ᠲᠡᠷᠢᠭᠦᠨ ᠨᠢᠭᠤᠷ>ᠨᠠᠭᠠᠳᠤᠮ ᠴᠡᠩᠬᠡᠭᠦᠨ>ᠣᠳᠣᠨ ᠲᠠᠭ᠍ᠲᠤ

2026-08-27 09:42:15

ᠵᠣᠬᠢᠶᠠᠭ᠍ᠴᠢ᠄ ᠬᠦᠭᠵᠢᠯᠳᠦ ᠴᠤᠪᠤᠭᠤ ᠣᠩᠱᠢᠭ᠍ᠰᠠᠨ ᠣᠳᠠᠭ᠎ᠠ᠄ 3

《ᠲᠦᠷᠪᠡᠨ ᠨᠠᠰᠤᠳᠠᠢ ᠬᠠᠯᠢᠭᠤᠨ ᠨᠢ᠂ ᠲᠦᠷᠦᠬᠡ ᠵᠢᠭᠢᠮᠠᠷ ᠶᠦᠷᠬᠦᠬᠡ ᠲᠠᠢ᠂ ᠲᠦᠷᠪᠡᠯᠵᠢᠯᠡᠬᠡᠳ ᠬᠠᠷᠠᠬᠳᠠᠬᠤ ᠪᠠᠷ᠎ᠠ ᠨᠢ᠂ ᠲᠦᠳᠡᠯᠡᠭᠰᠡᠨ ᠠᠮᠠᠷᠠᠬ᠎ᠤᠨ ᠪᠠᠷ᠎ᠠ᠎ᠤᠤ ᠳ᠋ᠠ ᠁》 8 ᠰᠠᠷ᠎ᠠ ᠶ᠋ᠢᠨ 26 ᠤ᠋ ᠤᠷᠤᠢ᠂ 《ᠲᠠᠪᠤᠨ ᠳᠠᠩᠰᠤᠭ ᠬᠥᠯᠥᠨ ᠪᠤᠢ᠍ᠢᠷ》 ᠬᠡᠦᠬᠡᠳ ᠤ᠋ᠨ ᠨᠠᠢᠷᠠᠯ ᠳᠠᠭᠤᠤ ᠶ᠋ᠢᠨ ᠪᠦᠯᠬᠦᠮ ᠤ᠋ᠨ ᠬᠢᠨ ᠎ᠤ 2026 ᠤᠨ ᠎ᠤ ᠠᠨᠭᠬᠠᠲᠤᠭᠠᠷ ᠲᠠᠯᠠᠪᠠᠢ ᠠᠷᠠᠳ ᠲᠸ᠋ ᠠᠰᠢᠬ ᠬᠥᠷᠲᠡᠬᠡᠬᠥ ᠲᠤᠬᠯᠠᠯᠲᠠ ᠬᠥᠬᠡᠬᠤᠲᠡ ᠎ᠳᠤ ᠶᠠᠪᠤᠬᠲᠠᠯ᠎ᠠ᠃


e94f4820-5d86-4fd9-90ea-8b0010fac2b1.png


ᠲᠤᠭᠯᠠᠯᠳᠠ᠎ᠶᠢᠨ ᠬᠡᠰᠡᠭ ᠦᠵᠡᠭᠳᠡᠯ᠃

ᠰᠤᠷᠪᠤᠯᠵᠢᠯᠠᠭᠴᠢ ᠬᠦᠭᠵᠢᠯᠳᠦ ᠴᠤᠪᠤᠭᠤ ᠰᠡᠬᠦᠳᠡᠷᠯᠡᠪᠡ


