠪᠤᠰᠤᠳ ᠬᠡᠦᠬᠡᠳ᠎ᠡᠴᠠ ᠬᠤᠯᠠ ᠡᠷᠳᠡ ᠨᠤᠮ ᠰᠤᠳᠤᠷ᠎ᠲᠠᠢ ᠤᠢᠷᠠᠳᠤᠨ ᠂ ᠦᠰᠦᠭ ᠨᠢᠳᠤᠯᠠᠵᠥ ᠦᠬᠦᠯᠡᠪᠦᠷᠢ ᠬᠤᠯᠪᠤᠵᠦ ᠴᠢᠲᠠᠬᠰᠠᠨ ᠪᠦᠬᠡᠳ ᠡᠪᠦᠬᠡ ᠠᠪᠤ᠋ ᠪᠠ ᠠᠪᠤ᠋ᠶᠢᠨᠢᠶᠡᠨ ᠰᠠᠢᠬᠠᠨ ᠰᠤᠷᠳᠠᠯ᠎ᠢ ᠤᠯᠠᠮᠵᠢᠯᠠᠨ ᠵᠠᠯᠭᠠᠮᠵᠢᠯᠠᠵᠤ ᠂ ᠮᠣᠩᠭᠣᠯ ᠲᠥᠪᠡᠳ ᠰᠤᠷᠪᠤᠯᠵᠢ ᠪᠢᠴᠢᠭ ᠪᠣᠯᠤᠨ ᠳᠠᠩᠰᠠ ᠡᠪᠬᠡᠮᠡᠯ᠎ᠢ ᠬᠠᠳᠠᠭᠠᠯᠠᠵᠤ ᠡᠬᠢᠯᠡᠭᠰᠡᠨ ᠪᠠᠢᠳᠠᠬ ᠃
ᠪᠠᠭᠠᠳᠤᠷ 1999 ᠡᠤᠨ᠎ᠳ᠋ᠤ ᠦᠪᠦᠷ ᠮᠤᠩᠭᠤᠯ᠎ᠤᠨ ᠦᠨᠳᠤᠰᠤᠳᠡᠨ᠎ᠤ ᠶᠡᠭᠡ ᠰᠤᠷᠭᠠᠭᠤᠯᠢ᠎ᠶᠢᠨ ᠤᠷᠠᠨ ᠵᠢᠷᠤᠬ᠎ᠤᠨ ᠰᠠᠯᠪᠦᠷᠢ᠎ᠳ᠋ᠤ ᠮᠣᠩᠭᠣᠯ ᠰᠡᠶᠢᠯᠦᠮᠡᠯ ᠤᠷᠠᠨ ᠪᠢᠴᠢᠯᠭᠡ ᠰᠤᠷᠴᠤ ᠪᠠᠶᠢᠬᠤ᠎ᠳᠠᠭᠠᠨ ᠂ ᠴᠢᠩᠭᠢᠰ ᠬᠠᠭᠠᠨ᠎ᠤ ᠲᠠᠮᠠᠭ᠎ᠠ᠎ᠶᠢᠨ ᠲᠤᠬᠠᠢ ᠬᠦᠨᠵᠡᠬᠡᠢ ᠤᠢᠯᠠᠭᠠᠵᠦ ᠂ ᠮᠣᠩᠭᠣᠯ ᠡᠷᠳᠡᠨ᠎ᠤ ᠦᠰᠦᠭ ᠪᠢᠴᠢᠭ᠎ᠤᠨ ᠲᠤᠬᠠᠢ ᠨᠡᠩ ᠢᠯᠡᠬᠦᠦ ᠲᠤᠷ᠎ᠠ ᠪᠠᠬᠠᠲᠠᠢ ᠪᠤᠯᠵᠠᠢ ᠃ ᠲᠡᠬᠦᠨ᠎ᠡᠴᠠ ᠡᠬᠢᠯᠡᠭᠡᠳ ᠂ ᠲᠡᠷᠡ ᠴᠦᠬᠡᠨ ᠲᠤᠭᠠᠳᠦ ᠦᠨᠳᠦᠰᠦᠳᠡᠨ᠎ᠤ ᠡᠷᠳᠡᠨ᠎ᠤ ᠰᠤᠷᠪᠤᠯᠵᠢ ᠪᠢᠴᠢᠭ ᠪᠠ ᠬᠠᠭᠤᠴᠢᠨ ᠲᠠᠩᠰᠠ ᠡᠪᠬᠡᠮᠡᠯ᠎ᠢ ᠤᠯᠲᠠᠬᠤ᠎ᠶᠢᠨ ᠬᠢᠷᠢ᠎ᠪᠠᠷ᠎ᠢᠶᠡᠨ ᠡᠮᠬᠢᠯᠡᠨ ᠴᠤᠭᠯᠠᠭᠤᠯᠬᠤ᠎ᠶᠢᠨ ᠲᠠᠭᠠᠤ ᠲᠦᠪᠡᠳ ᠮᠤᠩᠭᠤᠯ ᠰᠤᠷᠪᠤᠯᠵᠢ ᠪᠢᠴᠢᠭ ᠂ ᠲᠠᠩᠰᠠ ᠡᠪᠬᠡᠮᠡᠯ᠎ᠢᠶᠡᠨ ᠲᠦᠷᠦᠯ ᠠᠩᠬᠢᠯᠠᠨ ᠰᠢᠰᠲ᠋ᠸᠮ᠎ᠲᠠᠢ ᠬᠤᠷᠢᠶᠠᠨ ᠬᠠᠲᠠᠭᠠᠯᠠᠵᠤ ᠢᠷᠠᠪᠠ ᠃ ︽ ᠲᠡᠷᠡ ᠦᠶ᠎ᠡ᠎ᠳ᠋ᠤ ᠡᠷᠲᠡᠨ᠎ᠤ ᠶᠠᠭᠤᠮ᠎ᠠ ᠬᠤᠪᠢ ᠬᠥᠮᠦᠨ᠎ᠤ ᠭᠠᠷ᠎ᠲᠤ ᠲᠠᠷᠠᠬᠠᠢ ᠪᠤᠲᠠᠷᠬᠠᠶ ᠬᠠᠳᠠᠭᠠᠯᠠᠬᠳᠠᠵᠥ ᠂ ᠨᠣᠮ᠎ᠤᠨ ᠳᠡᠯᠭᠡᠭᠦᠷ᠎ᠡᠴᠠ ᠶᠡᠷᠦ᠎ᠨᠢ ᠣᠯᠳᠠᠬᠤ ᠦᠭᠡᠢ ᠪᠠᠢᠬᠰᠠᠨ ᠶᠤᠮ ᠂ ᠡᠶᠢᠮᠦ᠎ᠡᠴᠠ ᠪᠢ ᠶᠡᠬᠡ ᠬᠡᠮᠵᠢᠶᠡᠨ᠎ᠤ ᠴᠠᠭ ᠵᠠᠷᠤᠴᠠᠭᠤᠯᠵᠤ ᠪᠠᠶᠢᠭᠠᠳ ᠮᠠᠯᠵᠢᠬᠤ ᠲᠠᠷᠢᠶᠠᠯᠠᠬᠤ ᠣᠷᠣᠨ᠎ᠳ᠋ᠤ ᠣᠴᠢᠵᠤ ᠰᠤᠷᠪᠤᠯᠵᠢᠯᠠᠬᠤ᠎ᠶᠢᠨ ᠬᠠᠮᠳᠤ ᠭᠠᠷ᠎ᠲᠠᠬᠢ ᠪᠡᠯᠡ ᠮᠥᠡᠭᠭᠥᠪᠠᠷᠢᠶᠡᠨ ᠮᠣᠩᠭᠣᠯ ᠲᠥᠪᠡᠳ ᠰᠤᠷᠪᠤᠯᠵᠢ ᠪᠢᠴᠢᠭ᠎ᠢ ᠬᠤᠳᠠᠯᠳᠤᠨ ᠠᠪᠴᠦ ᠪᠠᠢᠬᠰᠠᠨ ᠃ ᠬᠤᠵᠢᠮ᠎ᠨᠢ ᠪᠢ ᠥᠪᠥᠷ ᠮᠣᠩᠭᠣᠯ᠎ᠤᠨ ᠶᠡᠬᠡ ᠰᠤᠷᠭᠠᠭᠤᠯᠢ ᠂ ᠥᠪᠥᠷ ᠮᠣᠩᠭᠣᠯ᠎ᠤᠨ ᠪᠠᠭᠰᠢ᠎ᠶᠢᠨ ᠶᠡᠬᠡ ᠰᠤᠷᠭᠠᠭᠤᠯᠢ ᠂ ᠥᠪᠥᠷ ᠮᠣᠩᠭᠣᠯ᠎ᠤᠨ ᠨᠡᠶᠢᠭᠡᠮ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ ᠂ ᠴᠠᠭᠠᠰᠢᠯᠠᠪᠠᠯ ᠳᠤᠮᠳᠠᠳᠤ ᠤᠯᠤᠰ᠎ᠤᠨ ᠨᠡᠶᠢᠭᠡᠮ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠤᠨ ᠡᠷᠲᠡᠨ᠎ᠤ ᠰᠤᠷᠪᠤᠯᠵᠢ ᠪᠢᠴᠢᠭ ᠰᠤᠳᠤᠯᠬᠤ ᠭᠠᠵᠠᠷ᠎ᠤᠨ ᠲᠤᠰᠬᠠᠶ ᠮᠡᠷᠭᠡᠵᠢᠯᠲᠡᠳ᠎ᠲᠠᠢ ᠲᠠᠨᠢᠯᠴᠠᠵᠤ ᠂ ᠲᠥᠪᠡᠳ ᠮᠤᠡᠭᠭᠤᠯ ᠡᠷᠳᠠᠨᠤ ᠰᠤᠷᠪᠤᠯᠵᠢ ᠪᠢᠴᠢᠭ᠎ᠤᠨ ᠲᠤᠬᠠᠢ ᠰᠤᠷᠴᠤ ᠰᠤᠳᠤᠯᠵᠥ ᠪᠠᠢᠬᠰᠠᠨ ᠠ᠊ · ᠫᠤᠡᠭᠰᠤᠬ ᠂ ᠵᠠ ᠯᠥᠸᠸ ᠂ ᠰᠠᠢᠨ ᠂ ᠰᠠᠷᠠᠡᠭᠭᠤᠸᠠ ᠵᠡᠷᠭᠡ ᠪᠠᠬᠰᠢ ᠨᠠᠷ᠎ᠡᠴᠠ ᠰᠤᠷᠤᠯᠴᠠᠵᠦ ᠂ ᠡᠷᠲᠡᠨ᠎ᠤ ᠨᠣᠮ ᠪᠢᠴᠢᠭ᠎ᠢ ᠢᠯᠭᠠᠨ ᠲᠠᠨᠢᠬᠤ ᠴᠢᠳᠠᠪᠤᠷᠢ᠎ᠪᠠᠨ ᠠᠭᠠᠵᠢᠮ᠎ᠢᠶᠠᠷ ᠳᠡᠭᠡᠭᠰᠢᠯᠡᠬᠥᠯᠦᠭᠰᠡᠨ ᠶᠤᠮ ︾ ᠭᠡᠵᠦ ᠲᠡᠷᠡ ᠡᠷᠬᠢᠴᠡᠬᠦᠯᠦᠨ᠎ᠡ ᠃
ᠬᠤᠷᠢᠶᠠᠨ ᠬᠠᠳᠠᠭᠠᠯᠠᠭᠰᠠᠨ ᠨᠤᠮ ᠰᠤᠳᠤᠷ᠎ᠤᠨ᠎ᠢᠶᠡᠨ ᠢᠷᠡᠯᠲᠡ ᠂ ᠤᠨ ᠵᠢᠯ ᠂ ᠦᠯᠢᠭᠡᠷ ᠤᠴᠡᠷᠠᠯᠤᠳᠢ ᠪᠢᠳᠡᠨ᠎ᠳ᠋ᠤ ᠨᠢᠭᠡ ᠵᠠᠬ᠎ᠠ᠎ᠡᠴᠠ ᠡᠬᠢ ᠠᠳᠠᠭ᠎ᠲᠠᠢ ᠲᠠᠨᠢᠯᠴᠠᠭᠤᠯᠬᠤ᠎ᠳ᠋ᠤ ᠦᠪ ᠰᠤᠶᠤᠯ᠎ᠳᠠᠭᠠᠨ ᠰᠢᠩᠭᠡᠭᠰᠡᠨ ᠬᠠᠯᠠᠭᠤᠨ ᠬᠠᠢᠷ᠎ᠠ ᠂ ᠢᠲᠡᠭᠡᠯ ᠤᠮᠤᠭᠰᠢᠯ ᠪᠠᠭᠠᠳᠤᠷ᠎ᠤᠨ ᠴᠢᠷᠠᠢ᠎ᠳ᠋ᠤ ᠲᠤᠳᠤᠬᠠᠨ ᠬᠠᠷᠠᠭᠳᠠᠨ᠎ᠠ ᠃ 2008 ᠣᠨ᠎ᠳ᠋ᠤ ᠂ ᠪᠠᠭᠠᠲᠤᠷ ᠤᠯᠠᠭᠠᠨᠴᠠᠪ ᠬᠤᠳᠠ᠎ᠶᠢᠨ ᠴᠠᠬᠠᠷ ᠪᠠᠷᠠᠭᠤᠨ ᠭᠠᠷᠤᠨ ᠡᠮᠥᠨᠡᠳᠤ ᠬᠤᠰᠢᠭᠤᠨ᠎ᠤ ᠳᠠᠩᠰᠠ ᠡᠪᠬᠡᠮᠡᠯ᠎ᠤᠨ ᠠᠵᠢᠯᠲᠠᠨ ᠹᠦ᠋ ᠨᠠ ᠶᠢᠩ᠎ᠲᠠᠢ ᠠᠢᠯ ᠭᠡᠷ ᠪᠤᠯᠪᠠ ᠃ ᠲᠡᠭᠡᠭᠡᠳ ᠯᠡ ᠡᠷᠲᠡᠨ᠎ᠤ ᠨᠣᠮ ᠰᠤᠳᠤᠷ ᠂ ᠬᠠᠭᠤᠴᠢᠨ ᠪᠣᠳᠠᠰ᠎ᠢ ᠬᠣᠷᠢᠶᠠᠨ ᠬᠠᠳᠠᠭᠠᠯᠠᠵᠦ ᠡᠮᠬᠢᠯᠡᠨ ᠴᠤᠭᠯᠠᠭᠤᠯᠬᠤ ᠬᠠᠮᠲᠦ᠎ᠶᠢᠨ ᠲᠤᠷ᠎ᠠ ᠰᠤᠨᠢᠷᠬᠠᠯ᠎ᠲᠠᠢ ᠪᠠᠭᠠᠲᠤᠷ ᠹᠦ᠋ ᠨᠠ ᠶᠢᠩ ᠬᠤᠶᠠᠭᠤᠯᠠ ᠡᠬᠡ ᠤᠯᠤᠰ᠎ᠤᠨ ᠡᠯ᠎ᠡ ᠭᠠᠵᠠᠷ᠎ᠢᠶᠠᠷ ᠲᠤᠭᠤᠷᠢᠵᠦ ᠂ ᠬᠦᠷᠦᠭᠰᠡᠨ ᠭᠠᠵᠠᠷ ᠪᠤᠯᠭᠠᠨ᠎ᠤ ᠬᠠᠭᠤᠴᠢ ᠪᠠᠭᠤᠷᠢ᠎ᠪᠠᠷ ᠰᠤᠷᠪᠤᠯᠵᠢᠯᠠᠵᠦ ᠂ ᠨᠤᠮ᠎ᠤᠨ ᠰᠠᠩ ᠂ ᠨᠤᠮ᠎ᠤᠨ ᠲᠡᠯᠭᠡᠬᠦᠷ᠎ᠢᠶᠠᠷ ᠤᠷᠤᠵᠦ ᠂ ᠮᠣᠩᠭᠣᠯ ᠲᠥᠪᠡᠳ ᠡᠷᠲᠡᠨ᠎ᠤ ᠰᠤᠷᠪᠤᠯᠵᠢ ᠪᠢᠴᠢᠭ ᠂ ᠳᠠᠩᠰᠠ ᠡᠪᠬᠡᠮᠡᠯ ᠪᠢᠴᠢᠭ ᠮᠠᠲ᠋ᠧᠷᠢᠶᠠᠯ ᠡᠷᠢᠳᠡᠭ ᠪᠠᠢᠯ᠎ᠠ ᠃ 2009 ᠤᠨ᠎ᠤ 9 ᠰᠠᠷ᠎ᠠ᠎ᠳ᠋ᠤ ᠲᠡᠷᠡ ᠭᠡᠷᠭᠡᠢ᠎ᠲᠠᠢ᠎ᠪᠠᠨ ᠤᠷᠲᠤᠰ ᠬᠤᠲᠠ᠎ᠶᠢᠨ ᠡᠵᠡᠨ ᠬᠤᠷᠤᠭ᠎ᠠ ᠬᠤᠰᠢᠭᠤᠨ᠎ᠤ ᠨᠠᠷᠠᠨᠰᠢᠯᠢ ᠭᠠᠴᠠᠭ᠎ᠠ᠎ᠪᠠᠷ ᠡᠷᠳᠡᠨ᠎ᠤ ᠨᠤᠮ ᠰᠤᠳᠤᠷ ᠬᠠᠢᠵᠦ ᠶᠠᠪᠤᠬᠤ᠎ᠳᠠᠭᠠᠨ ᠂ ᠨᠢᠬᠡᠨ ᠮᠠᠯᠴᠢᠨ ᠠᠢᠯ᠎ᠳ᠋ᠤ ︽ ᠭᠡᠰᠡᠷ᠎ᠤᠨ ᠲᠤᠭᠤᠵᠢ ︾᠎ᠶᠢᠨ ᠨᠢᠭᠡᠨ ᠪᠦᠯᠦᠭ 1716 ᠤᠨ᠎ᠤ ︽ ᠠᠷᠪᠡᠨ ᠵᠦᠭ᠎ᠲᠤ ᠡᠵᠡᠨ ᠠᠴᠢᠲᠤ ᠬᠡᠰᠡᠷ ᠪᠤᠭᠲᠠ ᠮᠡᠷᠭᠡᠨ ᠬᠠᠭᠠᠨ ︾ ᠬᠡᠮᠡᠬᠦ ᠨᠤᠮ ᠰᠤᠳᠤᠷ᠎ᠢ ᠬᠠᠲᠠᠭᠠᠯᠠᠵᠦ ᠪᠠᠢᠬᠤ᠎ᠶᠢ ᠤᠯᠵᠦ ᠮᠡᠳᠡᠭᠡᠳ ᠶᠠᠭᠡᠲᠡ ᠲᠤᠭᠲᠤᠯᠤᠨ ᠂ ᠮᠠᠯᠴᠢᠨ ᠠᠢᠯ᠎ᠳ᠋ᠤ ᠠᠢᠯᠴᠢᠯᠠᠨ ᠬᠥᠷᠴᠤ ᠂ ᠬᠡᠷ᠎ᠤᠨ ᠠᠵᠢᠯ᠎ᠳ᠋ᠤ᠎ᠨᠢ ᠬᠠᠪᠰᠤᠷᠬᠤ᠎ᠶᠢᠨ ᠬᠠᠮᠲᠦ ᠵᠤᠭᠤᠰ ᠮᠦᠩᠬᠦ ᠴᠤᠭᠯᠠᠭᠤᠯᠵᠦ ᠲᠤᠰ ᠨᠤᠮ᠎ᠢ ᠬᠤᠳᠠᠯᠳᠤᠨ ᠠᠪᠤᠭᠰᠠᠨ ᠭᠡᠳᠡᠭ ᠃

