ᠲᠡᠷᠢᠭᠦᠨ ᠨᠢᠭᠤᠷ>ᠨᠠᠮ᠎ᠤᠨ ᠪᠠᠢᠭᠤᠯᠤᠯᠲᠠ>ᠮᠡᠳᠡᠭᠡᠯᠡᠯ

2022-01-10 11:43:00

ᠵᠣᠬᠢᠶᠠᠭ᠍ᠴᠢ᠄ ᠬᠠᠨ ᠯᠢᠩ ᠯᠢᠩ ᠣᠩᠱᠢᠭ᠍ᠰᠠᠨ ᠣᠳᠠᠭ᠎ᠠ᠄ 3

ᠬᠡᠪᠯᠡᠯ ᠡᠬᠢᠯᠡᠬᠦ᠌ ᠦᠭᠡ

ᠨᠠᠮ᠎ᠤᠨ ᠪᠠᠢᠭᠤᠯᠤᠯᠲᠠ ᠪᠣᠯ ᠨᠢᠭᠡᠨ ᠬᠤᠪᠢ ᠬᠠᠷᠢᠭᠤᠴᠠᠯᠭ᠎ᠠ᠂ ᠨᠢᠭᠡᠨ\nᠬᠤᠪᠢ ᠡᠭᠦᠷᠭᠡ᠂ ᠨᠢᠭᠡᠨ ᠬᠤᠪᠢ ᠬᠦᠨᠳᠦ ᠨᠠᠢᠳᠠᠯᠭ᠎ᠠ᠂ ᠨᠢᠭᠡᠨ ᠬᠤᠪᠢ ᠢᠷᠠᠭᠤ ᠠᠯᠳᠠᠷ ᠮᠥᠨ᠃

ᠨᠠᠮ᠎ᠤᠨ ᠪᠠᠢᠭᠤᠯᠤᠯᠲᠠ ᠴᠢᠬᠤᠯᠠ ᠶᠡᠬᠡ ᠪᠥᠭᠡᠳ ᠪᠦᠬᠦ᠌ ᠲᠠᠯ᠎ᠠ᠎ᠲᠠᠶ\nᠬᠣᠯᠪᠣᠭ᠍ᠳᠠᠵᠤ ᠪᠠᠢᠳᠠᠭ᠃ ᠨᠠᠮ ᠪᠠ ᠠᠷᠠᠳ ᠲᠦᠮᠡᠨ᠎ᠦ ᠦᠢᠯᠡᠰ ᠬᠥᠭ᠌ᠵᠢᠭᠡᠳ ᠶᠠᠮᠠᠷ ᠱᠠᠲᠤᠨ᠎ᠳᠤ ᠬᠦᠷᠪᠡᠯ᠂ ᠨᠠᠮ᠎ᠤᠨ\nᠪᠠᠢᠭᠤᠯᠤᠯᠲᠠ᠎ᠶ᠋ᠢ ᠲᠡᠷᠡ ᠱᠠᠲᠤᠨ᠎ᠳᠤ ᠬᠦᠷᠲᠡᠯ᠎ᠡ ᠠᠬᠢᠭᠤᠯᠬᠤ ᠬᠡᠷᠡᠭ᠌ᠲᠡᠢ᠃ ᠡᠨᠡ ᠪᠣᠯ ᠨᠠᠮ᠎ᠤᠨ ᠪᠠᠢᠭᠤᠯᠤᠯᠲᠠ᠎ᠶ᠋ᠢ\nᠴᠢᠩᠭᠠᠳᠭᠠᠬᠤ᠎ᠳᠤ ᠡᠷᠬᠡᠪᠰᠢ ᠡᠵᠡᠮᠱᠢᠬᠦ᠌ ᠬᠡᠷᠡᠭ᠌ᠲᠡᠢ ᠦᠨᠳᠦᠰᠦᠨ ᠵᠢᠮ᠎ᠡ ᠶᠣᠰᠣ ᠮᠥᠨ᠃

ᠶᠡᠷᠦᠩᠬᠡᠢ ᠱᠦᠵᠢ ᠰᠢ ᠵᠢᠨ ᠫᠢᠩ ᠳᠤᠮᠳᠠᠳᠤ ᠤᠯᠤᠰ᠎ᠤᠨ ᠡᠪ ᠬᠠᠮᠳᠤ\nᠨᠠᠮ ᠪᠠᠢᠭᠤᠯᠤᠭ᠍ᠳᠠᠭ᠍ᠰᠠᠨ 100 ᠵᠢᠯ᠎ᠦᠨ ᠤᠢ ᠵᠢ ᠪᠡᠯᠭᠡᠯᠡᠬᠦ ᠶᠡᠬᠡ ᠬᠤᠷᠠᠯ ᠲᠡᠭᠡᠷ᠎ᠡ 《ᠲᠡᠦᠬᠡ᠎ᠪᠡᠷ ᠲᠤᠯᠢ ᠪᠣᠯᠭᠠᠵᠤ᠂ ᠢᠷᠡᠭᠡᠳᠦᠢ᠎ᠪᠡᠨ ᠨᠡᠭᠡᠭᠡᠬᠦ᠌᠎ᠳᠦ ᠡᠷᠬᠡᠪᠰᠢ ᠨᠠᠮ᠎ᠤᠨ ᠪᠠᠢᠭᠤᠯᠤᠯᠲᠠ᠎ᠶ᠋ᠢᠨ\nᠱᠢᠨ᠎ᠡ ᠠᠭᠤᠤ ᠶᠡᠬᠡ ᠢᠨᠵᠧᠨᠧᠷᠢᠩ᠎ᠢ ᠲᠠᠰᠤᠷᠠᠯᠳᠠ ᠦᠭᠡᠢ ᠠᠬᠢᠭᠤᠯᠬᠤ ᠬᠡᠷᠡᠭ᠌ᠲᠡᠢ》 ᠭᠡᠵᠦ ᠶᠠᠷᠢᠬᠰᠠᠨ ᠪᠠᠢᠨ᠎ᠠ᠃ ᠨᠠᠮ ᠤ᠋ᠨ ᠵᠠᠭᠤᠨ ᠵᠢᠯ ᠤ᠋ᠨ ᠬᠡᠷᠡᠯ ᠰᠠᠴᠤᠷᠠᠩᠭᠤᠢ ᠲᠡᠦᠬᠡ ᠢ᠋ᠢᠨ\nᠰᠢᠨ᠎ᠡ ᠭᠠᠷᠤᠭ᠎ᠠ ᠳ᠋ᠤ ᠵᠤᠬᠰᠤᠵᠦ᠂ ᠨᠡᠢᠭᠡᠮ ᠵᠢᠷᠦᠮᠲᠦ ᠤᠳᠤᠬᠢᠴᠢᠯᠠᠬᠰᠠᠨ ᠤᠯᠤᠰ ᠢ᠋ ᠪᠦᠬᠦ ᠲᠠᠯ᠎ᠠ ᠪᠡᠷ ᠪᠦᠲᠦᠭᠡᠨ\nᠪᠠᠢᠭᠤᠯᠬᠤ ᠰᠢᠨ᠎ᠡ ᠠᠶᠠᠨ ᠳ᠋ᠤ ᠮᠤᠷᠲᠠᠬᠤ ᠳ᠋ᠠᠭᠠᠨ᠂ ᠶᠡᠷᠦᠩᠬᠡᠢ ᠱᠦᠵᠢ ᠢ᠋ᠢᠨ ᠵᠢᠭᠠᠪᠤᠷᠢ ᠪᠡᠷ ᠪᠢᠲᠡ ᠢᠲᠡᠭᠡᠯ ᠵᠤᠷᠢᠭ ᠲᠡᠭᠦᠯᠲᠡᠷ᠂ ᠡᠷᠴᠢ ᠵᠤᠷᠢᠭ ᠪᠠᠲᠠᠷᠠᠩᠭᠤᠢ\nᠤᠷᠤᠬᠰᠢᠯᠠᠨ᠎ᠠ᠃

