2022-02-21 09:36:02
— ᠥᠪᠡᠷᠲᠡᠭᠡᠨ ᠵᠠᠰᠠᠬᠤ ᠣᠷᠣᠨ ᠤ᠋ 《ᠣᠯᠠᠨ ᠲᠦᠮᠡᠨᠳᠦ ᠪᠣᠳᠠᠲᠤ ᠶᠠᠪᠤᠳᠠᠯ ᠬᠢᠵᠦ᠍ ᠥᠭ᠌ᠬᠦ》 ᠦᠶ᠋ᠯᠡᠳᠦᠯᠭᠡᠶ᠋ᠢᠨ ᠠᠵᠢᠯᠯᠠᠭᠠ ᠥᠷᠨᠢᠭᠦᠯᠦᠭ᠌ᠰᠡᠨ ᠲᠤᠬᠠᠶ ᠬᠦᠦᠷᠨᠢᠯ
ᠨᠠᠮᠤᠨ ᠲᠡᠦᠬᠡ ᠶ᠋ᠢᠨ ᠰᠤᠷᠤᠯᠴᠠᠯᠭᠠ ᠬᠥᠮᠦᠵᠢᠯᠢ ᠥᠷᠨᠢᠭᠦᠯᠦᠭ᠌ᠰᠡᠨᠡᠴᠡ ᠨᠠᠭᠠᠰᠢ᠂ ᠪᠦᠬᠦ᠌ ᠣᠷᠣᠨᠤ ᠡᠯᠡ ᠭᠠᠵᠠᠷ ᠤᠷᠤᠨ ᠡᠯᠡ ᠰᠠᠯᠠᠭᠠ ᠮᠥᠴᠢᠷ ᠦᠨ ᠬᠢᠨ ᠨᠠᠮ ᠤᠨ ᠲᠡᠦᠬᠡ ᠶ᠋ᠢ ᠰᠤᠷᠤᠯᠴᠠᠬᠤᠶ᠋ᠢ ᠲᠤᠷᠱᠢᠯᠭᠠᠪᠠᠨ ᠳ᠋ᠦᠩᠨᠡᠬᠦ᠌᠂ ᠪᠣᠳᠠᠲᠤ ᠪᠠᠢᠳᠠᠯᠢ ᠲᠤᠲᠤᠷᠬᠠᠢ ᠠᠵᠢᠭ᠍ᠯᠠᠬᠤ᠂ ᠠᠵᠢᠯᠢᠶᠠᠨ ᠠᠬᠢᠭᠤᠯᠬᠤ ᠲᠠᠶ ᠬᠠᠷᠢᠯᠴᠠᠨ ᠤᠶᠠᠯᠳᠤᠭᠤᠯᠵᠤ᠂ 《ᠠᠷᠠᠳ ᠲᠦᠮᠡᠨᠢᠶᠡᠷ ᠭᠣᠣᠯ ᠪᠣᠯᠭᠠᠬᠤ》 ᠬᠥᠭ᠌ᠵᠢᠯᠲᠡᠶ᠋ᠢᠨ ᠦᠵᠡᠯ ᠰᠠᠨᠠᠭᠠ ᠶ᠋ᠢ ᠪᠠᠲᠤ ᠪᠤᠢ ᠪᠣᠯᠭᠠᠵᠤ᠂ 《ᠤᠯᠠᠨ ᠲᠦᠮᠡᠨᠳᠦ ᠪᠣᠳᠠᠳᠤ ᠶᠠᠪᠤᠳᠠᠯ ᠬᠢᠵᠦ᠍ ᠥᠭ᠌ᠬᠦ》ᠦᠢᠯᠡᠳᠦᠯᠭᠡᠶ᠋ᠢᠨ ᠠᠵᠢᠯᠯᠠᠭᠠ ᠶ᠋ᠢ ᠯᠠᠪᠳᠠᠭᠤᠨ ᠪᠠᠲᠤᠲᠠᠢ ᠥᠷᠨᠢᠭᠦᠯᠪᠡ᠃ ᠥᠷᠭᠡᠨ ᠤᠯᠠᠨ ᠨᠠᠮ ᠤᠨ ᠭᠡᠱᠢᠭᠦᠨ ᠺᠠᠳ᠋ᠷ ᠡᠯᠡ ᠠᠵᠢᠯ ᠲᠦᠷᠦᠯᠦᠨ ᠪᠣᠳᠠᠲᠠᠢ ᠲᠠᠶ ᠪᠠᠨ ᠤᠶᠠᠯᠳᠤᠭᠤᠯᠤᠨ᠂ ᠲᠤᠬᠠᠢᠯᠠᠭ᠍ᠰᠠᠨ ᠠᠵᠢᠯ ᠳᠠᠭᠠᠨ ᠰᠠᠭᠤᠷᠢᠯᠠᠨ ᠠᠷᠠᠳ ᠲᠦᠮᠡᠨᠳᠦ ᠦᠢᠯᠡᠴᠢᠯᠡᠵᠦ᠍᠂ ᠴᠢᠷᠮᠠᠢᠨ ᠦᠢᠯᠡᠳᠦᠯᠭᠡᠵᠢᠭᠦᠯᠵᠦ᠍ ᠠᠷᠠᠳᠤᠨ ᠵᠣᠪᠠᠭᠤᠷᠢ ᠶ᠋ᠢ ᠱᠢᠢᠳᠪᠦᠷᠢᠯᠡᠵᠦ᠍᠂ ᠠᠷᠠᠳᠤᠨ ᠬᠦᠴᠢᠷᠳᠡᠯ ᠢ ᠱᠢᠢᠳᠪᠦᠷᠢᠯᠡᠨ᠂ ᠪᠣᠳᠠᠲᠠᠢ ᠶᠠᠪᠤᠳᠠᠯ ᠬᠢᠵᠦ᠍᠂ ᠬᠠᠢᠷᠠ ᠰᠡᠳᠭᠢᠯᠭᠡ ᠲᠡᠶ ᠠᠷᠠᠳ ᠤᠨ ᠠᠮᠢᠳᠤᠷᠠᠯ ᠤᠨ ᠬᠠᠢᠷᠠ ᠬᠠᠯᠠᠮᠵᠢ ᠂ ᠴᠢᠨᠠᠷ ᠰᠠᠢᠲᠠᠢ ᠵᠣᠯ ᠵᠢᠷᠭᠠᠯ ᠤ᠋ᠨ ᠬᠡᠮᠵᠢᠶᠡ ᠪᠡᠷ ᠨᠠᠮ ᠤᠨ ᠲᠡᠦᠬᠡ ᠶ᠋ᠢᠨ ᠰᠤᠷᠤᠯᠴᠠᠯᠭᠠ ᠶ᠋ᠢᠨ ᠦᠷᠡ ᠪᠦᠲᠦᠮᠵᠢ ᠶ᠋ᠢ ᠱᠢᠯᠭᠠᠪᠠ᠃
ᠠᠷᠠᠳᠤᠨ ᠠᠮᠢᠳᠤᠷᠠᠯᠳᠤ ᠪᠠᠭᠠ ᠶᠠᠪᠤᠳᠠᠯ ᠭᠡᠵᠦ᠍ ᠪᠠᠢᠬᠤ ᠦᠭᠡᠢ᠃ ᠦᠵᠡᠬᠦ᠌ ᠳᠦ ᠶᠠᠯᠢᠮ ᠦᠭᠡᠢ ᠵᠢᠵᠢᠭ ᠰᠠᠵᠢᠭ ᠶᠠᠪᠤᠳᠠᠯ ᠨᠢ ᠠᠷᠠᠳ ᠤᠯᠠᠨ ᠤ ᠰᠡᠳᠭᠢᠯ ᠳᠦ ᠬᠠᠷᠢᠨ ᠲᠤᠰ ᠪᠡᠶᠡ ᠶ᠋ᠢᠨ ᠠᠱᠢᠭ ᠲᠤᠰᠠ ᠲᠠᠶ ᠨᠢ ᠬᠣᠯᠪᠣᠭ᠍ᠳᠠᠬᠤ ᠶᠡᠬᠡ ᠶᠠᠪᠤᠳᠠᠯ ᠪᠣᠯᠤᠨᠠ᠃ ᠠᠷᠠᠳ ᠤᠯᠠᠨ ᠤ᠋ ᠵᠠᠷᠢᠮ ᠪᠠᠭᠠ ᠬᠦᠰᠡᠯ ᠱᠠᠭᠠᠷᠳᠠᠯᠭᠠᠶ᠋ᠢ ᠬᠣᠯᠪᠣᠭ᠍ᠳᠠᠯ ᠪᠦᠬᠦᠢ ᠲᠠᠪᠴᠠᠩ ᠪᠣᠯᠤᠨ ᠠᠷᠭᠠ ᠵᠠᠮᠢ᠋ᠢᠡᠷ ᠴᠠᠭ ᠲᠤᠬᠠᠢ ᠳᠤᠨᠢ ᠬᠦᠯᠢᠶᠡᠨ ᠠᠪᠴᠤ᠌ ᠦᠨᠳᠥᠷ ᠪᠦᠲᠦᠮᠵᠢᠲᠡᠢ ᠱᠢᠢᠳᠪᠦᠷᠢᠯᠡᠭᠰᠡᠨ ᠨᠢ ᠠᠷᠠᠳ ᠤᠯᠠᠨ ᠳᠤ ᠦᠨᠡᠨ ᠪᠣᠳᠠᠲᠠᠢ ᠬᠦᠷᠲᠡᠮᠵᠢ ᠶ᠋ᠢᠨ ᠲᠦᠷᠦᠭ᠌ᠳᠡᠯ ᠥᠭ᠌ᠭᠦᠭᠰᠡᠨ ᠪᠠᠢᠨᠠ᠃
