ᠲᠡᠷᠢᠭᠦᠨ ᠨᠢᠭᠤᠷ>ᠨᠠᠭᠠᠳᠤᠮ ᠴᠡᠩᠬᠡᠭᠦᠨ>ᠣᠳᠣᠨ ᠲᠠᠭ᠍ᠲᠤ

2025-10-29 11:00:01

ᠵᠣᠬᠢᠶᠠᠭ᠍ᠴᠢ᠄ ᠡᠷᠳᠡᠨᠢᠪᠤᠯᠠᠭ ᠣᠩᠱᠢᠭ᠍ᠰᠠᠨ ᠣᠳᠠᠭ᠎ᠠ᠄ 3

ᠨᠢᠶᠸ ᠡᠯ᠎ᠦᠨ ᠨᠠᠰᠤ ᠪᠠᠷᠠᠭ᠍ᠰᠠᠨ 90 ᠵᠢᠯ᠎ᠦᠨ ᠣᠶ᠎ᠶ᠋ᠢ ᠳᠤᠷᠠᠰᠭᠠᠬᠤ᠎ᠶ᠋ᠢᠨ ᠲᠥᠯᠥᠭᠡ᠂ ᠳᠤᠮᠳᠠᠳᠤ ᠤᠯᠤᠰ᠎ᠤᠨ ᠳᠠᠭᠤᠤ ᠬᠥᠭ᠌ᠵᠢᠮ᠎ᠦᠨ ᠳᠡᠭᠡᠳᠦ ᠰᠤᠷᠭᠠᠭᠤᠯᠢ᠎ᠶ᠋ᠢᠨ ᠵᠤᠬᠢᠶᠠᠬᠰᠡᠨ ᠣᠯᠠᠨ ᠵᠠᠭᠤᠴᠢᠳᠤ ᠨᠠᠢᠷᠠᠯ ᠳᠠᠭᠤᠤ ᠵᠦᠴᠦᠭᠡ 《ᠨᠢᠶᠸ ᠡᠯ᠎ᠦᠨ ᠳᠠᠭᠤᠤ》 ᠶ᠋ᠢ 10 ᠰᠠᠷ᠎ᠠ᠎ᠶ᠋ᠢᠨ 18 — 19 ᠎ᠤ᠋ ᠡᠳᠦᠷ ᠪᠡᠭᠡᠵᠢᠩ᠎ᠦᠨ ᠤᠯᠤᠰ᠎ᠤᠨ ᠶᠡᠬᠡ ᠲᠢᠶᠠᠲ᠋ᠷ᠎ᠲᠤ ᠲᠣᠭ᠍ᠯᠠᠪᠠ᠃ ᠲᠤᠰ ᠵᠦᠴᠦᠭᠡ ᠨᠢ ᠬᠠᠮᠲᠤᠷᠠᠨ ᠳᠠᠭᠤᠯᠠᠬᠤ ᠤᠷᠠᠯᠢᠭ ᠪᠠ ᠰᠢ ᠵᠦᠴᠦᠭᠡ᠎ᠶ᠋ᠢᠨ ᠬᠦᠦᠷᠨᠢᠯ ᠎ᠢ ᠠᠭᠤᠰᠭᠠᠨ᠂ ᠨᠢᠶᠸ ᠡᠯ᠎ᠦᠨ ᠳᠠᠭᠤᠤ ᠬᠥᠭ᠌ᠵᠢᠮ᠎ᠦᠨ ᠠᠮᠵᠢᠯᠲᠠ ᠪᠦᠲᠦᠮᠵᠢ ᠪᠠ ᠤᠯᠤᠰ᠎ᠢᠶᠠᠨ ᠬᠠᠢᠷᠠᠯᠠᠬᠤ ᠰᠡᠳᠭᠢᠯᠭᠡ᠎ᠶ᠋ᠢ ᠢᠯᠡᠷᠡᠭᠦᠯᠦᠭ᠌ᠰᠡᠨ ᠪᠠᠢᠨ᠎ᠠ᠃