ᠰᠢᠨ᠎ᠡ ᠤᠨ ᠳ᠋ᠠᠭᠠᠨ ᠰᠢᠨ᠎ᠡ ᠲᠦᠷᠢ ᠲᠦᠷᠬᠦ ᠪᠡᠷ ᠤᠩᠰᠢᠬᠴᠢᠳ ᠲᠠᠨ\nᠤ᠋ ᠠᠯᠠᠭᠠᠨ ᠳ᠋ᠤ ᠲᠡᠯᠭᠡᠭᠡᠲᠡᠵᠦ ᠪᠠᠢᠭ᠎ᠠ 《ᠨᠠᠮ ᠤ᠋ᠨ ᠪᠠᠢᠭᠤᠯᠤᠯᠲᠠ》 ᠲᠤᠰᠬᠠᠢ ᠬᠡᠪᠯᠡᠯ ᠮᠠᠨᠢ᠂ ᠬᠤᠰᠢᠭᠤᠴᠢ ᠵᠢᠱ᠌ᠢᠶᠡᠴᠢ᠂ ᠬᠤᠷᠴᠠ ᠦᠵᠦᠭ᠂ ᠨᠠᠮ ᠤ᠋ᠨ ᠲᠡᠦᠬᠡ᠂ ᠲᠠᠢᠴᠢᠨ\nᠪᠡᠬᠢᠯᠡᠯᠲᠡ᠂ ᠰᠤᠷᠤᠯᠴᠠᠯᠭ᠎ᠠ ᠬᠦᠮᠦᠵᠢᠯ᠂ ᠦᠢᠯᠡᠲᠦᠯᠭᠡ᠂ ᠠᠵᠢᠬᠯᠠᠯᠲᠠ ᠵᠡᠷᠭᠡ ᠪᠤᠯᠤᠩ ᠨᠤᠭᠤᠳ ᠢ᠋ ᠲᠤᠬᠢᠷᠠᠭᠤᠯᠤᠨ᠂\nᠨᠠᠮ ᠤ᠋ᠨ ᠬᠡᠰᠢᠭᠦᠨ ᠺᠠᠳ᠋ᠷᠴᠤᠳ ᠵᠢᠴᠢ ᠨᠠᠮ ᠤ᠋ᠨ ᠵᠤᠬᠢᠶᠠᠨ ᠪᠠᠢᠭᠤᠯᠤᠯᠲᠠ ᠢ᠋ᠢᠨ ᠬᠤᠰᠢᠭᠤᠴᠢ ᠵᠢᠱ᠌ᠢᠶᠡᠴᠢ\nᠦᠢᠯᠡ ᠠᠵᠢᠯᠯᠠᠭ᠎ᠠ ᠵᠢ ᠲᠠᠨᠢᠯᠴᠠᠭᠤᠯᠤᠨ᠂ ᠨᠠᠮ ᠤ᠋ᠨ ᠬᠡᠰᠢᠭᠦᠨ ᠤ᠋ ᠡᠭᠦᠷᠭᠡ ᠬᠠᠷᠢᠭᠤᠴᠠᠯᠭ᠎ᠠ ᠪᠠᠨ ᠬᠦᠢᠴᠡᠳᠭᠡᠭᠰᠡᠨ\nᠦᠯᠢᠭᠡᠷ᠂ ᠨᠠᠮ ᠤ᠋ᠨ ᠪᠠᠢᠭᠤᠯᠤᠯᠲᠠ ᠢ᠋ᠢᠨ ᠠᠵᠢᠯ ᠲᠤᠮᠲᠠᠬᠢ ᠰᠢᠨ᠎ᠡ ᠠᠷᠭ᠎ᠠ ᠠᠪᠴᠠᠯ᠂ ᠨᠠᠨᠳᠢᠨ ᠲᠤᠷᠰᠢᠯᠭ᠎ᠠ\nᠵᠢ ᠲᠠ ᠤᠯᠠᠨ ᠲᠠᠢ ᠪᠠᠨ ᠬᠤᠪᠢᠶᠠᠯᠴᠠᠬᠤ ᠪᠤᠯᠤᠨ᠎ᠠ᠃ ᠡᠭᠦᠨ ᠤ᠋ ᠬᠠᠮᠲᠦ᠂ ᠲᠠ ᠪᠢᠲᠠᠨ ᠤ᠋ ᠡᠵᠡᠮᠰᠢᠬᠦ ᠴᠢᠬᠤᠯᠠ\nᠲᠠᠢ ᠨᠠᠮ ᠤ᠋ᠨ ᠮᠡᠲᠡᠯᠭᠡ ᠨᠤᠬᠦᠳ ᠢ᠋ ᠵᠤᠷᠪᠤᠰᠯᠠᠨ ᠨᠡᠢᠲᠡᠯᠡᠵᠦ᠂ ᠰᠤᠷᠤᠯᠴᠠᠯᠭ᠎ᠠ ᠳ᠋ᠤ ᠲᠠᠨᠢ ᠲᠤᠰᠠᠯᠠᠮᠵᠢ\nᠪᠤᠯᠭᠠᠬᠤ ᠵᠢ ᠵᠤᠷᠢᠯ᠎ᠠ᠃ ᠲᠠᠭᠠᠯᠠᠨ ᠤᠩᠰᠢᠮᠤ!


ᠬᠠᠢᠷ᠎ᠠ ᠪᠠ ᠬᠠᠷᠢᠭᠤᠴᠠᠯᠭ᠎ᠠ ᠪᠡᠷ ᠲᠦᠪ ᠭᠤᠤᠯᠴᠢ ᠰᠢᠲᠤᠷᠭᠤ ᠶᠤᠰᠤ ᠵᠢ ᠬᠠᠮᠠᠭᠠᠯᠠᠨ᠎ᠠ

— 《ᠤᠮᠠᠷᠠᠲᠦ ᠬᠢᠯᠢ ᠢ᠋ᠢᠨ ᠵᠢᠱ᠌ᠢᠶᠡᠴᠢ》 ᠸᠠᠩ ᠠᠢ ᠯᠢᠨ\nᠤ᠋ ᠦᠢᠯᠡ ᠠᠵᠢᠯᠯᠠᠭ᠎ᠠ ᠵᠢ ᠲᠡᠮᠲᠡᠭᠯᠡᠪᠡ

《ᠲᠠ ᠨᠤᠭᠤᠷᠠᠯ ᠪᠦᠲᠦᠷᠢᠯ ᠳ᠋ᠤ ᠤᠴᠠᠷᠠᠬᠰᠠᠨ ᠪᠠᠭᠠᠴᠤᠳ᠎ᠢ ᠲᠦᠰᠢᠨ ᠪᠤᠰᠬᠠᠵᠦ᠂ ᠲᠠ ᠦᠷᠦᠪᠴᠢᠨ\nᠬᠠᠢᠷ᠎ᠠ ᠪᠡᠷ ᠵᠢᠡᠨ ᠲᠡᠲᠡᠭᠡᠷ ᠬᠡᠦᠬᠡᠳ ᠤ᠋ᠨ ᠰᠡᠳᠭᠢᠯ ᠰᠠᠨᠠᠭᠠᠨ ᠤ᠋ ᠲᠦᠭᠡᠷᠢᠭᠲᠡᠯ ᠢ᠋ ᠨᠢ ᠠᠷᠢᠯᠭᠠᠨ᠎ᠠ\n᠁ ᠲᠠ ᠠᠷᠠᠳ᠎ᠤᠨ ᠲᠥᠯᠥᠭᠡ ᠬᠠᠤᠯᠢ ᠪᠠᠷᠢᠬᠤ ᠵᠢ ᠢᠮᠠᠬᠲᠠ ᠰᠡᠳᠬᠢᠯ ᠵᠢᠷᠦᠭᠡᠨ ᠳ᠋ᠡᠭᠡᠨ ᠬᠠᠲᠠᠩᠰᠢᠭᠤᠯᠵᠦ᠂ ᠪᠦᠬᠦ\nᠰᠡᠳᠬᠢᠯ ᠪᠦᠬᠦ ᠵᠤᠷᠢᠭ ᠢ᠋ᠢᠡᠷ ᠢ᠋ᠢᠡᠨ ᠠᠵᠢᠯ ᠦᠢᠯᠡᠰ ᠳᠡᠭᠡᠨ ᠲᠡᠮᠡᠦᠯᠠᠵᠦ᠂ ᠲᠠᠨ ᠤ᠋ ᠠᠵᠢᠯ ᠠᠮᠢᠳᠤᠷᠠᠯ ᠤ᠋ᠨ\nᠲᠡᠩᠨᠡᠭᠦᠷ ᠲᠡᠭᠡᠷ᠎ᠡ ᠵᠦᠪᠬᠡᠨ ᠭᠣᠶᠠᠴᠢ ᠦᠭᠡᠢ ᠢ᠋ᠢᠨ ᠲᠤᠤᠬᠠᠢ ᠪᠠᠢᠳᠠᠭ》ᠭᠡᠵᠦ ᠲᠦᠷᠦᠭᠦᠭᠡᠨ ᠶᠠᠪᠤᠬᠲᠠᠬᠰᠠᠨ《ᠤᠮᠠᠷᠠᠲᠦ ᠬᠢᠯᠢ\nᠢ᠋ᠢᠨ ᠵᠢᠱ᠌ᠢᠶᠡᠴᠢ》 ᠢ᠋ᠢᠨ ᠦᠢᠯᠡ\nᠠᠵᠢᠯᠯᠠᠭ᠎ᠠ ᠵᠢ ᠨᠡᠢᠲᠡᠯᠡᠬᠦ ᠬᠤᠷᠠᠯ ᠲᠡᠭᠡᠷ᠎ᠡ᠂ ᠲᠦᠩᠯᠢᠶᠣᠤ ᠬᠣᠲᠠ᠎ᠶ᠋ᠢᠨ ᠬᠣᠷᠴᠢᠨ ᠲᠣᠭᠣᠷᠢᠭ᠎ᠤᠨ ᠠᠷᠠᠳ᠎ᠤᠨ\nᠱᠢᠭᠦᠬᠦ᠌ ᠬᠣᠷᠢᠶᠠᠨ᠎ᠤ ᠳᠡᠳ᠋ ᠳᠠᠷᠤᠭ᠎ᠠ ᠸᠠᠩ ᠠᠢ ᠯᠢᠨ ᠤ᠋ ᠲᠤᠬᠠᠢ ᠬᠦᠨᠳᠦᠳᠬᠡᠯ ᠲᠡᠪᠰᠢᠭᠦᠯᠬᠦ ᠦᠭᠡ ᠳ᠋ᠤ\nᠢᠩᠬᠢᠵᠦ ᠶᠠᠷᠢᠬᠰᠠᠨ ᠪᠠᠢᠯ᠎ᠠ᠃

