ᠲᠡᠷᠢᠭᠦᠨ ᠨᠢᠭᠤᠷ>ᠨᠠᠭᠠᠳᠤᠮ ᠴᠡᠩᠬᠡᠭᠦᠨ>ᠮᠡᠳᠡᠭᠡ

2026-10-21 11:57:09

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠰᠤᠷᠪᠤᠯᠵᠢᠯᠠᠭ᠍ᠴᠢ 19᠎ᠦ ᠡᠳᠦᠷ 2026 ᠣᠨ᠎ᠤ ᠳᠤᠮᠳᠠᠳᠤ ᠤᠯᠤᠰ᠎ᠤᠨ ᠠᠯᠲᠠᠨ ᠲᠠᠬᠢᠶ᠎ᠠ ᠥᠨᠢᠷ ᠴᠡᠴᠡᠭ ᠺᠢᠨᠣ᠋᠎ᠶᠢᠨ ᠨᠠᠢᠷ᠎ᠤᠨ ᠰᠣᠨᠢᠨ ᠮᠡᠳᠡᠭᠡ ᠨᠡᠢᠲᠡᠯᠡᠬᠦ ᠬᠤᠷᠠᠯ᠎ᠠᠴᠠ ᠣᠢᠯᠠᠭᠠᠭᠰᠠᠨ᠎ᠢᠶᠠᠷ᠂ ᠡᠨᠡ ᠵᠢᠯ᠎ᠦᠨ ᠺᠢᠨᠣ᠋᠎ᠶᠢᠨ ᠨᠠᠢᠷ 11 ᠰᠠᠷ᠎ᠠ᠎ᠶᠢᠨ 6᠎ᠡᠴᠡ 10᠎ᠤ ᠡᠳᠦᠷ ᠪᠣᠯᠲᠠᠯ᠎ᠠ ᠹᠦᠵᠢᠶᠠᠨ᠎ᠤ ᠰᠢᠶᠠᠮᠧᠨ᠎ᠳᠦ ᠶᠠᠪᠤᠭᠳᠠᠬᠤ ᠪᠣᠯᠣᠨ᠎ᠠ᠃ ᠬᠤᠷᠠᠯ ᠳᠡᠭᠡᠷ᠎ᠡ 39 ᠳ᠋ᠤᠭᠡᠷ ᠬᠤᠭᠤᠴᠠᠭᠠᠨ᠎ᠤ ᠳᠤᠮᠳᠠᠳᠤ ᠤᠯᠤᠰ᠎ᠤᠨ ᠺᠢᠨᠣ᠋᠎ᠶᠢᠨ ᠠᠯᠲᠠᠨ ᠲᠠᠬᠢᠶ᠎ᠠ ᠱᠠᠩᠨᠠᠯ᠎ᠤᠨ ᠰᠢᠯᠭᠠᠷᠠᠭᠤᠯᠬᠤ ᠺᠣᠮᠢᠰ᠎ᠤᠨ ᠨᠡᠷ᠎ᠡ ᠳᠤᠷᠠᠳᠤᠭᠳᠠᠭᠰᠠᠨ ᠨᠡᠷᠡᠰ᠎ᠢ ᠨᠡᠢᠲᠡᠯᠡᠵᠦ᠂ 《ᠸᠠᠨ ᠲᠦᠩ ᠱᠤ᠌》 《ᠨᠢᠰᠦᠭᠴᠢ》 《ᠨᠠᠨᠵᠢᠩ᠎ᠤᠨ ᠬᠡᠷᠡᠯ ᠵᠢᠷᠤᠭ᠎ᠤᠨ ᠣᠷᠳᠣᠨ》 《ᠡᠮᠧ᠎ᠳᠦ ᠪᠢᠴᠢᠭᠰᠡᠨ ᠢᠨᠠᠭ᠎ᠤᠨ ᠵᠠᠬᠢᠶ᠎ᠠ》 《ᠨᠢᠭᠤᠴᠠ ᠲᠠᠩᠰᠠ》 《ᠴᠢᠬᠢ ᠳᠦᠯᠡᠢᠷᠡᠮ᠎ᠠ》 《ᠬᠠᠮᠠᠭᠠᠯᠠᠭ᠍ᠴᠢ᠄ ᠴᠦᠯ᠎ᠤᠨ ᠰᠠᠯᠬᠢ ᠬᠦᠳᠡᠯᠦᠭᠰᠡᠨ ᠨᠢ》ᠵᠡᠷᠭᠡ ᠨᠢ ᠬᠠᠮᠤᠭ᠎ᠤᠨ ᠰᠢᠯᠢᠳᠡᠭ ᠥᠯᠢᠭᠡᠷᠲᠦ ᠺᠢᠨᠣ᠋᠎ᠳᠤ ᠨᠡᠷ᠎ᠡ ᠳᠤᠷᠠᠳᠤᠭᠳᠠᠪᠠ ᠃

ᠱᠧᠨ ᠤᠣ᠂ ᠰᠢᠷᠽᠠᠲ ᠶᠠᠾᠦ᠋ᠫ᠂ ᠦ᠋ ᠲᠢᠶᠠᠨ ᠭᠧ᠂ ᠵᠧᠩ ᠳᠡ ᠱᠧᠩ᠂ ᠯᠠᠨ ᠬᠣᠩ ᠴᠦᠨ ᠨᠠᠷ ᠬᠠᠮᠤᠭ᠎ᠤᠨ ᠰᠢᠯᠢᠳᠡᠭ ᠤᠳᠤᠷᠢᠳᠤᠭᠠᠴᠢ᠎ᠪᠠᠷ ᠨᠡᠷ᠎ᠡ ᠳᠤᠷᠠᠳᠤᠭᠳᠠᠪᠠ᠃ 《ᠴᠢᠬᠢ ᠳᠦᠯᠡᠢᠷᠡᠮ᠎ᠠ》《ᠨᠢᠭᠤᠴᠠ ᠳᠠᠩᠰᠠ》 《10 ᠳ᠋ᠤᠭᠠᠷ ᠲᠠᠰᠤᠯᠭᠠᠨ᠎ᠤ ᠠᠮᠢ ᠴᠦᠯᠡᠭᠴᠢᠳ》 《ᠣᠳᠣᠨ ᠮᠡᠴᠢᠳ ᠭᠢᠯᠠᠯᠵᠠᠬᠤ ᠴᠠᠭ ᠵᠢᠡᠷ》 《ᠡᠮᠧ᠎ᠳᠦ ᠪᠢᠴᠢᠭᠰᠡᠨ ᠢᠨᠠᠭ᠎ᠤᠨ ᠵᠠᠬᠢᠶ᠎ᠠ》 ᠲᠠᠪᠤᠨ ᠺᠢᠨᠣ᠋᠎ᠶᠢᠨ ᠵᠦᠴᠦᠭᠡ ᠵᠢᠨ ᠨᠠᠢᠷᠠᠭᠤᠯᠤᠭᠴᠢᠳ ᠬᠠᠮᠤᠭ᠎ᠤᠨ ᠰᠢᠯᠢᠳᠡᠭ ᠵᠦᠴᠦᠭᠡ᠎ᠶᠢᠨ ᠨᠠᠢᠷᠠᠭᠤᠯᠤᠭ᠍ᠴᠢ ᠪᠡᠷ ᠨᠡᠷ᠎ᠡ ᠳᠤᠷᠠᠳᠤᠭᠳᠠᠪᠠ᠃

ᠲᠣᠭᠯᠠᠭ᠍ᠴᠢᠳ᠎ᠤᠨ ᠱᠠᠩᠨᠠᠯ᠎ᠤᠨ ᠲᠠᠯ᠎ᠠ᠎ᠪᠠᠷ᠂ ᠦ᠋ ᠯᠧᠢ᠂ ᠯᠢᠶᠠᠩ ᠵᠢᠶᠠ ᠾᠦᠢ᠂ ᠵᠢᠶᠠᠩ ᠯᠦᠩ᠂ ᠵᠢᠶᠠᠩ ᠴᠢ ᠮᠢᠩ᠂ ᠲᠠᠨ ᠵᠢᠶᠠᠨ ᠼᠢ ᠨᠠᠷ ᠬᠠᠮᠤᠭ᠎ᠤᠨ ᠰᠢᠯᠢᠳᠡᠭ ᠡᠷᠡᠭᠲᠡᠢ ᠭᠣᠣᠯ ᠳᠦᠷᠢ᠎ᠳᠤ᠂ ᠯᠢ ᠰᠧ ᠲᠦᠩ᠂ ᠰᠦᠩ ᠵᠢᠶᠠ᠂ ᠵᠠᠩ ᠽᠢ ᠹᠧᠩ᠂ ᠴᠧᠨ ᠯᠢ ᠵᠢᠶᠦ᠋ᠨ᠂ ᠭᠤᠤ ᠶᠧ᠎ᠨᠡᠷ ᠬᠠᠮᠤᠭ᠎ᠤᠨ ᠰᠢᠯᠢᠳᠡᠭ ᠡᠮᠡᠭᠲᠡᠢ ᠭᠣᠣᠯ ᠳᠦᠷᠢ᠎ᠳᠤ ᠲᠤᠰ ᠲᠤᠰ ᠨᠡᠷ᠎ᠡ ᠳᠤᠷᠠᠳᠤᠭᠳᠠᠵᠠᠢ᠃