ᠮᠠᠨᠤ ᠣᠷᠣᠨ ᠰᠦᠯᠵᠢᠶᠡᠨ ᠳᠡᠭᠡᠷᠡᠬᠢ ᠦᠶ᠋ᠯᠡᠴᠢᠯᠡᠭᠡᠨᠦ ᠬᠠᠯᠠᠮᠱᠢᠯ ᠤᠲᠠᠰᠤ᠂ ᠠᠯᠪᠠᠨ ᠰᠦᠯᠵᠢᠶᠡ᠂ ᠱᠢᠨᠡ ᠵᠠᠭᠤᠴᠢᠯᠠᠭᠤᠷᠤᠨ ᠣᠯᠠᠨ ᠨᠡᠢᠲᠡ ᠶ᠋ᠢᠨ ᠳ᠋ᠤᠭᠠᠷ ᠪᠤᠯᠤᠨ ᠨᠠᠮ ᠤ᠋ᠨ ᠬᠡᠰᠢᠭᠦᠨ ᠪᠠ ᠣᠯᠠᠨ ᠲᠦᠮᠡᠨᠦ ᠦᠶ᠋ᠯᠡᠴᠢᠯᠡᠭᠡᠨ ᠦ ᠲᠥᠪ᠂ ᠱᠢᠨᠡ ᠴᠠᠭ ᠦᠶᠡ ᠶ᠋ᠢᠨ ᠪᠣᠯᠪᠠᠰᠤᠨ ᠤ ᠦᠶ᠋ᠯᠡᠳᠦᠯᠭᠡ ᠶ᠋ᠢᠨ ᠲᠥᠪ ᠥᠷᠲᠡᠭᠡ ᠭᠠᠵᠠᠷ ᠵᠡᠷᠭᠡ ᠣᠯᠠᠨ ᠵᠦᠶ᠋ᠯ ᠦᠨ ᠠᠷᠭᠠ ᠵᠠᠮᠢᠶᠠᠷ 《ᠡᠭᠦᠳᠡᠪᠡᠨ ᠨᠡᠭᠡᠭᠡᠵᠦ᠍ ᠰᠠᠨᠠᠯ ᠬᠤᠷᠢᠶᠠᠬᠤ》 ᠪᠠᠷ ᠳᠠᠮᠵᠢᠭᠤᠯᠵᠦ᠂ ᠣᠯᠠᠨ ᠲᠦᠮᠡᠨᠦ ᠰᠠᠨᠠᠯ ᠢ ᠰᠣᠨᠣᠰᠴᠤ᠌᠂ ᠦᠨᠳᠦᠰᠦᠨ ᠱᠠᠲᠤ ᠪᠠ ᠣᠯᠠᠨ ᠲᠦᠮᠡᠨᠦ ᠰᠡᠳᠭᠢᠯ ᠵᠣᠪᠠᠵᠤ ᠪᠠᠢᠭᠠ ᠶᠠᠪᠤᠳᠠᠯᠢ ᠴᠢᠨᠠᠬᠰᠢᠲᠠ ᠣᠨᠣᠪᠴᠢᠲᠠᠶ ᠡᠷᠢᠵᠦ᠍ ᠪᠠᠢᠴᠠᠭᠠᠨ ᠳᠣᠲᠣᠯᠠᠵᠤ᠂ ᠵᠦᠶ᠋ᠯ ᠪᠦᠷᠢ ᠶ᠋ᠢᠨ 《ᠠᠰᠠᠭᠤᠳᠠᠯ ᠤᠨ ᠨᠠᠷᠢᠨ ᠲᠠᠩᠰᠠ》 ᠶ᠋ᠢ ᠨᠢᠭᠡᠳ ᠨᠢᠭᠡᠪᠡᠷ 《ᠦᠶ᠋ᠯᠡᠴᠢᠯᠡᠭᠡᠨ ᠦ ᠨᠠᠷᠢᠨ ᠲᠠᠩᠰᠠ》 ᠪᠣᠯᠭᠠᠨ ᠬᠤᠪᠢᠷᠠᠭᠤᠯᠪᠠ᠃
ᠤᠯᠠᠭᠠᠨᠬᠠᠳᠠ ᠬᠣᠲᠠ 2610 ᠨᠠᠮ ᠤ᠋ᠨ ᠬᠡᠰᠢᠭᠦᠨ ᠪᠠ ᠣᠯᠠᠨ ᠲᠦᠮᠡᠨ ᠦ ᠦᠶ᠋ᠯᠡᠴᠢᠯᠡᠭᠡᠨ ᠦ ᠲᠥᠪ ᠲᠦ ᠰᠠᠨᠠᠯ ᠬᠤᠷᠢᠶᠠᠬᠤ ᠬᠠᠢᠷᠴᠠᠭ᠂ ᠠᠯᠪᠠᠨ ᠵᠠᠷ ᠤᠨ ᠫᠠᠢᠰᠠ ᠲᠣᠬᠢᠷᠠᠭᠤᠯᠵᠤ᠂ ᠣᠯᠠᠨ ᠲᠦᠮᠡᠨᠦ ᠲᠤᠰᠭᠠᠭ᠍ᠰᠠᠨ ᠠᠰᠠᠭᠤᠳᠠᠯᠢ ᠴᠤᠭ᠍ᠯᠠᠭᠤᠯᠪᠠ; ᠪᠠᠶᠠᠨᠨᠠᠭᠤᠷ ᠬᠣᠲᠠ 《ᠡᠭᠦᠳᠡ ᠪᠡᠨ ᠨᠡᠭᠡᠭᠡᠵᠦ᠍ ᠰᠠᠨᠠᠯ ᠬᠤᠷᠢᠶᠠᠬᠤ》 ᠵᠠᠰᠠᠭ ᠤᠨ ᠶᠠᠪᠤᠳᠠᠯ ᠤᠨ ᠬᠠᠯᠠᠮᠱᠢᠯ ᠤᠲᠠᠰᠤ ᠲᠤᠬᠢᠷᠠᠭᠤᠯᠵᠦ᠂ ᠬᠣᠲᠠ ᠶ᠋ᠢᠨ ᠠᠷᠠᠳ ᠤᠨ ᠲᠤᠰᠭᠠᠭ᠍ᠰᠠᠨ ᠠᠷᠠᠳ ᠤᠨ ᠠᠮᠢᠳᠤᠷᠠᠯ ᠤᠨ ᠠᠰᠠᠭᠤᠳᠠᠯ ᠢ ᠭᠥᠯᠢᠶᠡᠨ ᠠᠪᠴᠤ᠌ ᠱᠢᠶ᠋ᠳᠪᠦᠷᠢᠯᠡᠪᠡ; ᠥᠪᠡᠷᠲᠡᠭᠡᠨ ᠵᠠᠰᠠᠬᠤ ᠣᠷᠣᠨ ᠤ ᠡᠯᠡ ᠱᠢᠭᠤᠳ ᠬᠠᠷᠢᠶᠠ ᠲᠢᠩᠬᠢᠮ ᠲᠣᠪᠴᠢᠶᠠᠨᠢ ᠨᠡᠢᠳᠡᠮ ᠳᠡᠭᠡᠨ《ᠲᠢᠩᠬᠢᠮ ᠲᠣᠪᠴᠢᠶᠠᠨ ᠳᠠᠷᠤᠭᠠ ᠶ᠋ᠢᠨ ᠵᠠᠬᠢᠳᠠᠯ ᠤᠨ ᠬᠠᠢᠷᠴᠠᠭ》 ᠢ᠋ᠢᠡᠷ ᠳᠠᠮᠵᠢᠭᠤᠯᠤᠨ ᠣᠯᠠᠨ ᠲᠦᠮᠡᠨ ᠦ ᠰᠠᠨᠠᠯ ᠢ ᠬᠤᠷᠢᠶᠠᠵᠤ᠂ ᠠᠷᠠᠳ ᠤᠨ ᠠᠮᠢᠳᠤᠷᠠᠯ ᠤᠨ ᠠᠵᠢᠯ ᠤᠨ 《ᠪᠠᠴᠢᠮᠲᠠᠵᠦ ᠬᠦᠴᠢᠷᠲᠡᠵᠦ ᠵᠤᠪᠠᠨᠢᠵᠦ ᠬᠦᠰᠡᠵᠦ》 ᠪᠠᠢᠭᠠ ᠠᠰᠠᠭᠤᠳᠠᠯᠤᠨ ᠨᠠᠷᠢᠨ ᠬᠠᠭᠤᠳᠠᠰᠤ ᠶ᠋ᠢ ᠲᠣᠭ᠍ᠲᠠᠭᠠᠨ᠂ ᠠᠰᠠᠭᠤᠳᠠᠯ ᠢ ᠴᠤᠭ᠍ᠯᠠᠭᠤᠯᠬᠤ᠂ ᠱᠢᠯᠵᠢᠭᠦᠯᠦᠨ ᠭᠦᠶ᠋ᠴᠡᠳᠭᠡᠬᠦ᠌᠂ ᠬᠠᠷᠢᠭᠤ ᠲᠤᠰᠭᠠᠬᠤ 《ᠪᠢᠲᠡᠭᠦᠮᠵᠢᠯᠡᠭᠰᠡᠨ ᠴᠠᠭᠠᠷᠢᠭ》 ᠤ᠋ᠨ ᠠᠵᠢᠯ ᠤᠨ ᠲᠣᠭ᠍ᠲᠠᠴᠠ ᠶ᠋ᠢ ᠪᠠᠢᠭᠤᠯᠵᠤ᠂ ᠣᠯᠠᠨ ᠲᠦᠮᠡᠨ ᠦ ᠲᠤᠰᠭᠠᠭ᠍ᠰᠠᠨ ᠠᠰᠠᠭᠤᠳᠠᠯ ᠢ ᠪᠦᠲᠦᠮᠵᠢᠲᠡᠶ ᠱᠢᠶ᠋ᠳᠪᠦᠷᠢᠯᠡᠬᠦ᠌ ᠶ᠋ᠢ ᠠᠬᠢᠭᠤᠯᠪᠠ᠃
ᠪᠦᠷᠢᠳᠭᠡᠯ ᠢ ᠦᠨᠳᠦᠰᠦᠯᠡᠪᠡᠯ᠂ ᠪᠥᠬᠥ᠌ ᠣᠷᠣᠨ ᠳᠤ ᠣᠯᠠᠨ ᠲᠦᠮᠡᠨᠦ ᠰᠠᠨᠠᠯ ᠰᠠᠨᠠᠭᠤᠯᠭᠠᠶ᠋ᠢ 17.1 ᠲᠦᠮᠡᠨ ᠵᠤᠷᠪᠤᠰ ᠬᠣᠷᠢᠶᠠᠨ ᠴᠤᠭ᠍ᠯᠠᠭᠤᠯᠵᠤ᠂ 《ᠪᠠᠴᠢᠮᠲᠠᠵᠦ ᠬᠦᠴᠢᠷᠲᠡᠵᠦ ᠵᠤᠪᠠᠨᠢᠵᠦ ᠬᠦᠰᠡᠵᠦ》 ᠪᠠᠢᠭᠠ 6.33 ᠲᠦᠮᠡᠨ ᠠᠰᠠᠭᠤᠳᠠᠯᠢ ᠪᠠᠢᠴᠠᠭᠠᠨ ᠢᠯᠡᠷᠡᠭᠦᠯᠪᠡ᠃
ᠠᠷᠠᠳᠤᠨ ᠦᠨᠡᠨ ᠪᠣᠳᠠᠲᠠᠢ ᠰᠠᠨᠠᠭᠠ ᠵᠢ ᠤᠢᠯᠠᠭᠠᠬᠰᠠᠨᠤ ᠳᠠᠷᠠᠭᠠᠬᠢ ᠦᠢᠯᠡᠲᠦᠯᠭᠡᠢ᠋ᠢᠨ ᠠᠵᠢᠯᠯᠠᠭᠠ ᠨᠢ ᠳᠠᠷᠤᠢ ᠬᠠᠮᠤᠭᠤᠨ ᠬᠠᠩᠭᠢᠨᠠᠮᠠ ᠪᠦᠷᠢᠶᠡ ᠪᠣᠯᠤᠨᠠ᠃
ᠪᠥᠬᠥ᠌ ᠣᠷᠣᠨ 《ᠠᠷᠠᠳ ᠲᠦᠮᠡᠨ ᠤ᠋ ᠬᠦᠴᠢᠷ ᠵᠤᠪᠠᠭᠤᠷᠢ ᠵᠢ ᠰᠢᠢᠳᠪᠦᠷᠢᠯᠡᠵᠦ᠂ ᠠᠵᠢᠯᠤᠨ ᠪᠠᠢᠷᠢ ᠳᠠᠭᠠᠨ ᠰᠠᠭᠤᠷᠢᠯᠠᠨ ᠬᠤᠪᠢ ᠨᠡᠮᠡᠷᠢ ᠦᠵᠡᠭᠦᠯᠬᠦ᠌》 ᠠᠵᠢᠯᠯᠠᠭᠠ ᠪᠠᠷ ᠠᠴᠢᠶᠠᠯᠠᠪᠤᠷᠢ ᠪᠣᠯᠭᠠᠵᠤ᠂ 《ᠵᠠᠩᠭᠢᠯᠠᠭᠠ ᠶ᠋ᠢᠨ ᠴᠥᠭᠡᠨ ᠲᠣᠭᠠᠲᠠᠨ》 ᠤ᠋ ᠵᠢᠱ᠌ᠢᠶᠡ ᠦᠵᠡᠭᠦᠯᠵᠦ᠍ ᠬᠥᠲᠥᠯᠦᠨ ᠳᠠᠭᠠᠭᠤᠯᠬᠤ ᠦᠶ᠋ᠯᠡᠳᠦᠯ ᠢ ᠪᠠᠳᠠᠷᠠᠭᠤᠯᠬᠤ ᠶ᠋ᠢ ᠴᠢᠬᠤᠯᠠᠴᠢᠯᠠᠪᠠ᠃ ᠥᠪᠡᠷᠲᠡᠭᠡᠨ ᠵᠠᠰᠠᠬᠤ ᠣᠷᠣᠨᠤ ᠮᠤᠵᠢᠶ᠋ᠢᠨ ᠲᠠᠰ ᠤᠨ ᠤᠳᠤᠷᠢᠳᠭᠤ ᠨᠥᠬᠥᠳ ᠡᠩ ᠲᠡᠷᠢᠭᠦᠨ ᠳᠦ 52 ᠵᠦᠶ᠋ᠯ ᠦᠨ ᠭᠤᠤᠯᠳᠠᠯᠭᠠ ᠲᠠᠶ ᠠᠷᠠᠳ ᠤᠨ ᠠᠮᠢᠳᠤᠷᠠᠯ ᠤᠨ ᠲᠥᠷᠥᠯ ᠵᠦᠶ᠋ᠯ ᠢ ᠲᠠᠭᠠᠭᠠᠨ ᠠᠪᠴᠤ᠂ ᠠᠷᠠᠳ ᠤᠨ ᠠᠮᠢᠳᠤᠷᠠᠯ ᠤᠨ ᠠᠰᠠᠭᠤᠳᠠᠯ ᠤᠨ ᠵᠥᠷᠢᠴᠡᠯ ᠢ ᠨᠡᠢᠲᠡ 4.41 ᠲᠦᠮᠡ ᠱᠢᠶ᠋ᠳᠪᠦᠷᠢᠯᠡᠪᠡ᠃ 25.98 ᠲᠦᠮᠡᠨ ᠲᠤᠱᠢᠶᠠᠯ ᠳᠤ ᠪᠠᠢᠭᠠ ᠨᠠᠮ ᠤᠨ ᠭᠡᠱᠢᠭᠦᠨ ᠭᠠᠴᠠᠭᠠ ᠲᠣᠰᠭᠣᠨ(ᠨᠡᠢᠭᠡᠮ ᠲᠣᠭᠣᠷᠢᠭ) ᠳ᠋ᠤ ᠭᠦᠨᠵᠡᠭᠡᠢᠷᠡᠨ ᠨᠡᠷᠡ ᠮᠡᠳᠡᠭᠦᠯᠵᠦ᠍ ᠦᠶ᠋ᠯᠡᠴᠢᠯᠡᠵᠦ᠍᠂ 18.70 ᠲᠦᠮᠡᠨ ᠬᠤᠪᠢ ᠠᠷᠠᠳᠤᠨ ᠠᠮᠢᠳᠤᠷᠠᠯᠤᠨ ᠪᠣᠳᠠᠲᠤ ᠶᠠᠪᠤᠳᠠᠯ ᠢ ᠳᠠᠭᠠᠭᠠᠨ ᠠᠪᠴᠤ᠌ ᠭᠦᠶ᠋ᠴᠡᠳᠭᠡᠪᠡ᠃