ᠠᠵᠢᠯ ᠳ᠋ᠤ ᠭᠠᠷᠤᠬᠰᠠᠨ 17 ᠵᠢᠯ ᠤ᠋ᠨ ᠲᠤᠷᠰᠢ᠂ ᠸᠠᠩ ᠠᠢ ᠯᠢᠨ ᠠᠵᠢᠯ᠎ᠤᠨ\nᠪᠠᠢᠷᠢ᠎ᠪᠠᠨ ᠬᠠᠢᠷᠠᠯᠠᠨ ᠠᠵᠢᠯ ᠦᠢᠯᠡᠰ᠎ᠢᠶᠡᠨ ᠳᠡᠭᠡᠳᠦᠯᠡᠵᠦ᠍᠂ ᠨᠢᠭᠡᠨ ᠡᠪ ᠬᠠᠮᠲᠦ ᠨᠠᠮ ᠤ᠋ᠨ ᠬᠡᠰᠢᠭᠦᠨ ᠤ᠋\nᠤᠬ ᠰᠠᠨᠠᠭ᠎ᠠ ᠡᠭᠦᠷᠭᠡ ᠬᠠᠷᠢᠭᠤᠴᠠᠯᠭ᠎ᠠ ᠪᠠᠨ ᠬᠦᠢᠴᠡᠳᠬᠡᠵᠦ᠂ ᠡᠪ ᠬᠠᠮᠲᠤ ᠨᠠᠮ᠎ᠤᠨ ᠭᠡᠱᠢᠭᠦᠨ᠎ᠦ ᠰᠠᠢᠨ ᠰᠠᠢᠬᠠᠨ\nᠳᠦᠷᠢ ᠲᠥᠷᠬᠦ᠌ ᠪᠠ ᠡᠷᠬᠢᠮ ᠳᠡᠭᠡᠳᠦ ᠵᠣᠷᠢᠭ ᠰᠠᠨᠠᠭ᠎ᠠ᠎ᠶ᠋ᠢ ᠢᠯᠡᠷᠡᠭᠦᠯᠤᠨ᠂ ᠲᠥᠪ ᠭᠣᠣᠯᠴᠢ᠎ᠪᠠᠷ ᠬᠠᠤᠯᠢ ᠪᠠᠷᠢᠬᠤ\nᠶᠠᠪᠤᠴᠠ ᠳ᠋ᠠᠭᠠᠨ ᠠᠷᠠᠳ᠎ᠤᠨ ᠲᠥᠯᠥᠭᠡ ᠬᠠᠤᠯᠢ ᠪᠠᠷᠢᠬᠤ ᠵᠣᠷᠢᠯᠲᠠ᠎ᠶ᠋ᠢ ᠦᠢᠯᠡᠳᠦᠯᠭᠡᠵᠢᠭᠦᠯᠵᠦ᠍ ᠢᠷᠡᠭᠰᠡᠨ\nᠶᠤᠮ᠃

2004 ᠤᠨ ᠳ᠋ᠤ᠂ ᠸᠠᠩ ᠠᠢ ᠯᠢᠨ ᠨᠢᠭᠡᠲᠦᠭᠡᠷ ᠨᠡᠷᠡᠰ ᠤ᠋ᠨ ᠬᠢᠷᠢ ᠪᠦᠲᠦᠮᠵᠢ᠎ᠪᠠᠷ\nᠲᠦᠩᠯᠢᠶᠣᠤ ᠬᠣᠲᠠ᠎ᠶ᠋ᠢᠨ ᠬᠣᠷᠴᠢᠨ ᠲᠣᠭᠣᠷᠢᠭ᠎ᠤᠨ ᠠᠷᠠᠳ᠎ᠤᠨ ᠱᠢᠭᠦᠬᠦ᠌ ᠬᠣᠷᠢᠶᠠᠨ᠎ᠳᠤ ᠱᠢᠯᠭᠠᠨ ᠣᠷᠣᠵᠤ᠂ ᠵᠠᠬᠢᠲᠠᠯ\nᠰᠤᠷᠪᠤᠯᠵᠢᠯᠠᠯ ᠤ᠋ᠨ ᠠᠯᠪᠠᠨ ᠬᠡᠷ ᠲᠸ᠋ ᠠᠵᠢᠯᠯᠠᠪᠠ᠃ ᠲᠡᠷᠡ 《ᠹᠸᠩ ᠴᠢᠶᠤᠤ\nᠢ᠋ᠢᠨ ᠲᠤᠷᠰᠢᠯᠭ᠎ᠠ》 ᠪᠡᠷ ᠵᠠᠬᠢᠲᠠᠯ\nᠰᠤᠷᠪᠤᠯᠵᠢᠯᠠᠯ ᠲᠤᠬᠲᠠᠭᠤᠨ ᠢ᠋ ᠪᠠᠲᠤᠯᠠᠬᠤ ᠠᠵᠢᠯ ᠢ᠋ ᠪᠦᠬᠦ ᠰᠡᠳᠬᠢᠯ ᠢ᠋ᠢᠡᠷ ᠢ᠋ᠢᠡᠨ ᠰᠠᠢᠲᠦᠷ ᠬᠢᠵᠦ᠂ ᠵᠤᠬᠢᠶᠠᠨ\nᠪᠠᠢᠭᠤᠯᠤᠯᠲᠠ ᠢ᠋ᠢᠨ ᠢᠲᠡᠭᠡᠯ ᠪᠤᠯᠤᠨ ᠤᠯᠠᠨ ᠲᠦᠮᠡᠨ ᠤ᠋ ᠰᠠᠢᠰᠢᠶᠠᠯ᠎ᠢ ᠤᠯᠵᠦ᠂ ᠲᠤᠬᠠᠢ ᠢ᠋ᠢᠨ ᠵᠢᠯ ᠎ᠳᠡᠭᠡᠨ\nᠲᠤᠮᠲᠠᠲᠤ ᠤᠯᠤᠰ ᠤ᠋ᠨ ᠡᠪ ᠬᠠᠮᠲᠦ ᠨᠠᠮ ᠳ᠋ᠤ ᠡᠯᠰᠡᠭᠲᠡᠭᠰᠡᠨ ᠪᠠᠢᠨ᠎ᠠ᠃

ᠨᠠᠮ ᠤ᠋ᠨ ᠬᠡᠰᠢᠭᠦᠨ ᠪᠤᠯᠤᠬᠰᠠᠨ ᠸᠠᠩ ᠠᠢ ᠯᠢᠨ ᠦᠪᠡᠷ ᠤ᠋ᠨ ᠤᠬ ᠰᠠᠨᠠᠭ᠎ᠠ\nᠪᠤᠯᠤᠨ ᠡᠭᠦᠷᠭᠡ ᠬᠠᠷᠢᠭᠤᠴᠠᠯᠭ᠎ᠠ ᠪᠠᠨ ᠪᠠᠲᠦ ᠴᠡᠭᠡᠵᠢᠯᠡᠵᠦ᠂ ᠬᠤᠢᠰᠢᠲᠠ ᠢ᠋ᠢᠨ ᠰᠢᠭᠦᠨ ᠲᠠᠰᠤᠯᠬᠤ ᠠᠵᠢᠯ ᠎ᠳᠠᠭᠠᠨ᠂\nᠨᠡᠩ ᠢᠯᠡᠭᠦᠦ ᠨᠢᠬᠲᠠ ᠡᠴᠡ ᠨᠢᠬᠲᠠ ᠤᠪᠤᠷ ᠢ᠋ᠢᠡᠷ ᠦᠪᠡᠷ᠎ᠢ ᠪᠠᠨ ᠴᠢᠩᠭ᠎ᠠ ᠱᠠᠭᠠᠷᠲᠠᠵᠦ᠂ ᠡᠭᠦᠷᠭᠡ ᠲᠤᠰᠢᠶᠠᠯ᠎ᠢ᠋ᠢᠡᠨ\nᠬᠢᠴᠢᠶᠡᠩᠬᠦᠢᠯᠡᠨ ᠬᠦᠢᠴᠡᠳᠬᠡᠪᠡ᠃

