ᠲᠡᠷᠢᠭᠦᠨ ᠨᠢᠭᠤᠷ>ᠨᠠᠭᠠᠳᠤᠮ ᠴᠡᠩᠬᠡᠭᠦᠨ>ᠤᠷᠤᠯᠳᠤᠭᠠᠨ ᠲᠡᠮᠡᠴᠡᠭᠡᠨ

2026-11-12 11:49:12

ᠵᠣᠬᠢᠶᠠᠭ᠍ᠴᠢ᠄ ᠸ·ᠭᠡᠷᠡᠯᠳᠤ ᠣᠩᠱᠢᠭ᠍ᠰᠠᠨ ᠣᠳᠠᠭ᠎ᠠ᠄ 3

ᠤᠢᠷ᠎ᠠ ᠳ᠋ᠤ᠂ ᠪᠤᠭᠤᠲᠤ ᠬᠤᠳᠠ ᠵᠢᠨ ᠰᠢᠭᠤᠢᠳᠤ ᠲᠤᠭᠤᠷᠢᠭ᠎ᠲᠤ᠌᠂ ᠳᠣᠬᠢᠶᠠᠨ᠎ᠤ ᠫᠤᠤ ᠲᠤᠤᠭᠠᠷᠬᠤ ᠵᠢ ᠲᠠᠭᠠᠯᠳᠤᠨ 900 ᠭᠠᠷᠤᠶ ᠲᠤᠭᠤᠢᠴᠢᠨ ᠡᠬᠢᠯᠡᠯᠲᠡ᠎ᠶᠢᠨ ᠴᠡᠭ᠎ᠡᠴᠡ ᠬᠠᠷᠪᠤᠬᠰᠠᠨ ᠰᠤᠮᠤ ᠮᠡᠳᠤ ᠤᠷᠤᠯᠳᠤᠨ ᠭᠠᠷᠴᠤ᠌᠂ 2026 ᠣᠨ᠎ᠤ ᠥᠪᠥᠷ ᠮᠣᠩᠭᠣᠯ᠎ᠤᠨ ᠠᠷᠪᠠᠨ ᠵᠢᠷᠭᠤᠳᠤᠭᠠᠷ ᠬᠤᠭᠤᠴᠠᠭᠠᠨ᠎ᠤ 《ᠪᠡᠳᠺᠡᠷ ᠵᠣᠣ ᠬᠤᠨᠳᠠᠭᠠᠲᠤ᠌》 ᠳᠤᠭᠤᠶ ᠲᠡᠷᠭᠡᠨ᠎ᠦ ᠤᠷᠤᠯᠳᠤᠭᠠᠨ ᠵᠢᠴᠢ ᠭᠤᠷᠪᠠᠳᠤᠭᠠᠷ ᠬᠤᠭᠤᠴᠠᠭᠠᠨ᠎ᠤ ᠤᠶᠤᠲᠠᠳ᠎ᠤᠨ ᠵᠠᠰᠠᠮᠠᠯ ᠵᠠᠮ᠎ᠤᠨ ᠳᠤᠭᠤᠶ ᠲᠡᠷᠭᠡᠨ᠎ᠦ ᠤᠷᠢᠯᠭ᠎ᠠ᠎ᠶᠢᠨ ᠤᠷᠤᠯᠳᠤᠭᠠᠨ ᠵᠢᠩᠬᠢᠨᠢ᠎ᠪᠡᠷ ᠡᠬᠢᠯᠡᠭᠰᠡᠨ ᠪᠠᠢᠨ᠎ᠠ᠃