ᠠᠷᠠᠳ ᠲᠦᠮᠡᠨ ᠬᠦᠰᠡᠯ ᠱᠠᠭᠠᠷᠳᠠᠯᠭᠠᠲᠠᠶ ᠪᠣᠯ ᠪᠢ ᠯᠠᠪᠲᠠᠢ ᠬᠠᠷᠢᠭᠤ ᠥᠭ᠌ᠭᠦᠨᠡ᠃
ᠪᠤᠭᠤᠲᠤ ᠬᠣᠲᠠ ᠶ᠋ᠢᠨ ᠬᠥᠨᠳᠡᠯᠡᠨ ᠲᠣᠭᠣᠷᠢᠭ 《ᠨᠠᠰᠤᠲᠠᠢᠴᠤᠳ ᠪᠠ ᠨᠢᠯᠬᠠᠰ》 ᠵᠡᠷᠭᠡ ᠭᠤᠤᠯᠳᠠᠯᠭᠠᠲᠠᠶ ᠬᠥᠮᠦᠰᠲᠦ ᠠᠩᠬᠠᠷᠤᠯᠢᠶᠠᠨ ᠲᠥᠪᠯᠡᠷᠡᠭᠦᠯᠵᠦ᠍᠂ ᠨᠠᠰᠤᠲᠠᠢᠴᠤᠳᠤᠨ ᠥᠲᠡᠯᠦᠭᠡ ᠨᠠᠰᠤᠨ ᠤ ᠠᠮᠢᠳᠤᠷᠠᠯ ᠢ ᠬᠠᠯᠠᠮᠵᠢᠯᠠᠨ ᠬᠠᠢᠷᠠᠯᠠᠵᠤ᠂ ᠨᠠᠰᠤᠨᠳᠤᠥᠯᠥ᠍ ᠬᠦᠷᠦᠭ᠌ᠰᠡᠳᠦᠨ ᠡᠷᠡᠭᠦᠯ ᠢᠶᠡᠷ ᠦᠰᠦᠨ ᠪᠣᠢᠵᠢᠬᠤᠳᠤ ᠬᠦᠴᠦᠨ ᠨᠡᠮᠡᠷᠢᠯᠡᠵᠦ᠍᠂ ᠬᠠᠯᠠᠭᠤᠨ ᠳᠤᠯᠠᠭᠠᠨ ᠦᠶ᠋ᠯᠡᠴᠢᠯᠡᠭᠡᠶ᠋ᠢ ᠡᠯᠡ ᠵᠦᠶ᠋ᠯᠦᠨ ᠠᠵᠢᠯ ᠳᠤ ᠠᠭᠤᠰᠬᠠᠵᠦ᠂ 《ᠨᠠᠰᠤᠲᠠᠢᠴᠤᠳ ᠪᠠ ᠨᠢᠯᠬᠠᠰ》 ᠤ᠋ᠨ ᠨᠡᠢᠭᠡᠮ ᠦᠨ ᠪᠠᠲᠤᠯᠠᠭᠠ ᠪᠠ ᠠᠮᠤᠷ ᠲᠦᠪᠱᠢᠨᠦ ᠦᠶ᠋ᠯᠡᠴᠢᠯᠡᠭᠡᠨᠦ ᠲᠤᠤᠷ ᠢ ᠲᠠᠰᠤᠷᠠᠯᠲᠠ ᠥᠬᠡᠶ ᠨᠢᠭ᠍ᠲᠠ ᠰᠦᠯᠵᠢᠪᠡ᠃
ᠭᠡᠭᠡᠡ ᠭᠣᠣᠯ ᠬᠤᠲᠠ ᠶ᠋ᠢᠨ ᠬᠢᠨ ᠤᠯᠠᠠ ᠲᠦᠮᠡᠨ ᠦ ᠪᠠᠴᠢᠮᠳᠠᠵᠤ ᠪᠠᠢᠭᠠ ᠵᠦᠢᠯ ᠳᠦ ᠪᠠᠴᠢᠮᠳᠠᠵᠤ᠂ ᠤᠯᠠᠠ ᠲᠦᠮᠡᠨ ᠦ ᠬᠦᠰᠡᠨ ᠡᠷᠡᠮᠡᠯᠵᠡᠵᠦ᠍ ᠪᠠᠢᠭᠠ ᠵᠦᠢᠯᠢ ᠬᠢᠵᠦ᠂ ᠳᠤᠯᠠᠭᠠᠯᠠᠭᠠ ᠬᠠᠩᠭᠠᠬᠤ ᠶ᠋ᠢ ᠪᠣᠳᠠᠲᠠᠢ ᠳᠤ ᠨᠠᠢᠳᠠᠪᠤᠷᠢᠵᠢᠭᠤᠯᠵᠤ᠂ ᠭᠡᠷᠦᠨ ᠳᠤᠯᠠᠭᠠᠨ ᠢ ᠪᠠᠷᠢᠮᠵᠢᠶᠠᠨᠳᠤ ᠬᠦᠷᠭᠡᠬᠦ᠌ ᠶ᠋ᠢ ᠪᠠᠲᠤᠯᠠᠵᠤ᠂ ᠰᠠᠭᠤᠭᠠᠯᠢ ᠠᠷᠠᠳ ᠢ ᠳᠤᠯᠠᠭᠠᠨ ᠪᠦᠯᠢᠶᠡᠨ ᠡᠪᠦᠯᠵᠢᠭᠦᠯᠵᠦ᠍᠂ ᠬᠠᠨᠤᠮᠵᠢᠲᠠᠢ ᠡᠪᠦᠯᠵᠢᠭᠦᠯᠵᠦ᠍᠂ ᠠᠮᠤᠷ ᠲᠦᠪᠱᠢᠨ᠂ ᠴᠢᠨᠠᠷ ᠰᠠᠢᠲᠠᠢ᠂ ᠥᠨᠳᠥᠷ ᠪᠦᠲᠦᠮᠵᠢᠲᠡᠢ ᠳᠤᠯᠠᠭᠠᠯᠠᠭᠠ ᠬᠠᠩᠭᠠᠬᠤ ᠦᠢᠯᠡᠴᠢᠯᠡᠭᠡᠪᠡᠷ 《ᠠᠷᠠᠳᠤᠨ ᠠᠮᠢᠳᠤᠷᠠᠯ ᠤᠨ ᠳᠤᠯᠠᠭᠠᠨ ᠤ᠋ ᠬᠡᠮᠵᠢᠶᠡ》 ᠵᠢ ᠨᠡᠮᠡᠭ᠌ᠳᠡᠭᠦᠯᠬᠦ᠌ ᠪᠡᠷ ᠴᠢᠷᠮᠠᠢᠵᠠᠢ᠃
ᠥᠪᠥᠷ ᠮᠣᠩᠭᠣᠯᠤᠨ ᠷᠠᠳᠢᠣ᠋ ᠲᠧᠯᠸᠢᠰᠦᠨ ᠰᠦᠯᠵᠢᠶᠡᠨ ᠦ ᠺᠣᠮᠫᠠᠨᠢ ᠰᠣᠶᠣᠯ ᠢᠶᠠᠷ ᠠᠷᠠᠳᠲᠤ ᠠᠱᠢᠭ ᠬᠦᠷᠲᠡᠭᠡᠬᠦ᠌ ᠢᠨᠵᠧᠨᠧᠷᠢᠩ ᠢ ᠭᠦᠨᠵᠡᠭᠡᠶ ᠬᠡᠷᠡᠭ᠌ᠵᠢᠭᠦᠯᠵᠦ᠍᠂ 《ᠤᠶᠤᠨᠲᠤ ᠷᠠᠳᠢᠣ᠋ ᠲᠧᠯᠸᠢᠰ》 ᠤ᠋ᠨ ᠪᠥᠲᠥᠭᠡᠨ ᠪᠠᠢᠭᠤᠯᠤᠯᠲᠠ ᠶ᠋ᠢ ᠠᠬᠢᠭᠤᠯᠵᠤ᠂ 11 ᠰᠠᠷᠠ ᠶ᠋ᠢᠨ ᠬᠤᠭᠤᠴᠠᠭᠠᠨ ᠳᠤ᠂ ᠮᠠᠯᠵᠢᠬᠤ ᠤᠷᠤᠨ ᠤ᠋ 33 ᠬᠣᠱᠢᠭᠤ ᠱᠢᠶᠠᠨ ᠤ 80 ᠲᠦᠮᠡᠨ ᠲᠡᠭ᠌ᠰᠢ ᠳᠥᠷᠪᠡᠯᠵᠢᠨ ᠺᠢᠯᠣᠮᠧᠲ᠋ᠷ ᠱᠢᠬᠠᠮ ᠣᠷᠣᠨ ᠪᠦᠰᠡ ᠳᠦ 2.4 ᠲᠦᠮᠡᠨ ᠺᠢᠯᠣᠮᠧᠲ᠋ᠷ ᠭᠡᠷᠡᠯᠯᠢᠭ ᠤᠳᠠᠰᠤ ᠳᠡᠪᠢᠰᠴᠦ᠍᠂ ᠰᠠᠭᠤᠷᠢ ᠥᠷᠲᠡᠭᠡ ᠶ᠋ᠢ 4431 ᠢᠵᠢ ᠪᠠᠢᠭᠤᠯᠵᠤ᠂ 12 ᠲᠦᠮᠡᠨ ᠡᠷᠦᠬᠡ ᠮᠠᠯᠴᠢᠳ ᠲᠤ ᠷᠠᠳᠢᠣ᠋ ᠲᠧᠯᠸᠢᠰ ᠦᠨ ᠲᠤᠤᠷ ᠰᠦᠯᠵᠢᠶᠡ ᠤᠭ᠍ᠰᠠᠷᠠᠵᠤ ᠥᠭ᠌ᠴᠡᠶ᠃
ᠥᠪᠡᠷᠲᠡᠭᠡᠨ ᠵᠠᠰᠠᠬᠤ ᠣᠷᠣᠨ ᠤ ᠵᠠᠰᠠᠭ ᠤᠨ ᠶᠠᠪᠤᠳᠠᠯ ᠤᠨ ᠦᠶ᠋ᠯᠡᠴᠢᠯᠡᠭᠡᠨ ᠦ ᠲᠣᠪᠴᠢᠶᠠ ᠬᠤᠳᠠᠯᠳᠤᠭᠠ ᠡᠷᠬᠢᠯᠡᠬᠦ ᠣᠷᠴᠢᠨ ᠨᠥᠬᠥᠴᠡᠯ ᠢ ᠱᠢᠯᠢᠳᠡᠭ᠌ᠵᠢᠭᠦᠯᠬᠦ᠌ ᠶ᠋ᠢ ᠲᠣᠪᠣᠢᠮᠠ ᠪᠠᠢᠷᠢᠨ ᠳᠤ ᠲᠠᠯᠪᠢᠬᠤ ᠶ᠋ᠢ ᠪᠠᠷᠢᠮᠲᠠᠯᠠᠵᠤ ᠂ ᠵᠠᠰᠠᠭ ᠤᠨ ᠶᠠᠪᠤᠳᠠᠯ ᠤᠨ ᠦᠶ᠋ᠯᠡᠴᠢᠯᠡᠭᠡᠨ ᠦ《ᠳᠥᠷᠪᠡᠨ ᠵᠦᠢᠯ ᠤ᠋ᠨ ᠭᠦᠶ᠋ᠴᠡᠳᠭᠡᠬᠦ᠌》 (ᠨᠢᠭᠡ ᠰᠦᠯᠵᠢᠶᠡᠪᠡᠷ ᠭᠦᠶ᠋ᠴᠡᠳᠭᠡᠬᠦ᠌᠂ ᠠᠯᠠᠭᠠᠨ ᠳᠡᠭᠡᠷᠡ ᠪᠡᠨ ᠭᠦᠶ᠋ᠴᠡᠳᠭᠡᠬᠦ᠌᠂ ᠨᠢᠭᠡ ᠯᠡ ᠤᠳᠠᠭᠠᠳᠤ ᠭᠦᠶ᠋ᠴᠡᠳᠭᠡᠬᠦ᠌᠂ ᠲᠠᠨ ᠳᠤ ᠲᠤᠰᠠᠯᠠᠨ ᠭᠦᠶ᠋ᠴᠡᠳᠭᠡᠬᠦ᠌)ᠥᠭᠡᠷᠡᠴᠢᠯᠡᠯᠲᠡᠶ᠋ᠢ《ᠲᠠᠯᠪᠢᠬᠤ ᠬᠠᠮᠢᠶᠠᠷᠬᠤ ᠦᠶ᠋ᠯᠡᠴᠢᠯᠡᠬᠦ᠌》ᠥᠭᠡᠷᠡᠴᠢᠯᠡᠯᠲᠡ ᠶ᠋ᠢ ᠭᠦᠨᠵᠡᠭᠡᠢᠷᠡᠭᠦᠯᠬᠦ᠌ ᠶ᠋ᠢᠨ ᠴᠢᠬᠤᠯᠠ ᠠᠷᠭᠠ ᠬᠡᠮᠵᠢᠶᠡ ᠪᠣᠯᠭᠠᠨ ᠪᠥᠬᠥ᠌ ᠬᠦᠴᠦᠨᠢᠶᠡᠷᠢᠶᠡᠨ ᠠᠬᠢᠭᠤᠯᠵᠤ᠂ ᠠᠷᠠᠳ ᠲᠦᠮᠡᠨ ᠪᠠ ᠠᠵᠤ ᠠᠬᠤᠢᠯᠠᠯ ᠳᠤ ᠦᠶ᠋ᠯᠡᠴᠢᠯᠡᠬᠦ᠌ ᠬᠡᠯᠪᠡᠷᠢᠶ᠋ᠢ ᠨᠠᠩ ᠣᠯᠠᠨ ᠡᠱᠢᠵᠢᠭ᠌ᠰᠡᠨ᠂ ᠳᠥᠭᠥᠮᠴᠢᠯᠡᠭ᠌ᠰᠡᠨ᠂ ᠣᠶᠤᠨᠴᠢᠯᠠᠭ᠍ᠰᠠᠨ ᠪᠣᠯᠭᠠᠪᠠ᠃
᠁
ᠤᠯᠠᠨ ᠲᠦᠮᠡᠨ ᠦ ᠬᠦᠴᠢᠷ ᠵᠣᠪᠠᠭᠤᠷᠢ ᠶ᠋ᠢ ᠬᠠᠯᠠᠮᠵᠢᠯᠠᠬᠤ ᠡᠴᠡ ᠥᠭᠡᠷᠡᠴᠢᠯᠡᠯᠲᠡ ᠬᠥᠭ᠌ᠵᠢᠯᠲᠡ ᠶ᠋ᠢ ᠠᠬᠢᠭᠤᠯᠬᠤ ᠬᠦᠷᠲᠡᠯᠡ᠂ ᠨᠢᠳᠤᠨ ᠡᠮᠦᠨᠡᠬᠢ ᠠᠰᠠᠭᠤᠳᠠᠯ ᠢ ᠱᠢᠢᠳᠪᠦᠷᠢᠯᠡᠬᠦ᠌ ᠡᠴᠡ ᠠᠯᠤᠰ ᠬᠡᠳᠤ ᠳᠦ ᠳᠦᠷᠢᠮ ᠲᠣᠭ᠍ᠲᠠᠭᠠᠯ ᠲᠣᠭ᠍ᠲᠠᠭᠠᠬᠤ ᠬᠦᠷᠲᠡᠯᠡ᠂ ᠤᠯᠠᠨ ᠲᠦᠮᠡᠨᠤ ᠳᠡᠷᠭᠡᠳᠡᠬᠢ ᠪᠠᠭᠠ ᠶᠠᠪᠤᠳᠠᠯ ᠡᠴᠡ ᠨᠠᠮ ᠤᠨ ᠲᠡᠦᠬᠡ ᠶ᠋ᠢᠨ ᠰᠤᠷᠤᠯᠴᠠᠯᠭᠠ ᠬᠥᠮᠦᠵᠢᠯ ᠦᠨ ᠠᠪᠴᠢᠷᠠᠭ᠍ᠰᠠᠨ ᠬᠤᠪᠢᠷᠠᠯᠲᠠ ᠶ᠋ᠢ ᠣᠯᠵᠤ ᠬᠠᠷᠠᠵᠦ᠂ ᠣᠯᠠᠨ ᠲᠦᠮᠡᠨ ᠦ ᠢᠨᠢᠶᠡᠮᠰᠦᠭ᠌ᠯᠡᠯ ᠨᠢ ᠨᠠᠮ ᠤᠨ ᠲᠡᠦᠬᠡ ᠶ᠋ᠢᠨ ᠰᠤᠷᠤᠯᠴᠠᠯᠭᠠ ᠬᠥᠮᠦᠵᠢᠯ ᠦᠨ ᠦᠷᠡ ᠪᠦᠲᠦᠮᠵᠢ ᠶ᠋ᠢᠨ ᠬᠠᠮᠤᠭ ᠤᠨ ᠰᠠᠢᠨ ᠦᠨᠡᠯᠡᠯᠲᠡ ᠪᠤᠯᠵᠠᠢ᠃