2014 ᠣᠨ᠎ᠳᠤ ᠸᠠᠩ ᠠᠶ ᠯᠢᠨ ᠰᠢᠭᠦᠨ ᠲᠠᠰᠤᠯᠤᠯᠲᠠ ᠳ᠋ᠤ ᠬᠢᠨᠠᠯᠲᠠ\nᠲᠠᠯᠪᠢᠬᠤ ᠲᠢᠩᠬᠢᠮ ᠡᠴᠡ ᠪᠠᠭᠠᠴᠤᠳ᠎ᠤᠨ ᠱᠢᠭᠦᠨ ᠲᠠᠰᠤᠯᠬᠤ ᠲᠢᠩᠬᠢᠮ᠎ᠳᠦ ᠠᠵᠢᠯ ᠤ᠋ᠨ ᠪᠠᠢᠷᠢ ᠱᠢᠯᠵᠢᠪᠡ᠃ ᠨᠠᠰᠤᠨ᠎ᠳᠤ\nᠥᠯᠥ᠍ ᠬᠦᠷᠦᠭ᠌ᠰᠡᠳ᠎ᠦᠨ ᠱᠢᠭᠦᠨ ᠲᠠᠰᠤᠯᠤᠯᠲᠠ᠎ᠶ᠋ᠢᠨ ᠠᠵᠢᠯ ᠨᠢ ᠲᠡᠭᠦᠨ ᠳ᠋ᠤ ᠪᠦᠷ ᠰᠢᠨ᠎ᠡ ᠰᠡᠪᠡᠭᠦᠭᠡᠨ ᠰᠠᠨᠠᠬᠲᠠᠨ᠎ᠡ᠂\nᠬᠡᠲᠡᠯ᠎ᠡ ᠤᠳᠠᠯ ᠦᠭᠡᠢ ᠲᠡᠭᠦᠨ᠎ᠦ ᠰᠡᠳᠭᠢᠯ ᠤᠷᠢᠳ ᠭᠠᠷᠤᠭ᠎ᠠ ᠦᠭᠡᠶ ᠳᠠᠭᠠᠷᠢᠯᠲᠠ᠎ᠳᠤ ᠤᠴᠠᠷᠠᠬᠰᠠᠨ ᠪᠠᠢᠨ᠎ᠠ᠃

ᠱᠢᠭᠦᠨ ᠲᠠᠰᠤᠯᠬᠤ ᠲᠠᠢᠰᠠᠨ ᠎ᠳᠡᠬᠢ ᠲᠡᠳᠡᠭᠡᠷ ᠡᠴᠡᠩᠬᠡᠶ᠂ ᠴᠢᠷᠠᠶ\nᠨᠢ ᠬᠤᠵᠢ᠌ᠭ᠍ᠰᠠᠨ ᠬᠥᠯ ᠠᠯᠳᠠᠭ᠍ᠰᠠᠨ ᠪᠠᠭᠠᠴᠤᠳ; ᠱᠢᠭᠦᠬᠦ᠌ ᠬᠣᠷᠢᠶᠠᠨ᠎ᠤ\nᠡᠭᠦᠳᠡᠨ ᠳ᠋ᠤ ᠬᠡᠦᠬᠡᠳ ᠢ᠋ᠢᠡᠨ ᠬᠦᠯᠢᠶᠡᠨ᠂ ᠬᠣᠯᠠ ᠶᠠᠪᠤᠭ᠍ᠰᠠᠨ ᠶᠠᠯᠠᠲᠠᠨ᠎ᠤ ᠲᠡᠷᠭᠡ᠎ᠶ᠋ᠢ ᠳᠠᠭᠠᠵᠤ ᠤᠬᠢᠯᠠᠵᠤ\nᠪᠠᠴᠢᠮᠲᠠᠨ ᠰᠠᠨᠲᠤᠷᠴᠤ ᠪᠠᠢᠭ᠎ᠠ ᠡᠴᠢᠭᠡ ᠡᠬᠡ; ᠬᠦᠯ ᠠᠯᠲᠠᠬᠰᠠᠨ\nᠪᠠᠭᠠᠴᠤᠳ ᠤ᠋ᠨ ᠶᠠᠷᠢᠬᠰᠠᠨ《ᠱᠢᠭᠦᠭ᠌ᠴᠢ ᠠᠨᠢᠶ᠎ᠠ᠂\nᠪᠢ ᠡᠵᠢ᠎ᠪᠡᠨ ᠰᠠᠨᠠᠵᠤ ᠪᠠᠢᠨ᠎ᠠ᠂ ᠱᠢᠭᠦᠯᠲᠡ ᠳᠠᠭᠤᠰᠤᠭ᠍ᠰᠠᠨ᠎ᠤ ᠳᠠᠷᠠᠭ᠎ᠠ ᠪᠢ ᠬᠡᠷ ᠲᠡᠭᠡᠨ ᠬᠠᠷᠢᠵᠦ ᠪᠣᠯᠤᠨ᠎ᠠ\nᠦᠦ?》ᠬᠡᠰᠡᠨ ᠠᠰᠠᠭᠤᠯᠲᠠ ᠁ ᠵᠢᠷᠦᠬᠡ ᠱᠢᠮᠱᠢᠷᠡᠭᠦᠯᠦᠮ᠎ᠡ ᠦᠵᠡᠭ᠌ᠳᠡᠯ᠎ᠦᠳ ᠨᠢ ᠠᠳᠠᠯᠢᠬᠠᠨ ᠡᠵᠢ ᠪᠣᠯᠤᠭ᠍ᠰᠠᠨ\nᠸᠠᠩ ᠠᠢ ᠯᠢᠨ᠎ᠤ ᠰᠡᠳᠭᠢᠯ ᠢ᠋ ᠰᠢᠨᠠᠯᠭᠠᠵᠦ ᠪᠠᠢᠬᠰᠠᠨ ᠪᠢᠯᠡ᠃

ᠡᠷᠬᠡ ᠲᠡᠭᠰᠢ ᠲᠦᠪ ᠭᠤᠤᠯᠴᠢ ᠪᠡᠷ ᠬᠠᠤᠯᠢ ᠪᠠᠷᠢᠬᠤ ᠡᠴᠡ ᠭᠠᠲᠠᠨ᠎ᠠ᠂\nᠦᠭᠡᠷ᠎ᠡ ᠶᠠᠭᠤ ᠬᠢᠵᠦ ᠲᠡᠢᠯᠲᠡᠭ ᠪᠢᠯᠡ? ᠸᠠᠩ ᠠᠢ ᠯᠢᠨ\nᠭᠦᠨ ᠪᠣᠳᠣᠯᠭᠠᠰᠢᠷᠠᠯ ᠳ᠋ᠤ ᠤᠨᠠᠵᠠᠢ᠃ ᠲᠡᠭᠦᠨ ᠡᠴᠡ ᠡᠬᠢᠯᠡᠨ᠂ ᠸᠠᠩ ᠠᠢ ᠯᠢᠨ ᠲᠡᠲᠡᠭᠡᠷ ᠬᠥᠯ ᠠᠯᠳᠠᠭ᠍ᠰᠠᠨ\nᠪᠠᠭᠠᠴᠤᠳ ᠵᠢᠴᠢ ᠲᠡᠳᠡᠨ᠎ᠦ ᠬᠡᠷ ᠪᠦᠯᠢ ᠢ᠋ᠢᠨ ᠬᠢᠨ ᠢ᠋ ᠬᠠᠪᠰᠤᠷᠴᠤ᠌᠂ ᠲᠡᠲᠡᠭᠡᠷ ᠬᠡᠦᠬᠡᠳ᠎ᠢ ᠬᠥᠲᠥᠯᠥᠨ ᠵᠢᠯᠣᠭᠣᠳᠴᠤ᠌\nᠦᠨᠡᠨ ᠰᠡᠳᠭᠢᠯ ᠡᠴᠡ ᠨᠢ ᠭᠡᠮᠱᠢᠨ ᠤᠬᠠᠭᠠᠷᠠᠭᠤᠯᠵᠤ᠂ ᠱᠢᠨ᠎ᠡ ᠠᠮᠢᠳᠤᠷᠠᠯ᠎ᠢ ᠨᠢ ᠡᠬᠢᠯᠡᠭᠦᠯᠬᠦ᠌᠎ᠪᠡᠷ ᠵᠣᠷᠢᠭ\nᠱᠢᠭᠤᠳᠴᠠᠶ᠃

