ᠲᠡᠷᠢᠭᠦᠨ ᠨᠢᠭᠤᠷ>ᠨᠠᠮ᠎ᠤᠨ ᠪᠠᠢᠭᠤᠯᠤᠯᠲᠠ>ᠨᠠᠮ᠎ᠤ᠋ᠨ ᠲᠤᠭ ᠦᠨᠳᠦᠰᠦᠨ ᠱᠠᠲᠤᠨ᠎ᠤ᠋ ᠡᠮᠦᠨ᠎ᠡ ᠹᠷᠣᠨᠲ ᠲᠦ᠍ ᠨᠠᠮᠢᠷᠠᠨ᠎ᠠ

2020-07-08 09:36:51

ᠵᠣᠬᠢᠶᠠᠭ᠍ᠴᠢ᠄ ᠳ᠋ᠠᠢ ᠰᠢᠶᠦᠢᠡᠭ ᠰᠢᠯᠢᠩᠡᠷᠡᠯ ᠪᠤᠤ ᠴᠢᠡᠭ ᠱᠸᠡᠭ ᠢᠳᠡᠷᠡᠬᠦᠨ ᠣᠩᠱᠢᠭ᠍ᠰᠠᠨ ᠣᠳᠠᠭ᠎ᠠ᠄ 3

ᠬᠠᠷᠡᠭ᠎ᠠ ᠴᠢᠯᠡᠬᠡᠮ᠎ᠠ ᠨᠤᠭᠤᠭᠠᠨ ᠲᠠᠯ᠎ᠠ᠎ᠶᠢᠨ ᠲᠤᠮᠳᠠ ᠲᠠᠡᠭᠴᠤ ᠢᠯᠭᠤᠮᠬᠠᠨ ᠤᠯᠠᠭᠠᠨ ᠲᠤᠭ ᠬᠤᠯᠠ᠎ᠶᠢᠨ ᠬᠤᠯᠠ᠎ᠡᠴᠠ ᠢᠯᠡᠭᠡᠨ ᠬᠠᠷᠠᠬᠳᠠᠨ᠎ᠠ ᠃ ᠵᠢᠭᠤᠯᠴᠢᠯᠠᠯ᠎ᠤᠨ ᠴᠡᠭ ᠴᠤ ᠶᠤᠮ ‍ᠤᠤ ᠭᠡᠵᠤ ᠤᠢᠷᠠᠳᠤᠭᠠᠳ ᠬᠦᠷᠬᠦᠯᠠᠷ ᠬᠠᠷᠢᠨ ᠮᠤᠡᠭᠭᠤᠯ ᠭᠡᠷ᠎ᠤᠨ ᠡᠬᠦᠳᠠᠨ᠎ᠳ᠋ᠤ ᠨᠠᠮᠢᠷᠠᠭ᠎ᠠ ᠨᠠᠮ᠎ᠤᠨ ᠲᠤᠭ ᠪᠠᠢᠪᠠ ᠃ ᠭᠠᠯ ᠤᠯᠠᠭᠠᠨ ᠨᠠᠮ᠎ᠤᠨ ᠲᠤᠭ᠎ᠤᠨ ᠲᠤᠤᠷ᠎ᠠ ᠬᠡᠰᠡᠭ ᠬᠦᠮᠦᠰ ᠴᠠᠯ ᠨᠤᠭᠤᠭᠠᠨ ᠲᠠᠯ᠎ᠠ ᠲᠡᠭᠡᠷ᠎ᠠ ᠲᠤᠭᠤᠢᠯᠠᠵᠤ ᠰᠠᠭᠤᠭᠠᠳ ᠶᠠᠭᠤ ᠨᠢᠬᠡ᠎ᠶᠢ ᠬᠦᠭᠵᠢᠶᠠᠨᠳᠠᠢ ᠶᠠᠷᠢᠯᠴᠠᠨ᠎ᠠ ᠃ 6 ᠰᠠᠷ᠎ᠠ᠎ᠶᠢᠨ 28᠎ᠤ ᠦᠳᠡ᠎ᠶᠢᠨ ᠡᠮᠤᠨ᠎ᠠ ᠂ ᠨᠠᠮ ᠪᠠᠢᠭᠤᠯᠤᠭᠳᠠᠭᠰᠠᠨ 99 ᠵᠢᠯ᠎ᠤᠨ ᠤᠢ᠎ᠶᠢ ᠪᠡᠯᠭᠡᠯᠡᠬᠦ ᠲᠠᠰᠢᠷᠠᠮ᠎ᠢᠶᠠᠷ ᠵᠠᠷᠤᠳ ᠬᠤᠰᠢᠭᠤᠨ᠎ᠤ ᠭᠡᠷᠴᠢᠯᠡᠭᠤ ᠰᠤᠮᠤ᠎ᠶᠢᠨ ᠬᠤᠤᠯᠢᠨ ᠭᠤᠤᠯ᠎ᠤᠨ ᠵᠤᠰᠠᠯᠠᠡᠭ᠎ᠤᠨ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠪᠠᠶᠠᠨᠬᠤᠰᠢᠭᠤ ᠭᠠᠴᠠᠭᠠᠨ᠎ᠤ ᠵᠤᠰᠠᠯᠠᠡᠭ᠎ᠳ᠋ᠤ ᠭᠡᠰᠡᠭ ᠨᠠᠮ᠎ᠤᠨ ᠭᠡᠰᠢᠬᠦᠨ᠎ᠢᠶᠡᠨ ᠴᠤᠭᠯᠠᠭᠤᠯᠵᠤ ᠂ ᠨᠠᠮ᠎ᠤᠨ ᠡᠬᠦᠷ᠎ᠤᠨ ᠬᠤᠷᠠᠯ ᠬᠢᠬᠦ᠎ᠪᠠᠷ ᠪᠡᠯᠡᠳᠬᠡᠵᠤ ᠪᠠᠢᠭ᠎ᠠ᠎ᠨᠢ ᠡᠨᠡ ᠠᠵᠢ ᠃



ᠬᠤᠷᠠᠯ ᠡᠬᠢᠯᠡᠮᠡᠭᠴᠠ ᠨᠡᠬᠦᠳᠠᠯ ᠮᠠᠯᠵᠢᠯ᠎ᠤᠨ ᠨᠠᠮ᠎ᠤᠨ ᠡᠬᠦᠷ᠎ᠤᠨ ᠱᠦᠵᠢ ᠡᠷᠳᠡᠨᠢᠪᠢᠯᠢᠭ ᠳᠦᠷᠦᠬᠦᠬᠡᠨ ᠬᠤᠷᠠᠯᠳᠤᠭᠰᠠᠨ ᠪᠦᠬᠦ ᠤᠯᠤᠰ᠎ᠤᠨ ᠬᠤᠶᠠᠷ ᠬᠤᠷᠠᠯ᠎ᠤᠨ ᠵᠤᠷᠢᠭ ᠰᠠᠨᠠᠭ᠎ᠠ᠎ᠶᠢ ᠳᠠᠬᠢᠨᠳᠠ ᠤᠯᠠᠮᠵᠢᠯᠠᠬᠤ᠎ᠶᠢᠨ ᠲᠠᠭᠠᠤ ᠂ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢᠳᠠᠯ᠎ᠢ ᠰᠡᠷᠭᠡᠢᠯᠡᠨ ᠡᠵᠡᠮᠳᠠᠬᠦ᠎ᠳ᠋ᠤ ᠠᠩᠬᠠᠷᠬᠤ ᠴᠢᠬᠤᠯᠠᠳᠠᠢ ᠵᠦᠢᠯᠡᠰ᠎ᠢ ᠰᠠᠨᠠᠭᠤᠯᠵᠤ ᠂ ᠨᠠᠮ ᠪᠠᠢᠭᠤᠯᠤᠭᠳᠠᠭᠰᠠᠨ 99 ᠵᠢᠯ᠎ᠤᠨ ᠤᠢ᠎ᠶᠢ ᠪᠠᠯᠬᠡᠯᠡᠬᠦ ᠠᠵᠢᠯᠯᠠᠭ᠎ᠠ ᠦᠷᠨᠢᠬᠦᠯᠬᠦ ᠲᠤᠬᠠᠢ ᠤᠯᠠᠨ᠎ᠲᠠᠢ ᠪᠤᠳᠤᠯ ᠰᠠᠨᠠᠯ᠎ᠢᠶᠡᠨ ᠰᠤᠯᠢᠯᠴᠠᠭᠰᠠᠨ ᠪᠠᠢᠨ᠎ᠠ ᠃

ᠨᠠᠷᠠ ᠨᠠᠭᠠᠰᠢᠯᠠᠵᠤ ᠨᠠᠷᠠᠨ᠎ᠤ ᠰᠡᠬᠦᠳᠡᠷ ᠴᠠᠭᠠᠰᠢᠯᠠᠯ᠎ᠠ ᠃ ᠨᠠᠮ᠎ᠤᠨ ᠡᠬᠦᠷ᠎ᠤᠨ ᠬᠤᠷᠠᠯ ᠴᠠᠭ ᠭᠠᠷᠤᠢ ᠶᠠᠪᠤᠭᠳᠠᠭᠠᠳ ᠦᠨᠳᠤᠷᠯᠠᠳᠠᠯ᠎ᠠ ᠡᠷᠳᠡᠨᠢᠪᠢᠯᠢᠭ᠎ᠤᠨ ᠤᠳᠠᠰᠤ ᠲᠠᠷᠴᠢᠬᠢᠨᠠᠨ ᠲᠤᠤᠭᠠᠷᠪᠠ ᠃

