2026-09-20 15:37:04
ᠦᠪᠦᠷ ᠮᠤᠨᠭᠭᠤᠯ ᠤ᠋ᠨ ᠤᠷᠠᠯᠢᠭ ᠵᠦᠴᠦᠭᠡ ᠶ᠋ᠢᠨ ᠬᠦᠷᠢᠶᠡᠯᠡᠩ ᠡᠴᠡ ᠤᠢᠯᠠᠭᠠᠭᠰᠠᠨ ᠢ᠋ᠶ᠋ᠡᠷ᠂ ᠲᠤᠰ ᠬᠦᠷᠢᠶᠡᠯᠡᠩ ᠤ᠋ᠨ ᠮᠣᠩᠭᠣᠯ ᠵᠦᠴᠦᠭᠡ ᠶ᠋ᠢᠨ ᠤᠷᠠᠯᠢᠭ᠋ ᠤ᠋ᠨ ᠪᠦᠯᠬᠦᠮ ᠪᠤᠯᠤᠨ ᠡᠯ ᠷᠧᠨ ᠲᠠᠢ ᠤᠷᠠᠯᠢᠭ᠋ ᠤ᠋ᠨ ᠪᠦᠯᠬᠦᠮ ᠤᠷᠴᠢᠮᠬᠠᠨ ᠾᠧᠪᠧᠢ ᠮᠤᠵᠢ ᠳ᠋ᠦ ᠶᠠᠪᠤᠭᠳᠠᠭᠰᠠᠨ ᠪᠥᠬᠥ ᠤᠯᠤᠰ ᠤ᠋ᠨ ᠰᠢ ᠲᠠᠭᠤᠤᠷᠢᠯᠢᠭ᠋ (ᠤᠮᠠᠷᠠᠲᠤ ᠣᠷᠣᠨ ᠤ᠋ ᠲᠤᠭᠤᠷᠢᠭ) ᠤ᠋ᠨ ᠬᠠᠮᠲᠤᠷᠠᠭᠰᠠᠨ ᠲᠣᠭᠯᠠᠯᠲᠠ ᠳ᠋ᠦ ᠤᠷᠤᠯᠴᠠᠵᠦ᠂ ᠤᠮᠠᠷᠠᠲᠤ ᠶ᠋ᠢᠨ ᠰᠢ ᠲᠠᠭᠤᠤᠷᠢᠯᠢᠭ᠋ ᠤ᠋ᠨ ᠰᠣᠶᠣᠯ ᠤ᠋ᠨ ᠲᠠᠯ᠎ᠠ ᠪᠡᠷ ᠰᠣᠯᠢᠯᠴᠠᠭ᠎ᠠ ᠬᠢᠵᠦ ᠬᠠᠷᠢᠯᠴᠠᠨ ᠰᠤᠷᠤᠯᠴᠠᠬᠤ ᠳᠤᠮᠳᠠ ᠪᠣᠳᠠᠰ ᠤ᠋ᠨ ᠪᠤᠰᠤ ᠰᠣᠶᠣᠯ ᠤ᠋ᠨ ᠥᠪ ᠢ᠋ ᠤᠯᠠᠮᠵᠢᠯᠠᠨ ᠵᠠᠯᠭᠠᠮᠵᠢᠯᠠᠵᠤ ᠰᠢᠨ᠎ᠡ ᠵᠢ ᠡᠭᠦᠳᠬᠦ ᠵᠠᠮ ᠢ᠋ ᠬᠠᠢᠨ ᠰᠢᠨᠵᠢᠯᠡᠵᠡᠢ᠃
ᠲᠣᠰ ᠤᠳᠠᠭ᠎ᠠ ᠵᠢᠨ ᠲᠤᠭᠯᠠᠯᠳᠠ ᠳ᠋ᠦ᠂ ᠥᠪᠥᠷ ᠮᠣᠩᠭᠣᠯ ᠤ᠋ᠨ ᠤᠷᠠᠯᠢᠭ᠋ ᠵᠦᠴᠦᠭᠡ ᠶ᠋ᠢᠨ ᠬᠦᠷᠢᠶᠡᠯᠡᠩ ᠤ᠋ᠨ ᠬᠢᠨ ᠮᠣᠩᠭᠣᠯ ᠵᠦᠴᠦᠭᠡ 《ᠲᠠᠯ᠎ᠠ ᠨᠤᠲᠤᠭ ᠤ᠋ᠨ ᠬᠠᠢᠷ᠎ᠠ》 ᠪᠤᠯᠤᠨ ᠡᠯ ᠷᠧᠨ ᠲᠠᠢ ᠰᠣᠩᠭᠣᠳᠠᠭ ᠵᠦᠴᠦᠭᠡ 《ᠵᠤᠯᠠᠢ ᠶ᠋ᠢᠨ ᠳ᠋ᠧᠩ》 ᠢ᠋ ᠲᠤᠭᠯᠠᠵᠦ᠂ ᠥᠷᠭᠡᠨ ᠠᠭᠤᠳᠠᠮ ᠥᠪᠥᠷ ᠮᠣᠩᠭᠣᠯ ᠤ᠋ᠨ ᠰᠤᠶᠤᠯ ᠤᠷᠠᠯᠢᠭ᠂ ᠵᠠᠩ ᠠᠭᠠᠯᠢ ᠵᠢ ᠬᠠᠷᠠᠭᠤᠯᠵᠠᠢ᠃ ᠦᠪᠦᠷ ᠮᠤᠨᠭᠭᠤᠯ ᠤ᠋ᠨ ᠲᠣᠭᠯᠠᠭ᠍ᠴᠢᠳ ᠳᠠᠭᠤᠯᠠᠬᠤ ᠲᠤᠭᠯᠠᠬᠤ ᠳ᠋ᠠᠭᠠᠨ ᠠᠪᠢᠶᠠᠰ ᠲᠠᠢ ᠪᠠᠢᠵᠤ᠂ ᠥᠪᠥᠷ ᠮᠣᠩᠭᠣᠯ ᠤ᠋ᠨ ᠦᠨᠳᠦᠰᠦᠲᠡᠨ ᠨᠤᠭᠦᠳ ᠤ᠋ᠨ ᠠᠷᠠᠳ ᠲᠦᠮᠡᠨ ᠤ᠋ ᠪᠣᠷᠣᠭᠵᠢᠭᠤᠨ ᠬᠠᠯᠠᠭᠤᠨ ᠰᠡᠳᠬᠢᠯ᠂ ᠬᠣᠲᠠ ᠶ᠋ᠢᠨ ᠠᠷᠠᠳ ᠤ᠋ᠨ ᠡᠭᠡᠯ ᠪᠤᠷᠤᠭᠵᠢᠭᠤᠨ ᠠᠮᠢᠳᠤᠷᠠᠯ ᠤ᠋ᠨ ᠱᠣᠭ ᠶᠦᠮᠦᠷᠯᠢᠭ ᠠᠪᠢᠶᠠᠰᠯᠢᠭ᠋ ᠪᠠᠢᠳᠠᠯ ᠢ᠋ ᠲᠣᠭᠯᠠᠵᠤ᠂ ᠠᠮᠢᠳᠤᠯᠢᠭ᠋ ᠰᠠᠢᠬᠠᠨ ᠢᠯᠡᠳᠬᠡᠯᠲᠡ ᠨᠢ ᠦᠵᠡᠭᠴᠢᠳ ᠤ᠋ᠨ ᠰᠤᠨᠢᠷᠬᠠᠯ ᠢ᠋ ᠳᠠᠳᠠᠵᠠᠢ᠃ ᠬᠠᠮᠳᠤᠷᠠᠭᠰᠠᠨ ᠲᠣᠭᠯᠠᠯᠲᠠ ᠳ᠋ᠦ ᠪᠠᠰᠠ ᠡᠧ ᠫᠠᠩ ᠭᠦᠩ ᠤ᠋ᠨ ᠳᠠᠭᠤᠯᠠᠯᠭ᠎ᠠ 《ᠬᠡᠮᠡᠷᠯᠢᠭ ᠬᠠᠪᠳᠠᠭ᠎ᠠ·ᠠᠰᠠᠷ ᠲᠦ᠍ᠷ ᠭᠠᠷᠤᠭᠰᠠᠨ ᠨᠢ》᠂ ᠬᠤᠶᠠᠷ ᠴᠢᠪᠬᠠᠳᠠᠰᠤᠳᠤ ᠰᠢ 《ᠰᠠᠨ ᠯᠠ ᠹᠠᠩ》 ᠵᠡᠷᠭᠡ ᠬᠣᠪᠣᠷ ᠨᠠᠨᠳᠢᠨ ᠣᠷᠣᠨ ᠨᠤᠲᠤᠭ ᠤ᠋ᠨ ᠰᠢ ᠶ᠋ᠢᠨ ᠲᠤᠭᠯᠠᠯᠳᠠ ᠲᠠᠢ ᠪᠠᠢᠵᠤ᠂ ᠡᠯ᠎ᠡ ᠲᠥᠷᠥᠯ ᠤ᠋ᠨ ᠰᠢ ᠳᠠᠭᠤᠯᠠᠯᠭᠠᠶᠢᠨ ᠬᠦᠭ ᠠᠶᠠᠯᠭᠤ ᠨᠢ ᠡᠷᠡᠰ ᠣᠨᠳᠣᠣ᠂ ᠴᠣᠭ ᠵᠢᠪᠬᠤᠭ᠎ᠠ ᠲᠡᠭᠦᠯᠳᠡᠷ ᠪᠠᠢᠵᠤ᠂ ᠠᠬᠤᠢ ᠲᠠᠯᠠᠪᠠᠶ ᠶ᠋ᠢᠨ ᠦᠵᠡᠭᠴᠢᠳ ᠲᠦ᠍ ᠤᠮᠠᠷᠠᠲᠤ ᠶ᠋ᠢᠨ ᠰᠢ ᠳᠠᠭᠤᠤᠷᠢᠯᠢᠭ ᠤ᠋ᠨ ᠡᠯᠪᠡᠭ ᠪᠠᠶᠠᠯᠢᠭ ᠤᠯᠠᠨ ᠶᠠᠩᠵᠦᠳᠦ ᠰᠢᠨᠵᠢ ᠵᠢ ᠦᠵᠡᠬᠦᠯᠪᠡ᠃
ᠲᠣᠭᠯᠠᠯᠲᠠ ᠶ᠋ᠢᠨ ᠴᠢᠯᠦᠬᠡᠨ ᠳ᠋ᠦ᠂ ᠲᠣᠭᠯᠠᠭ᠍ᠴᠢᠳ ᠵᠤᠬᠢᠶᠠᠨ ᠪᠠᠢᠭᠤᠯᠤᠭᠰᠠᠨ ᠨᠢᠭᠡᠴᠢ ᠶ᠋ᠢᠨ ᠲᠤᠬᠢᠷᠠᠭᠤᠯᠤᠯᠳᠠ ᠪᠡᠷ ᠰᠣᠶᠣᠯ ᠤ᠋ᠨ ᠰᠤᠯᠢᠯᠴᠠᠭ᠎ᠠ ᠬᠢᠵᠡᠢ᠃ ᠳᠡᠳᠡ ᠤᠳᠤ ᠦᠶ᠎ᠡ ᠶ᠋ᠢᠨ ᠬᠥᠳᠡᠭᠡ ᠠᠵᠤ ᠠᠬᠤᠢ ᠶ᠋ᠢᠨ ᠰᠢᠨᠵᠢᠯᠡᠬᠦ ᠤᠬᠠᠭᠠᠨ ᠲᠸᠭ᠌ᠨᠢᠢᠠ᠋ ᠮᠡᠷᠭᠡᠵᠢᠯ ᠤ᠋ᠨ ᠬᠦᠴᠦᠨ ᠢ᠋ ᠣᠢᠷ᠎ᠠ ᠵᠠᠢ ᠡᠴᠡ ᠣᠢᠯᠠᠭᠠᠵᠤ᠂ ᠬᠥᠳᠡᠭᠡ ᠨᠤᠲᠤᠭ ᠤ᠋ᠨ ᠠᠵᠤ ᠦᠢᠯᠡᠰ ᠤ᠋ᠨ ᠥᠷᠨᠢᠭᠦᠨ ᠪᠠᠳᠠᠷᠠᠩᠭᠤᠢ ᠠᠮᠢᠵᠢᠷᠠᠯ ᠤ᠋ᠨ ᠬᠦᠴᠦᠨ ᠢ᠋ ᠣᠢᠯᠠᠭᠠᠨ᠂ ᠨᠤᠲᠤᠭ ᠤᠰᠤᠨ ᠤ᠋ ᠥᠩ ᠰᠢᠮᠡᠯᠢᠭ ᠬᠥᠷᠥᠰᠥ ᠰᠢᠷᠣᠢ ᠡᠴᠡ ᠪᠤᠢ ᠪᠣᠯᠤᠭᠰᠠᠨ ᠤᠳᠬ᠎ᠠ ᠤᠷᠠᠯᠢᠭ᠋ ᠤ᠋ᠨ ᠦᠨᠳᠦᠰᠦ ᠰᠤᠳᠠᠰᠤ ᠵᠢ ᠣᠢᠯᠠᠭᠠᠵᠦ᠂ ᠤᠷᠠᠯᠢᠭ᠋ ᠤ᠋ᠨ ᠵᠣᠬᠢᠶᠠᠨ ᠪᠦᠲᠦᠭᠡᠯᠭᠡ ᠳ᠋ᠦ ᠠᠪᠢᠶᠠᠰ ᠪᠢᠯᠢᠭ ᠤ᠋ᠨ ᠰᠢᠮ᠎ᠡ ᠲᠡᠵᠢᠭᠡᠯ ᠬᠦᠷᠲᠡᠪᠡ᠃ ᠲᠣᠰ ᠤᠳᠠᠭ᠎ᠠ ᠵᠢᠨ ᠲᠣᠭᠯᠠᠯᠲᠠ ᠨᠢ ᠰᠢ ᠳᠠᠭᠤᠤᠷᠢᠯᠢᠭ ᠤ᠋ᠨ ᠲᠥᠪᠯᠡᠷᠡᠩᠭᠦᠢ ᠦᠵᠡᠭᠦᠯᠭᠡ ᠪᠤᠯᠤᠭᠰᠠᠨ ᠵᠢᠡᠷ ᠪᠠᠷᠠᠬᠤ ᠦᠭᠡᠢ ᠨᠠᠩ ᠴᠤ᠌ ᠰᠤᠷᠤᠯᠴᠠᠯᠭ᠎ᠠ ᠶ᠋ᠢᠨ ᠡᠷᠬᠢᠮ ᠨᠠᠨᠳᠢᠨ ᠲᠣᠬᠢᠶᠠᠯ ᠪᠤᠯᠵᠤ᠂ ᠪᠦᠬᠦ ᠲᠣᠭᠯᠠᠭ᠍ᠴᠢᠳ ᠰᠣᠯᠢᠯᠴᠠᠭᠠᠨ ᠤ᠋ ᠠᠵᠠ ᠲᠣᠬᠢᠶᠠᠯ ᠢ᠋ᠶ᠋ᠡᠷ ᠠᠬ᠎ᠠ ᠳᠡᠭᠦᠦ ᠬᠦᠷᠢᠶᠡᠯᠡᠩ ᠪᠦᠯᠬᠦᠮ ᠤ᠋ᠨ ᠰᠢᠯᠢᠳᠡᠭ ᠵᠦᠴᠦᠭᠡ ᠵᠢ ᠨᠠᠷᠢᠨ ᠬᠢᠨᠠᠮᠠᠭᠠᠢ ᠦᠵᠡᠵᠦ᠂ ᠲᠣᠭᠯᠠᠯᠲᠠ ᠶ᠋ᠢᠨ ᠤᠷ᠎ᠠ ᠮᠡᠷᠭᠡᠵᠢᠯ ᠢ᠋ ᠬᠠᠷᠢᠯᠴᠠᠨ ᠰᠤᠷᠤᠯᠴᠠᠵᠤ᠂ ᠵᠦᠴᠦᠭᠡ ᠶ᠋ᠢᠨ ᠪᠦᠲᠦᠭᠡᠯᠴᠢ ᠰᠡᠳᠬᠢᠮᠵᠢ ᠵᠢ ᠰᠤᠳᠤᠯᠤᠨ ᠶᠠᠷᠢᠯᠴᠠᠵᠤ᠂ ᠤᠷᠠᠯᠢᠭ᠋ ᠤ᠋ᠨ ᠬᠠᠷᠠᠭ᠎ᠠ ᠪᠠᠨ ᠤᠯᠠᠮ ᠥᠷᠭᠡᠳᠬᠡᠵᠦ᠂ ᠵᠣᠬᠢᠶᠠᠨ ᠪᠦᠲᠦᠭᠡᠬᠦ ᠰᠢᠮ᠎ᠡ ᠲᠡᠵᠢᠭᠡᠯ ᠢ᠋ ᠰᠢᠩᠭᠡᠬᠡᠨ ᠠᠪᠤᠭᠰᠠᠨ ᠪᠠᠢᠨ᠎ᠠ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