ᠲᠡᠷᠢᠭᠦᠨ ᠨᠢᠭᠤᠷ>ᠨᠠᠭᠠᠳᠤᠮ ᠴᠡᠩᠬᠡᠭᠦᠨ>ᠪᠡᠶ᠎ᠡ᠎ᠶ᠋ᠢᠨ ᠲᠠᠮᠢᠷ

2026-05-03 09:40:07

ᠵᠣᠬᠢᠶᠠᠭ᠍ᠴᠢ᠄ ᠸ·ᠭᠡᠷᠡᠯᠳᠤ ᠣᠩᠱᠢᠭ᠍ᠰᠠᠨ ᠣᠳᠠᠭ᠎ᠠ᠄ 3

4 ᠰᠠᠷ᠎ᠠ ᠵᠢᠨ 30 ᠎ᠤ᠋ ᠡᠳᠦᠷ᠂ ᠦᠪᠡᠷᠳᠡᠭᠡᠨ ᠵᠠᠰᠠᠬᠤ ᠤᠷᠤᠨ ᠎ᠤ ᠠᠷᠪᠡᠨ ᠵᠢᠷᠭᠤᠳᠤᠭᠠᠷ ᠬᠤᠭᠤᠴᠠᠭᠠᠨ ᠎ᠤ ᠪᠡᠶ᠎ᠠ ᠵᠢᠨ ᠲᠠᠮᠢᠷ ᠎ᠤᠨ ᠴᠤᠬᠯᠠᠭᠠᠨ᠎ᠤ ᠰᠤᠨᠢᠨ ᠮᠡᠳᠡᠭᠡ ᠨᠡᠢᠳᠡᠯᠡᠬᠦ ᠬᠤᠷᠠᠯ ᠪᠤᠭᠤᠲᠤ ᠬᠤᠳᠠ ᠳ᠋ᠤ ᠬᠤᠷᠠᠯᠳᠤᠪᠠ᠃ ᠰᠤᠨᠢᠨ ᠮᠡᠳᠡᠭᠡ ᠨᠡᠢᠳᠡᠯᠡᠬᠦ ᠬᠤᠷᠠᠯ ᠎ᠤᠨ ᠠᠬᠤᠢ ᠲᠠᠯᠠᠪᠠᠢ ᠳ᠋ᠤ ᠪᠦᠬᠦ ᠪᠦᠮᠪᠦᠷᠴᠡᠭ ᠎ᠤᠨ ᠤᠤᠭᠠᠨ 《ᠬᠤᠪᠤᠷ ᠰᠢᠷᠤᠢ ᠵᠢᠨ ᠭᠠᠯ ᠪᠠᠮᠪᠠᠷ》 ᠤᠯᠠᠨ ᠲᠠᠢ ᠵᠤᠯᠭᠠᠵᠦ᠂ ᠲᠡᠷᠡ ᠨᠢ 8 ᠰᠠᠷ᠎ᠠ ᠵᠢᠨ 8 ᠳ᠋ᠤ ᠶᠠᠪᠤᠬᠳᠠᠬᠤ ᠦᠪᠡᠷᠳᠡᠭᠡᠨ ᠵᠠᠰᠠᠬᠤ ᠤᠷᠤᠨ ᠎ᠤ ᠠᠷᠪᠡᠨ ᠵᠢᠷᠭᠤᠳᠤᠭᠠᠷ ᠬᠤᠭᠤᠴᠠᠭᠠᠨ ᠎ᠤ ᠪᠡᠶ᠎ᠠ ᠵᠢᠨ ᠲᠠᠮᠢᠷ ᠎ᠤᠨ ᠴᠤᠬᠯᠠᠭᠠᠨ ᠎ᠤ ᠭᠠᠯ ᠪᠠᠮᠪᠠᠷ ᠎ᠤᠨ ᠬᠤᠪᠢ ᠪᠡᠷ ᠲᠡᠯᠡᠭᠡᠢ ᠵᠢᠨ ᠬᠤᠪᠤᠷ ᠰᠢᠷᠤᠢ ᠵᠢᠨ ᠲᠦᠪ ᠪᠤᠭᠤᠳᠤ ᠬᠤᠳᠠ ᠳ᠋ᠤ ᠲᠠᠮᠵᠢᠭᠤᠯᠤᠬᠳᠠᠬᠤ ᠪᠤᠯᠤᠨ᠎ᠠ᠃