 ᠰᠠᠢᠨ ‍ᠤᠤ ︖ ᠶᠠᠭᠤ ᠪᠤᠯᠪᠠ ︖

 ᠲᠤᠭᠤᠯ᠎ᠢᠶᠡᠨ ᠭᠡᠭᠡᠴᠢᠭᠡᠯ᠎ᠠ ᠂ ᠭᠡᠳᠤᠨ ᠡᠳᠤᠷ ᠡᠷᠢᠯ ᠪᠤᠯᠤᠭᠰᠠᠨ ᠪᠤᠯᠪᠠᠴᠤ ᠰᠤᠷᠠᠭ ᠠᠯᠠᠭ᠎ᠠ ︕ ᠭᠡᠵᠤ ᠤᠳᠠᠰᠤᠨ ᠴᠠᠭᠠᠨ᠎ᠠ᠎ᠡᠴᠠ ᠪᠠᠴᠢᠮᠳᠠᠭᠰᠠᠨ ᠲᠠᠭᠤ ᠪᠦᠤᠷ ᠲᠦᠤᠷ ᠰᠤᠨᠤᠰᠳᠠᠨ᠎ᠠ ᠃

 ᠦ ᠂ ᠪᠢᠳᠠᠭᠡᠢ ᠪᠠᠴᠢᠮᠳᠠ ᠂ ᠪᠢᠳᠠ ᠤᠳᠤ᠎ᠪᠠᠷ᠎ᠢᠶᠡᠨ ᠬᠦᠷᠦᠶ᠎ᠠ ︕

ᠡᠷᠳᠡᠨᠢᠪᠢᠯᠢᠭ ᠭᠤᠸᠠᠢ ᠬᠦᠬᠦᠷᠭᠡ ᠭᠠᠴᠠᠭᠠᠨ᠎ᠤ ᠮᠠᠯᠴᠢᠨ ᠪᠠᠶᠠᠰᠤᠯ᠎ᠤᠨ ᠲᠤᠰᠠᠯᠠᠮᠵᠢ ᠬᠦᠰᠡᠭᠰᠡᠨ ᠤᠳᠠᠰᠤ᠎ᠶᠢ ᠲᠠᠷᠤᠮᠠᠭᠴᠠ ᠨᠠᠬᠦᠳᠡᠯ ᠮᠠᠯᠵᠢᠯ᠎ᠤᠨ ᠨᠠᠮ᠎ᠤᠨ ᠡᠬᠦᠷ᠎ᠤᠨ ᠭᠡᠰᠢᠬᠦᠨ ᠢᠤᠢ ᠮᠢᠡᠭ ᠂ ᠲᠡᠭᠰᠢ ᠬᠤᠶᠠᠭᠤᠯᠠ᠎ᠶᠢ ᠲᠠᠭᠠᠭᠤᠯᠵᠤ ᠂ ᠮᠠᠰᠢᠨ ᠲᠡᠷᠭᠡ᠎ᠪᠠᠨ ᠵᠢᠯᠤᠭᠤᠳᠤᠨ   ᠪᠠᠶᠠᠰᠤᠯ᠎ᠤᠨ᠎ᠬᠢᠨ᠎ᠢ ᠴᠢᠭᠯᠡᠯ᠎ᠠ ᠃ ᠵᠠᠮ᠎ᠳᠠᠭᠠᠨ ᠭᠠᠷᠤᠮᠠᠭᠴᠠ ᠡᠷᠳᠡᠨᠢᠪᠢᠯᠢᠭ ᠰᠤᠮᠤᠨ᠎ᠤ᠎ᠪᠠᠨ ᠲᠤᠳᠤᠭᠠᠳᠤ᠎ᠶᠢ ᠬᠠᠮᠠᠭᠠᠯᠠᠬᠤ ᠲᠤᠮᠢᠯᠠᠭᠰᠠᠨ ᠰᠠᠯᠪᠤᠷᠢ᠎ᠳ᠋ᠤ ᠤᠳᠠᠰᠤᠳᠠᠵᠤ ᠂ ᠭᠡᠷᠡᠭ᠎ᠤᠨ ᠮᠡᠳᠡᠬᠦᠯᠤᠯᠳᠠ ᠬᠢᠪᠠ ᠃ ᠮᠠᠰᠢᠨ ᠲᠡᠷᠭᠡ ᠵᠤᠰᠠᠯᠠᠡᠭ᠎ᠤᠨ ᠭᠠᠵᠠᠷ᠎ᠢᠶᠠᠷ ᠲᠠᠪᠬᠢᠭᠤᠯᠤᠨ ᠪᠠᠢᠳᠠᠯ᠎ᠠ ᠂ ᠪᠡᠯᠴᠢᠭᠡᠷ᠎ᠤᠨ ᠲᠤᠮᠳᠠᠬᠢ ᠡᠯᠡᠰᠤᠷᠭᠡᠭ ᠭᠠᠵᠠᠷ᠎ᠲᠤ ᠴᠠᠭᠳᠠᠭᠠᠨ᠎ᠤ ᠮᠠᠰᠢᠨ ᠲᠡᠷᠭᠡ ᠲᠤᠷᠤᠭᠰᠠᠨ᠎ᠢ ᠬᠠᠷᠠᠭᠰᠠᠨ᠎ᠢᠶᠡᠨ ᠬᠠᠵᠠᠭᠤ᠎ᠳ᠋ᠤᠨᠢ ᠬᠦᠷᠦᠭᠰᠡᠨ ᠴᠢᠨᠢ ᠂ ᠲᠤᠮᠢᠯᠠᠭᠰᠠᠨ ᠰᠠᠯᠪᠤᠷᠢ᠎ᠶᠢᠨ ᠴᠠᠭᠳᠠᠭ᠎ᠠ ᠪᠠᠭᠠᠳᠤᠷ ᠂ ᠪᠤᠮᠪᠠ ᠬᠤᠶᠠᠭᠤᠯᠠ ᠡᠷᠳᠡᠨᠢᠪᠢᠯᠢᠭ᠎ᠤᠨ ᠤᠳᠠᠰᠤ᠎ᠶᠢ ᠲᠤᠰᠤᠭᠠᠳ ᠭᠡᠷᠡᠭ᠎ᠤᠨ ᠲᠤᠬᠠᠢ᠎ᠶᠢᠨ ᠲᠠᠯᠠᠪᠡᠢ᠎ᠳ᠋ᠤ ᠬᠦᠷᠬᠦ᠎ᠪᠠᠷ ᠶᠠᠪᠤᠵᠤ ᠪᠠᠢᠭ᠎ᠠ᠎ᠶᠢ ᠮᠡᠳᠡᠯ᠎ᠠ ᠃ ᠤᠯᠠᠨ᠎ᠢᠶᠠᠷ᠎ᠢᠶᠡᠨ ᠴᠠᠭᠳᠠᠭᠠᠨ᠎ᠤ ᠮᠠᠰᠢᠨ ᠲᠡᠷᠭᠡ᠎ᠶᠢ ᠬᠦᠯᠦᠰᠤ᠎ᠪᠠᠨ ᠪᠠᠭᠠᠬᠢᠳᠠᠯ᠎ᠠ ᠲᠦᠯᠬᠢᠵᠤ ᠴᠢᠩᠭᠠᠭᠠᠳ ᠡᠯᠡᠰᠦᠷᠬᠡᠭ ᠭᠠᠵᠠᠷ᠎ᠡᠴᠠ ᠠᠷᠠᠢ ᠴᠢᠷᠠᠢ ᠭᠠᠷᠭᠠᠵᠤ ᠂ ᠬᠠᠮᠳᠤ᠎ᠪᠠᠷ ᠪᠠᠶᠠᠰᠤᠯ᠎ᠤᠨ᠎ᠬᠢᠨ᠎ᠳ᠋ᠤ ᠬᠦᠷᠪᠠ ᠃ ᠪᠠᠭᠠᠳᠤᠷ ᠂ ᠪᠤᠮᠪᠠ ᠬᠤᠶᠠᠭᠤᠯᠠ ᠳᠤᠬᠠᠢ᠎ᠶᠢᠨ ᠲᠠᠯᠠᠪᠠᠢ᠎ᠳ᠋ᠤ ᠴᠠᠭᠳᠠᠨ ᠪᠠᠢᠴᠠᠭᠠᠯᠳᠠ ᠬᠢᠭᠰᠡᠨ ᠪᠦᠭᠡᠳ ᠲᠠᠷᠠᠭ᠎ᠠ᠎ᠪᠠᠷ ᠶᠠᠭᠠᠬᠢᠵᠦ ᠮᠠᠯ ᠤᠨᠤᠭ᠎ᠠ᠎ᠪᠠᠨ ᠭᠡᠭᠡᠬᠦ᠎ᠡᠴᠠ ᠪᠤᠯᠭᠤᠮᠵᠢᠯᠠᠬᠤ ᠳᠤᠬᠠᠢ ᠪᠡᠶᠠᠰᠤᠯ᠎ᠳ᠋ᠤ ᠳᠠᠬᠢᠨ ᠳᠡᠪᠳᠡᠨ ᠰᠠᠨᠠᠭᠤᠯᠤᠨ᠎ᠠ ᠃

ᠮᠠᠯᠴᠢᠨ ᠪᠠᠶᠠᠰᠤᠯ ᠡᠪᠤᠯᠵᠢᠶ᠎ᠠ᠎ᠡᠴᠠ ᠵᠤᠰᠠᠯᠠᠩ᠎ᠳᠠᠭᠠᠨ ᠪᠠᠭᠤᠳᠠᠯ᠎ᠠ ᠭᠤᠷᠪᠡᠨ ᠬᠤᠨᠤᠭ ᠵᠠᠮᠨᠠᠵᠤ ᠂ ᠭᠠᠭᠴᠠᠭᠠᠷ᠎ᠢᠶᠡᠨ 4 ᠡᠷᠤᠭᠡ᠎ᠶᠢᠨ 140 ᠭᠠᠷᠤᠢ ᠦᠬᠡᠷ᠎ᠢ ᠬᠦᠬᠡᠬᠡᠵᠤ ᠠᠪᠴᠢᠷᠠᠭᠠᠳ ᠵᠤᠰᠠᠯᠠᠡᠭ᠎ᠳᠠᠭᠠᠨ ᠵᠤᠰᠠᠵᠤ ᠪᠠᠢᠭ᠎ᠠ ᠠᠵᠢ ᠃ ︽ ᠭᠠᠬᠴᠠᠭᠠᠷ᠎ᠢᠶᠡᠨ ᠭᠡᠵᠤ ᠪᠢᠳᠡᠬᠡᠢ ᠭᠠᠴᠢᠬᠳᠠᠵᠤ ᠰᠠᠭᠤ ︕ ᠨᠠᠮ᠎ᠤᠨ ᠡᠬᠦᠷ᠎ᠤᠨ ᠭᠡᠰᠢᠬᠦᠳ ᠪᠤᠶᠤ ᠲᠤᠮᠢᠯᠠᠭᠰᠠᠨ ᠰᠠᠯᠪᠤᠷᠢ᠎ᠶᠢᠨ ᠴᠠᠭᠳᠠᠭ᠎ᠠ ᠨᠠᠷ᠎ᠲᠠᠢ ᠴᠠᠭ ᠢᠮᠠᠭᠳᠠ ᠬᠤᠯᠪᠤᠭ᠎ᠠ ᠪᠠᠷᠢᠵᠤ ᠂ ᠪᠠᠢᠳᠠᠯ᠎ᠢᠶᠡᠨ ᠮᠡᠳᠡᠭᠳᠡᠭᠡᠷᠡᠢ ︾ ᠭᠡᠵᠤ ᠡᠷᠳᠡᠨᠢᠪᠢᠯᠢᠭ ᠭᠡᠯᠡᠬᠦ᠎ᠶᠢᠨ ᠲᠠᠭᠠᠤ ᠪᠠᠭᠠᠳᠤᠷ ᠂ ᠪᠤᠮᠪᠠ ᠬᠤᠶᠠᠷ᠎ᠤᠨ ᠭᠠᠷ ᠤᠳᠠᠰᠤᠨ ᠨᠤᠮᠸᠷ᠎ᠢ ᠪᠠᠶᠠᠰᠤᠯ᠎ᠳ᠋ᠤ ᠲᠠᠮᠳᠡᠭᠯᠡᠵᠤ ᠦᠭᠬᠦᠯ᠎ᠠ ᠃᠎

ᠬᠤᠷᠴᠠ ᠨᠠᠷᠠ ᠤᠷᠤᠢ ᠲᠡᠭᠡᠷ᠎ᠠ᠎ᠡᠴᠠ ᠲᠦᠭᠡᠨᠡᠬᠦ᠎ᠳ᠋ᠤ ᠵᠤᠰᠠᠯᠠᠡᠭ᠎ᠤᠨ ᠦᠭᠡᠷ ᠠᠳᠤᠭᠤᠳ ᠭᠤᠤᠯ᠎ᠤᠨ ᠤᠰᠤ᠎ᠶᠢ ᠴᠢᠭᠯᠡᠵᠤ ᠨᠠᠭᠠᠰᠢᠯᠠᠨ᠎ᠠ ᠃ ᠡᠷᠳᠡᠨᠢᠪᠢᠯᠢᠭ ᠨᠠᠷ ᠪᠠᠶᠠᠰᠤᠯ᠎ᠤᠨ᠎ᠬᠢᠨ᠎ᠡᠴᠠ ᠭᠠᠷᠴᠤ ᠢᠷᠡᠬᠡᠳ ᠪᠠᠭᠠᠳᠤᠷ ᠂ ᠪᠤᠮᠪᠠ ᠬᠤᠶᠠᠷ᠎ᠲᠠᠢ ᠰᠠᠯᠬᠤ ᠶᠤᠰᠤ ᠬᠦᠢᠴᠡᠳᠭᠡᠵᠤ ᠂ ᠠᠵᠢᠯ᠎ᠤᠨ ᠦᠷᠳᠡᠭᠡ᠎ᠳ᠋ᠡᠭᠡᠨ ᠪᠤᠴᠠᠬᠤ ᠵᠠᠮ᠎ᠢᠶᠡᠨ ᠡᠯᠬᠦᠯ᠎ᠠ ᠃ ᠵᠠᠮ ᠲᠠᠭᠠᠤ ᠲᠠᠳᠠ ᠭᠤᠷᠪᠠᠭᠤᠯᠠ ᠨᠠᠮ ᠪᠠᠢᠭᠤᠯᠤᠭᠳᠠᠭᠰᠠᠨ 99 ᠵᠢᠯ᠎ᠤᠨ ᠤᠢ᠎ᠶᠢ ᠪᠠᠯᠭᠡᠯᠡᠬᠦ ᠠᠵᠢᠯᠯᠠᠭ᠎ᠠ᠎ᠶᠢᠨ᠎ᠢᠶᠡᠨ ᠨᠢᠭᠡ ᠪᠤᠯᠬᠤ ᠬᠤᠰᠢᠭᠤᠨ᠎ᠤ ᠤᠯᠠᠭᠠᠨᠮᠦᠢᠴᠢᠷ᠎ᠢ ᠤᠷᠢᠵᠤ ᠵᠤᠰᠠᠯᠠᠡᠭ᠎ᠤᠨ ᠮᠠᠯᠴᠢᠳ᠎ᠲᠠᠭᠠᠨ ᠲᠤᠬᠯᠠᠯᠳᠠ ᠰᠤᠨᠢᠷᠬᠠᠭᠤᠯᠬᠤ ᠲᠤᠬᠠᠢ ᠪᠤᠳᠤᠯ ᠰᠠᠨᠠᠯ᠎ᠢᠶᠡᠨ ᠰᠤᠯᠢᠯᠴᠠᠨ᠎ᠠ ᠃ ᠮᠠᠰᠢᠨ ᠲᠡᠷᠭᠡ᠎ᠪᠠᠷ ᠲᠤᠪᠤ᠋᠎ᠶᠢᠨ ᠵᠡᠬᠦᠨ ᠬᠠᠪᠢ᠎ᠪᠠᠷ ᠲᠠᠪᠬᠢᠭᠤᠯᠵᠤ ᠭᠠᠷᠳᠠᠯ᠎ᠠ ᠪᠤᠯᠠᠭ᠎ᠤᠨ ᠵᠠᠬ᠎ᠠ᠎ᠳ᠋ᠤ ᠭᠡᠳᠤᠨ ᠬᠦᠮᠤᠨ ᠰᠢᠷᠡᠭᠡ ᠲᠠᠯᠪᠢᠨ ᠬᠤᠭᠤᠯᠠᠯᠠᠵᠤ ᠪᠠᠢᠬᠤ᠎ᠶᠢ ᠬᠠᠷᠠᠭᠰᠠᠨ ᠲᠡᠭᠰᠢ ᠄ ︽ ᠲᠠᠨᠢᠯ ᠪᠤᠰᠤ ᠬᠦᠮᠤᠰ ᠪᠠᠢᠨ᠎ᠠ ︕ ᠤᠴᠢᠭᠠᠳ ᠦᠵᠡᠬᠦ ‍ᠤᠤ ︖ ︾ ᠬᠡᠰᠡᠨ᠎ᠳ᠋ᠤ ᠡᠷᠳᠡᠨᠢᠪᠢᠯᠢᠭ   ᠮᠠᠰᠢᠨ ᠲᠡᠷᠭᠡ᠎ᠶᠢᠨ᠎ᠢᠶᠡᠨ ᠵᠠᠯᠠᠭᠤᠷ᠎ᠢ ᠡᠷᠬᠢᠬᠦᠯᠤᠨ ᠲᠠᠳᠠ ᠨᠠᠷ᠎ᠤᠨ ᠬᠠᠵᠠᠭᠤ᠎ᠳ᠋ᠤ ᠬᠦᠷᠪᠠ ᠃ ︽ ᠠᠯᠢ ᠨᠤᠳᠤᠭ᠎ᠤᠨ ᠪᠤᠢ ︖ ᠡᠨᠳᠠ ᠶᠠᠭᠤ ᠬᠢᠵᠤ ᠪᠠᠢᠨ᠎ᠠ ︖ ︾ ᠬᠡᠵᠤ ᠠᠰᠠᠭᠤᠬᠤᠯᠠᠷ ᠂ ᠲᠠᠳᠠ ᠭᠡᠳᠤᠬᠦᠯᠠ ᠠᠮᠠᠷᠠᠯᠳᠠ᠎ᠶᠢᠨ ᠡᠳᠤᠷ᠎ᠢᠶᠠᠷ ᠭᠡᠭᠡᠷ᠎ᠠ ᠭᠠᠳᠠᠨ᠎ᠠ ᠵᠢᠭᠤᠯᠴᠢᠯᠠᠨ ᠬᠤᠭᠤᠯᠠᠯᠠᠵᠤ ᠪᠠᠢᠨ᠎ᠠ ᠭᠡᠭᠦ᠎ᠳ᠋ᠤᠨᠢ ᠂ ︽ ᠬᠤᠭ ᠨᠤᠪᠰᠢ᠎ᠪᠠᠨ ᠲᠤᠷ᠎ᠠ᠎ᠪᠠᠷ ᠬᠠᠶᠠᠵᠤ ᠪᠤᠯᠬᠤ ᠦᠭᠡᠢ ᠂ ᠭᠠᠯ ᠲᠤᠢᠮᠡᠷ᠎ᠢ ᠰᠡᠷᠭᠡᠢᠯᠡᠵᠤ ᠠᠮᠤᠷ ᠲᠦᠪᠰᠢᠨ᠎ᠢ ᠠᠡᠭᠬᠠᠷᠤᠭᠠᠷᠠᠢ ︕ ︾ ᠭᠡᠵᠤ ᠲᠡᠳᠡ ᠭᠤᠷᠪᠠᠭᠤᠯᠠ ᠲᠠᠬᠢᠨ ᠲᠠᠪᠳᠠᠨ ᠵᠠᠬᠢᠵᠤ ᠭᠠᠷᠤᠯ᠎ᠠ ᠃