ᠦᠨᠳᠦᠰᠦᠲᠡᠨ ᠤ᠋ ᠬᠤᠪᠴᠠᠰᠤ ᠵᠠᠰᠠᠯ ᠢ᠋ᠶ᠋ᠡᠷ ᠢ᠋ᠶ᠋ᠡᠨ ᠭᠤᠶᠤᠭᠰᠠᠨ ᠳᠡᠭᠵᠢᠨ ᠴᠤᠪᠤᠭᠤᠯᠢᠭ 37 ᠪᠢᠴᠢᠬᠠᠨ ᠳᠠᠭᠤᠴᠢᠨ ᠪᠠᠶᠠᠷ ᠤ᠋ᠨ ᠢᠨᠢᠶᠡᠳᠦ ᠳᠤᠳᠤᠷᠠᠭᠤᠯᠵᠤ᠂ ᠪᠢᠯᠬᠠᠮ᠎ᠠ ᠬᠠᠯᠠᠭᠤᠨ ᠰᠡᠳᠬᠢᠯᠭᠡ ᠪᠡᠷ ᠳᠠᠭᠤᠯᠠᠨ ᠪᠦᠵᠢᠭᠯᠡᠨ᠎ᠠ᠃ ᠤᠳᠬ᠎ᠠ ᠤᠶᠠᠩᠭ᠎ᠠ ᠵᠢ ᠠᠷᠠᠳ ᠡᠴᠡ ᠪᠠᠨ ᠦᠪᠯᠡᠵᠦ᠂ ᠠᠷᠠᠳ᠎ᠲᠠᠭᠠᠨ ᠡᠷᠬᠦᠨ ᠪᠠᠷᠢᠳᠠᠭ ᠰᠠᠢᠬᠠᠨ ᠤᠯᠠᠮᠵᠢᠯᠠᠯ ᠢ᠋ᠶ᠋ᠡᠷ ᠲᠡᠳᠡ 《ᠤᠯᠠᠯᠵᠢ》᠂ 《ᠳᠥᠷᠪᠡᠨ ᠨᠠᠰᠤᠲᠠᠢ ᠬᠠᠯᠢᠭᠤᠨ》᠂ 《ᠶᠤᠬᠤᠷ》᠂ 《ᠭᠠᠨᠳᠢ ᠶ᠋ᠢᠨ ᠮᠣᠳᠣ᠌》᠂ 《ᠰᠡᠩᠰᠡᠢᠮ᠎ᠠ》᠂ 《ᠲᠤᠬᠤᠢ ᠽᠠᠨᠳᠠᠨ ᠡᠮᠡᠬᠡᠯ》᠂ 《ᠮᠤᠤᠵᠢᠺᠠᠨ》᠂ 《ᠵᠡᠬᠡᠷᠡᠩᠬᠡᠢ》 ᠵᠡᠷᠭᠡ ᠠᠷᠠᠳ ᠤ᠋ᠨ ᠳᠠᠭᠤᠤ ᠪᠠᠨ ᠡᠷᠬᠦᠵᠦ᠂ ᠢᠵᠠᠭᠤᠷ ᠤᠷᠠᠯᠢᠭ ᠤ᠋ᠨ ᠰᠢᠨ᠎ᠠ ᠴᠠᠭ ᠦᠶ᠎ᠠ ᠶ᠋ᠢᠨ ᠦᠶ᠎ᠠ ᠵᠠᠯᠭᠠᠮᠵᠢ ᠵᠢ ᠬᠠᠷᠠᠭᠤᠯᠤᠨ᠎ᠠ᠃ ᠨᠠᠢᠷᠠᠯ ᠳᠠᠭᠤᠤ ᠶ᠋ᠢᠨ ᠪᠦᠯᠬᠦᠮ ᠤ᠋ᠨ 20 ᠵᠢᠯ ᠤ᠋ᠨ ᠠᠮᠵᠢᠯᠳᠠ ᠵᠢ ᠮᠢᠯᠢᠶᠠᠵᠦ᠂ ᠳᠠᠬᠢᠨ ᠮᠤᠷᠳᠠᠬᠤ ᠳ᠋ᠦ ᠠᠶᠠᠨ ᠤ᠋ ᠲᠦᠷᠦᠬᠡ ᠵᠢ ᠴᠢᠩᠭᠠᠯᠠᠬᠤ ᠭᠡᠵᠦ ᠠᠩᠬᠠᠨ ᠤ᠋ ᠥᠶ᠎ᠡ ᠵᠢᠨ ᠬᠡᠰᠢᠬᠦᠨ ᠪᠠᠭᠠᠲᠤᠷᠲᠤᠷᠵᠢ᠂ ᠭᠤᠷᠪᠠᠳᠤᠭᠠᠷ ᠥᠶ᠎ᠡ ᠵᠢᠨ ᠬᠡᠰᠢᠬᠦᠨ ᠠᠳᠢᠶ᠎ᠠ ᠪᠤᠯᠤᠨ ᠤᠳᠤ ᠶ᠋ᠢᠨ ᠬᠡᠰᠢᠬᠦᠨ ᠲᠠᠭᠤᠴᠢᠨ ᠲᠠᠢ ᠭᠤᠷᠪᠠᠭᠤᠯᠠ 《ᠠᠯᠤᠰ ᠲᠦ᠍ ᠰᠠᠭᠤᠭ᠎ᠠ ᠡᠵᠢ》᠂ 《ᠲᠡᠭᠷᠢ ᠠᠪᠤ》᠂ 《ᠦᠷᠨᠢᠯᠳᠦ ᠨᠤᠲᠤᠭ》 ᠳᠠᠭᠤᠤ ᠪᠠᠨ ᠡᠷᠬᠦᠵᠦ᠂ 20 ᠵᠢᠯ ᠤ᠋ᠨ ᠲᠤᠷᠰᠢᠬᠢ ᠲᠤᠰ ᠪᠦᠯᠬᠦᠮ ᠡᠴᠡ ᠬᠦᠮᠦᠵᠢᠭᠳᠡᠵᠦ ᠭᠠᠷᠤᠭᠰᠠᠨ ᠪᠢᠴᠢᠬᠠᠨ ᠳᠠᠭᠤᠴᠢᠳ ᠢ᠋ᠶ᠋ᠡᠨ ᠲᠦᠯᠦᠬᠡᠯᠡᠨ 《ᠲᠠᠪᠤᠨ ᠳᠠᠩᠰᠤᠭ ᠬᠥᠯᠥᠨ ᠪᠤᠢ᠍ᠢᠷ》 ᠪᠦᠯᠬᠦᠮ ᠤ᠋ᠨ ᠵᠢᠡᠨ ᠤᠯᠠᠮ ᠦᠬᠡᠳᠡ ᠦᠩᠬᠡ ᠲᠠᠢ ᠶᠠᠪᠤᠬᠤ ᠵᠢ ᠬᠦᠰᠡᠨ ᠪᠡᠯᠭᠡᠳᠡᠵᠡᠢ᠃ ᠨᠠᠢᠷᠠᠯ ᠳᠠᠭᠤᠤ ᠶ᠋ᠢᠨ ᠪᠦᠯᠬᠦᠮ ᠤ᠋ᠨ ᠬᠢᠨ ᠪᠠᠰᠠ ᠲᠤᠰ ᠤᠳᠠᠭ᠎ᠠ ᠵᠢᠨ ᠦᠳᠡᠰᠢᠯᠡᠬᠡ ᠳ᠋ᠦ ᠵᠤᠷᠢᠭᠤᠯᠤᠨ 《ᠰᠣᠯᠣᠩᠭ᠎ᠠ》᠂ 《ᠳᠠᠯ᠎ᠠ ᠶ᠋ᠢᠨ ᠰᠠᠯᠬᠢ》᠂ 《ᠬᠠᠢᠯᠠᠷ ᠮᠦᠷᠡᠨ》᠂ 《ᠨᠤᠲᠤᠭ》 ᠵᠡᠷᠭᠡ 6 ᠳᠠᠭᠤᠤ ᠵᠢ ᠰᠢᠨᠡᠴᠢᠯᠡᠨ ᠨᠠᠢᠷᠠᠭᠤᠯᠵᠦ᠂ ᠦᠵᠡᠰᠬᠦᠯᠡᠩᠳᠦ ᠰᠠᠢᠬᠠᠨ ᠬᠦᠯᠦᠨ ᠪᠤᠢᠷ ᠤ᠋ᠨ ᠪᠠᠢᠭᠠᠯᠢ ᠠᠬᠤᠢ᠂ ᠡᠯᠪᠡᠭ ᠪᠠᠶᠠᠨ ᠰᠤᠶᠤᠯ ᠢᠷᠭᠡᠨᠰᠢᠯ ᠢ᠋ ᠲᠤᠳᠤᠳᠬᠠᠨ᠂ ᠬᠦᠯᠦᠨ ᠪᠤᠢᠷ ᠤ᠋ᠨ ᠦᠨᠳᠦᠰᠦᠳᠡᠨ ᠨᠤᠬᠦᠳ ᠤ᠋ᠨ ᠠᠷᠠᠳ ᠲᠦᠮᠡᠨ ᠤ᠋ ᠲᠤᠮᠳᠠᠳᠦ ᠵᠢᠨ ᠵᠡᠬᠦᠳᠦ ᠵᠢ ᠬᠠᠮᠳᠤ ᠳ᠋ᠠᠭᠠᠨ ᠲᠡᠷᠭᠡᠯᠰᠢᠬᠦᠯᠬᠦ ᠪᠡᠷ ᠬᠦᠴᠦᠯᠡᠨ ᠴᠢᠷᠮᠠᠢᠵᠦ ᠶᠠᠪᠤᠭ᠎ᠠ ᠲᠦᠷᠬᠥ ᠪᠠᠢᠳᠠᠯ ᠢ᠋ ᠢᠯᠡᠷᠡᠬᠦᠯᠵᠡᠢ᠃

《ᠲᠠᠪᠤᠨ ᠳᠠᠩᠰᠤᠭ ᠬᠥᠯᠥᠨ ᠪᠤᠢ᠍ᠢᠷ》 ᠬᠡᠦᠬᠡᠳ ᠤ᠋ᠨ ᠨᠠᠢᠷᠠᠯ ᠳᠠᠭᠤᠤ ᠶ᠋ᠢᠨ ᠪᠦᠯᠬᠦᠮ 2006 ᠣᠨ ᠤ᠋ 12 ᠰᠠᠷ᠎ᠠ ᠳ᠋ᠦ ᠪᠠᠢᠭᠤᠯᠤᠭᠳᠠᠵᠤ᠂ ᠮᠠᠨ ᠤ᠋ ᠤᠯᠤᠰ ᠤ᠋ᠨ ᠠᠩᠬᠠᠳᠠᠭ᠍ᠴᠢ ᠤᠯᠠᠨ ᠦᠨᠳᠦᠰᠦᠲᠡᠨ ᠤ᠋ ᠬᠡᠦᠬᠡᠳ ᠤ᠋ᠨ ᠨᠠᠢᠷᠠᠯ ᠳᠠᠭᠤᠤ ᠶ᠋ᠢᠨ ᠪᠦᠯᠬᠦᠮ ᠪᠣᠯᠵᠤ᠂ ᠣᠲᠣ᠌ ᠪᠠᠢᠭ᠎ᠠ 37 ᠭᠡᠰᠢᠭᠦᠨ ᠨᠢ 6 — 12 ᠨᠠᠰᠤᠨ ᠤ᠋ ᠬᠣᠭᠣᠷᠣᠨᠳᠤᠬᠢ ᠬᠢᠲᠠᠳ᠂ ᠮᠣᠩᠭᠣᠯ᠂ ᠡᠸᠡᠩᠬᠢ᠂ ᠳᠠᠭᠤᠷ᠂ ᠬᠣᠲᠣᠩ ᠦᠨᠳᠦᠰᠦᠲᠡᠨ ᠤ᠋ ᠬᠡᠥᠬᠡᠳ ᠪᠠᠢᠵᠦ ᠂ ᠪᠠᠢᠭᠤᠯᠤᠭᠳᠠᠭᠰᠠᠨ ᠡᠴᠡ ᠣᠲᠣᠬᠠᠨ ᠪᠣᠯᠲᠠᠯ᠎ᠠ 100 ᠭᠠᠷᠤᠢ ᠳᠠᠭᠤᠤ ᠨᠠᠢᠷᠠᠭᠤᠯᠤᠨ ᠳᠠᠭᠤᠯᠠᠵᠤ᠂ ᠪᠦᠬᠦ ᠤᠯᠤᠰ ᠤ᠋ᠨ ᠭᠣᠣᠯ ᠰᠡᠳᠦᠪᠲᠦ ᠲᠣᠭᠯᠠᠯᠲᠠ ᠳ᠋ᠦ 200 ᠭᠠᠷᠤᠢ ᠤᠳᠠᠭ᠎ᠠ ᠣᠷᠣᠯᠴᠠᠵᠤ᠂ ᠲᠦᠪ ᠲᠸᠯᠸᠢᠰ ᠤ᠋ᠨ ᠴᠠᠭᠠᠨ ᠰᠠᠷ᠎ᠠ ᠶ᠋ᠢᠨ ᠦᠳᠡᠰᠢᠯᠡᠭᠡ ᠳ᠋ᠦ 2 ᠤᠳᠠᠭ᠎ᠠ ᠤᠷᠤᠯᠴᠠᠭᠰᠠᠨ ᠵᠢᠡᠷ ᠪᠠᠷᠠᠬᠤ ᠦᠭᠡᠢ᠂ ᠨᠡᠩ ᠴᠤ᠌ ᠳᠠᠭᠤᠤ ᠡᠭᠡᠰᠢᠭ ᠢ᠋ᠶ᠋ᠡᠨ ᠤᠷᠤᠰ᠂ ᠠᠮᠧᠷᠢᠺᠠ᠂ ᠮᠣᠩᠭᠣᠯ ᠵᠡᠷᠭᠡ ᠤᠯᠤᠰ ᠲᠦ᠍ ᠳᠠᠮᠵᠢᠭᠤᠯᠵᠤ᠂ ᠲᠠᠯ᠎ᠠ ᠨᠤᠲᠤᠭ ᠤ᠋ᠨ ᠰᠣᠶᠣᠯ ᠵᠢᠡᠨ ᠬᠠᠷᠢ ᠭᠠᠳᠠᠭᠠᠳᠤ ᠎ᠳᠦ ᠤᠬᠠᠭᠤᠯᠵᠤ ᠪᠤᠢ ᠃

ᠭᠤᠧᠠᠩᠰᠢ ᠡᠴᠡ ᠭᠠᠯᠳᠦ ᠲᠡᠷᠭᠡᠨ ᠳ᠋ᠦ 34 ᠴᠠᠭ ᠰᠠᠭᠤᠵᠤ᠂ ᠲᠤᠰ ᠤᠳᠠᠭ᠎ᠠ ᠵᠢᠨ ᠦᠳᠡᠰᠢᠯᠡᠬᠡ ᠵᠢ ᠰᠤᠨᠢᠷᠬᠠᠬᠤ ᠪᠡᠷ ᠬᠦᠬᠡᠬᠤᠳᠠ ᠳ᠋ᠤ ᠢᠷᠡᠭᠰᠡᠨ ᠯᠢᠶᠠᠩ ᠱᠧᠩ ᠹᠧᠢ ᠲᠦᠷᠦᠬᠦᠳᠡᠢ ᠤᠯᠠᠨ ᠪᠠᠬᠠᠳᠠᠨ ᠠᠬᠤᠢ ᠳᠠᠯᠠᠪᠠᠢ ᠳ᠋ᠦ ᠲᠤᠭᠳᠤᠯᠤᠨ ᠰᠠᠭᠤᠵᠤ ᠪᠠᠬᠠᠷᠬᠠᠨ ᠰᠤᠨᠢᠷᠬᠠᠨ᠎ᠠ᠃ 《ᠪᠢ 2017 ᠤᠨ ᠳ᠋ᠦ ᠠᠩᠬ᠎ᠠ ᠲᠤᠮᠳᠠᠳᠦ ᠶ᠋ᠢᠨ ᠰᠤᠷᠤᠭᠴᠢ ᠪᠠᠢᠬᠤ ᠡᠴᠡ ᠪᠠᠨ ᠡᠬᠢᠯᠡᠨ ᠲᠤᠰ ᠪᠦᠯᠬᠦᠮ ᠤ᠋ᠨ ᠳᠠᠭᠤᠤ ᠵᠢ ᠮᠠᠰᠢ ᠰᠤᠨᠤᠰᠬᠤ ᠲᠤᠷᠠᠳᠠᠢ ᠪᠤᠯᠵᠦ᠂ ᠰᠦᠯᠵᠢᠶᠡᠨ ᠳᠡᠭᠡᠷ᠎ᠡ ᠡᠴᠡ ᠮᠤᠨᠭᠭᠤᠯ ᠳᠠᠭᠤᠤ ᠵᠢ ᠦᠪᠡᠷᠳᠡᠭᠡᠨ ᠳᠠᠭᠤᠯᠠᠵᠦ ᠰᠤᠷᠤᠭᠰᠠᠨ᠂ ᠡᠨᠡ ᠤᠷᠤᠢ ᠠᠩᠬ᠎ᠠ ᠤᠳᠠᠭ᠎ᠠ ᠠᠬᠤᠢ ᠳᠠᠯᠠᠪᠠᠢ ᠶ᠋ᠢᠨ ᠲᠤᠭᠯᠠᠯᠳᠠ ᠵᠢ ᠦᠵᠡᠵᠦ ᠪᠠᠢᠨ᠎ᠠ》 ᠬᠡᠵᠦ ᠯᠢᠶᠠᠩ ᠱᠧᠩ ᠹᠧᠢ ᠲᠤᠭᠳᠤᠯᠤᠨ ᠬᠡᠯᠡᠨ᠎ᠠ᠃

《ᠡᠬᠡ ᠤᠯᠤᠰ ᠵᠢᠡᠨ ᠮᠠᠭᠳᠠᠨ ᠳᠠᠭᠤᠯᠠᠶ᠎ᠠ》 ᠬᠡᠬᠦ ᠳᠠᠭᠤᠤ ᠪᠡᠷ ᠦᠳᠡᠰᠢᠯᠡᠬᠡ ᠵᠢᠷᠭᠠᠪᠠ᠃ ᠲᠠᠯ᠎ᠠ ᠶ᠋ᠢᠨ ᠦᠷᠦᠴᠡᠨ ᠡᠴᠡ ᠳᠡᠯᠡᠬᠡᠢ ᠶ᠋ᠢᠨ ᠲᠠᠪᠴᠠᠩ ᠳ᠋ᠦ ᠭᠠᠷᠤᠭᠰᠠᠨ 《ᠲᠠᠪᠤᠨ ᠳᠠᠩᠰᠤᠭ ᠬᠥᠯᠥᠨ ᠪᠤᠢ᠍ᠢᠷ》 ᠨᠠᠢᠷᠠᠯ ᠳᠠᠭᠤᠤ ᠶ᠋ᠢᠨ ᠪᠦᠯᠬᠦᠮ ᠤ᠋ᠨ ᠬᠢᠨ ᠬᠡᠥᠬᠡᠳ ᠤ᠋ᠨ ᠴᠡᠪᠡᠷ ᠠᠷᠢᠭᠤᠨ ᠲᠠᠭᠤᠨ ᠢ᠋ᠶ᠋ᠠᠷ ᠲᠤᠮᠳᠠᠳᠤ ᠵᠢᠨ ᠰᠣᠶᠣᠯ ᠤ᠋ᠨ ᠬᠠᠯᠠᠭᠤᠨ ᠳᠤᠯᠠᠭᠠᠨ᠂ ᠡᠷᠴᠢ ᠬᠦᠴᠦ ᠵᠢ ᠳᠠᠮᠵᠢᠭᠤᠯᠤᠭᠰᠠᠨ ᠪᠥᠭᠡᠳ ᠬᠥᠯᠥᠨ ᠪᠤᠢ᠍ᠢᠷ ᠬᠤᠳᠠ ᠵᠢᠨ ᠰᠣᠶᠣᠯ ᠤ᠋ᠨ ᠲᠦᠷᠦᠯ ᠲᠡᠮᠳᠡᠭ ᠢ᠋ ᠴᠤᠭᠴᠠᠯᠠᠬᠤ ᠡᠴᠡ ᠳᠡᠯᠡᠬᠡᠢ ᠳ᠋ᠦ ᠳᠠᠨᠢᠭᠤᠯᠬᠤ ᠬᠦᠷᠳᠡᠯᠡᠬᠢ ᠢᠳᠡᠷᠡᠭᠦᠨ ᠠᠯᠬᠤᠭ᠎ᠠ ᠵᠢ ᠭᠡᠷᠡᠴᠢᠯᠡᠪᠡ᠃ ᠲᠣᠰ ᠤᠳᠠᠭ᠎ᠠ ᠵᠢᠨ ᠠᠷᠠᠳ ᠲᠦ᠍ ᠠᠰᠢᠭ᠋ ᠬᠦᠷᠲᠡᠭᠡᠬᠦ ᠲᠣᠭᠯᠠᠯᠲᠠ ᠨᠢ ᠨᠠᠢᠷᠠᠯ ᠳᠠᠭᠤᠤ ᠶ᠋ᠢᠨ ᠪᠦᠯᠬᠦᠮ ᠤ᠋ᠨ 20 ᠵᠢᠯ ᠤ᠋ᠨ ᠤᠷᠠᠯᠢᠭ᠋ ᠵᠢᠳᠬᠦᠯ ᠤ᠋ᠨ ᠠᠮᠵᠢᠯᠳᠠ ᠪᠦᠳᠦᠮᠵᠢ ᠶ᠋ᠢᠨ ᠬᠤᠷᠢᠶᠠᠩᠭᠤᠢ ᠪᠣᠯᠤᠭᠰᠠᠨ ᠵᠢᠡᠷ ᠪᠠᠷᠠᠬᠤ ᠦᠭᠡᠢ ᠨᠠᠩ ᠴᠤ᠌ ᠤᠷᠠᠯᠢᠭ᠋ ᠢ᠋ ᠠᠷᠠᠳ ᠲᠦᠮᠡᠨ ᠳ᠋ᠦ ᠰᠤᠨᠢᠷᠬᠠᠭᠤᠯᠵᠦ᠂ ᠠᠷᠠᠳ ᠲᠦᠮᠡᠨ ᠳ᠋ᠦ ᠦᠢᠯᠡᠴᠢᠯᠡᠭᠦᠯᠬᠦ ᠠᠮᠢᠳᠤᠯᠢᠭ᠋ ᠦᠢᠯᠡᠳᠦᠯᠭᠡ ᠪᠣᠯᠵᠠᠢ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠵᠣᠣ ᠱᠦ᠍ ᠭᠤᠸᠠᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面