《ᠠᠷᠠᠳ ᠲᠦᠮᠡᠨ ᠳᠦ ᠦᠢᠯᠡᠴᠢᠯᠡᠬᠦ᠌》 ᠪᠣᠯ ᠮᠠᠨ ᠤ ᠨᠠᠮ ᠤᠨ ᠨᠠᠮ ᠪᠠᠢᠭᠤᠯᠬᠤ ᠵᠣᠷᠢᠯᠲᠠ ᠮᠥᠨ᠃ 《ᠤᠯᠠᠨ ᠲᠦᠮᠡᠨ ᠳᠦ ᠪᠣᠳᠠᠲᠤ ᠶᠠᠪᠤᠳᠠᠯ ᠬᠢᠵᠦ᠍ ᠥᠭ᠌ᠭᠦ》 ᠪᠤᠯ 《ᠠᠷᠠᠳ ᠲᠦᠮᠡᠨᠳᠦ ᠦᠢᠯᠡᠴᠢᠯᠡᠬᠦ》 ᠢ᠋ᠢᠨ᠌ ᠪᠣᠳᠠᠲᠠᠢᠵᠢᠬᠰᠠᠨ ᠠᠵᠢᠯᠯᠠᠭᠠ ᠮᠦᠨ᠂ ᠡᠨᠡ ᠨᠢ ᠡᠭᠦᠷᠢᠳᠡ ᠵᠤᠬ᠍ᠰᠤᠰᠢ ᠦᠭᠡᠢ ᠶᠠᠪᠤᠭ᠍ᠳᠠᠨᠠ᠃
ᠨᠠᠮᠤᠨ ᠲᠡᠦᠬᠡ ᠶ᠋ᠢᠨ ᠰᠤᠷᠤᠯᠴᠠᠯᠭᠠ ᠬᠥᠮᠦᠵᠢᠯ ᠢ ᠥᠷᠨᠢᠭᠦᠯᠦᠭ᠌ᠰᠡᠨᠡᠴᠡ ᠨᠠᠭᠠᠰᠢ ᠂ ᠮᠠᠨ ᠤ ᠣᠷᠣᠨ ᠥᠷᠭᠡᠨ ᠣᠯᠠᠨ ᠨᠠᠮ ᠤᠨ ᠭᠡᠱᠢᠭᠦᠨᠢ ᠬᠥᠲᠥᠯᠥᠨ ᠵᠢᠯᠣᠭᠣᠳᠴᠤ᠌ 《ᠲᠠᠨᠳᠤ ᠲᠤᠰᠠᠯᠠᠶᠠ》 ᠭᠡᠬᠦ᠌ ᠱᠢᠨᠡ ᠴᠠᠭ ᠦᠶᠡᠶ᠋ᠢᠨ ᠪᠣᠯᠪᠠᠰᠤᠨᠤ ᠦᠶ᠋ᠯᠡᠳᠦᠯᠭᠡ ᠶ᠋ᠢᠨ ᠰᠠᠢᠨ ᠳᠤᠷᠠ ᠶ᠋ᠢᠨ ᠦᠶ᠋ᠯᠡᠴᠢᠯᠡᠭᠡᠨᠦ ᠠᠵᠢᠯᠯᠠᠭᠠ ᠶ᠋ᠢ ᠭᠦᠨᠵᠡᠭᠡᠶ ᠥᠷᠨᠢᠭᠦᠯᠵᠦ᠍᠂ ᠣᠯᠠᠨ ᠲᠦᠮᠡᠨᠳᠦ ᠦᠶ᠋ᠯᠡᠴᠢᠯᠡᠬᠦ᠌ ᠦᠯᠡᠮᠵᠢ ᠣᠯᠠᠨ ᠰᠠᠢᠨ ᠪᠣᠳᠠᠲᠤ ᠶᠠᠪᠤᠳᠠᠯ ᠢ ᠪᠣᠳᠠᠲᠠᠶ ᠳᠤ ᠨᠠᠢᠳᠠᠪᠤᠷᠢᠵᠢᠭᠤᠯᠵᠤ᠂ ᠨᠡᠢᠭᠡᠮ ᠳᠠᠶᠠᠭᠠᠷ ᠲᠤ 《ᠲᠠᠨᠳᠤ ᠲᠤᠰᠠᠯᠠᠶᠠ》 ᠭᠡᠬᠦ᠌ ᠨᠠᠷᠠᠲᠤ ᠲᠡᠮᠳᠡᠭ᠌ᠲᠦ᠍ ᠶ᠋ᠢ ᠠᠯᠳᠠᠷᠱᠢᠭᠤᠯᠵᠤ᠂ 《ᠣᠯᠠᠨ ᠲᠦᠮᠡᠨᠳᠦ ᠪᠣᠳᠠᠲᠤ ᠶᠠᠪᠤᠳᠠᠯ ᠬᠢᠵᠦ᠍ ᠥᠭ᠌ᠭᠦ》 ᠦᠶ᠋ᠯᠡᠳᠦᠯᠭᠡ ᠶ᠋ᠢᠨ ᠠᠵᠢᠯᠯᠠᠭᠠ ᠶ᠋ᠢᠨ ᠭᠦᠨᠵᠡᠭᠡᠢᠷᠡᠨ ᠪᠣᠳᠠᠲᠠᠢᠵᠢᠬᠤ ᠶ᠋ᠢ ᠠᠬᠢᠭᠤᠯᠪᠠ᠃
ᠠᠯᠠᠱᠠ ᠠᠢᠮᠠᠭ ᠪᠥᠬᠥ᠌ ᠣᠷᠣᠨ ᠤ ᠲᠠᠯᠠᠪᠠᠶ ᠪᠠᠷ ᠬᠠᠮᠤᠭ ᠤᠨ ᠶᠡᠬᠡ᠂ ᠬᠥᠮᠦᠨ ᠠᠮᠠ ᠪᠠᠷ ᠬᠠᠮᠤᠭᠤᠨ ᠴᠥᠭᠡᠨ ᠪᠠᠢᠬᠤ ᠪᠣᠳᠠᠲᠤ ᠪᠠᠢᠳᠠᠯ ᠳᠠᠭᠠᠨ ᠰᠠᠭᠤᠷᠢᠯᠠᠨ᠂ ᠬᠢᠯᠢ ᠬᠢᠵᠠᠭᠠᠷ ᠣᠷᠣᠨ ᠤ ᠣᠯᠠᠨ ᠲᠦᠮᠡᠨ ᠦ ᠶᠠᠪᠤᠵᠤ ᠰᠠᠭᠤᠬᠤ ᠳᠤ ᠬᠦᠴᠢᠷ᠂ ᠪᠠᠷᠠᠭᠠ ᠬᠤᠳᠠᠯᠳᠤᠨ ᠠᠪᠬᠤ ᠳᠤ ᠬᠦᠴᠢᠷ᠂ ᠴᠠᠬᠢᠯᠭᠠᠨ ᠬᠡᠷᠡᠭ᠌ᠯᠡᠬᠦ᠌ ᠳᠦ ᠬᠦᠴᠢᠷ᠂ ᠡᠪᠡᠳᠴᠢᠨ ᠦᠵᠡᠭᠦᠯᠬᠦ᠌ ᠳᠦ ᠬᠦᠴᠢᠷ ᠵᠡᠷᠭᠡ ᠪᠣᠳᠠᠲᠠᠶ ᠠᠰᠠᠭᠤᠳᠠᠯ ᠢ ᠱᠢᠶ᠋ᠳᠪᠦᠷᠢᠯᠡᠬᠦ᠌ᠪᠡᠷ 《ᠣᠯᠠᠨ ᠲᠦᠮᠡᠨᠳᠦ ᠪᠣᠳᠠᠲᠤ ᠶᠠᠪᠤᠳᠠᠯ ᠬᠢᠵᠦ᠍ ᠥᠭ᠌ᠬᠦ》ᠠᠵᠢᠯᠯᠠᠭᠠ ᠢ᠋ᠢᠨ ᠬᠦᠴᠦᠯᠡᠬᠦ᠌ ᠴᠡᠭ ᠪᠣᠯᠭᠠᠵᠤ᠂ 《ᠬᠤᠪᠢᠰᠭᠠᠯ ᠤᠨ ᠣᠷᠣᠯᠠᠨ ᠭᠦᠶ᠋ᠴᠡᠳᠭᠡᠬᠦ᠌ ᠦᠶ᠋ᠯᠡᠴᠢᠯᠡᠭᠡᠨᠦ ᠠᠩᠭᠢ》᠂ 《ᠬᠤᠪᠢᠰᠭᠠᠯ ᠤᠨ ᠲᠦᠷᠢᠶᠡᠰᠦᠨ ᠮᠠᠱᠢᠨ ᠲᠡᠷᠭᠡ ᠤᠷᠢᠳᠴᠢᠯᠠᠨ ᠪᠣᠯᠵᠣᠬᠤ ᠦᠶ᠋ᠯᠡᠴᠢᠯᠡᠭᠡ》᠂ 《ᠬᠤᠪᠢᠰᠭᠠᠯᠤᠨ ᠮᠠᠱᠢᠨ ᠲᠡᠷᠭᠡᠨ ᠦ ᠠᠩᠭᠢ》 ᠵᠡᠷᠭᠡ ᠰᠠᠢᠨ ᠳᠤᠷᠠ ᠶ᠋ᠢᠨ ᠦᠶ᠋ᠯᠡᠴᠢᠯᠡᠭᠡᠨ ᠦ ᠠᠩᠭᠢ ᠶ᠋ᠢ ᠵᠣᠬᠢᠶᠠᠨ ᠪᠠᠢᠭᠤᠯᠬᠤᠪᠠᠷ ᠳᠠᠮᠵᠢᠭᠤᠯᠤᠨ᠂ ᠴᠡᠭ ᠬᠣᠯᠪᠣᠨ ᠱᠤᠭᠤᠮ ᠪᠦᠷᠢᠯᠳᠦᠭᠦᠯᠵᠦ᠍ ᠰᠦᠯᠵᠢᠶᠡ ᠪᠦᠷᠢᠯᠳᠦᠭᠦᠯᠬᠦ᠌ ᠂ ᠬᠠᠮᠢᠶᠠᠷᠤᠯᠲᠠ ᠪᠠᠷ ᠬᠢᠯᠢ ᠬᠢᠵᠠᠭᠠᠷ ᠢ ᠬᠠᠮᠤᠷᠤᠭ᠍ᠰᠠᠨ᠂ ᠦᠶ᠋ᠯᠡᠴᠢᠯᠡᠭᠡ ᠪᠡᠷ ᠨᠢᠭᠡᠳᠦᠭᠡᠷ ᠹᠷᠣᠨᠲ ᠢ ᠬᠠᠮᠤᠷᠤᠭ᠍ᠰᠠᠨ ᠬᠢᠯᠢ ᠶ᠋ᠢᠨ ᠪᠡᠬᠢᠯᠡᠯᠲᠡ ᠶ᠋ᠢ ᠪᠦᠷᠢᠯᠳᠦᠭᠦᠯᠵᠦ᠍᠂ ᠣᠯᠠᠨ ᠲᠦᠮᠡᠨ ᠳᠦ ᠠᠮᠢᠳᠤᠷᠠᠯᠤᠨ ᠨᠠᠭᠠᠳᠤ ᠵᠠᠬᠠ ᠶ᠋ᠢᠨ ᠪᠠᠲᠤᠯᠠᠭᠠ᠂ ᠡᠮ ᠡᠮᠨᠡᠯᠭᠡ᠂ ᠣᠷᠣᠭ ᠦᠷᠡᠵᠢᠯ᠂ ᠡᠷᠦᠭᠡ ᠠᠮᠠ ᠢ᠋ᠢᠨ ᠲᠠᠩᠰᠠ ᠵᠡᠷᠭᠡ ᠶᠠᠪᠤᠲᠠᠯ ᠤ᠋ᠳ ᠢ᠋ ᠬᠦᠢᠴᠡᠳᠬᠡᠨ ᠦᠭᠴᠦ᠂ ᠤᠯᠠᠨ ᠲᠦᠮᠡᠨ ᠳ᠋ᠤ ᠦᠢᠯᠡᠴᠢᠯᠡᠬᠦ 《ᠡᠴᠦᠰ ᠤ᠋ᠨ ᠨᠢᠭᠡ ᠺᠢᠯᠤᠮᠸᠲᠷ》 ᠢ᠋ ᠨᠡᠪᠲᠡᠷᠡᠭᠦᠯᠪᠡ᠃
ᠲᠦᠩᠯᠢᠶᠣᠤ ᠬᠣᠲᠠ ᠨᠠᠮᠤᠨ ᠭᠡᠱᠢᠭᠦᠨ᠂ ᠵᠠᠯᠠᠭᠤᠴᠤᠳ᠂ ᠡᠮᠡᠭ᠌ᠲᠡᠢᠴᠦᠳ᠂ ᠡᠷᠡᠭᠦᠯ ᠬᠠᠮᠠᠭᠠᠯᠠᠯ᠂ ᠬᠠᠤᠯᠢ ᠴᠠᠭᠠᠵᠠ᠂ ᠰᠣᠶᠣᠯ ᠂ ᠱᠢᠨᠵᠢᠯᠡᠬᠦ᠌ ᠤᠬᠠᠭᠠᠨ ᠢ ᠲᠦᠭᠡᠮᠡᠯᠵᠢᠭᠦᠯᠬᠦ᠌ ᠵᠡᠷᠭᠡ 《ᠰᠣᠯᠣᠩᠭᠠᠨ ᠥᠩᠭᠡᠲᠦ ᠬᠠᠪᠰᠤᠷᠬᠤ ᠪᠦᠯᠬᠦᠮ》 ᠢ᠋ ᠵᠣᠬᠢᠶᠠᠨ ᠪᠠᠢᠭᠤᠯᠵᠤ᠂ ᠪᠣᠯᠪᠠᠰᠤᠨ ᠦᠶ᠋ᠯᠡᠳᠦᠯᠭᠡᠶ᠋ᠢᠨ ᠰᠠᠢᠨ ᠳᠤᠷᠠᠶ᠋ᠢᠨ ᠦᠶ᠋ᠯᠡᠴᠢᠯᠡᠭᠡᠨᠦ ᠣᠨᠣᠪᠴᠢᠵᠢᠯᠳᠡ᠂ ᠪᠠᠢ᠌ᠩᠭᠤᠵᠢᠯᠳᠠ᠂ ᠳᠥᠭᠥᠮᠴᠢᠯᠡᠯᠳᠡ ᠂ ᠲᠥᠷᠥᠯ ᠲᠡᠮᠳᠡᠭ᠌ᠵᠢᠯᠳᠡ ᠶ᠋ᠢ ᠠᠬᠢᠭᠤᠯᠪᠠ ᠃ ᠤᠷᠳᠤᠰ ᠬᠤᠳᠠ ᠳᠤ᠂ ᠨᠢᠭᠡ ᠪᠦᠯᠦᠭ 《ᠤᠯᠠᠭᠠᠨ ᠬᠦᠷᠮᠡ》 ᠡᠮᠦᠰᠦᠭ᠌ᠰᠡᠨ ᠰᠠᠢ᠌ᠨ ᠳᠤᠷᠠᠶ᠋ᠢᠨ ᠠᠵᠢᠯᠯᠠᠭ᠍ᠴᠢᠳ ᠪᠣᠷᠣᠭ᠍ᠵᠢᠭᠤᠨ ᠦᠨᠡᠨᠴᠢ ᠪᠣᠳᠠᠲᠤ ᠠᠵᠢᠯᠯᠠᠭᠠᠪᠠᠷᠢᠶᠠᠨ ᠨᠡᠢᠭᠡᠮᠢ ᠳᠤᠯᠠᠭᠠᠯᠠᠵᠤ᠂ ᠬᠠᠢᠷᠠ ᠬᠠᠯᠠᠮᠵᠢ ᠶ᠋ᠢ ᠳᠠᠮᠵᠢᠭᠤᠯᠵᠤ ᠪᠠᠢᠳᠠᠭ ᠁