ᠬᠤᠤᠯᠢᠨ ᠭᠤᠤᠯ᠎ᠤᠨ ᠵᠤᠰᠠᠯᠠᠡᠭ᠎ᠤᠨ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠡᠢᠨ ᠬᠦ ᠮᠠᠯᠴᠢᠳ᠎ᠤᠨ ᠠᠯᠳᠠᠭᠤᠯ ᠮᠠᠯ᠎ᠢ ᠡᠷᠢᠵᠦ ᠦᠭᠬᠦ ᠂ ᠮᠤᠡᠭᠭᠤᠯ ᠭᠡᠷ ᠪᠤᠰᠬᠠᠬᠤ᠎ᠳ᠋ᠤᠨᠢ ᠬᠠᠮᠵᠢᠯᠴᠠᠬᠤ ᠂ ᠡᠪᠡᠳᠴᠢᠳᠡᠨ᠎ᠢ ᠡᠮᠨᠡᠯᠬᠡ᠎ᠳ᠋ᠤ ᠬᠦᠷᠬᠡᠬᠦ ᠂ ᠴᠢᠨᠠᠭᠰᠢᠯᠠᠪᠠᠯ ᠳᠦᠬᠡᠷᠢᠭᠰᠡᠨ ᠨᠢᠭᠡ᠎ᠶᠢ᠎ᠨᠢ ᠡᠷᠢᠵᠦ ᠬᠠᠢᠬᠤ ᠵᠡᠷᠭᠡ ᠮᠠᠯᠴᠢᠳ᠎ᠤᠨ ᠦᠢᠯᠡᠳᠪᠤᠷᠢᠯᠡᠯ ᠠᠮᠢᠳᠤᠷᠠᠯ᠎ᠤᠨ ᠲᠤᠮᠳᠠᠬᠢ ᠶᠠᠪᠤᠳᠠᠯ᠎ᠤᠳ᠎ᠢ ᠨᠢᠭᠡᠳ ᠨᠢᠭᠡ᠎ᠪᠠᠷ ᠰᠢᠢᠳᠪᠤᠷᠢᠯᠡᠵᠤ ᠦᠭᠬᠦ᠎ᠶᠢᠨ ᠲᠠᠭᠠᠤ ᠨᠤᠳᠤᠭ ᠪᠡᠯᠴᠢᠬᠡᠷ᠎ᠢ ᠬᠠᠮᠠᠭᠠᠯᠠᠬᠤ ᠂ ᠮᠠᠯ ᠪᠡᠯᠴᠢᠬᠡᠷ᠎ᠤᠨ ᠲᠠᠩᠴᠡᠬᠦᠷᠢ᠎ᠶᠢ ᠪᠠᠳᠤᠯᠠᠬᠤ ᠂ ᠨᠤᠳᠤᠭ ᠪᠡᠯᠴᠢᠭᠡᠷ᠎ᠤᠨ ᠬᠠᠤᠯᠢ ᠭᠡᠷᠡᠭᠵᠢᠬᠦᠯᠬᠦ ᠂ ᠨᠤᠳᠤᠭ ᠪᠡᠯᠴᠢᠭᠡᠷ᠎ᠤᠨ ᠲᠤᠢᠮᠠᠷ᠎ᠢ ᠰᠡᠷᠭᠡᠢᠯᠡᠬᠦ ᠂ ᠲᠠᠷᠠᠴᠢᠯᠠᠨ ᠵᠤᠰᠠᠯᠠᠡᠭ᠎ᠤᠨ ᠮᠠᠯᠴᠢᠳ᠎ᠲᠤ ︽ ᠲᠦᠷᠦ᠎ᠶᠢᠨ ᠪᠤᠳᠤᠯᠭ᠎ᠠ ᠬᠦᠷᠭᠡᠬᠦ ︾ ᠂ ︽ ᠮᠡᠷᠭᠡᠵᠢᠯ ᠬᠦᠷᠭᠡᠬᠦ ︾ ᠂ ︽ ᠮᠡᠳᠡᠭᠡ ᠵᠠᠡᠭᠬᠢ ᠬᠦᠷᠭᠡᠬᠦ ︾ ᠮᠡᠳᠤᠴᠢᠯᠠᠨ ᠡᠳᠤᠷ ᠲᠤᠳᠤᠮ᠎ᠤᠨ ᠠᠵᠢᠯ᠎ᠢ ᠴᠤ ᠬᠠᠷᠢᠭᠤᠴᠠᠳᠠᠭ ᠃ ᠨᠢᠳᠤᠨᠤᠨ ᠨᠢᠭᠡᠯᠬᠡᠨ ᠵᠢᠯ᠎ᠳ᠋ᠤ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ ᠲᠡᠮᠤᠷ ᠬᠦᠯᠦᠭ ᠵᠤᠰᠠᠯᠠᠡᠭ᠎ᠤᠨ ᠠᠢᠯ᠎ᠤᠳ᠎ᠢᠶᠠᠷ 10 ᠲᠦᠮᠨ ᠰᠢᠬᠠᠮ ᠭᠠᠵᠠᠷ ᠲᠠᠪᠬᠢᠭᠰᠠᠨ ᠲᠡᠮᠳᠡᠭᠯᠡᠯ᠎ᠲᠠᠢ ᠠᠵᠢ ᠃






ᠨᠠᠷᠠ ᠴᠠᠭᠠᠰᠢᠯᠠᠵᠤ ᠦᠳᠡ ᠦᠩᠬᠡᠷᠡᠬᠦ᠎ᠪᠠᠷ ᠰᠠᠷᠢᠬᠦᠨ ᠰᠠᠯᠬᠢ ᠰᠠᠡᠭᠬᠢᠨᠠᠵᠤ ᠂ ᠰᠡᠳᠬᠢᠯ᠎ᠳ᠋ᠤ ᠨᠢᠬᠡ ᠯᠡ ᠠᠶᠠᠳᠠᠢᠬᠠᠨ ᠃ ᠬᠠᠷᠠᠵᠠ ᠭᠠᠴᠠᠭᠠᠨ᠎ᠤ ᠵᠤᠰᠠᠯᠠᠡᠭ᠎ᠳ᠋ᠤ ᠮᠠᠯ᠎ᠤᠨ ᠰᠢᠯᠦᠭᠡᠢ ᠡᠪᠡᠳᠴᠢᠨ᠎ᠢ ᠰᠡᠷᠭᠡᠢᠯᠡᠬᠦ ᠲᠠᠷᠢᠯᠭ᠎ᠠ ᠲᠠᠷᠢᠬᠤ ᠭᠡᠵᠤ ᠰᠤᠮᠤᠨ᠎ᠤ ᠮᠠᠯ ᠡᠮᠨᠡᠯᠭᠡ᠎ᠶᠢᠨ ᠠᠵᠢᠯᠯᠠᠬᠤ ᠦᠷᠳᠡᠭᠡᠨ᠎ᠤ ᠭᠡᠳᠤᠨ ᠠᠵᠢᠯᠳᠠᠨ ᠤᠨᠠᠭᠰᠠᠨ ᠮᠠᠯᠠᠭᠠᠢ᠎ᠪᠠᠨ ᠠᠪᠬᠤ ᠵᠠᠪ ᠦᠬᠡᠢ ᠶᠠᠭᠠᠷᠠᠯᠳᠤᠨ᠎ᠠ ᠃ ᠭᠡᠷᠴᠢᠯᠠᠭᠤ ᠰᠤᠮᠤᠨ᠎ᠤ᠎ᠬᠢᠨ ᠮᠠᠯ᠎ᠤᠨ ᠡᠬᠦᠯᠳᠡᠷ᠎ᠢ ᠰᠠᠢᠵᠢᠷᠠᠭᠤᠯᠤᠨ ᠦᠷ᠎ᠠ ᠠᠰᠢᠭ᠎ᠢ ᠨᠡᠮᠡᠭᠳᠡᠬᠦᠯᠵᠤ ᠂ ᠬᠡᠮ ᠬᠢᠵᠢᠭ᠎ᠢ ᠰᠡᠷᠭᠡᠢᠯᠡᠬᠦ᠎ᠶᠢᠨ ᠲᠦᠯᠦᠭᠡ ᠂ 2018 ᠤᠨ᠎ᠳ᠋ᠤ ᠬᠤᠤᠯᠢᠨ ᠭᠤᠤᠯ᠎ᠤᠨ ᠵᠤᠰᠠᠯᠠᠡᠭ᠎ᠳ᠋ᠤ 36 ᠭᠡᠭᠡᠯᠳᠤᠬᠦᠯᠭᠡ᠎ᠶᠢᠨ ᠴᠡᠭ ᠪᠠᠢᠭᠤᠯᠤᠭᠰᠠᠨ ᠪᠠᠢᠵᠠᠢ ᠃

︽ ᠮᠠᠯ᠎ᠤᠨ ᠬᠡᠮ ᠬᠢᠵᠢᠭ᠎ᠢ ᠰᠡᠷᠭᠡᠢᠯᠡᠬᠦ ᠪᠤᠯ ᠴᠢᠬᠤᠯᠠ ᠠᠵᠢᠯ ᠃ ᠵᠠᠷᠢᠮ ᠡᠷᠤᠭᠡ᠎ᠶᠢᠨ᠎ᠬᠢᠨ ᠮᠠᠯ᠎ᠤᠨ ᠳᠠᠷᠢᠯᠭ᠎ᠠ᠎ᠡᠴᠠ ᠬᠤᠵᠢᠭᠳᠠᠭᠰᠠᠨ ᠪᠠᠢᠪᠠᠯ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠰᠤᠮᠤᠨ᠎ᠤ ᠮᠠᠯ ᠡᠮᠨᠡᠯᠭᠡ᠎ᠶᠢᠨ ᠠᠵᠢᠯᠯᠠᠬᠤ ᠦᠷᠳᠡᠭᠡ᠎ᠲᠠᠢ ᠬᠠᠷᠢᠯᠴᠠᠵᠤ ᠂ ᠡᠳᠤᠷ ᠴᠠᠭ ᠪᠤᠯᠵᠤᠵᠤ ᠲᠤᠭᠳᠠᠭᠠᠳ ᠵᠤᠰᠠᠯᠠᠡᠭ᠎ᠤᠨ ᠭᠡᠭᠡᠯᠳᠤᠬᠦᠯᠭᠡ᠎ᠶᠢᠨ ᠴᠡᠭ᠎ᠲᠤ ᠮᠠᠯ ᠤᠨᠤᠭ᠎ᠠ᠎ᠳ᠋ᠤᠨᠢ ᠲᠠᠷᠢᠯᠭ᠎ᠠ ᠲᠠᠷᠢᠵᠤ ᠦᠭᠳᠡᠭ ︾ ᠭᠡᠵᠤ ᠦᠳᠡ᠎ᠶᠢᠨ ᠬᠤᠭᠤᠯᠠᠨ᠎ᠤ ᠲᠠᠷᠠᠭ᠎ᠠ ᠬᠠᠷᠠᠵᠠ ᠭᠠᠴᠠᠭᠠᠨ᠎ᠤ ᠵᠤᠰᠠᠯᠠᠡᠭ᠎ᠢᠶᠠᠷ ᠮᠠᠯ᠎ᠤᠨ ᠲᠠᠷᠢᠯᠭ᠎ᠠ᠎ᠶᠢᠨ ᠠᠵᠢᠯ᠎ᠢ ᠪᠠᠢᠴᠠᠭᠠᠵᠤ ᠶᠠᠪᠤᠭ᠎ᠠ ᠡᠷᠳᠡᠨᠢᠪᠢᠯᠢᠭ ᠶᠠᠷᠢᠨ᠎ᠠ ᠃ ᠡᠨᠡ ᠬᠦ ᠦᠳᠡ᠎ᠶᠢᠨ ᠬᠤᠢᠨ᠎ᠠ ᠂ ᠰᠤᠮᠤᠨ᠎ᠤ ᠮᠠᠯ ᠡᠮᠨᠡᠯᠭᠡ᠎ᠶᠢᠨ ᠠᠵᠢᠯᠯᠠᠬᠤ ᠦᠷᠳᠡᠭᠡᠨ᠎ᠤ ᠭᠡᠳᠤᠨ ᠠᠵᠢᠯᠳᠠᠨ ᠬᠠᠷᠠᠵᠠ ᠭᠠᠴᠠᠭᠠᠨ᠎ᠤ ᠮᠠᠯᠴᠢᠨ ᠬᠠᠩᠭᠠᠢ᠎ᠶᠢᠨ 80 ᠦᠬᠡᠷ᠎ᠲᠤ ᠰᠢᠯᠦᠭᠡᠢ ᠡᠪᠡᠳᠴᠢᠨ᠎ᠢ ᠰᠡᠷᠭᠡᠢᠯᠡᠬᠦ ᠲᠠᠷᠢᠯᠭ᠎ᠠ ᠲᠠᠷᠢᠵᠤ ᠦᠭᠴᠠᠢ ᠃ ︽ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠮᠠᠯᠴᠢᠨ ᠲᠦᠮᠡᠨ᠎ᠳ᠋ᠤ ᠮᠠᠰᠢ ᠠᠴᠢ ᠲᠤᠰᠠ ᠦᠵᠡᠬᠦᠯᠵᠤ ᠪᠠᠢᠨ᠎ᠠ ᠂ ᠶᠠᠷᠤ᠎ᠨᠢ ᠮᠠᠯᠴᠢᠨ ᠲᠦᠮᠡᠨ᠎ᠢᠶᠡᠨ ᠲᠡᠭᠡᠳᠤᠯᠠᠵᠤ ᠂ ᠮᠠᠯᠴᠢᠨ ᠲᠦᠮᠡᠨ᠎ᠤ᠎ᠪᠠᠨ ᠰᠠᠨᠠᠭᠠᠰᠢᠷᠠᠵᠤ ᠪᠠᠢᠭ᠎ᠠ ᠠᠰᠠᠭᠤᠳᠠᠯ᠎ᠢ ᠴᠠᠭ ᠲᠤᠬᠠᠢ᠎ᠳ᠋ᠤᠨᠢ ᠰᠢᠢᠳᠪᠤᠷᠢᠯᠡᠨ ᠦᠭᠴᠦ ᠪᠠᠢᠨ᠎ᠠ ᠃ ᠨᠡᠬᠦᠳᠠᠯ ᠮᠠᠯᠵᠢᠯ᠎ᠤᠨ ᠨᠠᠮ᠎ᠤᠨ ᠡᠬᠦᠷ᠎ᠤᠨ ᠬᠠᠪᠰᠤᠷᠤᠯᠭ᠎ᠠ ᠲᠠᠮᠵᠢᠯᠭᠡ ᠲᠤᠤᠷ᠎ᠠ ᠵᠤᠰᠠᠯᠠᠡᠭ᠎ᠤᠨ ᠮᠠᠯᠴᠢᠳ ᠵᠤᠯ ᠵᠢᠷᠭᠠᠯᠳᠠᠢ ᠵᠤᠰᠠᠵᠤ ᠪᠠᠢᠨ᠎ᠠ ᠰᠢᠤ ︕ ︾ ᠭᠡᠵᠤ ᠮᠠᠯᠴᠢᠨ ᠬᠠᠩᠭᠠᠢ ᠮᠠᠯ᠎ᠤᠨ ᠬᠢᠵᠢᠭ ᠲᠠᠷᠢᠬᠰᠠᠨ ᠬᠦᠰᠦᠨᠦᠭ᠎ᠲᠤ ᠭᠠᠷ᠎ᠤᠨ ᠦᠰᠦᠭ ᠵᠢᠷᠤᠬᠤ᠎ᠶᠢᠨ ᠲᠠᠭᠠᠤ ᠪᠠᠶᠠᠷᠳᠠᠢ ᠶᠠᠷᠢᠨ᠎ᠠ ᠃

ᠬᠤᠤᠯᠢᠨ ᠭᠤᠤᠯ᠎ᠤᠨ ᠵᠤᠰᠠᠯᠠᠡᠭ᠎ᠤᠨ ᠮᠠᠯᠴᠢᠳ ᠶᠡᠭᠡ ᠪᠠᠭ᠎ᠠ ᠶᠠᠪᠤᠳᠠᠯ ᠲᠤᠬᠢᠶᠠᠯᠳᠤᠭᠰᠠᠭᠠᠷ ᠶᠠᠭᠤᠨ᠎ᠤ ᠡᠮᠤᠨ᠎ᠠ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠢᠶᠡᠨ ᠡᠷᠢᠬᠦ᠎ᠨᠢ ᠶᠠᠷᠤᠳᠠ᠎ᠶᠢᠨ ᠵᠤᠷᠰᠢᠯ ᠪᠤᠯᠵᠠᠢ ᠃ ᠨᠡᠬᠦᠳᠡᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠵᠤᠰᠠᠯᠠᠩ᠎ᠳ᠋ᠤ ᠪᠠᠭᠤᠬᠤ 3 ᠰᠠᠷ᠎ᠠ᠎ᠶᠢᠨ ᠬᠤᠭᠤᠴᠠᠭᠠᠨ᠎ᠳ᠋ᠤ ᠶᠡᠷᠤ᠎ᠳ᠋ᠡᠭᠡᠨ 5  6 ᠤᠳᠠᠭ᠎ᠠ ᠨᠠᠮ᠎ᠤᠨ ᠡᠬᠦᠷ᠎ᠤᠨ ᠬᠤᠷᠠᠯ ᠬᠤᠷᠠᠯᠳᠤᠭᠤᠯᠵᠤ ᠂ ᠰᠤᠷᠤᠯᠴᠠᠯᠭ᠎ᠠ ᠪᠤᠯᠪᠠᠰᠤᠷᠠᠯ᠎ᠢᠶᠡᠨ ᠴᠢᠡᠭᠭᠠᠳᠬᠠᠬᠤ᠎ᠶᠢᠨ ᠲᠠᠭᠠᠤ ᠵᠤᠰᠠᠯᠠᠩ᠎ᠤᠨ 800 ᠰᠢᠬᠠᠮ ᠮᠠᠯᠴᠢᠨ ᠲᠦᠮᠡᠨ᠎ᠳ᠋ᠡᠭᠡᠨ ᠦᠢᠯᠡᠴᠢᠯᠡᠬᠡ ᠬᠠᠩᠭᠠᠵᠤ ᠪᠤᠢ ᠃ ︽ ᠬᠤᠤᠯᠢᠨ ᠭᠤᠤᠯ᠎ᠤᠨ ᠵᠤᠰᠠᠯᠠᠡᠭ᠎ᠤᠨ ᠨᠤᠳᠤᠭ ᠪᠡᠯᠴᠢᠭᠡᠷ ᠦᠷᠭᠡᠨ ᠠᠭᠤᠳᠠᠮ ᠂ ᠮᠠᠯᠵᠢᠬᠤ ᠡᠷᠤᠭᠡ ᠲᠠᠷᠠᠬᠠᠢ ᠪᠤᠳᠠᠷᠬᠠᠢ ᠰᠠᠭᠤᠷᠢᠰᠢᠨ ᠵᠠᠮ ᠬᠠᠷᠢᠯᠴᠠᠭ᠎ᠠ ᠲᠦᠬᠦᠮ ᠦᠭᠡᠢ᠎ᠡᠴᠠ ᠪᠤᠯᠵᠤ ᠨᠠᠮ᠎ᠤᠨ ᠡᠬᠦᠷ᠎ᠤᠨ ᠬᠤᠷᠠᠯ ᠡᠷᠬᠢᠯᠡᠵᠤ ᠰᠤᠷᠤᠯᠴᠠᠯᠭ᠎ᠠ ᠬᠢᠬᠦ᠎ᠳ᠋ᠤ ᠪᠠᠬᠠᠨ ᠳᠦᠪᠡᠭᠳᠡᠢ ᠃ ᠭᠡᠪᠠᠴᠤ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠤᠯᠠᠡᠭᠬᠢ᠎ᠳᠠᠭᠠᠨ ᠨᠠᠮ᠎ᠤᠨ ᠡᠬᠦᠷ᠎ᠤᠨ ᠬᠤᠷᠠᠯ᠎ᠢ ᠰᠢᠭᠤᠳ ᠵᠤᠰᠠᠯᠡᠡᠭ᠎ᠢᠶᠠᠷ ᠲᠤᠭᠤᠷᠢᠵᠤ ᠬᠤᠷᠠᠯᠳᠤᠭᠤᠯᠵᠤ ᠂ ᠨᠠᠮ᠎ᠤᠨ ᠬᠠᠮᠢᠶ᠎ᠠ ᠪᠦᠬᠦᠢ ᠲᠦᠷᠦ᠎ᠶᠢᠨ ᠪᠤᠳᠤᠯᠭ᠎ᠠ ᠪᠠᠢᠷᠢᠯᠠᠭᠤᠯᠤᠯᠳᠠ ᠱᠠᠭᠠᠷᠳᠠᠯᠭ᠎ᠠ᠎ᠶᠢ ᠴᠠᠭ ᠲᠤᠬᠠᠢ᠎ᠳ᠋ᠤᠨᠢ ᠪᠢᠳᠠᠨ᠎ᠳ᠋ᠤ ᠤᠯᠠᠮᠵᠢᠯᠠᠨ ᠰᠤᠷᠤᠯᠴᠠᠭᠤᠯᠬᠤ᠎ᠶᠢᠨ ᠬᠠᠮᠳᠤ ᠮᠠᠯᠴᠢᠳ᠎ᠲᠠᠭᠠᠨ ᠦᠢᠯᠡᠴᠢᠯᠡᠵᠤ ᠂ ᠮᠠᠯᠴᠢᠳ᠎ᠤᠨ᠎ᠢᠶᠡᠨ ᠭᠡᠷᠡᠭᠴᠡᠭᠡ ᠱᠠᠭᠠᠷᠳᠠᠯᠭ᠎ᠠ᠎ᠶᠢ ᠬᠠᠡᠭᠭᠠᠳᠠᠭ ︾ ᠭᠡᠵᠤ ᠬᠦᠭᠡᠭᠳᠤ ᠭᠠᠴᠠᠭᠠᠨ᠎ᠤ ᠮᠠᠯᠴᠢᠨ ᠨᠠᠮ᠎ᠤᠨ ᠭᠡᠰᠢᠬᠦᠨ ᠴᠡᠡᠭᠭᠡᠯᠳᠤ ᠭᠡᠯᠡᠨ᠎ᠠ ᠃