ᠤᠷᠤᠯᠳᠤᠭᠠᠨ ᠡᠬᠢᠯᠡᠬᠦ ᠡᠴᠡ ᠡᠮᠦᠨ᠎ᠠ᠂ ᠮᠣᠷᠢᠨ ᠬᠤᠭᠤᠷ᠎ᠤᠨ ᠲᠣᠭᠯᠠᠯᠲᠠ 《ᠲᠦᠮᠡᠨ ᠠᠭᠲᠠ᠎ᠶᠢᠨ ᠲᠦᠪᠡᠷᠭᠡᠨ》 ᠨᠢ ᠣᠮᠣᠭ ᠲᠡᠭᠦᠯᠳᠡᠷ ᠠᠶᠠᠰ᠎ᠢᠶᠠᠷ ᠵᠢᠡᠡ ᠪᠦᠬᠦ ᠲᠠᠯᠠᠪᠤᠷ᠎ᠤᠨ ᠠᠭᠤᠷ ᠠᠮᠢᠰᠬᠤᠯ᠎ᠢ ᠬᠥᠭᠵᠢᠭᠡᠵᠦ᠂ ᠤᠷᠤᠯᠳᠤᠬᠴᠢᠳ ᠎ᠤᠨ ᠤᠷᠮ᠎ᠠ ᠵᠤᠷᠢᠭ ᠎ᠢ ᠲᠠᠢᠴᠢᠯᠠᠪᠠ᠃ ᠰᠢᠭᠤᠶ᠋ᠢᠲᠤ᠌ ᠲᠤᠭᠤᠷᠢᠭ ᠳᠠᠯᠠᠨ ᠬᠠᠷ᠎ᠠ ᠠᠭᠤᠯᠠ᠎ᠶᠢᠨ ᠬᠦᠨ᠎ᠳᠤ ᠪᠠᠶ᠋ᠢᠷᠢᠯᠠᠵᠤ᠂ ᠦᠵᠡᠮᠵᠢ ᠲᠡᠭᠦᠰ ᠪᠠᠢᠭᠠᠯᠢ ᠪᠡᠷ ᠵᠢᠡᠨ ᠬᠤᠯᠠ ᠤᠢᠷ᠎ᠠ ᠵᠢᠨ ᠵᠢᠭᠤᠯᠴᠢᠯᠠᠬᠰᠠᠳ᠎ᠤᠨ ᠠᠩᠬᠠᠷᠤᠯ ᠎ᠢ ᠲᠠᠳᠠᠭᠰᠠᠭᠠᠷ ᠢᠷᠠᠵᠠᠢ᠃ 《ᠪᠠᠳᠺᠠᠷ ᠵᠤᠤ ᠬᠤᠨᠳᠠᠭᠠᠲᠤ᠌》 ᠳᠤᠭᠤᠢ ᠲᠡᠷᠭᠡᠨ᠎ᠦ ᠤᠷᠤᠯᠳᠤᠭᠠᠨ 2008 ᠣᠨ᠎ᠳᠤ ᠡᠬᠢᠯᠡᠭᠰᠡᠨ᠎ᠡᠴᠡ ᠤᠳᠤ ᠪᠣᠯᠲᠠᠯ᠎ᠠ ᠨᠢᠭᠡᠨᠲᠡ ᠥᠪᠥᠷ ᠮᠣᠩᠭᠣᠯ᠎ᠤᠨ ᠳᠤᠭᠤᠢ ᠲᠡᠷᠭᠡᠨ᠎ᠦ ᠤᠷᠤᠯᠳᠤᠭᠠᠨ᠎ᠤ ᠨᠢᠭᠡᠨ ᠰᠢᠵᠢᠷ ᠠᠯᠳᠠᠨ ᠨᠡᠷ᠎ᠡ᠎ᠶᠢᠨ ᠬᠠᠭᠤᠳᠠᠰᠤ ᠪᠣᠯᠤᠭᠰᠠᠨ ᠪᠠᠢᠨ᠎ᠠ᠃

ᠲᠤᠰ ᠬᠤᠭᠤᠴᠠᠭᠠᠨ᠎ᠤ ᠤᠷᠤᠯᠳᠤᠭᠠᠨ᠎ᠳᠤ ᠪᠦᠬᠦ᠌ ᠤᠯᠤᠰ᠎ᠤᠨ 900 ᠭᠠᠷᠤᠢ ᠲᠤᠭᠤᠢᠴᠢᠨ ᠴᠤᠭᠯᠠᠷᠠᠵᠤ᠂ ᠡᠭᠦᠨ᠎ᠳᠦ ᠶᠡᠬᠡ ᠳᠡᠭᠡᠳᠦ ᠰᠤᠷᠭᠠᠭᠤᠯᠢ᠎ᠡᠴᠡ ᠢᠷᠡᠭᠰᠡᠨ ᠣᠶᠤᠲᠠᠨ᠎ᠤ ᠳᠤᠭᠤᠶ᠋ᠢᠯᠠᠩ᠎ᠤᠨ 23  ᠲᠠᠮᠢᠷᠴᠢᠨ᠂ ᠮᠤᠵᠢ᠂ ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠣᠲᠠ᠎ᠡᠴᠡ ᠢᠷᠡᠭᠰᠡᠨ ᠤᠯᠠᠨ ᠲᠦᠮᠡᠨᠴᠢ ᠳᠤᠭᠤᠶ᠋ᠢᠯᠠᠩ᠎ᠤᠨ  25 ᠲᠠᠮᠢᠷᠴᠢᠨ ᠪᠤᠢ᠃ ᠤᠷᠤᠯᠳᠤᠭᠠᠨ᠎ᠤ ᠬᠠᠮᠤᠭ᠎ᠤᠨ ᠶᠡᠬᠡ ᠣᠨᠴᠠᠯᠢᠭ ᠪᠣᠯ 《ᠤᠷᠤᠯᠳᠤᠭᠠᠨ᠎ᠤ ᠵᠠᠮ ᠲᠠᠭᠠᠦ ᠦᠵᠡᠮᠵᠢ》 ᠪᠠᠢᠵᠥ᠂ 42 ᠺᠢᠯᠣᠮᠧᠲ᠋ᠷ᠎ᠦᠨ ᠤᠷᠤᠯᠳᠤᠭᠠᠨ᠎ᠤ ᠵᠠᠮ ᠨᠢ ᠪᠠᠳᠺᠠᠷ ᠵᠣᠣ᠂ ᠳᠠᠯᠠᠨ ᠬᠠᠷ᠎ᠠ ᠠᠭᠤᠯᠠ᠎ᠶᠢᠨ ᠤᠯᠤᠰ᠎ᠤᠨ ᠲᠠᠰ᠎ᠤᠨ ᠪᠠᠶ᠋ᠢᠭᠠᠯᠢ᠎ᠶᠢᠨ ᠬᠠᠮᠠᠭᠠᠯᠠᠯᠲᠠ᠎ᠶᠢᠨ ᠣᠷᠣᠨ᠂ ᠪᠤᠭᠤᠲᠤ᠎ᠶᠢᠨ ᠡᠷᠲᠡᠨ᠎ᠦ ᠬᠣᠲᠠ ᠵᠡᠷᠭᠡ ᠦᠵᠡᠮᠵᠢ᠎ᠶᠢ ᠬᠣᠯᠪᠣᠵᠤ᠂ ᠨᠢᠭᠡᠨ ᠰᠣᠶᠣᠯ ᠵᠢᠭᠤᠯᠴᠢᠯᠠᠯ᠎ᠤᠨ ᠰᠤᠳᠤᠨ ᠬᠣᠩᠭᠢᠯ ᠪᠣᠯᠤᠬᠰᠠᠨ ᠪᠠᠢᠨ᠎ᠠ᠃ ᠤᠷᠤᠯᠳᠤᠭᠠᠨ᠎ᠳᠤ ᠵᠠᠰᠠᠮᠠᠯ ᠵᠠᠮ᠎ᠤᠨ ᠳᠤᠭᠤᠶ ᠲᠡᠷᠭᠡᠨ᠎ᠦ ᠣᠶᠤᠲᠠᠨ᠎ᠤ ᠳᠤᠭᠤᠶ᠋ᠢᠯᠠᠩ᠂ ᠡᠷᠡᠭᠲᠡᠶ᠎ᠶᠢᠨ ᠰᠤᠳᠤᠴᠤᠤᠯ᠎ᠤᠨ ᠳᠤᠭᠤᠶ᠋ᠢᠯᠠᠩ᠂ ᠡᠷᠡᠭᠲᠡᠶ᠎ᠶᠢᠨ ᠣᠯᠠᠨ ᠲᠦᠮᠡᠨᠴᠢ ᠳᠤᠭᠤᠶ᠋ᠢᠯᠠᠩ᠂ ᠡᠮᠡᠭᠲᠡᠶ᠎ᠶᠢᠨ ᠣᠯᠠᠨ ᠲᠦᠮᠡᠨᠴᠢ ᠳᠤᠭᠤᠶ᠋ᠢᠯᠠᠩ ᠪᠠ ᠪᠥᠬᠥ᠌ ᠠᠷᠠᠳ᠎ᠤᠨ ᠪᠡᠶ᠎ᠡ ᠴᠢᠭᠢᠷᠠᠭᠵᠢᠭᠤᠯᠬᠤ ᠳᠤᠭᠤᠶ ᠲᠡᠷᠭᠡᠨ᠎ᠦ ᠵᠢᠭᠤᠯᠴᠢᠯᠠᠯ᠎ᠤᠨ ᠳᠤᠭᠤᠶ᠋ᠢᠯᠠᠩ ᠭᠡᠬᠦ᠌ ᠲᠠᠪᠤᠨ ᠳᠤᠭᠤᠶ᠋ᠢᠯᠠᠩ ᠲᠣᠬᠢᠷᠠᠭᠤᠯᠵᠠᠢ᠃

ᠲᠠᠮᠢᠷᠴᠢᠳ ᠨᠠᠮᠤᠷ᠎ᠤᠨ ᠰᠢᠷᠭᠠᠯ ᠦᠩᠬᠡ ᠪᠡᠷ ᠬᠤᠴᠢᠬᠳᠠᠬᠰᠠᠨ ᠲᠠᠯᠠᠨ ᠬᠠᠷ᠎ᠠ ᠵᠢᠨ ᠠᠭᠤᠯᠠᠨ ᠵᠠᠮ ᠵᠢᠡᠷ ᠲᠤᠭᠤᠢ ᠪᠡᠨ ᠬᠢᠰᠬᠢᠨ᠂ ᠦᠨᠳᠦᠷ ᠲᠠᠪᠠᠭ᠎ᠠ ᠵᠢ ᠦᠭᠰᠦᠨ᠂ ᠠᠭᠤᠯᠠ ᠬᠦᠳᠤᠯ᠎ᠢ ᠬᠤᠯᠪᠤᠵᠦ᠂ ᠦᠷᠢᠰᠦᠯᠳᠦᠭᠡᠨ ᠲᠡᠮᠡᠴᠡᠭᠡᠨ᠎ᠤ ᠲᠤᠮᠳᠠ ᠦᠪᠡᠷᠮᠢᠴᠠ ᠰᠤᠶᠤᠯ ᠪᠠᠢᠭᠠᠯᠢ ᠵᠢ ᠮᠡᠳᠡᠷᠡᠵᠦ ᠶᠠᠪᠤᠬᠰᠠᠨ ᠪᠠᠢᠨ᠎ᠠ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠬᠦᠰᠡᠯᠡᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠦ ᠰᠣᠨᠢᠨ ᠮᠡᠳᠡᠭᠡ᠎ᠶᠢᠨ ᠰᠦᠯᠵᠢᠶ᠎ᠡ
兼容浏览器的HTML页面