ᠡᠨᠡ ᠬᠥ᠌ ᠤᠳᠬ᠎ᠠ ᠠᠭᠤᠯᠭ᠎ᠠ ᠲᠡᠭᠦᠯᠳᠡᠷ ᠭᠠᠯ ᠪᠠᠮᠪᠠᠷ ᠎ᠢ ᠨᠠᠨᠵᠢᠩ ᠎ᠤᠨ ᠤᠯᠢᠮᠫᠢᠺ ᠎ᠤᠨ ᠬᠠᠨᠢᠳᠠᠨ ᠎ᠤ ᠲᠠᠮᠢᠷ ᠎ᠤᠨ ᠬᠢᠵᠠᠭᠠᠷᠳᠤ ᠺᠤᠮᠫᠠᠨᠢ ᠡᠴᠡ ᠵᠢᠷᠤᠵᠦ ᠲᠦᠯᠦᠪᠯᠡᠨ ᠵᠤᠬᠢᠶᠠᠨ ᠦᠢᠯᠡᠳᠴᠦ᠂ ᠪᠤᠭᠤᠲᠤ ᠵᠢᠨ ᠪᠦᠰᠡ ᠨᠤᠳᠤᠭ ᠎ᠤᠨ ᠠᠵᠤ ᠦᠢᠯᠡᠰ ᠎ᠤᠨ ᠤᠨᠴᠠᠯᠢᠭ ᠎ᠢ ᠬᠦᠨ ᠠᠭᠤᠰᠤᠯᠴᠠᠭᠤᠯᠤᠬᠰᠠᠨ ᠪᠠᠢᠨ᠎ᠠ᠃ ᠦᠪᠡᠷᠳᠡᠭᠡᠨ ᠵᠠᠰᠠᠬᠤ ᠤᠷᠤᠨ ᠎ᠤ ᠠᠷᠪᠡᠨ ᠵᠢᠷᠭᠤᠳᠤᠭᠠᠷ ᠬᠤᠭᠤᠴᠠᠭᠠᠨ ᠎ᠤ ᠪᠡᠶ᠎ᠠ ᠵᠢᠨ ᠲᠠᠮᠢᠷ ᠎ᠤᠨ ᠴᠤᠬᠯᠠᠭᠠᠨ ᠎ᠤ ᠭᠠᠯ ᠪᠠᠮᠪᠡᠷ ᠲᠠᠮᠵᠢᠭᠤᠯᠬᠤ ᠲᠦᠷᠤᠯ ᠵᠦᠢᠯ ᠎ᠤᠨ ᠬᠠᠷᠢᠭᠤᠴᠠᠯᠭᠠᠳᠠᠨ ᠶᠠᠩ ᠮᠧᠩ ᠎ᠤᠨ ᠲᠠᠨᠢᠯᠴᠠᠭᠤᠯᠬᠤ ᠪᠡᠷ᠂ ᠲᠤᠰ ᠭᠠᠯ ᠪᠠᠮᠪᠠᠷ ᠎ᠢ ᠤᠷᠠᠯᠠᠨ ᠵᠤᠬᠢᠶᠠᠬᠤ ᠶᠠᠪᠤᠴᠠ ᠲᠤᠮᠳᠠ ᠪᠤᠭᠤᠲᠤ ᠳ᠋ᠤ ᠡᠯᠪᠡᠭ ᠪᠠᠢᠳᠠᠭ ᠬᠤᠪᠤᠷ ᠰᠢᠷᠤᠢ ᠵᠢᠨ ᠡᠯᠧᠮᠧᠨ᠋ᠲ ᠎ᠢ ᠨᠡᠮᠡᠨ ᠤᠷᠤᠭᠤᠯᠵᠦ᠂ ᠭᠠᠯ ᠪᠠᠮᠪᠠᠷ ᠎ᠤᠨ ᠭᠠᠳᠠᠷ ᠦᠩᠬᠡ ᠪᠤᠳᠤᠭ ᠎ᠢ ᠤᠯᠠᠮ ᠬᠢᠯᠠᠭᠠᠷ ᠲᠤᠳᠤ ᠪᠤᠯᠭᠠᠬᠰᠠᠨ ᠵᠢᠡᠷ ᠦᠯᠦ ᠪᠡᠷᠠᠮ ᠪᠠᠰᠠ ᠲᠡᠭᠦᠨ ᠎ᠤ ᠦᠨᠳᠤᠷ ᠲᠤᠯᠠᠭᠠᠨ ᠎ᠢ ᠳᠠᠭᠠᠭᠠᠬᠤ᠂ ᠢᠳᠡᠭᠳᠡᠯ ᠎ᠢ ᠳᠠᠭᠠᠭᠠᠬᠤ ᠵᠡᠷᠭᠡ ᠹᠢᠽᠢᠺ᠎ᠤᠨ ᠰᠢᠨᠵᠢ ᠴᠢᠨᠡᠷ ᠎ᠢ ᠨᠡᠮᠡᠭᠳᠡᠭᠦᠯᠵᠦ᠂ ᠲᠠᠮᠵᠢᠭᠤᠯᠭ᠎ᠠ ᠵᠢᠨ ᠨᠠᠢᠳᠠᠪᠦᠷᠢᠳᠤ ᠴᠢᠨᠡᠷ ᠎ᠢ ᠪᠠᠳᠤᠯᠠᠬᠰᠠᠨ ᠪᠠᠢᠨ᠎ᠠ᠃ ᠡᠨᠡ ᠬᠥ᠌ ᠭᠠᠯ ᠤᠯᠠᠭᠠᠨ ᠠᠵᠢᠨᠠᠢ ᠬᠦᠯᠦᠭ ᠎ᠤᠨ ᠵᠢᠷᠤᠭ ᠲᠠᠢ ᠭᠠᠯ ᠪᠠᠮᠪᠠᠷ ᠨᠢ ᠲᠤᠤᠷ᠎ᠠ ᠡᠴᠡ ᠲᠡᠭᠡᠭᠰᠢ ᠪᠡᠨ ᠨᠤᠭᠤᠭᠠᠨ᠂ ᠰᠢᠷᠭᠠᠯ ᠨᠤᠭᠤᠭᠠᠨ᠂ ᠰᠢᠷ᠎ᠠ᠂ ᠤᠯᠠᠭᠠᠨ᠂ ᠶᠠᠭᠠᠨ᠂ ᠴᠠᠭᠠᠨ ᠵᠡᠷᠭᠡ ᠦᠩᠬᠡ ᠪᠤᠳᠤᠭ ᠎ᠤᠳ ᠦᠩᠬᠡ ᠢᠯᠭᠠᠷᠠᠨ ᠮᠢᠷᠠᠯᠵᠠᠵᠦ᠂ ᠬᠤᠪᠤᠷ ᠰᠢᠷᠤᠢ ᠬᠤᠯᠢᠬᠰᠠᠨ ᠰᠢᠷ ᠪᠤᠳᠤᠭ ᠮᠡᠳᠡᠭᠳᠡᠵᠦ ᠪᠠᠢᠯ᠎ᠠ᠃