ᠵᠠᠷᠤᠳ ᠬᠤᠰᠢᠭᠤᠨ᠎ᠤ ᠭᠡᠷᠴᠢᠯᠠᠭᠤ ᠰᠤᠮᠤ᠎ᠶᠢᠨ ᠬᠤᠤᠯᠢᠨ ᠭᠤᠤᠯ᠎ᠤᠨ ᠵᠤᠰᠠᠯᠠᠡᠭ᠎ᠳ᠋ᠤ 130 ᠲᠦᠮᠡᠨ ᠮᠦ ᠨᠤᠳᠤᠭ ᠪᠡᠯᠴᠢᠭᠡᠷ᠎ᠲᠠᠢ ᠪᠠᠢᠵᠤ ᠂ ᠭᠠᠴᠠᠭ᠎ᠠ᠎ᠪᠠᠷ ᠨᠢᠭᠡᠴᠢ ᠪᠤᠯᠭᠠᠨ ᠡᠵᠡᠡᠭᠨᠠᠵᠤ ᠪᠠᠢᠨ᠎ᠠ ᠃ ᠵᠢᠯ ᠪᠦᠷᠢ᠎ᠶᠢᠨ 5 ᠰᠠᠷ᠎ᠠ᠎ᠶᠢᠨ ᠰᠡᠬᠦᠯᠴᠢ 6 ᠰᠠᠷ᠎ᠠ᠎ᠶᠢᠨ ᠡᠬᠢ᠎ᠪᠠᠷ ᠬᠡᠷᠴᠢᠯᠠᠭᠤ ᠰᠤᠮᠤ᠎ᠶᠢᠨ 16 ᠭᠠᠴᠠᠭᠠᠨ᠎ᠤ 300 ᠭᠠᠷᠤᠢ ᠮᠠᠯᠵᠢᠬᠤ ᠡᠷᠤᠭᠡ᠎ᠶᠢᠨ᠎ᠬᠢᠨ ᠦᠭᠡᠷ ᠠᠳᠤᠭᠤ᠎ᠪᠠᠨ ᠬᠦᠭᠡᠭᠡᠵᠤ ᠂ ᠬᠤᠤᠯᠢᠨ ᠭᠤᠤᠯ᠎ᠤᠨ ᠵᠤᠰᠠᠯᠠᠡᠭ᠎ᠳᠠᠭᠠᠨ ᠢᠷᠠᠵᠤ ᠵᠤᠰᠠᠳᠠᠭ ᠂ 9 ᠰᠠᠷ᠎ᠠ᠎ᠶᠢᠨ ᠰᠡᠬᠦᠯᠴᠢ 10 ᠰᠠᠷ᠎ᠠ᠎ᠶᠢᠨ ᠡᠬᠢ᠎ᠪᠠᠷ ᠰᠠᠶᠢ ᠡᠪᠤᠯᠵᠢᠶ᠎ᠡ᠎ᠳ᠋ᠡᠭᠡᠨ ᠪᠤᠴᠠᠳᠠᠭ ᠶᠤᠮ ᠃

ᠤᠨᠠᠬᠤ ᠨᠠᠷᠠ ᠠᠭᠤᠯᠠᠨ ᠲᠤᠯᠤᠭᠠᠢ ᠰᠢᠬᠦᠷᠴᠦ ᠂ ᠤᠯᠠᠭᠠᠨ ᠲᠤᠯᠤᠩ᠎ᠢᠶᠡᠨ ᠴᠡᠴᠡᠭᠳᠤ ᠲᠠᠯ᠎ᠠ᠎ᠳ᠋ᠤ ᠰᠠᠴᠤᠯ᠎ᠠ ᠃ ᠬᠦᠬᠡᠮᠳᠦᠭ ᠠᠭᠤᠯᠠ ᠨᠤᠭᠤᠭᠠᠨ ᠲᠠᠯ᠎ᠠ ᠂ ᠬᠤᠤᠯᠢᠨ ᠭᠤᠤᠯ᠎ᠤᠨ ᠲᠠᠨᠵᠢᠨ᠎ᠳ᠋ᠤ ᠪᠠᠯᠴᠢᠬᠡ ᠦᠭᠡᠷ ᠠᠳᠤᠭᠤ ᠂ ᠮᠤᠡᠭᠭᠤᠯ ᠭᠡᠷ᠎ᠤᠨ ᠲᠤᠭᠤᠨᠤ᠎ᠪᠠᠷ ᠰᠤᠭᠤᠨᠤᠭᠯᠠᠬᠤ ᠤᠳᠤᠭ᠎ᠠ ᠁ ᠡᠨᠡ ᠪᠦᠬᠦᠨ ᠨᠠᠢᠯᠡᠭᠡᠳ ᠠᠮᠤᠭᠤᠯᠠᠡᠭᠳᠤ ᠨᠤᠳᠤᠭ᠎ᠤᠨ ᠵᠢᠷᠤᠭᠳᠤ ᠶᠢᠷᠳᠢᠨᠴᠤ᠎ᠶᠢ ᠪᠤᠳᠤᠭᠯᠠᠨ᠎ᠠ ᠃

ᠠᠭᠤᠳᠠᠮ ᠲᠠᠯ᠎ᠠ᠎ᠶᠢ ᠴᠢᠮᠡᠭᠯᠡᠭᠰᠡᠨ

ᠦᠡᠭᠭᠡᠳᠤ ᠴᠡᠴᠡᠭ᠎ᠨᠢ ᠭᠤᠶᠤᠬᠠᠨ ᠳ᠋ᠠ ᠬᠦ᠋

ᠦᠷᠭᠡᠨ ᠲᠦᠮᠡᠨ᠎ᠢᠶᠡᠨ ᠵᠢᠯᠤᠭᠤᠳᠤᠭᠰᠠᠨ

ᠦᠷᠦᠰᠢᠶᠠᠯᠳᠤ ᠨᠠᠮ ᠮᠢᠨᠢ ᠰᠤᠳᠤᠬᠠᠨ ᠳ᠋ᠠ ᠬᠦ᠋

᠁

ᠡᠷᠳᠡᠨᠢᠪᠢᠯᠢᠭ ᠂ ᠢᠤᠢ ᠮᠢᠡᠭ ᠂ ᠲᠡᠭᠰᠢ ᠭᠤᠷᠪᠠᠭᠤᠯᠠ ᠮᠠᠰᠢᠨ ᠲᠡᠷᠭᠡᠨ᠎ᠤ ᠷᠠᠳᠢᠣ᠋᠎ᠡᠴᠠ ᠤᠶᠠᠩᠭᠠᠷᠠᠭᠰᠠᠨ ᠡᠨᠡ ᠬᠦ ᠠᠶ᠎ᠠ ᠲᠠᠭᠤᠤ᠎ᠶᠢᠨ ᠲᠤᠮᠳᠠ ᠰᠤᠭᠳᠤᠭᠤᠷᠠᠩᠬᠠᠨ ᠠᠵᠢᠯ᠎ᠤᠨ ᠦᠷᠳᠡᠭᠡ᠎ᠳ᠋ᠡᠭᠡᠨ ᠪᠤᠴᠠᠬᠤ ᠵᠠᠮ᠎ᠢᠶᠡᠨ ᠡᠯᠬᠦᠯ᠎ᠠ ᠃ ᠬᠤᠤᠯᠢᠨ ᠭᠤᠤᠯ᠎ᠤᠨ ᠵᠤᠰᠠᠯᠠᠡᠭ᠎ᠤᠨ ᠨᠠᠷᠠ ᠰᠠᠯᠬᠢᠨ᠎ᠳ᠋ᠤ ᠪᠤᠷᠤᠯᠠᠭᠰᠠᠨ ᠲᠠᠳᠠ ᠭᠤᠷᠪᠠᠭᠤᠯᠠ᠎ᠶᠢᠨ ᠴᠢᠷᠠᠢ᠎ᠳ᠋ᠤ ᠪᠠᠶᠠᠷ᠎ᠤᠨ ᠮᠦᠰᠢᠶᠠᠳᠤ ᠲᠤᠳᠤᠷᠠᠩᠬᠠᠨ ᠁