ᠪᠠᠭᠠᠲᠣᠷ ᠨᠣᠮ ᠬᠠᠳᠠᠭᠠᠯᠠᠬᠣ ᠭᠠᠵᠠᠷ ᠲᠠᠭᠠᠨ
︽ ᠡᠷᠳᠡᠨ᠎ᠤ ᠰᠤᠷᠪᠤᠯᠵᠢ ᠪᠢᠴᠢᠭ᠎ᠢ ᠬᠤᠷᠢᠶᠠᠨ ᠬᠠᠳᠠᠭᠠᠯᠠᠬᠤ᠎ᠳ᠋ᠤ ᠬᠦᠴᠦ ᠬᠦᠯᠦᠰᠦ ᠂ ᠵᠤᠭᠤᠰ ᠮᠦᠩᠭᠦ ᠵᠠᠷᠤᠴᠠᠭᠤᠯᠳᠠᠭ ᠃ ᠭᠡᠷᠪᠡ ᠭᠡᠷᠭᠡᠢ᠎ᠶᠢᠨ ᠮᠢᠨᠢ ᠲᠡᠮᠵᠢᠯᠭᠡ ᠪᠠᠢᠬᠤ ᠦᠬᠡᠢ ᠪᠤᠯ ᠨᠤᠮ ᠪᠢᠴᠢᠭ᠎ᠤᠨ ᠬᠠᠲᠠᠭᠠᠯᠠᠮᠵᠢ ᠦᠨᠦᠲᠦᠷ᠎ᠤᠨ ᠰᠢᠭ ᠡᠢᠮᠦ ᠬᠡᠮᠵᠢᠶᠡᠨ᠎ᠳ᠋ᠤ ᠬᠦᠷᠴᠦ ᠲᠡᠢᠯᠬᠦ ᠦᠭᠡᠢ ᠰᠢᠦ ︾ ᠭᠡᠵᠦ ᠪᠠᠭᠠᠲᠤᠷ ᠢᠨᠢᠶᠡᠮᠰᠦᠭᠯᠡᠨ ᠶᠠᠷᠢᠨ᠎ᠠ ᠃ ᠹᠦ᠋ ᠨᠠ ᠶᠢᠩ ᠡᠷᠳᠡᠨ᠎ᠤ ᠨᠤᠮ ᠰᠤᠳᠤᠷ᠎ᠢ ᠬᠢᠮᠠᠭᠠᠲᠠᠨ ᠬᠠᠢᠷᠠᠯᠠᠵᠦ ᠂ ᠡᠮᠳᠡᠷᠡᠵᠦ ᠤᠷᠠᠬᠲᠠᠬᠰᠠᠨᠢᠨᠢ ᠰᠡᠯᠪᠢᠵᠦ ᠂ ᠲᠤᠲᠠᠭᠲᠠᠵᠦ ᠤᠷᠬᠢᠬᠲᠠᠬᠰᠠᠨᠢᠨᠢ ᠨᠦᠬᠦᠵᠦ ᠂ ᠵᠢᠷᠤᠭ ᠰᠡᠭᠦᠳᠡᠷ ᠂ ᠪᠢᠴᠢᠭ ᠮᠠᠲ᠋ᠸᠷᠢᠶᠠᠯ᠎ᠢ ᠨᠢᠭᠡ ᠨᠢᠭᠡ ᠨᠢᠭᠤᠷ᠎ᠢᠶᠠᠷ ᠰᠢᠯ ᠬᠠᠶᠢᠷᠴᠠᠭᠲᠤ ᠨᠢᠮᠪᠠᠢ ᠬᠢᠵᠦ ᠬᠤᠷᠢᠶᠠᠳᠠᠭ ᠃ ︽ ᠡᠷᠳᠡᠨ᠎ᠤ ᠰᠤᠷᠪᠤᠯᠵᠢ ᠪᠢᠴᠢᠭ ᠪᠤᠯ ᠦᠨᠳᠦᠰᠦᠳᠡᠨ᠎ᠤ ᠰᠤᠶᠤᠯ ᠰᠤᠳᠤᠯᠭᠠᠨ᠎ᠤ ᠠᠵᠢᠯ᠎ᠤᠨ ᠴᠢᠬᠤᠯᠠ ᠠᠭᠤᠯᠭ᠎ᠠ ᠮᠦᠨ ᠂ ᠪᠢᠳᠡ ᠬᠤᠶᠠᠭᠤᠯᠠ ᠴᠦᠬᠡᠨ ᠲᠤᠭᠠᠳᠦ ᠦᠨᠳᠦᠰᠦᠳᠡᠨ᠎ᠤ ᠡᠷᠳᠡᠨ᠎ᠤ ᠨᠤᠮ ᠰᠤᠳᠤᠷ᠎ᠢ ᠴᠤᠭᠯᠠᠭᠤᠯᠤᠨ ᠂ ᠬᠠᠮᠠᠭᠠᠯᠠᠵᠦ ᠂ ᠤᠯᠠᠮᠵᠢᠯᠠᠨ ᠂ ᠡᠷᠳᠡᠮ ᠰᠢᠨᠵᠢᠯᠡᠭᠡᠨ᠎ᠳ᠋ᠤ ᠦᠨᠡᠨ ᠪᠤᠳᠠᠳᠠᠢ ᠪᠦᠭᠡᠳ ᠨᠠᠶᠢᠳᠠᠪᠦᠷᠢᠳᠠᠢ ᠪᠢᠴᠢᠭ ᠮᠠᠲ᠋ᠧᠷᠢᠶᠠᠯ ᠬᠠᠩᠭᠠᠵᠦ ᠂ ᠦᠨᠳᠦᠰᠦᠳᠡᠨ᠎ᠤ ᠰᠢᠯᠢᠳᠡᠭ ᠤᠯᠠᠮᠵᠢᠯᠠᠯᠳᠦ ᠰᠤᠶᠤᠯ᠎ᠢ ᠵᠠᠯᠭᠠᠮᠵᠢᠯᠠᠨ ᠪᠠᠳᠠᠷᠠᠭᠤᠯᠬᠤ᠎ᠳ᠋ᠤ ᠦᠴᠦᠭᠡᠨ ᠴᠦ ᠭᠡᠰᠡᠨ ᠬᠤᠪᠢ ᠨᠡᠮᠡᠷᠢ᠎ᠪᠠᠨ ᠦᠵᠡᠬᠦᠯᠦᠶ᠎ᠡ ᠯᠡ ᠭᠡᠵᠦ ᠪᠤᠳᠤᠵᠤ ᠪᠠᠢᠨ᠎ᠠ ︾ ᠭᠡᠵᠥ ᠲᠡᠷᠡ ᠪᠤᠳᠤᠯ᠎ᠢᠶᠡᠨ ᠲᠡᠯᠭᠡᠯ᠎ᠡ ᠃