ᠬᠢᠵᠦ ᠪᠠᠢᠪᠡᠯ ᠪᠦᠲᠦᠨᠡ᠂ ᠶᠠᠪᠤᠵᠦ ᠪᠠᠢᠪᠠᠯ ᠬᠦᠷᠦᠨᠡ᠃ 《ᠤᠯᠠᠨ ᠲᠦᠮᠡᠨ ᠳᠦ ᠪᠣᠳᠠᠲᠤ ᠶᠠᠪᠤᠳᠠᠯ ᠬᠢᠵᠦ᠍ ᠥᠭ᠌ᠭᠦ》 ᠭᠡᠳᠡᠭ ᠨᠢ ᠨᠢᠭᠡ ᠯᠡ ᠳᠡᠭᠡᠷᠡ ᠪᠠᠨ ᠪᠦᠲᠦᠴᠢᠬᠡᠬᠦ᠌ ᠶᠠᠪᠤᠳᠠᠯ ᠪᠢᠰᠢ᠂ ᠨᠢᠭᠡ ᠯᠡ ᠳᠡᠭᠡᠷᠡ ᠪᠠᠨ ᠱᠢᠢᠳᠪᠦᠷᠢᠯᠡᠭᠡᠳ ᠨᠢᠭᠡᠮᠦᠰᠦᠨ ᠰᠠᠨᠠᠭᠠ ᠠᠮᠠᠷᠠᠴᠢᠬᠠᠬᠤ ᠶᠠᠪᠤᠳᠠᠯ ᠪᠢᠰᠢ᠂ ᠡᠷᠬᠡᠪᠰᠢ ᠤᠷᠳᠤ ᠬᠤᠭᠤᠴᠠᠭᠠ ᠪᠠᠷ ᠪᠠᠷᠢᠮᠲᠠᠯᠠᠵᠤ᠂ ᠤᠳᠠᠭᠠᠨ ᠳᠠᠭᠠᠭᠠᠮᠠᠭᠠᠢ ᠪᠠᠷᠢᠮᠲᠠᠯᠠᠬᠤ ᠬᠡᠷᠡᠭ᠌ᠲᠡᠢ᠃ ᠨᠠᠮᠤᠨ ᠲᠡᠦᠬᠡ ᠶ᠋ᠢᠨ ᠰᠤᠷᠤᠯᠴᠠᠯᠭᠠ ᠬᠥᠮᠦᠵᠢᠯ ᠪᠣᠯ ᠠᠷᠠᠳ ᠤᠯᠠᠨ ᠡᠴᠡ ᠬᠤᠪᠢ ᠣᠯᠭᠣᠬᠤ ᠱᠢᠯᠭᠠᠯᠲᠠ ᠮᠥᠨ᠂ 《ᠤᠯᠠᠨ ᠲᠦᠮᠡᠨᠳᠦ ᠪᠣᠳᠠᠲᠤ ᠶᠠᠪᠤᠳᠠᠯ ᠬᠢᠵᠦ᠍ ᠥᠭ᠌ᠭᠦ》 ᠭᠡᠳᠡᠭ ᠪᠣᠯ ᠱᠢᠯᠭᠠᠯᠲᠠ ᠶ᠋ᠢᠨ ᠰᠡᠳᠦᠪ ᠮᠥᠨ᠂ ᠤᠯᠠᠨ ᠲᠦᠮᠡᠨ ᠰᠡᠳᠭᠢᠯ ᠬᠠᠨᠤᠮᠵᠢᠲᠠᠢ ᠪᠠᠢᠬᠤ ᠪᠣᠯ ᠬᠠᠮᠤᠭ ᠤᠨ ᠰᠠᠢ᠌ᠨ ᠬᠠᠷᠢᠭᠤᠯᠲᠠ ᠮᠥᠨ᠃
ᠠᠷᠠᠳ ᠲᠦᠮᠡᠨᠳᠦ ᠪᠤᠶᠠᠨ ᠦᠢᠯᠡᠳᠬᠦ᠌ ᠭᠡᠳᠡᠭ ᠨᠢ ᠶᠡᠷᠦ᠍ ᠡᠴᠡ ᠬᠣᠭᠣᠰᠣᠨ ᠦᠭᠡ ᠪᠢᠰᠢ ᠶᠤᠮ᠂ ᠱᠢᠨᠡ ᠴᠠᠭ ᠦᠶᠡ ᠶ᠋ᠢᠨ ᠡᠪ ᠬᠠᠮᠲᠤᠴᠤᠳ ᠠᠷᠠᠳ ᠲᠦᠮᠡᠨ ᠢ ᠰᠡᠳᠭᠢᠯ ᠵᠢᠷᠦᠬᠡᠨ ᠦ ᠪᠡᠨ ᠬᠠᠮᠤᠭᠤᠨ ᠳᠡᠭᠡᠳᠦ ᠪᠠᠢᠷᠢᠨ ᠳᠤ ᠲᠠᠯᠪᠢᠬᠤ ᠶ᠋ᠢ ᠢᠮᠠᠭ᠍ᠲᠠ ᠪᠠᠷᠢᠮᠲᠠᠯᠠᠵᠤ᠂ ᠨᠢᠭᠡᠳ ᠨᠢᠭᠡ ᠪᠣᠳᠠᠲᠤ ᠶᠠᠪᠤᠳᠠᠯ ᠢᠶᠠᠷ ᠠᠷᠠᠳ ᠲᠦᠮᠡᠨ ᠦ ᠦᠢᠯᠡᠳᠪᠦᠷᠢᠯᠡᠯ ᠠᠮᠢᠳᠤᠷᠠᠯ ᠳᠤᠮᠳᠠ ᠬᠦᠷᠲᠡᠯᠡ ᠬᠢᠵᠦ᠍᠂ ᠲᠡᠳᠡᠨ ᠦ ᠰᠡᠳᠭᠢᠯᠳᠦ ᠰᠠᠭᠤᠭ᠍ᠳᠠᠲᠠᠯᠠ ᠬᠢᠭᠰᠡᠨ ᠪᠠᠢᠨᠠ᠃ ᠪᠥᠬᠥ᠌ ᠣᠷᠣᠨ ᠤ ᠡᠯᠡ ᠭᠠᠵᠠᠷ ᠣᠷᠣᠨ ᠡᠯᠡ ᠰᠠᠯᠠᠭᠠ ᠮᠥᠴᠢᠷ ᠦᠨ ᠥᠷᠭᠡᠨ ᠣᠯᠠᠨ ᠨᠠᠮᠤᠨ ᠭᠡᠱᠢᠭᠦᠨ ᠺᠠᠳ᠋ᠷ ᠨᠢᠭᠡ ᠰᠡᠳᠭᠢᠯ ᠨᠢᠭᠡ ᠴᠢᠭ᠌ᠯᠡᠯ ᠢᠶᠡᠷ᠂ ᠦᠷᠭᠦᠯᠵᠢᠯᠡᠨ ᠲᠡᠮᠡᠴᠡᠵᠦ᠍᠂ ᠪᠣᠳᠠᠲᠤ ᠠᠵᠢᠯᠯᠠᠭᠠ ᠪᠠᠷ ᠢᠶᠠᠨ 《ᠲᠡᠦᠬᠡ ᠵᠢ ᠰᠤᠷᠤᠯᠴᠠᠵᠤ ᠴᠢᠷᠮᠠᠢᠨ ᠦᠶ᠋ᠯᠡᠳᠦᠯᠭᠡᠵᠢᠭᠦᠯᠬᠦ᠌》 ᠢ᠋ᠢᠨ ᠠᠮᠢᠳᠤᠯᠢᠭ ᠲᠠᠢᠯᠪᠤᠷᠢ ᠬᠢᠵᠦ᠍᠂ 《ᠣᠯᠠᠨ ᠲᠦᠮᠡᠨᠳᠦ ᠪᠣᠳᠠᠲᠤ ᠶᠠᠪᠤᠳᠠᠯ ᠬᠢᠵᠦ ᠦᠭᠭᠦ》 ᠠᠵᠢᠯᠯᠠᠭᠠ ᠢ᠋ᠢᠨ ᠦᠨᠡᠨ ᠪᠣᠳᠠᠲᠠᠶ ᠦᠷᠡ ᠪᠦᠲᠦᠮᠵᠢ ᠪᠡᠷ ᠢᠶᠡᠨ ᠣᠯᠠᠨ ᠲᠦᠮᠡᠨ ᠳᠦ ᠴᠢᠨᠠᠷ ᠰᠠᠢᠲᠠᠶ ᠬᠥᠭ᠌ᠵᠢᠯᠲᠡ ᠶ᠋ᠢᠨ ᠦᠷᠡ ᠪᠦᠲᠦᠭᠡᠯ ᠢ ᠡᠳ᠋ᠯᠡᠭᠦᠯᠵᠦ᠍᠂ ᠴᠢᠨᠠᠷ ᠰᠠᠢᠲᠠᠶ ᠵᠣᠯ ᠵᠢᠷᠭᠠᠯᠲᠤ ᠠᠮᠢᠳᠤᠷᠠᠯ ᠢ ᠬᠠᠮᠲᠤᠪᠠᠷ ᠡᠳ᠋ᠯᠡᠭᠦᠯᠦᠨᠡ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠰᠤᠶᠤᠯᠲᠦ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