ᠰᠤᠷᠪᠤᠯᠵᠢᠯᠠᠭᠴᠢ᠎ᠶᠢᠨ ᠡᠪᠤᠷ ᠲᠠᠮᠳᠡᠭᠯᠡᠯ ᠄

ᠵᠠᠷᠤᠳ ᠬᠤᠰᠢᠭᠤᠨ᠎ᠤ ᠭᠡᠷᠴᠢᠯᠠᠭᠤ ᠰᠤᠮᠤ᠎ᠶᠢᠨ ᠬᠤᠤᠯᠢᠨ ᠭᠤᠤᠯ᠎ᠤᠨ ᠵᠤᠰᠠᠯᠠᠡᠭ ᠪᠤᠯ ᠤᠯᠠᠮᠵᠢᠯᠠᠯᠳᠤ ᠨᠡᠬᠦᠳᠠᠯ ᠮᠠᠯᠵᠢᠯ᠎ᠤᠨ ᠭᠡᠯᠪᠡᠷᠢ᠎ᠪᠠᠷ ᠵᠤᠰᠠᠵᠤ ᠪᠠᠢᠳᠠᠭ᠎ᠢᠶᠠᠷ᠎ᠢᠶᠡᠨ ᠲᠦᠡᠭᠯᠢᠶᠤᠤ ᠬᠤᠳᠠ᠎ᠶᠢᠨ ᠴᠤᠷ᠎ᠤᠨ ᠭᠠᠭᠴᠠ ᠂ ᠪᠦᠬᠦ ᠤᠷᠤᠨ᠎ᠤ ᠴᠦᠬᠡᠨ ᠬᠡᠳᠤᠨ ᠨᠡᠬᠦᠳᠠᠯᠯᠠᠨ ᠮᠠᠯᠵᠢᠵᠤ ᠪᠠᠢᠭ᠎ᠠ ᠭᠠᠵᠠᠷ᠎ᠤᠨ ᠨᠢᠬᠡᠨ ᠪᠤᠯᠬᠤ ᠶᠤᠮ ᠃ ᠬᠡᠳᠤᠨ ᠡᠳᠤᠷ᠎ᠤᠨ ᠰᠤᠷᠪᠤᠯᠵᠢᠯᠠᠭ᠎ᠠ᠎ᠳᠠᠭᠠᠨ ᠪᠢᠳᠡ ᠡᠨᠳᠡᠬᠢ ᠪᠠᠢᠭᠠᠯᠢ᠎ᠶᠢᠨ ᠦᠩᠬᠡ ᠦᠵᠡᠮᠵᠢ᠎ᠳ᠋ᠤ ᠰᠤᠭᠳᠤᠭᠤᠷᠠᠵᠤ ᠶᠠᠪᠤᠯ᠎ᠠ ᠂ ᠡᠨᠳᠡᠬᠢ ᠮᠠᠯᠴᠢᠨ ᠠᠷᠠᠳ᠎ᠤᠨ ᠠᠮᠤᠷ ᠵᠢᠷᠭᠠᠯᠳᠤ ᠠᠮᠢᠳᠤᠷᠠᠯ᠎ᠢ ᠪᠢᠰᠢᠷᠡᠵᠤ ᠶᠠᠪᠤᠯ᠎ᠠ ᠃ ᠬᠡᠬᠦ᠎ᠳ᠋ᠡᠭᠡᠨ ᠡᠨᠡ ᠪᠦᠬᠦᠨ᠎ᠨᠢ ᠬᠤᠤᠯᠢᠨ ᠭᠤᠤᠯ᠎ᠤᠨ ᠵᠤᠰᠠᠯᠠᠡᠭ᠎ᠤᠨ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠡᠴᠠ ᠰᠠᠯᠵᠤ ᠴᠢᠳᠠᠬᠤ ᠦᠬᠡᠢ ᠬᠡᠰᠡᠨ᠎ᠢ ᠰᠡᠳᠬᠢᠯ᠎ᠢᠶᠠᠷ᠎ᠢᠶᠡᠨ ᠮᠡᠳᠡᠷᠡᠭᠰᠡᠨ ᠪᠢᠯᠡ ᠃

ᠤᠷᠳᠤ᠎ᠶᠢᠨ ᠲᠠᠭᠤᠨ᠎ᠤ ᠤᠶᠠᠡᠭᠭᠠᠨ ᠨᠤᠭᠤᠯᠤᠭ᠎ᠠ ᠰᠢᠬ ᠠᠭᠤᠯᠨ ᠤᠰᠤ᠎ᠪᠠᠨ ᠬᠤᠯᠪᠤᠨ ᠲᠤᠭᠤᠯᠳᠠᠭ ᠮᠠᠯᠴᠢᠳ᠎ᠤᠨ ᠨᠠᠬᠦᠳᠠᠯ ᠮᠠᠯᠵᠢᠯ᠎ᠤᠨ ᠤᠳᠤᠷ᠎ᠤᠨ ᠠᠶᠠᠨ᠎ᠳ᠋ᠤ ᠂ ᠤᠰᠤᠨ᠎ᠤ ᠲᠤᠩᠭᠠᠯᠠᠭ ᠡᠪᠡᠰᠤᠨ᠎ᠤ ᠰᠢᠮ᠎ᠠ᠎ᠶᠢ ᠰᠤᠩᠭᠤᠵᠤ ᠲᠠᠷᠠᠬᠠᠢ ᠪᠤᠳᠠᠷᠬᠠᠢ ᠰᠠᠭᠤᠷᠢᠰᠢᠭᠰᠠᠨ ᠮᠠᠯᠴᠢᠳ᠎ᠤᠨ ᠵᠤᠰᠠᠯᠠᠩ᠎ᠳ᠋ᠤ ᠨᠠᠮ᠎ᠤᠨ ᠲᠦᠷᠦ᠎ᠶᠢᠨ ᠪᠤᠳᠤᠯᠭ᠎ᠠ ᠪᠠᠢᠷᠢᠯᠠᠭᠤᠯᠤᠯᠳᠠ ᠱᠠᠭᠠᠷᠳᠠᠯᠭ᠎ᠠ᠎ᠶᠢ ᠭᠡᠷᠬᠢᠨ ᠴᠠᠭ ᠲᠤᠬᠠᠢ᠎ᠳ᠋ᠤᠨᠢ ᠮᠠᠯᠴᠢᠨ ᠠᠷᠠᠳ᠎ᠲᠠᠭᠠᠨ ᠬᠦᠷᠭᠡᠬᠦ ᠪᠤᠢ ︖ ᠨᠠᠮ᠎ᠤᠨ ᠵᠤᠬᠢᠶᠠᠨ ᠪᠠᠢᠭᠤᠯᠤᠯᠳᠠ᠎ᠶᠢᠨ ᠲᠠᠢᠴᠢᠨ ᠪᠠᠬᠢᠯᠡᠯᠳᠠ᠎ᠶᠢᠨ ᠦᠢᠯᠡᠳᠤᠯ ᠂ ᠨᠠᠮ᠎ᠤᠨ ᠭᠡᠰᠢᠬᠦᠨ᠎ᠤ ᠬᠤᠰᠢᠭᠤᠴᠢ ᠵᠢᠱᠢᠶᠠᠴᠢ ᠤᠢᠯᠠᠳᠤᠯ᠎ᠢ ᠭᠡᠷᠬᠢᠨ ᠪᠠᠳᠠᠷᠠᠭᠤᠯᠬᠤ ᠪᠤᠢ ︖