2015 ᠣᠨ᠎ᠤ ᠡᠪᠦᠯ᠂ ᠵᠣᠷᠢᠭᠤᠳᠠ ᠬᠡᠷᠡᠭ ᠡᠳᠦᠭ᠌ᠰᠡᠨ ᠨᠢᠭᠡᠨ ᠬᠡᠷᠡᠭ᠎ᠦᠨ\nᠡᠪᠬᠡᠮᠡᠯ ᠨᠢ ᠸᠠᠩ ᠠᠶ ᠯᠢᠨ᠎ᠦ ᠠᠩᠬᠠᠷᠤᠯ᠎ᠢ ᠲᠠᠲᠠᠪᠠ᠃ ᠲᠤᠰ ᠬᠡᠷᠡᠭ᠎ᠦᠨ ᠪᠠᠢᠳᠠᠯ ᠨᠢᠭᠡᠨᠲᠡ ᠲᠣᠳᠣᠷᠬᠠᠶ ᠪᠣᠯᠤᠬᠰᠠᠨ\nᠪᠠᠢᠨ᠎ᠠ᠂ ᠬᠡᠪᠡᠴᠦ ᠬᠡᠷᠡᠭ ᠲᠡᠬᠢ ᠵᠠᠭᠠᠯᠳᠤᠬᠳᠠᠬᠴᠢ ᠯᠢ ᠴᠢᠶᠠᠩ(ᠪᠤᠷᠤᠭᠤᠯᠠᠬᠰᠠᠨ\nᠨᠡᠷ᠎ᠡ)ᠨᠠᠰᠤᠨ᠎ᠳᠤ ᠦᠯᠦ ᠬᠦᠷᠦᠭᠰᠡᠨ ᠥᠨᠳᠥᠷ ᠵᠡᠷᠭᠡ᠎ᠶ᠋ᠢᠨ ᠳᠤᠮᠳᠠᠳᠤ ᠰᠤᠷᠭᠠᠭᠤᠯᠢ᠎ᠶ᠋ᠢᠨ ᠭᠤᠷᠪᠠᠳᠤᠭᠠᠷ\nᠣᠨ᠎ᠤ ᠰᠤᠷᠤᠭ᠍ᠴᠢ ᠪᠠᠢᠵᠦ᠂ ᠲᠡᠷᠡ ᠦᠶ᠎ᠡ ᠳ᠋ᠤ ᠶᠠᠭ ᠤᠯᠤᠰ ᠤ᠋ᠨ ᠨᠢᠭᠡᠳᠦᠯᠲᠡᠶ ᠱᠢᠯᠭᠠᠯᠲᠠ᠎ᠳᠤ ᠨᠡᠷ᠎ᠡ ᠮᠡᠳᠡᠭᠦᠯᠬᠦ᠌\nᠡᠴᠦᠰ᠎ᠦᠨ ᠬᠤᠭᠤᠴᠠᠭ᠎ᠠ ᠪᠠᠢᠵᠠᠢ᠃ ᠬᠡᠷᠪᠡ ᠯᠢ ᠴᠢᠶᠠᠩ ᠲᠣᠭ᠍ᠲᠠᠭ᠍ᠰᠠᠨ ᠴᠠᠭ᠎ᠲᠠᠭᠠᠨ ᠰᠦᠯᠵᠢᠶᠡᠨ ᠳᠡᠭᠡᠷ᠎ᠡ\nᠨᠡᠷ᠎ᠡ ᠮᠡᠳᠡᠭᠦᠯᠵᠦ᠍ ᠳᠡᠢᠯᠬᠦ᠌ ᠥᠬᠡᠶ ᠪᠣᠯ ᠢᠷᠡᠬᠦ᠌ ᠵᠢᠯ᠎ᠤᠨ ᠤᠯᠤᠰ ᠤ᠋ᠨ ᠨᠢᠭᠡᠲᠦᠯᠲᠡᠢ ᠱᠢᠯᠭᠠᠯᠲᠠ᠎ᠳᠤ\nᠣᠷᠣᠯᠴᠠᠵᠤ ᠳᠡᠢᠯᠬᠦ᠌ ᠥᠬᠡᠶ ᠪᠤᠯᠵᠦ᠂ ᠡᠨᠡ ᠨᠢ ᠬᠡᠦᠬᠡᠳ᠎ᠦᠨ ᠨᠢᠭᠡ ᠨᠠᠰᠤ᠎ᠶ᠋ᠢ ᠨᠥᠯᠥᠭᠡᠯᠡᠵᠦ ᠮᠡᠲᠡᠨ᠎ᠡ ᠬᠡᠲᠡᠭ\nᠢ᠋ ᠸᠠᠩ ᠠᠢ ᠯᠢᠨ ᠠᠩᠬᠠᠷᠤᠨ ᠤᠯᠪᠡ᠃ ᠲᠤᠬᠠᠢ ᠢ᠋ᠢᠨ ᠦᠶ᠎ᠡ ᠳ᠋ᠤ᠂ ᠬᠡᠷᠡᠭ ᠲᠡᠬᠢ ᠬᠣᠣᠷᠯᠠᠭ᠍ᠳᠠᠭ᠍ᠴᠢ᠎ᠶ᠋ᠢᠨ\nᠨᠢᠭᠡ ᠲᠠᠯ᠎ᠠ ᠨᠢ ᠪᠠᠰᠠ ᠲᠥᠯᠥᠪᠦᠷᠢ ᠪᠠᠨ ᠣᠯᠤᠭ᠎ᠠ ᠦᠭᠡᠶ᠂ ᠵᠥᠷᠢᠴᠡᠯ ᠬᠠᠷᠠᠬᠠᠨ ᠠᠷᠢᠯᠤᠭ᠎ᠠ ᠦᠭᠡᠢ ᠪᠣᠯᠬᠣᠷ\nᠯᠢ ᠴᠢᠶᠠᠩ ᠪᠠᠰᠠ ᠬᠣᠷᠢᠭ᠍ᠳᠠᠵᠤ ᠪᠠᠢᠬᠤ ᠱᠠᠲᠤᠨ ᠳ᠋ᠠᠭᠠᠨ ᠪᠠᠢᠪᠡ᠃ ᠡᠢᠮᠦᠷᠬᠦᠦ ᠪᠠᠢᠲᠠᠯ ᠲᠤᠤᠷ᠎ᠠ᠂ ᠸᠠᠩ\nᠠᠶ ᠯᠢᠨ ᠴᠠᠭ ᠮᠥᠴᠡ᠎ᠲᠡᠶ ᠤᠷᠤᠯᠳᠤᠨ᠂ ᠳᠠᠷᠤᠶ ᠲᠦᠷᠭᠡᠨ ᠪᠠᠢᠭᠤᠯᠭ᠎ᠠ᠎ᠳᠠᠭᠠᠨ ᠬᠠᠷᠢᠭᠤ ᠮᠡᠳᠡᠭᠦᠯᠵᠦ᠍᠂ ᠤᠯᠠᠨᠲᠠ\nᠵᠣᠬᠢᠴᠠᠭᠤᠯᠤᠭ᠍ᠰᠠᠨ᠎ᠢᠶᠠᠷ ᠯᠢ ᠴᠢᠶᠠᠩ ᠤᠷᠤᠭ᠍ᠰᠢᠲᠠᠶ ᠪᠡᠷ ᠨᠡᠷ᠎ᠡ ᠮᠡᠳᠡᠭᠦᠯᠵᠦ ᠲᠡᠢᠯᠦᠭᠰᠡᠨ ᠮᠦᠷᠲᠡᠭᠡᠨ\nᠰᠡᠭᠦᠯ ᠳ᠋ᠤ ᠯᠢ ᠴᠢᠶᠠᠩ ᠡᠷᠡᠭᠦᠦ ᠱᠢᠢᠳᠭᠡᠯ᠎ᠢ ᠨᠢ ᠬᠣᠢᠱᠢᠯᠠᠭᠤᠯᠬᠤ᠎ᠪᠠᠷ ᠱᠢᠢᠳᠭᠡᠭ᠌ᠳᠡᠵᠦ᠍᠂ ᠤᠯᠤᠰ᠎ᠤᠨ ᠨᠢᠭᠡᠳᠦᠯᠲᠡᠢ\nᠱᠢᠯᠭᠠᠯᠲᠠ᠎ᠳᠤ ᠣᠷᠣᠯᠴᠠᠵᠦ ᠤᠳᠤ ᠨᠢᠭᠡᠨ ᠲᠡᠮᠦᠷ ᠵᠠᠮ ᠤ᠋ᠨ ᠲᠤᠪᠴᠢᠶᠠᠨ ᠤ᠋ ᠵᠢᠯᠤᠭᠤᠴᠢ ᠪᠣᠯᠪᠠ᠃

《 ᠸᠠᠩ ᠠᠨᠢᠶ᠎ᠠ᠂\nᠪᠢ ᠤᠳᠤ ᠰᠠᠢ᠌ᠨ ᠠᠵᠢᠯ᠎ᠲᠠᠶ ᠪᠣᠯᠤᠭ᠍ᠰᠠᠨ᠎ᠢᠶᠠᠷ ᠪᠠᠷᠠᠬᠤ ᠦᠬᠡᠢ᠂ ᠭᠡᠷ᠎ᠦᠨ ᠬᠥᠮᠦᠰ᠎ᠢᠶᠡᠨ ᠴᠦ᠍ ᠬᠠᠷᠠᠭᠠᠯᠵᠠᠵᠤ\nᠪᠠᠢᠨ᠎ᠠ᠂ ᠲᠠᠨ᠎ᠤ ᠲᠤᠬᠠᠢ᠎ᠶ᠋ᠢᠨ ᠵᠢᠯ ᠨᠠᠮᠠᠶ᠋ᠢ ᠠᠪᠤᠷᠠᠵᠤ ᠬᠠᠪᠰᠤᠷᠤᠭ᠍ᠰᠠᠨ᠎ᠳᠤ ᠴᠢᠩ ᠰᠡᠳᠭᠢᠯ᠎ᠡᠴᠡ᠎ᠪᠡᠨ\nᠲᠠᠯᠠᠷᠬᠠᠵᠤ ᠪᠠᠢᠨ᠎ᠠ 》 ᠭᠡᠵᠦ ᠤᠯᠠᠨ\nᠵᠢᠯ᠎ᠦᠨ ᠳᠠᠷᠠᠭ᠎ᠠ ᠯᠢ ᠴᠢᠶᠠᠩ᠎ᠤᠨ ᠢᠷᠡᠭᠦᠯᠦᠭ᠌ᠰᠡᠨ ᠵᠠᠬᠢᠳᠠᠯ᠎ᠢ\nᠤᠩᠱᠢᠬᠤ ᠳ᠋ᠠᠭᠠᠨ᠂ ᠸᠠᠩ ᠠᠢ ᠯᠢᠨ ᠪᠠᠶᠠᠷ᠎ᠤᠨ ᠨᠢᠯᠪᠤᠰᠤ ᠤᠨᠠᠭᠠᠬᠰᠠᠨ ᠪᠠᠢᠵᠠᠢ᠃

《ᠮᠠᠰᠢ ᠣᠯᠠᠨ ᠬᠥᠯ ᠠᠯᠳᠠᠭ᠍ᠰᠠᠨ ᠪᠠᠭᠠᠴᠤᠳ ᠤ᠋ᠨ ᠮᠦᠨ ᠴᠢᠨᠠᠷ᠎ᠨᠢ ᠮᠠᠭᠤ ᠪᠢᠰᠢ᠂ ᠵᠥᠪᠬᠡᠨ ᠨᠢᠭᠡ\nᠠᠯᠬᠤᠮ ᠪᠤᠷᠤᠭᠤ ᠠᠯᠬᠤᠬᠰᠠᠨ ᠶᠤᠮ᠃》 ᠡᠨᠡ ᠶᠠᠪᠤᠳᠠᠯ\nᠡᠴᠡ ᠸᠠᠩ ᠠᠶ ᠯᠢᠨ᠂ ᠨᠠᠰᠤᠨ᠎ᠳᠤ ᠥᠯᠥ᠍ ᠬᠦᠷᠦᠭ᠌ᠰᠡᠳ᠎ᠢ ᠱᠢᠭᠦᠨ ᠲᠠᠰᠤᠯᠬᠤ᠎ᠳᠤ ᠨᠡᠩ ᠣᠯᠠᠨ ᠪᠤᠲᠠᠲᠤ ᠶᠠᠪᠤᠲᠠᠯ\nᠬᠢᠬᠦ᠌ ᠬᠡᠷᠡᠭ᠌ᠲᠡᠶ ᠭᠡᠳᠡᠭ᠎ᠢ ᠮᠡᠳᠡᠵᠡᠶ᠃ ᠢᠩᠭᠢᠭᠡᠳ 2018 ᠣᠨ᠎ᠳᠤ ᠨᠡᠷ᠎ᠡ᠎ᠪᠡᠷ᠎ᠢᠶᠡᠨ ᠨᠡᠷᠡᠢᠳᠦᠭ᠌ᠰᠡᠨ《ᠠᠢ ᠯᠢᠨ ᠠᠵᠢᠯᠯᠠᠬᠤ ᠦᠷᠦᠭᠡ》 ᠵᠢ ᠬᠣᠷᠴᠢᠨ\nᠲᠣᠭᠣᠷᠢᠭ᠎ᠤᠨ ᠠᠷᠠᠳ᠎ᠤᠨ ᠱᠢᠭᠦᠬᠦ᠌ ᠬᠣᠷᠢᠶᠠᠨ᠎ᠳᠤ ᠪᠠᠢᠭᠤᠯᠪᠠ᠃

ᠤᠳᠤ ᠪᠤᠯᠲᠠᠯ᠎ᠠ᠂ 《ᠠᠢ ᠯᠢᠨ ᠠᠵᠢᠯᠯᠠᠬᠤ\nᠦᠷᠦᠭᠡ》ᠨᠢ ᠰᠤᠷᠤᠯᠭ᠎ᠠ᠎ᠶ᠋ᠢᠨ\nᠲᠡᠳᠬᠦᠮᠵᠢ᠎ᠶ᠋ᠢᠨ ᠲᠥᠷᠥᠯ ᠵᠦᠶ᠋ᠯ᠎ᠢ ᠥᠷᠨᠢᠭᠦᠯᠵᠦ᠍᠂ ᠶᠠᠳᠠᠭᠤ ᠬᠦᠴᠢᠷᠳᠡᠯᠲᠡᠶ ᠰᠤᠷᠤᠭ᠍ᠴᠢᠳ᠎ᠲᠤ ᠨᠡᠢᠲᠡ\n11.2 ᠲᠦᠮᠡ ᠭᠠᠷᠤᠶ ᠲᠥᠭᠥᠷᠢᠭ᠎ᠦᠨ ᠰᠤᠷᠤᠯᠭ᠎ᠠ᠎ᠶ᠋ᠢᠨ ᠲᠡᠳᠬᠦᠮᠵᠢ᠎ᠶ᠋ᠢᠨ ᠮᠥᠩᠭᠥ᠌ ᠬᠠᠩᠭᠠᠪᠠ; ᠡᠷᠡᠭᠦᠦ ᠱᠢᠢᠳᠭᠡᠯ\nᠭᠦᠢᠴᠡᠳᠭᠡᠵᠦ᠍ ᠪᠠᠢᠭ᠎ᠠ ᠬᠥᠮᠦᠰ᠎ᠦᠨ ᠨᠠᠰᠤᠨ᠎ᠳᠤ ᠦᠯᠦ ᠬᠦᠷᠦᠭᠰᠡᠨ ᠦᠷ᠎ᠡ ᠬᠡᠦᠬᠡᠳ᠂ ᠣᠨᠴᠠᠭᠠᠢ ᠭᠡᠷ ᠪᠦᠯᠢ᠎ᠶ᠋ᠢᠨ\nᠬᠡᠦᠬᠡᠳ᠂ ᠡᠪᠡᠳᠴᠢᠨ ᠡᠮᠭᠡᠭ᠎ᠲᠡᠶ ᠵᠠᠯᠠᠭᠤᠴᠤᠳ᠎ᠢ ᠲᠣᠭ᠍ᠲᠠᠭ᠍ᠰᠠᠨ ᠬᠤᠭᠤᠴᠠᠭ᠎ᠠ᠎ᠲᠠᠶ᠎ᠪᠠᠷ ᠲᠣᠭᠣᠷᠢᠨ ᠦᠵᠡᠲᠡᠭ; ᠰᠤᠷᠭᠠᠭᠤᠯᠢ\nᠵᠢᠴᠢ ᠬᠣᠯᠪᠣᠭ᠍ᠳᠠᠯ ᠪᠥᠬᠥᠶ ᠨᠢᠭᠡᠴᠢ᠎ᠲᠡᠶ ᠰᠠᠨᠠᠭᠠᠴᠢᠯᠠᠭ᠎ᠠ ᠡᠴᠡ᠎ᠪᠠᠨ ᠬᠠᠮᠵᠢᠯᠴᠠᠵᠤ᠂ ᠣᠯᠠᠨ ᠵᠦᠶ᠋ᠯ᠎ᠦᠨ\nᠬᠡᠯᠪᠡᠷᠢ᠂ ᠣᠯᠠᠨ ᠠᠷᠭ᠎ᠠ ᠵᠠᠮ᠎ᠢᠶᠠᠷ ᠪᠠᠭᠠᠴᠤᠳ ᠬᠡᠦᠬᠡᠳ᠎ᠲᠦ ᠤᠷᠢᠳᠴᠢᠯᠠᠨ ᠰᠡᠷᠭᠡᠢᠯᠡᠬᠦ᠌ ᠴᠢᠨᠠᠷᠲᠠᠶ ᠬᠠᠤᠯᠢᠵᠢᠯ\nᠤ᠋ᠨ ᠠᠩᠬᠠᠨ᠎ᠤ ᠬᠥᠮᠦᠵᠢᠯ ᠬᠢᠵᠦ᠍᠂ ᠣᠳᠣᠬᠠᠨ᠎ᠳᠤ ᠨᠢᠭᠡᠨᠲᠡ ᠲᠦᠩᠯᠢᠶᠣᠤ ᠬᠣᠲᠠ᠎ᠶ᠋ᠢᠨ ᠪᠣᠶ ᠪᠥᠬᠥᠶ ᠶᠡᠬᠡ ᠳᠡᠭᠡᠳᠦ\nᠰᠤᠷᠭᠠᠭᠤᠯᠢ᠎ᠶ᠋ᠢ ᠬᠠᠮᠤᠷᠤᠭ᠍ᠰᠠᠨ ᠪᠠᠢᠨ᠎ᠠ᠃ ᠨᠠᠰᠤᠨ᠎ᠳᠤ ᠦᠯᠦ᠍ ᠬᠦᠷᠦᠭ᠌ᠰᠡᠨ ᠵᠠᠭᠠᠯᠳᠤᠭ᠍ᠳᠠᠭ᠍ᠴᠢ᠎ᠶ᠋ᠢ ᠵᠠᠰᠠᠨ\nᠵᠠᠯᠠᠷᠠᠭᠤᠯᠵᠤ ᠠᠪᠤᠷᠠᠬᠤ ᠡᠴᠡ᠂ ᠪᠤᠰᠤᠳ ᠨᠠᠰᠤᠨ᠎ᠳᠤ ᠦᠯᠦ᠍ ᠬᠦᠷᠦᠭ᠌ᠰᠡᠳ᠎ᠢ ᠬᠠᠢᠷᠠᠯᠠᠨ ᠬᠠᠯᠠᠮᠵᠢᠯᠠᠬᠤ᠂ ᠬᠠᠪᠰᠤᠷᠤᠨ\nᠲᠡᠳᠬᠦᠬᠦ᠌ ᠬᠦᠷᠲᠡᠯ᠎ᠡ᠂ 《ᠠᠢ ᠯᠢᠨ ᠠᠵᠢᠯᠯᠠᠬᠤ\nᠦᠷᠦᠭᠡ》 ᠨᠢ ᠨᠠᠰᠤᠨ ᠳ᠋ᠤ\nᠦᠯᠦ ᠬᠦᠷᠦᠭ᠌ᠰᠡᠳ᠎ᠦᠨ ᠠᠵᠢᠯ᠎ᠤᠨ ᠬᠦᠷᠢᠶ᠎ᠠ ᠬᠡᠪᠴᠢᠶ᠎ᠡ ᠪᠠᠨ ᠲᠠᠰᠤᠷᠠᠯᠲᠠ ᠦᠭᠡᠢ ᠦᠷᠭᠡᠳᠬᠡᠵᠦ ᠪᠤᠢ᠃

