2026-11-12 11:52:08
ᠦᠪᠦᠷ ᠮᠤᠨᠭᠭᠤᠯ᠎ᠤᠨ ᠦᠪᠡᠷᠲᠡᠭᠡᠨ ᠵᠠᠰᠠᠬᠤ ᠤᠷᠤᠨ᠎ᠤ ᠪᠡᠶ᠎ᠡ᠎ᠶᠢᠨ ᠲᠠᠮᠢᠷ᠎ᠤᠨ ᠲᠤᠪᠴᠢᠶ᠎ᠠ ᠡᠴᠡ ᠤᠢᠯᠠᠭᠠᠭᠰᠠᠨ᠎ᠶ᠋ᠢᠡᠷ᠂ 11 ᠰᠠᠷ᠎ᠠ᠎ᠶᠢᠨ 5 ᠤ᠋ ᠡᠳᠦᠷ᠎ᠡᠴᠡ 8 ᠤ᠋ ᠡᠳᠦᠷ ᠪᠣᠯᠲᠠᠯ᠎ᠠ 2026 ︱ 2027 ᠤᠷᠤᠯᠳᠤᠭᠠᠨ᠎ᠤ ᠤᠯᠠᠷᠢᠯ᠎ᠤᠨ ᠪᠥᠬᠥ ᠤᠯᠤᠰ᠎ᠤᠨ ᠮᠥᠰᠥ ᠲᠡᠰᠢᠯᠲᠡ᠎ᠶᠢᠨ U ᠰᠢᠷᠢᠰ ᠳᠤᠮᠳᠠᠳᠤ ᠰᠤᠷᠭᠠᠭᠤᠯᠢ᠎ᠶᠢᠨ ᠬᠣᠯᠪᠣᠭᠠᠲᠤ ᠤᠷᠤᠯᠳᠤᠭᠠᠨ (ᠲᠦᠷᠭᠡᠨ ᠲᠡᠰᠢᠯᠲᠡ)᠎ᠤ᠋ ᠬᠣᠶᠠᠳᠤᠭᠠᠷ ᠥᠷᠲᠡᠭᠡ ᠵᠢᠨ ᠤᠷᠤᠯᠳᠤᠭᠠᠨ ᠬᠥᠯᠥᠨ ᠪᠣᠶ᠋ᠢᠷ ᠬᠣᠲᠠ᠎ᠳᠤ ᠶᠠᠪᠤᠭᠳᠠᠵᠤ᠂ ᠮᠠᠨ᠎ᠤ ᠤᠷᠤᠨ᠎ᠤ ᠲᠠᠮᠢᠷᠴᠢᠳ ᠰᠢᠯᠢᠳᠡᠭ ᠬᠢᠷᠢ ᠪᠦᠳᠦᠮᠵᠢ ᠤᠯᠵᠠᠢ᠃
ᠲᠣᠰ ᠤᠳᠠᠭᠠᠨ᠎ᠤ ᠤᠷᠤᠯᠳᠤᠭᠠᠨ᠎ᠳᠤ ᠪᠥᠬᠥ ᠤᠯᠤᠰ᠎ᠤᠨ 51 ᠲᠥᠯᠥᠭᠡᠯᠡᠭᠴᠢᠳ᠎ᠦᠨ ᠠᠩᠭᠢ ᠂ 373 ᠵᠠᠯᠠᠭᠤᠴᠤᠳ ᠪᠠᠭᠠᠴᠤᠳ ᠣᠷᠣᠯᠴᠠᠪᠠ᠃ ᠮᠠᠨ᠎ᠤ ᠣᠷᠣᠨ᠎ᠡᠴᠡ 38 ᠲᠠᠮᠢᠷᠴᠢᠨ᠎ᠢ ᠰᠤᠩᠭᠤᠨ ᠤᠷᠤᠯᠳᠤᠭᠠᠨ ᠳ᠋ᠤ ᠤᠷᠤᠯᠴᠠᠭᠤᠯᠵᠤ᠂ 4 ᠡᠳᠦᠷ᠎ᠦᠨ ᠰᠢᠷᠦᠭᠦᠨ ᠮᠥᠷᠥᠢᠴᠡᠭᠡᠨ ᠵᠢᠡᠷ ᠲᠠᠮᠵᠢᠨ ᠨᠡᠢᠳᠡ11 ᠠᠯᠲᠠᠨ ᠮᠧᠳᠠᠯ ᠂ 1 ᠮᠥᠩᠭᠥᠨ ᠮᠧᠳᠠᠯ᠂ 4 ᠬᠦᠷᠡᠯ ᠮᠧᠳᠠᠯ ᠭᠠᠷᠳᠠᠪᠠ᠃ ᠶᠦᠨᠭᠰᠢᠶᠠᠪᠦ ᠲᠠᠮᠢᠷ U17 ᠡᠷᠡᠭᠲᠡᠢ᠎ᠶᠢᠨ ᠳᠤᠭᠤᠢᠯᠠᠩ᠎ᠤᠨ 500 ᠮᠧᠲᠷ᠂ 1000 ᠮᠧᠲᠷ᠂ 1500 ᠮᠧᠲᠷ᠂ 3000 ᠮᠧᠲᠷ᠎ᠦᠨ ᠲᠦᠷᠪᠡᠨ ᠵᠦᠢᠯ᠎ᠦᠨ ᠤᠷᠤᠯᠳᠤᠭᠠᠨ᠎ᠳᠤ ᠮᠠᠩᠯᠠᠢᠯᠠᠪᠠ; ᠵᠣᠣ ᠷᠦᠩ ᠴᠢ U15 ᠡᠮᠡᠭᠲᠡᠢ ᠶ᠋ᠢᠨ 500 ᠮᠧᠲᠷ᠂ 1000 ᠮᠧᠲᠷ᠎ᠦᠨ ᠤᠷᠤᠯᠳᠤᠭᠠᠨ᠎ᠳᠦ ᠲᠤᠰ ᠲᠤᠰ ᠮᠠᠩᠯᠠᠢᠯᠠᠵᠤ ᠬᠣᠶᠠᠷ ᠠᠯᠲᠠᠨ ᠮᠧᠳᠠᠯ ᠭᠠᠷᠳᠠᠪᠠ; ᠯᠢᠦ ᠱᠢ ᠷᠠᠨ U15 ᠡᠮᠡᠭᠲᠡᠢ᠎ᠶᠢᠨ 1500 ᠮᠧᠲᠷ᠂ 3000 ᠮᠧᠲᠷ᠎ᠦᠨ ᠤᠷᠤᠯᠳᠤᠭᠠᠨ᠎ᠳᠦ ᠲᠤᠰ ᠲᠤᠰ ᠮᠠᠩᠯᠠᠢᠯᠠᠵᠤ ᠬᠣᠶᠠᠷ ᠠᠯᠲᠠᠨ ᠮᠧᠳᠠᠯ ᠭᠠᠷᠳᠠᠪᠠ; ᠭᠦᠸᠧ ᠴᠢᠩ ᠰᠢᠦᠸᠠᠨ U15 ᠡᠷᠡᠭᠲᠡᠢ ᠶ᠋ᠢᠨ 500 ᠮᠧᠲᠷ᠎ᠦᠨ ᠤᠷᠤᠯᠳᠤᠭᠠᠨ᠎ᠳᠦ ᠠᠯᠲᠠᠨ ᠮᠧᠳᠠᠯ ᠭᠠᠷᠳᠠᠵᠤ᠂ 1000 ᠮᠧᠲᠷ᠎ᠦᠨ ᠤᠷᠤᠯᠳᠤᠭᠠᠨ᠎ᠳᠦ ᠬᠦᠷᠡᠯ ᠮᠧᠳᠠᠯ ᠭᠠᠷᠳᠠᠪᠠ; ᠶᠠᠩ ᠲᠢᠶᠠᠨ ᠢ U17 ᠡᠮᠡᠭᠲᠡᠢ ᠶ᠋ᠢᠨ 1000 ᠮᠧᠲᠷ᠎ᠦᠨ ᠤᠷᠤᠯᠳᠤᠭᠠᠨ᠎ᠳᠦ ᠠᠯᠲᠠᠨ ᠮᠧᠳᠠᠯ᠂ 500 ᠮᠧᠲᠷ᠎ᠦᠨ ᠤᠷᠤᠯᠳᠤᠭᠠᠨ᠎ᠳᠦ ᠬᠦᠷᠡᠯ ᠮᠧᠳᠠᠯ ᠭᠠᠷᠳᠠᠪᠠ; ᠸᠠᠩ ᠹᠦ ᠶᠣᠣ ᠂ ᠭᠦᠸᠧ ᠴᠢᠩ ᠰᠢᠦᠸᠠᠨ᠂ ᠵᠧᠩ ᠾᠧᠩ ᠴᠢ U15 ᠡᠷᠡᠭᠲᠡᠢ᠎ᠶᠢᠨ ᠪᠦᠯᠬᠦᠮ᠎ᠦᠨ ᠤᠷᠤᠯᠳᠤᠭᠠᠨ᠎ᠳᠦ ᠠᠯᠲᠠᠨ ᠮᠧᠳᠠᠯᠭᠠᠷᠳᠠᠪᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠠᠢᠨ᠎ᠠ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