ᠤᠢᠯᠠᠭᠠᠬᠰᠠᠨ ᠵᠢᠡᠷ᠂ ᠦᠪᠡᠷᠳᠡᠭᠡᠨ ᠵᠠᠰᠠᠬᠤ ᠤᠷᠤᠨ ᠎ᠤ ᠠᠷᠪᠡᠨ ᠵᠢᠷᠭᠤᠳᠤᠭᠠᠷ ᠬᠤᠭᠤᠴᠠᠭᠠᠨ ᠎ᠤ ᠪᠡᠶ᠎ᠠ ᠵᠢᠨ ᠲᠠᠮᠢᠷ ᠎ᠤᠨ ᠴᠤᠬᠯᠠᠭᠠᠨ ᠎ᠤ ᠭᠠᠯ ᠪᠠᠮᠪᠠᠷ ᠎ᠨᠢ 7 ᠰᠠᠷ᠎ᠠ ᠵᠢᠨ 21 ᠎ᠤ᠋ ᠡᠳᠦᠷ ᠡᠴᠡ 8 ᠰᠠᠷ᠎ᠠ ᠵᠢᠨ 8 ᠎ᠤ᠋ ᠡᠳᠦᠷ ᠪᠤᠯᠳᠠᠯ᠎ᠠ ᠪᠤᠭᠤᠲᠤ ᠬᠤᠳᠠ ᠵᠢᠨ ᠠᠷᠪᠠᠨ ᠬᠤᠰᠢᠭᠤ ᠰᠢᠶᠠᠨ ᠲᠤᠭᠤᠷᠢᠭ ᠲᠤ᠌ ᠲᠠᠮᠵᠢᠭᠤᠯᠤᠬᠳᠠᠵᠦ᠂ ᠦᠷᠳᠡᠭᠡ ᠨᠢᠭᠡᠪᠦᠷᠢ ᠵᠢᠨ ᠵᠠᠮ ᠎ᠤᠨ ᠤᠷᠳᠤ ᠨᠢ 1.6 ᠺᠢᠯᠤᠮᠧᠲᠷ ᠪᠠᠢᠵᠦ᠂ ᠪᠦᠬᠦ ᠤᠷᠤᠨ ᠎ᠤ ᠡᠯ᠎ᠠ ᠡᠳᠡᠭᠡᠳ ᠎ᠤᠨ 165 ᠭᠠᠯ ᠪᠠᠮᠪᠠᠷᠴᠢᠨ ᠲᠠᠮᠵᠢᠭᠤᠯᠬᠤ ᠪᠤᠯᠤᠨ᠎ᠠ᠃


  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠰᠠᠢᠨ᠎ᠠ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面