ᠡᠨᠡ ᠵᠢᠯ᠂ ᠨᠢᠭᠡᠨ ᠪᠠᠶᠠᠷᠯᠠᠭᠤᠱᠢᠲᠠᠶ ᠲᠣᠭ᠎ᠠ ᠪᠠᠷᠢᠮᠲᠠ ᠸᠠᠩ ᠠᠶ\nᠯᠢᠨ᠎ᠦ ᠡᠮᠦᠨ᠎ᠡ ᠲᠡᠯᠭᠡᠭᠲᠡᠪᠡ᠄ ᠲᠦᠩᠯᠢᠶᠣᠤ ᠬᠣᠲᠠ᠎ᠶ᠋ᠢᠨ ᠨᠠᠰᠤᠨ᠎ᠳᠤ ᠥᠯᠥ᠍ ᠬᠦᠷᠦᠭ᠌ᠰᠡᠳ᠎ᠦᠨ ᠡᠷᠡᠭᠦᠦ᠍᠎ᠶ᠋ᠢᠨ\nᠬᠡᠷᠡᠭ᠎ᠦᠨ ᠶᠠᠯ᠎ᠠ ᠬᠢᠭ᠌ᠰᠡᠨ ᠬᠥᠮᠦᠨ᠎ᠦ ᠲᠣᠭ᠎ᠠ ᠠᠳᠠᠯᠢ ᠬᠤᠭᠤᠴᠠᠭᠠᠨ᠎ᠤ᠎ᠬᠢ᠎ᠡᠴᠡ 35.88% ᠎ᠪᠠᠷ ᠪᠠᠭᠤᠷᠠᠪᠠ᠃ 《ᠡᠨᠡ ᠬᠦ᠌ ᠲᠣᠭ᠎ᠠ ᠪᠠᠷᠢᠮᠲᠠ᠎ᠶ᠋ᠢ ᠪᠠᠰᠤᠵᠤ ᠪᠣᠯᠬᠤ ᠦᠭᠡᠢ ᠰᠢᠦ᠂ ᠲᠡᠭᠦᠨ ᠤ᠋ ᠠᠷᠤ ᠳ᠋ᠤ ᠰᠢᠨ᠎ᠡ\nᠠᠮᠢᠳᠤᠷᠠᠯ ᠢ᠋ᠢᠡᠨ ᠡᠬᠢᠯᠡᠭᠦᠯᠦᠭᠰᠡᠨ ᠪᠠᠭᠠᠴᠤᠳ ᠪᠤᠯᠤᠨ ᠳᠠᠬᠢᠨᠲᠠ ᠵᠣᠯ ᠵᠢᠷᠭᠠᠯ ᠢ᠋ᠢᠡᠨ ᠡᠳ᠋ᠯᠡᠭᠰᠡᠨ ᠭᠡᠷ\nᠪᠦᠯᠢ ᠨᠤᠬᠦᠳ ᠪᠤᠢ》 ᠬᠡᠵᠦ ᠰᠢᠷᠭᠠᠭᠤ\nᠴᠢᠷᠮᠠᠢᠯᠭ᠎ᠠ ᠢ᠋ᠢᠨ ᠢ᠋ᠢᠡᠨ ᠠᠮᠵᠢᠯᠲᠠ ᠪᠦᠲᠦᠮᠵᠢ ᠪᠠᠨ ᠬᠠᠷᠠᠭᠠᠳ᠂ ᠸᠠᠩ ᠠᠢ ᠯᠢᠨ ᠪᠠᠶᠠᠷᠯᠠᠨ ᠶᠠᠷᠢᠨ᠎ᠠ᠃

ᠣᠯᠠᠨ ᠵᠢᠯ᠎ᠦᠨ ᠲᠤᠷᠰᠢ᠂ ᠦᠨᠳᠦᠰᠦᠨ ᠱᠠᠲᠤᠨ᠎ᠳᠤ ᠦᠨᠳᠦᠰᠦᠯᠡᠨ ᠠᠵᠢᠯᠯᠠᠬᠰᠠᠨ\nᠸᠠᠩ ᠠᠶ ᠯᠢᠨ ᠪᠥᠬᠥ᠌ ᠤᠯᠤᠰ᠎ᠤᠨ ᠱᠢᠯᠢᠳᠡᠭ ᠱᠢᠭᠦᠬᠦ᠌ ᠲᠤᠱᠢᠶᠠᠯᠲᠠᠨ᠂ ᠪᠥᠬᠥ᠌ ᠤᠯᠤᠰ᠎ᠤᠨ《3·8》 ᠤᠯᠠᠭᠠᠨ ᠲᠤᠭ᠍ᠴᠢ᠂ ᠤᠮᠠᠷᠠᠲᠦ ᠬᠢᠯᠢ ᠢ᠋ᠢᠨ ᠵᠢᠱ᠌ᠢᠶᠡᠴᠢ᠂ ᠰᠢᠯᠢᠲᠡᠭ ᠡᠪ ᠬᠠᠮᠲᠦ ᠨᠠᠮ ᠤ᠋ᠨ\nᠬᠡᠰᠢᠭᠦᠨ᠂《ᠠᠷᠪᠠᠨ ᠶᠡᠬᠡ ᠬᠠᠤᠯᠢᠵᠢᠯ ᠤ᠋ᠨ ᠬᠦᠮᠦᠨ》᠂ 《ᠪᠦᠬᠦ ᠤᠷᠤᠨ ᠤ᠋ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤ᠋ᠨ ᠬᠢᠵᠢᠭ ᠤ᠋ᠨ ᠪᠠᠢᠲᠠᠯ ᠢ᠋\nᠰᠡᠷᠬᠡᠢᠯᠡᠨ ᠡᠵᠡᠮᠲᠡᠭᠰᠡᠨ ᠵᠠᠯᠠᠭᠤ ᠰᠠᠢᠨ ᠲᠤᠷᠠᠴᠤᠤᠯ ᠤ᠋ᠨ ᠦᠢᠯᠡᠴᠢᠯᠡᠭᠡᠨ ᠤ᠋ ᠠᠵᠢᠯ ᠤ᠋ᠨ ᠲᠡᠷᠢᠭᠦᠨ ᠤ᠋\nᠬᠤᠪᠢ ᠬᠦᠮᠦᠨ》ᠵᠡᠷᠭᠡ ᠤᠯᠠᠨ ᠢᠷᠠᠭᠤ ᠠᠯᠳᠠᠷ᠎ᠢ ᠭᠥᠷᠳᠡᠭ᠌ᠰᠡᠨ ᠪᠥᠭᠡᠳ ᠬᠤᠪᠢ ᠬᠥᠮᠦᠨ᠎ᠦ ᠭᠤᠷᠪᠠᠳᠤᠭᠠᠷ ᠳᠡᠰ᠎ᠤᠨ\nᠭᠠᠪᠢᠶ᠎ᠠ ᠪᠠᠢᠭᠤᠯᠪᠠ᠃ ᠲᠡᠭᠦᠨ ᠤ᠋ 《ᠠᠢ ᠯᠢᠨ ᠠᠵᠢᠯᠯᠠᠬᠤ\nᠦᠷᠦᠭᠡ》 ᠪᠤᠯᠤᠨ ᠪᠠᠭᠠᠴᠤᠳ\nᠤ᠋ᠨ ᠰᠢᠬᠦᠨ ᠲᠠᠰᠤᠯᠬᠤ ᠲᠢᠩᠬᠢᠮ ᠨᠢ ᠴᠸ᠋ ᠤᠯᠠᠨ ᠢᠷᠠᠭᠤ ᠠᠯᠲᠠᠷ ᠢ᠋ ᠬᠦᠷᠲᠡᠵᠡᠢ᠃ ᠡᠭᠦᠨ ᠳ᠋ᠤ᠂ ᠲᠡᠭᠦᠨ ᠤ᠋\nᠰᠡᠳᠭᠢᠯ᠎ᠳᠡᠬᠢ ᠬᠠᠮᠤᠭ᠎ᠤᠨ ᠳᠡᠭᠡᠳᠦ ᠢᠷᠠᠭᠤ ᠠᠯᠳᠠᠷ ᠨᠢ ᠬᠠᠷᠢᠨ ᠬᠡᠦᠬᠡᠳ᠎ᠦᠨ ᠲᠡᠭᠦᠨ ᠢ᠋ ᠲᠤᠲᠤᠨᠤᠴᠢᠯᠠᠨ\nᠳᠠᠭᠤᠳᠠᠬᠰᠠᠨ《ᠱᠢᠭᠦᠭ᠌ᠴᠢ ᠡᠵᠢ》 ᠪᠣᠯᠤᠨ᠎ᠠ ᠭᠡᠵᠦ᠍\nᠲᠡᠷᠡ ᠦᠷᠭᠦᠯᠵᠢ ᠶᠠᠷᠢᠳᠠᠭ ᠪᠠᠢᠯ᠎ᠠ᠃