ᠲᠣᠰ ᠬᠤᠭᠤᠴᠠᠭᠠᠨ᠎ᠤ ᠠᠯᠲᠠᠨ ᠲᠠᠬᠢᠶ᠎ᠠ ᠱᠠᠩᠨᠠᠯ᠎ᠳᠤ ᠨᠡᠶ᠋ᠢᠲᠡ 20 ᠲᠦᠷᠦᠯ᠎ᠤᠨ ᠱᠠᠩᠨᠠᠯ ᠲᠤᠬᠢᠷᠠᠭᠤᠯᠵᠠᠢ᠂ ᠡᠭᠦᠨ᠎ᠳᠦ ᠬᠠᠮᠤᠭ᠎ᠤᠨ ᠰᠢᠯᠢᠳᠡᠭ ᠦᠯᠢᠭᠡᠷᠲᠦ ᠺᠢᠨᠣ᠋᠂ ᠬᠠᠮᠤᠭ᠎ᠤᠨ ᠰᠢᠯᠢᠳᠡᠭ ᠳᠤᠮᠳᠠ ᠪᠠᠭ᠎ᠠ ᠥᠪᠡᠷ᠎ᠦᠨ ᠥᠷᠲᠡᠭᠲᠦ ᠦᠯᠢᠭᠡᠷᠲᠦ ᠺᠢᠨᠣ᠋ ᠂ ᠬᠠᠮᠤᠭ᠎ᠤᠨ ᠰᠢᠯᠢᠳᠡᠭ ᠭᠠᠳᠠᠭᠠᠳᠤ ᠬᠡᠯᠡᠨ᠎ᠦ ᠺᠢᠨᠣ᠋ ᠵᠡᠷᠭᠡ ᠺᠢᠨᠣ᠋᠎ᠶᠢᠨ ᠱᠠᠩᠨᠠᠯ᠂ ᠬᠠᠮᠤᠭ᠎ᠤᠨ ᠰᠢᠯᠢᠳᠡᠭ ᠵᠦᠴᠦᠭᠡ ᠵᠢᠨ ᠨᠠᠢᠷᠠᠭᠤᠯᠤᠭ᠍ᠴᠢ᠂ ᠬᠠᠮᠤᠭ᠎ᠤᠨ ᠰᠢᠯᠢᠳᠡᠭ ᠤᠳᠤᠷᠢᠳᠤᠭᠠᠴᠢ ᠵᠡᠷᠭᠡ ᠲᠠᠩ ᠲᠦᠷᠦᠯ᠎ᠤᠨ ᠱᠠᠩᠨᠠᠯ ᠵᠢᠴᠢ ᠰᠢᠯᠭᠠᠷᠠᠭᠤᠯᠬᠤ ᠺᠣᠮᠢᠰ᠎ᠤᠨ ᠣᠨᠴᠠ ᠱᠠᠩᠨᠠᠯ ᠪᠠᠭᠲᠠᠨ᠎ᠠ᠃ ᠡᠯ᠎ᠡ ᠱᠠᠩᠨᠠᠯ᠎ᠤᠨ ᠲᠥᠷᠥᠯ᠎ᠤᠨ ᠡᠴᠦᠰ᠎ᠤᠨ ᠳ᠋ᠦᠩ ᠱᠠᠩᠨᠠᠯ ᠣᠯᠭᠣᠬᠤ ᠶᠣᠰᠣᠯᠠᠯ᠎ᠤᠨ ᠲᠤᠬᠠᠢ᠎ᠶᠢᠨ ᠲᠠᠯᠠᠪᠠᠢ᠎ᠳᠤ ᠢᠯᠡ ᠪᠤᠯᠬᠤ ᠪᠤᠯᠤᠨ᠎ᠠ᠃

ᠢᠷᠡᠯᠲᠡ ᠄  ᠰᠢᠨᠬᠤᠸᠠ ᠬᠤᠷᠢᠶ᠎ᠠ ᠵᠢᠨ ᠵᠢᠷᠭᠢᠶ᠎ᠡ ᠵᠢᠨ ᠲᠠᠪᠴᠠᠩ

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠣᠷᠬᠢᠯ

ᠣᠷᠴᠢᠭᠤᠯᠤᠭ᠍ᠴᠢ᠄

ᠢᠷᠡᠯᠲᠡ᠄ ᠲᠤᠮᠳᠠᠳᠦ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ ᠎ᠤ ᠰᠦᠯᠵᠢᠶ᠎ᠡ
兼容浏览器的HTML页面