《ᠨᠠᠢᠷᠠᠯ ᠳᠠᠭᠤᠤ ᠵᠦᠴᠦᠭᠡ 〈ᠨᠢᠶᠸ ᠡᠯ᠎ᠦᠨ ᠳᠠᠭᠤᠤ〉 ᠶ᠋ᠢ ᠵᠣᠬᠢᠶᠠᠨ ᠪᠦᠲᠦᠭᠡᠬᠦ᠌ ᠣᠢᠯᠠᠭᠠᠭ᠍ᠳᠠᠬᠤᠨ ᠪᠣᠯ ᠳᠠᠭᠤᠤ ᠬᠥᠭ᠌ᠵᠢᠮ᠎ᠢᠶᠡᠷ ᠬᠥᠭ᠌ᠵᠢᠮᠴᠢᠨ᠎ᠦ ᠥᠯᠢᠭᠡᠷ᠎ᠢ ᠶᠠᠷᠢᠬᠤ ᠶᠠᠪᠤᠳᠠᠯ ᠪᠣᠯᠤᠨ᠎ᠠ᠃ ᠲᠤᠰ ᠵᠦᠴᠦᠭᠡ᠎ᠶ᠋ᠢᠨ ᠶᠡᠷᠦᠩᠬᠡᠢ ᠤᠬᠠᠭᠠᠯᠠᠯ᠂ ᠳᠤᠮᠳᠠᠳᠤ ᠤᠯᠤᠰ᠎ᠤᠨ ᠳᠠᠭᠤᠤ ᠬᠥᠭ᠌ᠵᠢᠮ᠎ᠦᠨ ᠳᠡᠭᠡᠳᠦ ᠰᠤᠷᠭᠠᠭᠤᠯᠢ᠎ᠶ᠋ᠢᠨ ᠵᠠᠬᠢᠷᠤᠯ ᠯᠢ ᠱᠢᠨ ᠼᠤᠤ᠂ ᠨᠠᠢᠷᠠᠯ ᠬᠥᠭ᠌ᠵᠢᠮ᠎ᠢ ᠵᠣᠬᠢᠶᠠᠨ ᠪᠦᠲᠦᠭᠡᠬᠦ᠌ ᠠᠷᠭ᠎ᠠ᠎ᠪᠠᠷ ᠨᠢᠶ᠍ᠸ ᠡᠯ᠎ᠦᠨ ᠪᠦᠲᠦᠭᠡᠯ᠎ᠢ ᠳᠠᠬᠢᠨ ᠱᠢᠨ᠎ᠡ᠎ᠪᠡᠷ ᠵᠣᠬᠢᠶᠠᠨ ᠪᠦᠲᠦᠭᠡᠭ᠌ᠰᠡᠨ ᠪᠥᠭᠡᠳ ᠪᠥᠵᠢᠭ᠎ᠦᠨ ᠬᠦᠳᠡᠯᠭᠡᠭᠡᠨ ᠵᠢᠡᠷ ᠢᠯᠡᠳᠭᠡᠬᠦ ᠵᠢ ᠨᠢᠮᠪᠠᠢ ᠬᠠᠷᠠᠭᠤᠯᠵᠤ᠂ ᠭᠡᠷᠡᠯ᠎ᠦᠨ ᠳᠣᠯᠭᠢᠶᠠᠨ᠎ᠤ ᠡᠷᠭᠢᠯᠲᠡ᠎ᠶ᠋ᠢᠨ ᠳᠤᠮᠳᠠ ᠨᠢᠶ᠍ᠸ ᠡᠯ᠎ᠦᠨ ᠣᠬᠣᠷᠬᠠᠨ ᠨᠢᠭᠡ ᠨᠠᠰᠤᠨ᠎ᠤ ᠬᠠᠯᠠᠭᠤᠨ ᠰᠡᠳᠭᠢᠯᠭᠡ᠂ ᠲᠡᠯᠴᠢᠯᠡᠯ᠂ ᠬᠦᠰᠡᠯ ᠪᠠ ᠪᠠᠷᠢᠮᠲᠠᠯᠠᠯ᠎ᠢ ᠢᠯᠡᠷᠡᠭᠦᠯᠬᠦ ᠪᠤᠯᠤᠨ᠎ᠠ ᠭᠡᠵᠦ᠍ ᠬᠡᠯᠡᠪᠡ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面