ᠵᠠᠷᠤᠳ ᠬᠤᠰᠢᠭᠤᠨ᠎ᠤ ᠭᠡᠷᠴᠢᠯᠠᠭᠤ ᠰᠤᠮᠤ ᠤᠷᠤᠨ ᠨᠤᠳᠤᠭ᠎ᠤᠨ ᠪᠤᠳᠠᠳᠤ ᠪᠠᠢᠳᠠᠯ᠎ᠢᠶᠡᠨ ᠦᠨᠳᠤᠰᠤᠯᠡᠨ ᠬᠤᠤᠯᠢᠨ ᠭᠤᠤᠯ᠎ᠤᠨ ᠵᠤᠰᠠᠯᠠᠡᠭ᠎ᠳ᠋ᠤ ᠨᠡᠬᠦᠳᠠᠯ ᠮᠠᠯᠵᠢᠯ᠎ᠤᠨ ᠨᠠᠮ᠎ᠤᠨ ᠭᠡᠰᠢᠬᠦᠳ᠎ᠤᠨ ᠠᠵᠢᠯ᠎ᠤᠨ ᠦᠷᠳᠡᠭᠡ ᠪᠠᠢᠭᠤᠯᠵᠤ ᠂ ᠨᠠᠮ᠎ᠤᠨ ᠡᠬᠦᠷ᠎ᠤᠨ ᠵᠦᠪᠯᠡᠯ ᠂ ᠨᠠᠢᠭᠡᠮ᠎ᠤᠨ ᠶᠠᠪᠤᠳᠠᠯ᠎ᠤᠨ ᠬᠠᠮᠢᠶᠠᠷᠤᠯᠳᠠ ᠪᠠ ᠦᠢᠯᠡᠴᠢᠯᠡᠭᠡᠨ᠎ᠤ ᠠᠯᠪᠠᠨ ᠭᠡᠷ ᠂ ᠤᠳᠤᠷ᠎ᠤᠨ ᠠᠶᠠᠨ ᠵᠤᠰᠠᠯᠠᠩ᠎ᠤᠨ ᠭᠠᠵᠠᠷ᠎ᠤᠨ ᠰᠠᠢᠨ ᠲᠤᠷ᠎ᠠ᠎ᠶᠢᠨ ᠦᠢᠯᠡᠴᠢᠯᠡᠭᠡᠨ᠎ᠤ ᠠᠯᠪᠠᠨ ᠭᠡᠷ ᠵᠡᠷᠭᠡ᠎ᠶᠢ ᠲᠤᠬᠢᠷᠠᠭᠤᠯᠤᠨ ᠨᠠᠮ᠎ᠤᠨ ᠭᠡᠰᠢᠬᠦᠳ ᠪᠤᠯᠤᠨ ᠮᠠᠯᠴᠢᠳ᠎ᠲᠠᠭᠠᠨ ᠦᠢᠯᠡᠴᠢᠯᠡᠬᠦ ︽ ᠡᠴᠤᠰ᠎ᠤᠨ ᠨᠢᠭᠡ ᠺᠢᠯᠤᠮᠸᠲ᠋ᠷ ︾᠎ᠢ ᠰᠠᠭᠠᠳ ᠦᠬᠡᠢ ᠨᠡᠪᠳᠡᠷᠡᠬᠦᠯᠵᠤ ᠂ ᠮᠠᠯᠴᠢᠨ ᠠᠷᠠᠳ ᠬᠠᠮᠢᠭ᠎ᠠ ᠪᠠᠢᠪᠠᠯ ᠨᠠᠮ᠎ᠤᠨ ᠲᠠᠭᠠᠭᠤᠯᠭ᠎ᠠ ᠪᠠ ᠤᠳᠤᠷᠢᠳᠤᠯᠭ᠎ᠠ᠎ᠶᠢ ᠲᠡᠨᠳᠡ ᠪᠠᠢᠯᠭᠠᠨ ᠂ ᠮᠠᠯᠴᠢᠨ ᠠᠷᠠᠳ ᠬᠠᠮᠢᠭ᠎ᠠ ᠪᠠᠢᠪᠠᠯ ᠨᠠᠮ᠎ᠤᠨ ᠬᠠᠢᠷ᠎ᠠ ᠬᠠᠯᠠᠮᠵᠢ ᠪᠠ ᠬᠠᠯᠠᠭᠤᠨ ᠦᠢᠯᠡᠴᠢᠯᠡᠬᠡ᠎ᠶᠢ ᠲᠡᠨᠳᠡ ᠬᠦᠷᠬᠡᠭᠰᠡᠨ ᠠᠵᠢ ᠃

ᠠᠷᠠᠳ ᠲᠦᠮᠡᠨ᠎ᠢ ᠲᠡᠬᠡᠳᠤᠯᠡᠨ᠎ᠠ ᠃ ᠬᠤᠤᠯᠢᠨ ᠭᠤᠤᠯ᠎ᠤᠨ ᠵᠤᠰᠠᠯᠠᠡᠭ᠎ᠤᠨ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠮᠠᠯᠴᠢᠨ ᠲᠦᠮᠡᠨ᠎ᠳ᠋ᠤ ᠤᠢᠯᠠᠴᠢᠯᠡᠬᠦ ᠂ ᠮᠠᠯᠴᠢᠨ ᠲᠦᠮᠡᠨ᠎ᠢ ᠲᠠᠭᠡᠳᠤᠯᠡᠬᠦ ᠂ ᠮᠠᠯᠴᠢᠨ ᠲᠦᠮᠡᠨ᠎ᠳ᠋ᠤ ᠨᠢᠬᠳᠠ ᠲᠦᠰᠢᠭᠯᠡᠬᠦ ᠂ ᠮᠠᠯᠴᠢᠨ ᠲᠦᠮᠡᠨ᠎ᠳ᠋ᠤ ᠪᠤᠶᠠᠨ ᠦᠢᠯᠡᠳᠬᠦ ᠂ ᠮᠠᠯᠴᠢᠨ ᠲᠦᠮᠡᠨ᠎ᠤ ᠲᠤᠮᠳᠠ ᠪᠠᠳᠤ ᠦᠨᠳᠤᠰᠤᠯᠡᠬᠦ᠎ᠶᠢ ᠡᠷᠡᠰ ᠪᠠᠷᠢᠮᠳᠠᠯᠠᠬᠤ᠎ᠶᠢᠨ ᠬᠠᠮᠳᠤ ᠪᠤᠳᠠᠳᠠᠢ ᠠᠵᠢᠯ᠎ᠳᠠᠭᠠᠨ ᠨᠠᠢᠳᠠᠪᠤᠷᠢᠵᠢᠭᠤᠯᠵᠤ ᠂ ᠨᠠᠮ᠎ᠤᠨ ᠭᠡᠰᠢᠬᠦᠨ᠎ᠤ᠎ᠪᠠᠨ ᠰᠡᠳᠬᠢᠯ᠎ᠤᠨ ᠬᠠᠨᠢ ᠂ ᠮᠠᠯᠴᠢᠨ ᠲᠦᠮᠡᠨ᠎ᠤ᠎ᠪᠠᠨ ᠨᠠᠢᠳᠠᠪᠤᠷᠢᠳᠠᠢ ᠲᠦᠰᠢᠭ ᠪᠤᠯᠵᠠᠢ ᠃  

ᠠᠷᠠᠳ ᠲᠦᠮᠡᠨ᠎ᠳ᠋ᠤ ᠦᠢᠯᠡᠴᠢᠯᠡᠨ᠎ᠠ ᠃ ᠠᠯᠳᠠᠭᠤᠯ ᠮᠠᠯ᠎ᠢ᠎ᠨᠢ ᠡᠷᠢᠵᠦ ᠦᠭᠬᠦ ᠂ ᠮᠤᠡᠭᠭᠤᠯ ᠭᠡᠷ ᠪᠤᠰᠬᠠᠬᠤ᠎ᠳ᠋ᠤᠨᠢ ᠬᠠᠮᠵᠢᠯᠴᠠᠬᠤ ᠂ ᠨᠤᠳᠤᠭ ᠪᠡᠯᠴᠢᠬᠡᠷ᠎ᠢ ᠬᠠᠮᠠᠭᠠᠯᠠᠬᠤ ᠂ ᠮᠠᠯ ᠪᠡᠯᠴᠢᠬᠡᠷ᠎ᠤᠨ ᠲᠠᠩᠴᠡᠬᠦᠷᠢ᠎ᠶᠢ ᠪᠠᠳᠤᠯᠠᠬᠤ ᠂ ᠨᠤᠳᠤᠭ ᠪᠡᠯᠴᠢᠭᠡᠷ᠎ᠤᠨ ᠲᠤᠢᠮᠠᠷ᠎ᠢ ᠰᠡᠷᠭᠡᠢᠯᠡᠬᠦ ᠵᠡᠷᠬᠡ᠎ᠡᠴᠠ ᠠᠪᠤᠭᠠᠳ ᠲᠦᠷᠦ᠎ᠶᠢᠨ ᠪᠤᠳᠤᠯᠭ᠎ᠠ ᠂ ᠮᠡᠷᠭᠡᠵᠢᠯ ᠂ ᠮᠡᠳᠡᠭᠡ ᠵᠠᠡᠭᠬᠢ ᠬᠦᠷᠭᠡᠬᠦ ᠬᠦᠷᠳᠡᠯ᠎ᠠ ᠂ ᠬᠤᠤᠯᠢᠨ ᠭᠤᠤᠯ᠎ᠤᠨ ᠵᠤᠰᠠᠯᠠᠩ᠎ᠤᠨ ᠨᠠᠬᠦᠳᠠᠯ ᠮᠠᠯᠵᠢᠯ᠎ᠤᠨ ᠨᠠᠮ᠎ᠤᠨ ᠡᠬᠦᠷ᠎ᠤᠨ᠎ᠬᠢᠨ ᠠᠯᠢᠪᠠ ᠠᠵᠢᠯ᠎ᠢᠶᠡᠨ ᠴᠦᠮ ᠮᠠᠯᠴᠢᠨ ᠲᠦᠮᠡᠨ᠎ᠳ᠋ᠤ ᠦᠢᠯᠡᠴᠢᠯᠡᠬᠦ ᠬᠢᠵᠠᠭᠠᠷ ᠦᠬᠡᠢ ᠦᠢᠯᠡᠰ᠎ᠲᠤ ᠵᠤᠷᠢᠭᠤᠯᠵᠤ ᠂ ᠤᠭ ᠰᠠᠨᠠᠭ᠎ᠠ ᠡᠬᠦᠷᠭᠡ ᠬᠠᠷᠢᠭᠤᠴᠠᠯᠭ᠎ᠠ᠎ᠪᠠᠨ ᠡᠢᠨ ᠬᠦ ᠦᠢᠯᠡᠳᠦᠯᠬᠡᠵᠢᠬᠦᠯᠦᠭᠰᠡᠬᠡᠷ ᠁

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面