ᠤᠲᠤ ᠂ ᠪᠠᠭᠠᠲᠤᠷ᠎ᠤᠨ ᠬᠠᠳᠠᠭᠠᠯᠠᠵᠦ ᠪᠠᠶᠢᠭ᠎ᠠ ᠡᠷᠳᠡᠨ᠎ᠤ ᠨᠤᠮ ᠰᠤᠳᠤᠷᠤᠳᠨᠢ ᠲᠤᠮᠳᠠᠳᠦ ᠤᠯᠤᠰ᠎ᠤᠨ ᠲᠦᠪᠡᠳ ᠰᠤᠳᠤᠯᠤᠯ᠎ᠤᠨ ᠲᠦᠪ ᠂ ᠲᠤᠮᠳᠠᠳᠦ ᠤᠯᠤᠰ᠎ᠤᠨ ᠨᠡᠶᠢᠭᠡᠮ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ ᠂ ᠤᠯᠤᠰ᠎ᠤᠨ ᠨᠤᠮ᠎ᠤᠨ ᠰᠠᠩ᠎ᠤᠨ ᠴᠦᠬᠡᠨ ᠲᠤᠭᠠᠳᠦ ᠦᠨᠳᠦᠰᠦᠳᠡᠨ᠎ᠤ ᠡᠷᠳᠡᠨ᠎ᠤ ᠰᠤᠷᠪᠤᠯᠵᠢ ᠪᠢᠴᠢᠭ᠎ᠤᠨ ᠤᠷᠳᠤᠨ ᠂ ᠪᠡᠭᠡᠵᠢᠩ ᠶᠡᠭᠡ ᠰᠤᠷᠭᠠᠭᠤᠯᠢ ᠂ ᠦᠪᠦᠷ ᠮᠤᠩᠭᠤᠯ᠎ᠤᠨ ᠶᠡᠭᠡ ᠰᠤᠷᠭᠠᠭᠤᠯᠢ ᠵᠡᠷᠭᠡ ᠰᠤᠲᠤᠯᠭᠠᠨ᠎ᠤ ᠪᠠᠢᠭᠤᠯᠤᠮᠵᠢ ᠪᠠ ᠶᠡᠬᠡ ᠲᠡᠭᠡᠲᠦ ᠰᠤᠷᠭᠠᠭᠤᠯᠢ᠎ᠶᠢᠨ ᠡᠷᠳᠡᠮ ᠰᠢᠨᠵᠢᠯᠡᠭᠡᠨ᠎ᠤ ᠰᠤᠳᠤᠯᠭᠠᠨ᠎ᠳ᠋ᠤ ᠤᠯᠳᠠᠰᠢ ᠦᠭᠡᠢ ᠬᠤᠪᠤᠷ ᠮᠠᠲ᠋ᠧᠷᠢᠶᠠᠯ ᠬᠠᠩᠭᠠᠵᠦ ᠪᠤᠢ ᠃ ︽ ᠪᠢ ᠪᠠᠰᠠ ᠰᠤᠳᠤᠯᠭᠠᠨ ᠬᠢᠵᠦ ᠪᠠᠢᠭ᠎ᠠ ᠡᠷᠳᠡᠮᠳᠡᠨ ᠪᠠᠭᠰᠢ ᠨᠠᠷ᠎ᠡᠴᠠ ᠲᠦᠪᠡᠳ ᠮᠤᠩᠭᠤᠯ ᠡᠷᠳᠡᠨ᠎ᠤ ᠰᠤᠷᠪᠤᠯᠵᠢ ᠪᠢᠴᠢᠭ᠎ᠤᠨ ᠲᠡᠦᠬᠡ ᠰᠤᠶᠤᠯ᠎ᠤᠨ ᠬᠠᠮᠢᠶᠠᠲᠠᠢ ᠮᠡᠳᠡᠯᠭᠡ᠎ᠶᠢ ᠰᠤᠷᠤᠯᠴᠠᠵᠥ ᠪᠤᠢ ᠃ ᠬᠤᠵᠢᠮ ᠦᠨᠳᠦᠰᠦᠳᠡᠨ᠎ᠤ ᠰᠢᠯᠢᠳᠡᠭ ᠤᠯᠠᠮᠵᠢᠯᠠᠯᠳᠦ ᠰᠤᠶᠤᠯ᠎ᠢ ᠤᠯᠠᠮᠵᠢᠯᠠᠨ ᠪᠠᠳᠠᠷᠠᠭᠤᠯᠵᠤ ᠂ ᠴᠦᠬᠡᠨ ᠲᠤᠭᠠᠳᠦ ᠦᠨᠳᠦᠰᠦᠳᠡᠨ᠎ᠤ ᠡᠷᠳᠡᠨ᠎ᠤ ᠰᠤᠷᠪᠤᠯᠵᠢ ᠪᠢᠴᠢᠭ᠎ᠢ ᠨᠡᠩ ᠰᠠᠢᠲᠦᠷ ᠤᠯᠠᠮᠵᠢᠯᠠᠨ ᠬᠦᠭᠵᠢᠬᠦᠯᠬᠦ᠎ᠪᠠᠷ ᠴᠢᠷᠮᠠᠶᠢᠵᠦ ᠂ ᠦᠷ᠎ᠡ ᠬᠤᠢᠴᠢᠰ᠎ᠲᠠᠭᠠᠨ ᠡᠳᠡᠭᠡᠷ ᠦᠪ ᠰᠤᠶᠤᠯ᠎ᠢᠶᠡᠨ ᠦᠪᠯᠡᠬᠦᠯᠦᠨ ᠵᠠᠯᠭᠠᠮᠵᠢᠯᠠᠭᠤᠯᠬᠤ᠎ᠶᠢ ᠬᠦᠰᠡᠵᠦ ᠪᠠᠢᠨ᠎ᠠ ︾ ᠭᠡᠵᠦ ᠲᠡᠷᠡ ᠲᠠᠨᠢᠯᠴᠠᠭᠤᠯᠵᠥ ᠪᠢᠯᠠ ᠃