《ᠠᠵᠢᠯ ᠢ᠋ᠢᠡᠨ ᠨᠡᠩ ᠰᠠᠢᠲᠦᠷ ᠬᠢᠨ᠎ᠡ》᠃ ᠡᠨᠡ ᠪᠤᠯ\nᠸᠠᠩ ᠠᠢ ᠯᠢᠨ ᠤ᠋ ᠲᠤᠲᠤᠭᠠᠲᠦ ᠰᠡᠳᠬᠢᠯ ᠤ᠋ᠨ ᠬᠦᠭᠡᠭᠡᠴᠡᠯᠲᠦᠯ᠃ 2010 ᠤᠨ ᠤ᠋ ᠡᠬᠢᠨ ᠳ᠋ᠤ᠂ ᠲᠡᠷᠡ ᠥᠮᠡᠨ᠎ᠳᠦ\nᠨᠡᠷᠪᠡᠭ᠌ᠳᠡᠭ᠌ᠰᠡᠨ ᠪᠣᠯᠪᠠᠴᠤ᠌ ᠡᠪᠡᠳᠴᠢᠨ ᠡᠮᠭᠡᠭ᠎ᠲᠦ ᠴᠣᠬᠢᠭ᠍ᠳᠠᠨ ᠤᠨᠠᠭ᠍ᠰᠠᠨ ᠦᠭᠡᠢ᠂ ᠬᠠᠷᠢᠨ ᠲᠡᠭᠦᠨ᠎ᠲᠡᠶ\nᠤᠷᠤᠯᠳᠤᠨ᠂ ᠨᠠᠰᠤᠨ᠎ᠳᠤ ᠦᠯᠦ᠍ ᠬᠦᠷᠦᠭ᠌ᠰᠡᠳ᠎ᠢ ᠬᠠᠢᠷᠠᠯᠠᠨ ᠬᠠᠯᠠᠮᠵᠢᠯᠠᠬᠤ᠂ ᠨᠠᠰᠤᠨ᠎ᠳᠤ ᠦᠯᠦ᠍ ᠬᠦᠷᠦᠭ᠌ᠰᠡᠳ᠎ᠦᠨ\nᠶᠠᠯ᠎ᠠ ᠬᠢᠬᠦ᠌᠎ᠶ᠋ᠢ ᠰᠡᠷᠭᠡᠢᠯᠡᠬᠦ᠌ ᠪᠠ ᠰᠠᠢ᠌ᠨ ᠳᠤᠷ᠎ᠠ ᠡᠴᠡ᠎ᠪᠠᠨ ᠬᠠᠪᠰᠤᠷᠤᠨ ᠲᠡᠳᠬᠦᠬᠦ᠌ ᠵᠡᠷᠭᠡ ᠠᠵᠢᠯ᠎ᠳᠤ\nᠬᠦᠴᠦᠯᠡᠨ ᠴᠢᠷᠮᠠᠢᠪᠠ᠃ ᠢᠯᠠᠩᠭᠤᠶ᠎ᠠ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤ᠋ᠨ ᠬᠢᠵᠢᠭ ᠤ᠋ᠨ ᠪᠠᠢᠲᠠᠯ\nᠢ᠋ ᠰᠡᠷᠬᠡᠢᠯᠡᠨ ᠡᠵᠡᠮᠲᠡᠬᠦ ᠬᠤᠭᠤᠴᠠᠭᠠᠨ ᠳ᠋ᠤ᠂ ᠲᠡᠷᠡ ᠨᠢᠭᠡᠨ ᠨᠠᠮ ᠤ᠋ᠨ ᠬᠡᠰᠢᠭᠦᠨ ᠤ᠋ ᠬᠤᠰᠢᠭᠤᠴᠢ ᠵᠢᠱ᠌ᠢᠶᠡᠴᠢ\nᠦᠢᠯᠡᠲᠦᠯ ᠢ᠋ ᠬᠦᠢᠴᠡᠳ ᠪᠠᠲᠠᠷᠠᠭᠤᠯᠤᠨ᠂ ᠬᠢᠵᠢᠭ ᠲᠠᠢ ᠲᠡᠮᠡᠴᠡᠬᠦ ᠨᠢᠭᠡᠲᠦᠭᠡᠷ ᠹᠷᠤᠨᠲ ᠲᠸ᠋ ᠭᠠᠪᠰᠢᠭᠠᠢᠯᠠᠨ\nᠠᠵᠢᠯᠯᠠᠬᠰᠠᠨ ᠪᠠᠢᠨ᠎ᠠ᠃ ᠤᠯᠠᠨ ᠲᠦᠮᠡᠨ ᠲᠡᠭᠦᠨ ᠢ᠋ ᠮᠠᠬᠲᠠᠬᠤ ᠪᠤᠯᠭᠠᠨ᠂ ᠲᠡᠷᠡ᠄ 《ᠪᠢ ᠪᠣᠯ ᠨᠢᠭᠡᠨ ᠡᠪ ᠬᠠᠮᠲᠦ ᠨᠠᠮ ᠤ᠋ᠨ ᠬᠡᠰᠢᠭᠦᠨ᠂ ᠨᠢᠭᠡᠨ ᠠᠷᠠᠳ᠎ᠤᠨ ᠱᠢᠭᠦᠭ᠌ᠴᠢ᠂ ᠪᠢ ᠵᠥᠪᠬᠡᠨ\nᠬᠢᠪᠡᠰᠦ ᠵᠣᠬᠢᠬᠤ ᠠᠵᠢᠯ ᠢ᠋ᠢᠡᠨ ᠬᠢᠵᠡᠶ》 ᠬᠡᠵᠦ ᠳᠠᠷᠤᠤ\nᠬᠢᠴᠢᠶᠡᠩᠭᠦᠢ ᠶᠠᠷᠢᠲᠠᠭ ᠪᠢᠯᠡ᠃

ᠰᠢᠨ᠎ᠡ ᠴᠠᠬ ᠦᠶ᠎ᠡ ᠢ᠋ᠢᠨ ᠨᠠᠮ ᠤ᠋ᠨ ᠬᠡᠰᠢᠭᠦᠨ ᠰᠢᠭᠦᠭᠴᠢ ᠢ᠋ᠢᠨ ᠮᠦᠷᠦᠨ\nᠲᠡᠭᠡᠷᠡᠬᠢ ᠡᠭᠦᠷᠭᠡ ᠬᠠᠷᠢᠭᠤᠴᠠᠯᠭ᠎ᠠ ᠵᠢ ᠸᠠᠩ ᠠᠢ ᠯᠢᠨ ᠲᠤᠲᠤᠷᠬᠠᠢ ᠮᠡᠲᠡᠵᠦ᠂ ᠳᠣᠲᠣᠭᠠᠳᠤ ᠰᠡᠳᠭᠢᠯ᠎ᠳᠡᠭᠡᠨ ᠪᠠᠭᠠᠴᠤᠳ ᠬᠡᠦᠬᠡᠳ᠎ᠢ ᠬᠠᠢᠷᠠᠯᠠᠨ ᠬᠠᠮᠠᠭᠠᠯᠠᠵᠤ᠂\nᠠᠷᠠᠳ ᠲᠦᠮᠡᠨ᠎ᠦ ᠵᠣᠯ ᠵᠢᠷᠭᠠᠯ᠎ᠢ ᠰᠠᠬᠢᠨ ᠬᠠᠮᠠᠭᠠᠯᠠᠵᠤ᠂ ᠨᠡᠢᠭᠡᠮ᠎ᠦᠨ ᠲᠥᠪ ᠭᠤᠤᠯᠴᠢ ᠱᠢᠳᠤᠷᠭᠤ ᠶᠣᠰᠣ᠎ᠶ᠋ᠢ ᠬᠠᠮᠠᠭᠠᠯᠠᠬᠤ ᠪᠡᠷ ᠬᠠᠮᠤᠭ᠎ᠤᠨ\nᠶᠡᠬᠡ ᠡᠭᠦᠷᠭᠡ ᠬᠠᠷᠢᠭᠤᠴᠠᠯᠭ᠎ᠠ ᠪᠠᠨ ᠪᠤᠯᠭᠠᠵᠦ᠂ \nᠨᠠᠮ ᠢ᠋ ᠰᠠᠨᠠᠭ᠎ᠠ ᠠᠮᠤᠷ ᠪᠠᠢᠯᠭᠠᠬᠤ᠂ ᠤᠯᠠᠨ ᠲᠦᠮᠡᠨ ᠢ᠋ ᠬᠠᠨᠤᠮᠵᠢᠲᠠᠢ ᠪᠤᠯᠭᠠᠬᠤ ᠰᠠᠢᠨ ᠰᠢᠭᠦᠭᠴᠢ ᠪᠤᠯᠬᠤ ᠪᠡᠷ ᠦᠷᠭᠦᠯᠵᠢᠯᠡᠨ ᠴᠢᠷᠮᠠᠢᠬᠰᠠᠭᠠᠷ᠃

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠤᠶᠠᠨ᠍ᠦ᠌ᠨᠳᠦᠰᠦ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面