2025-11-26 11:28:37
ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠦᠨᠳᠦᠰᠦᠲᠡᠨ ᠤ᠋ ᠬᠥᠭ᠌ᠵᠢᠮ ᠤ᠋ᠨ ᠪᠦᠯᠬᠦᠮ ᠤ᠋ᠨ《ᠤᠰᠺᠠᠷ ᠤ᠋ᠨ ᠠᠶᠠᠯᠠᠯ》ᠦᠷᠦᠬᠡᠨ ᠤ᠋ ᠬᠥᠭ᠌ᠵᠢᠮ ᠤ᠋ᠨ ᠪᠥᠬᠥ᠌ ᠤᠯᠤᠰ ᠤ᠋ᠨ ᠲᠣᠭᠣᠷᠢᠨ ᠲᠣᠭ᠍ᠯᠠᠯᠲᠠ ᠲᠦᠷᠦᠬᠦᠬᠡᠨ ᠴᠧᠩᠳᠦ᠋ ᠬᠣᠲᠠᠳᠤ ᠶᠠᠪᠤᠭᠳᠠᠵᠦ᠂ ᠤᠰᠺᠠᠷ ᠤ᠋ᠨ ᠰᠣᠩᠭᠣᠳᠠᠭ ᠠᠶᠠᠰ ᠢ᠋ ᠥᠭᠡᠷᠡᠴᠢᠯᠡᠨ ᠨᠠᠢᠷᠠᠭᠤᠯᠵᠤ ᠦᠵᠡᠭ᠌ᠴᠢᠳ ᠲᠦ᠍ ᠤᠷᠠᠨ ᠭᠤᠢᠳᠠ ᠲᠤᠭᠯᠠᠯᠳᠠ ᠵᠢ ᠰᠤᠨᠢᠷᠬᠠᠭᠤᠯᠵᠠᠢ᠃
ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠦᠨᠳᠦᠰᠦᠲᠡᠨ ᠤ᠋ ᠬᠥᠭ᠌ᠵᠢᠮ ᠤ᠋ᠨ ᠪᠦᠯᠬᠦᠮ ᠤ᠋ᠨ ᠨᠠᠢᠷᠠᠭᠤᠯᠤᠨ ᠪᠦᠳᠦᠭᠡᠭᠰᠡᠨ 《ᠤᠰᠺᠠᠷ ᠤ᠋ᠨ ᠠᠶᠠᠯᠠᠯ》 ᠦᠷᠦᠬᠡᠨ ᠤ᠋ ᠬᠥᠭ᠌ᠵᠢᠮ ᠤ᠋ᠨ ᠪᠥᠬᠥ᠌ ᠤᠯᠤᠰ ᠤ᠋ᠨ ᠲᠣᠭᠣᠷᠢᠨ ᠲᠣᠭ᠍ᠯᠠᠯᠲᠠ ᠪᠣᠯ ᠨᠢᠭᠡᠨ ᠤᠳᠠᠭ᠎ᠠ ᠵᠢᠨ ᠳᠠᠭᠤᠤ ᠬᠥᠭ᠌ᠵᠢᠮ ᠤ᠋ᠨ ᠱᠢᠨ᠎ᠡ ᠵᠢ ᠡᠭᠦᠳᠬᠦ᠌ ᠲᠤᠷᠱᠢᠯᠲᠠ ᠰᠦᠪᠡᠭᠴᠢᠯᠡᠯ ᠪᠣᠯᠤᠨ᠎ᠠ᠃ ᠮᠣᠷᠢᠨ ᠬᠤᠭᠤᠷ᠂ ᠺᠯᠠᠷᠨᠧᠲ ᠪᠢᠰᠬᠢᠬᠦᠷ᠂ ᠮᠤᠷᠢᠨ ᠬᠢᠬᠢᠯᠢ᠂ ᠲᠡᠭᠦᠯᠳᠡᠷ ᠬᠦᠭᠵᠢᠮ ᠵᠡᠷᠭᠡ ᠠᠳᠠᠯᠢ ᠪᠤᠰᠤ ᠬᠥᠭ᠌ᠵᠢᠮ ᠢ᠋ ᠭᠠᠢᠬᠠᠮᠱᠢᠭ ᠲᠠᠢ ᠪᠡᠷ ᠨᠠᠢᠷᠠᠭᠤᠯᠤᠨ᠂ ᠤᠯᠠᠨ ᠰᠤᠩᠭᠤᠳᠠᠭ ᠺᠢᠨᠣ᠋ ᠶ᠋ᠢᠨ ᠠᠶ᠎ᠠ ᠵᠡᠷᠭᠡ ᠤᠰᠺᠠᠷ ᠤ᠋ᠨ 17 ᠠᠶ᠎ᠠ ᠵᠢ ᠬᠦᠭᠵᠢᠮᠳᠡᠨ᠂ ᠦᠵᠡᠭᠴᠢᠳ ᠲᠦ᠍ ᠬᠦᠭᠵᠢᠮ ᠤᠷᠠᠯᠢᠭ ᠤ᠋ᠨ ᠭᠠᠢᠬᠠᠮᠰᠢᠭ ᠢ᠋ ᠮᠡᠳᠡᠷᠡᠬᠦᠯᠦᠨ᠂ ᠥᠪᠥᠷ ᠮᠣᠩᠭᠣᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠤ᠋ᠨ ᠦᠨᠳᠦᠰᠦᠲᠡᠨ ᠤ᠋ ᠬᠥᠭ᠌ᠵᠢᠮ ᠤ᠋ᠨ ᠪᠦᠯᠬᠦᠮ ᠤ᠋ᠨ ᠤᠯᠠᠨ ᠡᠴᠡ ᠬᠡᠳᠦᠢᠳᠦᠭᠰᠡᠨ ᠮᠡᠷᠭᠡᠵᠢᠯ ᠤ᠋ᠨ ᠲᠦᠪᠰᠢᠨ ᠢ᠋ ᠬᠠᠷᠠᠭᠤᠯᠵᠦ᠂ ᠣᠯᠠᠨ ᠡᠱᠢᠲᠦ ᠠᠭᠤᠰᠤᠯᠴᠠᠯ ᠤ᠋ᠨ ᠬᠥᠭ ᠠᠶᠠᠰ ᠤ᠋ᠨ ᠦᠪᠡᠷᠮᠢᠴᠡ ᠰᠤᠳᠤᠨ ᠰᠢᠨᠵᠢ ᠵᠢ ᠭᠡᠷᠡᠴᠢᠯᠡᠪᠡ᠃ 《ᠲᠤᠭᠯᠠᠯᠳᠠ ᠶᠡᠬᠡ ᠰᠢᠨ᠎ᠠ ᠰᠡᠪᠡᠬᠦᠨ᠂ ᠰᠠᠢᠬᠠᠨ ᠪᠤᠯᠵᠠᠢ᠃ ᠠᠩᠬ᠎ᠠ ᠤᠳᠠᠭ᠎ᠠ ᠦᠨᠳᠦᠰᠦᠳᠡᠨ ᠤ᠋ ᠬᠦᠭᠵᠢᠮ ᠤᠷᠤᠭᠰᠠᠨ ᠤᠷᠴᠢᠨ ᠦᠶ᠎ᠠ ᠵᠢᠨ ᠬᠦᠭᠵᠢᠮ ᠤ᠋ᠨ ᠲᠤᠭᠯᠠᠯᠳᠠ ᠵᠢ ᠰᠤᠨᠢᠷᠬᠠᠵᠦ ᠪᠠᠢᠨ᠎ᠠ᠃ ᠢᠯᠠᠩᠭᠤᠶ᠎ᠠ ᠮᠤᠷᠢᠨ ᠬᠤᠭᠤᠷ ᠤᠷᠤᠭᠰᠠᠨ ᠨᠢ ᠶᠡᠬᠡ ᠰᠠᠢᠬᠠᠨ ᠪᠤᠯᠵᠠᠢ》 ᠭᠡᠵᠦ ᠴᠧᠩᠳᠦ᠋ ᠶ᠋ᠢᠨ ᠦᠵᠡᠭᠴᠢᠳ ᠬᠡᠯᠡᠨ᠎ᠠ᠃ ᠬᠥᠭ᠌ᠵᠢᠮ ᠤ᠋ᠨ ᠪᠦᠯᠬᠦᠮ ᠤ᠋ᠨ ᠲᠤᠭᠤᠷᠢᠨ ᠲᠤᠭᠯᠠᠯᠳᠠ ᠨᠢ ᠷᠢ ᠵᠤᠤ᠂ ᠰᠦᠵᠧᠦ᠂ ᠵᠢᠶᠠᠰᠢᠩ᠂ ᠨᠠᠨᠫᠢᠩ ᠵᠡᠷᠬᠡ ᠬᠤᠳᠠ ᠳ᠋ᠦ ᠲᠤᠭᠯᠠᠯᠳᠠ ᠪᠠᠨ ᠳᠠᠭᠤᠰᠬᠠᠵᠦ᠂ ᠵᠠᠯᠭᠠᠭᠠᠳ ᠠᠨᠺᠠᠩ᠂ ᠵᠧᠩᠵᠧᠦ᠂ ᠯᠢᠶᠣᠤᠴᠸᠩ᠂ ᠬᠢᠩᠭᠠᠨ ᠠᠢᠮᠠᠭ ᠲᠦ᠍ ᠲᠤᠭᠯᠠᠬᠤ ᠪᠤᠯᠤᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