2019 ᠡᠤᠨᠤ 7 ᠰᠠᠷ᠎ᠠ᠎ᠶᠢᠨ 16᠎ᠤ ᠡᠳᠤᠷ ᠂ ᠶᠡᠷᠦᠩᠬᠡᠢ ᠱᠦᠵᠢ ᠰᠢ᠎ᠶᠢᠨ ᠫᠢᠩ ᠦᠪᠦᠷ ᠮᠤᠩᠭᠤᠯ᠎ᠳ᠋ᠤ ᠰᠢᠨᠵᠢᠯᠡᠨ ᠪᠠᠶᠢᠴᠠᠭᠠᠬᠤ᠎ᠳᠠᠭᠠᠨ ︽ ᠮᠤᠩᠭᠤᠯ ᠡᠷᠳᠡᠨ᠎ᠤ ᠨᠤᠮ ᠰᠤᠳᠤᠷ᠎ᠢ ᠴᠤᠭᠯᠠᠭᠤᠯᠬᠤ ᠂ ᠡᠮᠬᠢᠳᠭᠡᠬᠦ ᠂ ᠬᠠᠮᠠᠭᠠᠯᠠᠬᠤ ᠠᠵᠢᠯ᠎ᠢ ᠴᠢᠩᠭᠠᠳᠬᠠᠬᠤ ᠬᠡᠷᠡᠭᠳᠡᠢ ︾ ᠭᠡᠵᠤ ᠵᠢᠭᠠᠵᠤ ᠭᠠᠷᠭᠠᠨᠨᠰᠡᠨ ᠪᠠᠢᠨ᠎ᠠ ᠃ ᠡᠨᠡ᠎ᠨᠢ ᠪᠠᠭᠠᠳᠤᠷ ᠭᠤᠸᠠᠢ᠎ᠶᠢᠨ ᠡᠷᠳᠡᠨ᠎ᠤ ᠨᠤᠮ ᠰᠤᠳᠤᠷ ᠴᠤᠭᠯᠠᠭᠤᠯᠬᠤ ᠠᠵᠢᠯ᠎ᠳ᠋ᠤ ᠮᠠᠰᠢ ᠶᠡᠬᠡ ᠵᠤᠷᠢᠭᠵᠢᠭᠤᠯᠤᠯ ᠪᠤᠯᠵᠤ ᠂ ᠴᠦᠭᠡᠨ ᠲᠤᠭᠠᠳᠦ ᠦᠨᠳᠦᠰᠦᠳᠡᠨ᠎ᠤ ᠦᠪ ᠰᠤᠶᠤᠯ᠎ᠢᠶᠡᠨ ᠤᠯᠠᠮᠵᠢᠯᠠᠨ ᠬᠦᠭᠵᠢᠬᠦᠯᠵᠦ ᠂ ᠬᠤᠵᠢᠮ᠎ᠤᠨ ᠬᠦᠮᠦᠰ᠎ᠲᠤ ᠦᠪᠯᠡᠬᠦᠯᠦᠨ ᠦᠯᠡᠳᠡᠭᠡᠬᠦ᠎ᠪᠠᠷ ᠤᠯᠠᠮ ᠵᠤᠷᠢᠭ ᠰᠢᠭᠤᠳᠴᠠᠢ ᠃ ᠡᠨᠡ ᠵᠢᠯ᠎ᠤᠨ ᠬᠢᠵᠢᠭ᠎ᠤᠨ ᠬᠤᠭᠤᠴᠠᠭᠠᠨ᠎ᠳ᠋ᠤ ᠲᠤᠮᠳᠠᠳᠦ ᠤᠯᠤᠰ᠎ᠤᠨ ᠲᠦᠪᠡᠳ ᠰᠤᠳᠤᠯᠤᠯ᠎ᠤᠨ ᠲᠦᠪ ᠂ ᠲᠤᠮᠳᠠᠳᠦ ᠤᠯᠤᠰ᠎ᠤᠨ ᠨᠡᠶᠢᠭᠡᠮ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ ᠵᠢᠴᠢ ᠨᠠᠢᠮᠠᠨ ᠮᠤᠵᠢ ᠤᠷᠤᠨ᠎ᠤ ᠮᠤᠩᠭᠤᠯ ᠂ ᠲᠦᠪᠡᠳ ᠡᠷᠲᠡᠨ᠎ᠤ ᠰᠤᠷᠪᠤᠯᠵᠢ ᠪᠢᠴᠢᠭ᠎ᠤᠨ ᠰᠤᠲᠤᠯᠭᠠᠨ᠎ᠤ ᠡᠷᠲᠠᠮᠲᠡᠳᠤᠨ ᠰᠠᠨᠠᠭᠤᠯᠭ᠎ᠠ ᠪᠠ ᠲᠠᠮᠵᠢᠯᠭᠡ᠎ᠪᠠᠷ ᠪᠠᠭᠠᠲᠤᠷ ᠭᠤᠸᠠᠢ ᠦᠪᠡᠷ᠎ᠤᠨ ᠨᠤᠮ᠎ᠤᠨ ᠦᠷᠦᠭᠡ᠎ᠪᠠᠨ ᠰᠡᠭᠦᠵᠡᠢ ᠃ ︽ ᠭᠠᠵᠠᠷ ᠳᠣᠣᠷᠠᠬᠢ ᠥᠷᠥᠭᠡ᠎ᠪᠠᠨ ᠨᠤᠮ ᠬᠠᠳᠠᠭᠠᠯᠠᠬᠤ ᠭᠠᠵᠠᠷ ᠪᠤᠯᠭᠠᠬᠰᠠᠨ᠎ᠨᠢ ᠡᠷᠲᠡᠨ᠎ᠤ ᠨᠣᠮ ᠪᠢᠴᠢᠭ᠎ᠢ ᠨᠡᠩ ᠰᠠᠢᠲᠦᠷ ᠬᠠᠮᠠᠭᠠᠯᠠᠬᠤ᠎ᠶᠢᠨ ᠲᠦᠯᠦᠬᠡ ᠶᠤᠮ ᠂ ᠪᠠᠭ᠎ᠠ ᠴᠢᠭᠢᠭ᠎ᠲᠠᠢ ᠂ ᠨᠠᠷᠠᠨ᠎ᠤ ᠲᠤᠰᠤᠯᠳᠠ ᠪᠠᠭ᠎ᠠ ᠪᠠᠢᠪᠠᠯ ᠰᠠᠶᠢ ᠡᠷᠲᠡᠨ᠎ᠤ ᠨᠣᠮ ᠪᠢᠴᠢᠭ᠎ᠤᠨ ᠬᠠᠳᠠᠭᠠᠯᠠᠬᠤ ᠬᠤᠭᠤᠴᠠᠭ᠎ᠠ᠎ᠶᠢ ᠤᠷᠲᠤᠳᠬᠠᠵᠤ ᠴᠢᠳᠠᠨ᠎ᠠ ︾ ᠬᠡᠵᠥ ᠪᠠᠭᠠᠳᠤᠷ ᠡᠷ᠎ᠠ ᠡᠮ᠎ᠠ ᠬᠤᠶᠠᠭᠤᠯᠠ ᠰᠠᠨᠠᠯ ᠨᠢᠭᠡᠳᠠᠢ ᠶᠡᠷᠢᠵᠥ ᠪᠢᠯᠠ ᠃
ᠮᠣᠩᠭᠣᠯ ᠲᠥᠪᠡᠳ ᠰᠤᠷᠪᠤᠯᠵᠢ ᠪᠢᠴᠢᠭ᠎ᠡᠴᠠ ᠭᠠᠳᠠᠨ᠎ᠠ ᠂ ᠪᠠᠭᠠᠲᠤᠷ ᠪᠠᠰᠠ ᠲᠠᠩᠰᠠ ᠡᠪᠬᠡᠮᠡᠯ᠎ᠤᠨ ᠲᠤᠯᠭᠤᠷ ᠪᠢᠴᠢᠭ ᠮᠠᠲ᠋ᠧᠷᠢᠶᠠᠯ ᠬᠠᠲᠠᠭᠠᠯᠠᠲᠠᠭ ᠃ ᠡᠳᠡᠭᠡᠷ ᠪᠢᠴᠢᠭ ᠮᠠᠲᠸᠷᠢᠶᠠᠯ ᠡᠷᠳᠡᠮᠲᠡᠨ ᠮᠡᠷᠭᠡᠵᠢᠯᠲᠡᠳ᠎ᠲᠤ ᠠᠪᠴᠤ ᠬᠡᠯᠡᠪᠡᠯ ᠂ ᠲᠤᠶᠢᠯ᠎ᠤᠨ ᠡᠷᠬᠢᠮ ᠨᠠᠨᠳᠢᠨ ᠮᠠᠲ᠋ᠧᠷᠢᠶᠠᠯ ᠪᠣᠯᠬᠤ ᠶᠤᠮ ᠃ ᠵᠢᠱᠢᠶᠡᠯᠡᠪᠡᠯ ᠂ ᠲᠡᠤᠬᠡᠨ ᠳᠡᠭᠡᠷᠡᠬᠢ ᠵᠠᠷᠢᠮ ᠭᠠᠵᠠᠷ ᠣᠷᠣᠨ᠎ᠤ ᠬᠤᠪᠢᠶᠠᠷᠢᠯᠠᠯ ᠂ ᠭᠠᠵᠠᠷ᠎ᠤᠨ ᠨᠡᠷ᠎ᠡ ᠬᠡᠳᠦ ᠤᠳᠠᠭ᠎ᠠ ᠵᠠᠰᠠᠪᠤᠷᠢ ᠣᠷᠣᠭᠤᠯᠤᠬᠰᠠᠨ᠎ᠡᠴᠠ ᠪᠤᠯᠵᠦ ᠤᠤᠯ ᠨᠡᠷ᠎ᠡ᠎ᠶᠢᠨ ᠲᠤᠬᠠᠢ ᠮᠠᠳᠠᠬ᠎ᠲᠠᠢ ᠵᠤᠢᠯᠠᠰ ᠭᠠᠷᠴᠦ ᠢᠷᠡᠳᠡᠭ ᠃ ︽ ᠡᠨᠡ ᠦᠶ᠎ᠡ᠎ᠳ᠋ᠤ ᠲᠤᠬᠠᠢ᠎ᠶᠢᠨ ᠦᠶ᠎ᠡ᠎ᠶᠢᠨ ᠭᠠᠵᠠᠷ᠎ᠤᠨ ᠵᠢᠷᠤᠭ ᠵᠡᠷᠭᠡ᠎ᠶᠢ ᠦᠵᠡᠭᠰᠡᠭᠡᠷ ᠲᠤᠲᠤᠷᠬᠠᠢ ᠪᠤᠯᠲᠠᠭ ᠪᠤᠯᠬᠤᠷ ᠮᠠᠨ᠎ᠤ ᠡᠨᠡ ᠨᠤᠮ ᠬᠠᠲᠠᠭᠠᠯᠠᠬᠤ ᠭᠠᠵᠠᠷ᠎ᠲᠤ ᠮᠠᠰᠢ ᠤᠯᠠᠨ ᠰᠤᠲᠤᠯᠭᠠᠲᠠᠨ ᠮᠡᠷᠭᠡᠵᠢᠯᠳᠡᠳ ᠢᠷᠡᠵᠦ ᠯᠠᠪᠯᠠᠯᠲᠠ ᠪᠤᠯᠭᠠᠵᠦ ᠪᠠᠢᠬᠰᠠᠨ ︾ ᠬᠡᠵᠦ ᠪᠠᠭᠠᠳᠤᠷ ᠶᠠᠷᠢᠵᠤ ᠪᠠᠢᠪᠠ ᠃ ᠲᠡᠬᠥᠨ᠎ᠤ ᠨᠤᠮ ᠬᠠᠲᠠᠭᠠᠯᠠᠬᠤ ᠭᠠᠵᠠᠷ᠎ᠤᠨ ᠬᠠᠭᠤᠴᠢ ᠮᠠᠲ᠋ᠸᠷᠢᠶᠠᠯ᠎ᠢ ᠨᠠᠷᠢᠪᠴᠢᠯᠠᠨ ᠰᠢᠨᠵᠢᠪᠡᠯ ᠂ ᠪᠦᠬᠦ ᠤᠯᠤᠰ᠎ᠤᠨ ᠡᠯ᠎ᠡ ᠭᠠᠵᠠᠷ᠎ᠤᠨ ᠭᠠᠵᠠᠷ᠎ᠤᠨ ᠵᠢᠷᠤᠭ ᠪᠠ ᠲᠡᠬᠦᠨ᠎ᠤ ᠤᠤᠯ ᠡᠬᠢ ᠂ ᠵᠠᠰᠠᠭ᠎ᠤᠨ ᠣᠷᠳᠣᠨ᠎ᠤ ᠲᠠᠮᠠᠭ᠎ᠠ ᠂ ᠡᠯ᠎ᠡ ᠭᠠᠵᠠᠷ ᠡᠯ᠎ᠡ ᠱᠠᠲᠤᠨ᠎ᠤ ᠠᠯᠪᠠᠨ ᠪᠢᠴᠢᠭ ᠂ ᠶᠡᠬᠡ ᠰᠤᠷᠭᠠᠭᠤᠯᠢ᠎ᠳ᠋ᠤ ᠡᠯᠰᠡᠭᠰᠡᠨ ᠮᠡᠳᠡᠭᠳᠡᠯ᠎ᠤᠨ ᠪᠢᠴᠢᠭ ᠂ ᠬᠤᠳᠠ᠎ᠶᠢᠨ ᠪᠦᠳᠦᠭᠡᠨ ᠪᠠᠶᠢᠭᠤᠯᠤᠯᠲᠠ᠎ᠶᠢᠨ ᠪᠠᠷᠢᠯᠭ᠎ᠠ᠎ᠶᠢᠨ ᠵᠢᠷᠤᠭ ᠲᠥᠯᠥᠪᠯᠡᠭᠡᠨ᠎ᠤ ᠵᠢᠷᠤᠭ ᠂ ᠭᠠᠵᠠᠷ ᠰᠢᠷᠣᠢ ᠭᠡᠷ ᠬᠦᠷᠦᠩᠭᠡ᠎ᠶᠢᠨ ᠥᠮᠴᠢᠯᠡᠯ᠎ᠤᠨ ᠦᠨᠡᠮᠯᠡᠯ ᠂ ᠬᠠᠭᠤᠴᠢᠨ ᠭᠡᠷᠡᠯ ᠵᠢᠷᠤᠭ ᠂ ᠵᠠᠬᠢᠳᠠᠯ᠎ᠤᠨ ᠴᠠᠭᠠᠰᠤ ᠂ ᠵᠠᠬᠢᠳᠠᠯ᠎ᠤᠨ ᠳᠤᠭᠲᠤᠢ ᠂ ᠬᠠᠳᠠᠭᠠᠯᠠᠮᠵᠢ᠎ᠶᠢᠨ ᠳᠡᠪᠲᠡᠷ ᠂ ᠠᠷᠢᠬᠢ ᠲᠠᠮᠠᠬᠢᠨ᠎ᠤ ᠬᠠᠶᠢᠷᠴᠠᠭ ᠵᠡᠷᠭᠡ ᠤᠯᠠᠨ ᠵᠤᠢᠯᠡᠰ ᠬᠠᠳᠠᠭᠠᠯᠠᠬᠳᠠᠵᠥ ᠂ ᠡᠷᠳᠡᠮᠳᠡᠨ ᠰᠤᠲᠤᠯᠭᠠᠲᠠᠳ᠎ᠲᠤ ᠰᠤᠲᠤᠯᠭᠠᠨ᠎ᠤ ᠪᠠᠷᠢᠮᠲᠠ ᠪᠤᠯᠤᠮᠠᠷ ᠨᠤᠮ ᠰᠤᠲᠤᠷ ᠪᠠᠢᠬᠤ᠎ᠡᠴᠠ ᠭᠠᠲᠠᠨ᠎ᠠ ᠂ ᠨᠢᠮᠪᠠᠢᠯᠠᠨ ᠬᠠᠲᠠᠭᠠᠯᠠᠵᠦ ᠪᠠᠢᠭ᠎ᠠ ᠲᠡᠦᠭᠡ᠎ᠶᠢᠨ ᠬᠠᠭᠤᠴᠢᠨ ᠪᠤᠲᠠᠰ᠎ᠨᠢ ᠤᠯᠤᠰ ᠬᠦᠷᠦᠨ᠎ᠤ ᠬᠦᠭᠵᠢᠯ ᠲᠠᠪᠰᠢᠯᠲᠠ ᠂ ᠨᠡᠢᠬᠡᠮ᠎ᠤᠨ ᠤᠯᠠᠷᠢᠯ ᠬᠤᠪᠢᠷᠠᠯᠲᠠ᠎ᠶᠢᠨ ᠠᠮᠢᠲᠤ ᠭᠡᠷᠡᠴᠢ ᠪᠤᠯᠵᠦ ᠪᠠᠢᠲᠠᠭ ᠃
ᠪᠠᠭᠠᠳᠤᠷ ᠭᠤᠸᠠᠢ ᠡᠪᠦᠭᠡ ᠲᠡᠭᠡᠳᠦᠰᠡᠴᠠᠪᠠᠨ ᠤᠯᠠᠮᠵᠢᠯᠠᠵᠤ ᠢᠷᠡᠭᠰᠡᠨ ᠡᠷᠳᠡᠨ᠎ᠤ ᠨᠤᠮ ᠰᠤᠳᠤᠷ᠎ᠢ ᠦᠪᠯᠡᠨ ᠬᠠᠳᠠᠭᠠᠯᠠᠬᠤ᠎ᠶᠢᠨ ᠵᠡᠷᠭᠡ᠎ᠪᠠᠷ ᠨᠤᠮ ᠰᠤᠲᠤᠷᠢ ᠦᠷᠭᠡᠨ᠎ᠢᠶᠠᠷ ᠴᠤᠭᠯᠠᠭᠤᠯᠵᠦ ᠦᠷ᠎ᠡ ᠬᠤᠢᠴᠢᠰ᠎ᠲᠠᠭᠠᠨ ᠦᠪᠯᠡᠬᠦᠯᠦᠨ ᠤᠯᠠᠮᠵᠢᠯᠠᠭᠤᠯᠤᠨᠠ ᠬᠡᠮᠡᠬᠦ ᠨᠢᠬᠡ ᠯᠡ ᠵᠤᠷᠢᠭ᠎ᠢᠶᠠᠷ ᠮᠤᠩᠭᠤᠯ ᠲᠦᠪᠡᠳ ᠨᠤᠮ ᠰᠤᠲᠤᠷ᠎ᠤᠨ ᠬᠠᠳᠠᠭᠠᠯᠠᠮᠵᠢ᠎ᠪᠠᠨ ᠲᠠᠰᠤᠷᠠᠯᠳᠠ ᠦᠭᠡᠢ ᠲᠡᠯᠡᠵᠦ ᠦᠨᠦᠳᠤᠷ ᠂ ᠤᠯᠠᠭᠠᠨᠴᠠᠪ ᠴᠠᠭᠠᠰᠢᠯᠠᠭᠠᠳ ᠪᠦᠬᠦ ᠤᠷᠤᠨ᠎ᠳ᠋ᠤ ᠴᠤ ᠨᠠᠷᠠ ᠨᠥᠯᠥᠭᠡ᠎ᠲᠠᠢ ᠪᠤᠯᠵᠠᠢ ᠂ ᠪᠠᠭᠠᠲᠦᠷ᠎ᠤᠨ ᠡᠨᠡ ᠬᠦ ᠤᠷᠤᠯᠲᠤᠯᠭᠠ ᠴᠢᠷᠮᠠᠢᠯᠭ᠎ᠠ᠎ᠡᠴᠠ ᠪᠤᠯᠵᠦ ᠮᠤᠩᠭᠤᠯ ᠲᠦᠪᠡᠳ ᠰᠤᠷᠪᠤᠯᠵᠢ ᠪᠢᠴᠢᠭ ᠂ ᠬᠠᠭᠤᠴᠢᠨ᠎ᠤ ᠡᠳ᠋ ᠪᠤᠲᠠᠰ᠎ᠨᠢ ᠰᠤᠶᠤᠯ᠎ᠤᠨ ᠦᠨ᠎ᠡ ᠴᠡᠨ᠎ᠡ᠎ᠪᠠᠨ ᠤᠯᠠᠮ ᠪᠠᠲᠠᠷᠠᠭᠤᠯᠬᠤ᠎ᠨᠢ ᠯᠠᠪᠲᠠᠢ ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠠᠷᠢᠭᠤᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