2022-08-25 11:15:22
ᠬᠤᠸᠠ ᠯᠦᠸᠧ ᠭᠧᠩ ᠪᠣᠯ ᠭᠠᠳᠠᠭᠠᠳᠤ\nᠳᠣᠲᠣᠭᠠᠳᠤ᠎ᠳ᠋ᠤ ᠠᠯᠳᠠᠷᠱᠢᠭ᠍ᠰᠠᠨ ᠲᠣᠭᠠᠨ᠎ᠤ ᠤᠬᠠᠭᠠᠨᠲᠠᠨ ᠮᠦᠨ᠃ ᠲᠡᠷᠡ 1910 ᠣᠨ᠎ᠤ 11 ᠰᠠᠷ᠎ᠠ᠎ᠳᠤ ᠵᠢᠶᠠᠩᠰᠦ\nᠮᠤᠵᠢ᠎ᠶ᠋ᠢᠨ ᠵᠢᠨᠲ᠋ᠠᠨ ᠱᠢᠶᠠᠨ᠎ᠳᠤ ᠲᠦᠷᠦᠵᠦ᠍᠂ 1936 ᠣᠨ᠎ᠳᠤ ᠠᠨᠭ᠌ᠭ᠌ᠯᠢ᠎ᠶ᠋ᠢᠨ ᠺᠠᠮᠪᠷᠢᠵ ᠶᠡᠬᠡ ᠰᠤᠷᠭᠠᠭᠤᠯᠢ᠎ᠳᠤ\nᠤᠴᠢᠵᠤ ᠠᠵᠢᠯᠯᠠᠨ᠂ 1946 ᠣᠨ᠎ᠳᠤ ᠠᠮᠧᠷᠢᠺᠠ᠎ᠶ᠋ᠢᠨ ᠫᠷᠢᠡᠰᠲ᠋ᠦᠠ ᠳᠡᠭᠡᠳᠦ ᠵᠡᠷᠭᠡ᠎ᠶ᠋ᠢᠨ ᠰᠤᠳᠤᠯᠬᠤ ᠭᠠᠵᠠᠷ᠎ᠲᠤ\nᠰᠤᠳᠤᠯᠤᠭ᠍ᠴᠢ᠎ᠪᠠᠷ ᠠᠵᠢᠯᠯᠠᠵᠠᠢ᠃ ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠤ ᠳᠠᠷᠠᠭᠠᠬᠠᠨ᠂ ᠲᠡᠷᠡ\nᠫᠷᠢᠨᠰᠲ᠋ᠦᠨ ᠳᠡᠭᠡᠳᠦ ᠵᠡᠷᠭᠡ᠎ᠶ᠋ᠢᠨ ᠰᠤᠳᠤᠯᠤᠭ᠍ᠴᠢ ᠵᠢᠴᠢ ᠢᠯᠢᠨᠤᠢ ᠶᠡᠬᠡ ᠰᠤᠷᠭᠠᠭᠤᠯᠢ ᠶ᠋ᠢᠨ ᠨᠠᠰᠤᠨ ᠲᠤᠷᠱᠢᠳᠠ\n᠎ᠶ᠋ᠢᠨ ᠫᠷᠤᠹᠸᠰᠰᠤᠷ ᠤᠨ ᠬᠠᠷᠠᠭᠠᠯᠵᠠᠯᠵᠢᠡᠨ ᠬᠠᠶᠠᠵᠤ᠂ ᠡᠬᠡ ᠤᠯᠤᠰ᠎ᠲᠠᠭᠠᠨ ᠪᠤᠴᠠᠵᠤ ᠢᠷᠡᠬᠦ᠌᠎ᠪᠡᠷ ᠡᠷᠡᠰ\nᠱᠢᠢᠳᠴᠡᠢ᠃
ᠬᠤᠸᠠ\nᠯᠦᠸᠸ ᠭᠧᠩ ᠡᠪ ᠬᠠᠮᠲᠤ ᠨᠠᠮ᠎ᠤᠨ ᠭᠡᠱᠢᠭᠦᠨ ᠪᠣᠯᠬᠤ ᠬᠦᠰᠡᠯ᠎ᠲᠡᠶ᠂ ᠤᠯᠤᠰ᠎ᠲᠠᠭᠠᠨ ᠪᠤᠴᠠᠵᠤ ᠢᠷᠡᠭ᠌ᠰᠡᠨ᠎ᠦ\nᠲᠠᠷᠠᠭ᠎ᠠ᠂ ᠡᠷᠲᠡ ᠨᠢᠭᠡ ᠡᠳᠦᠷ ᠨᠠᠮ᠎ᠳᠤ ᠣᠷᠣᠬᠤ᠎ᠪᠠᠷ ᠴᠢᠷᠮᠠᠢᠭ᠍ᠰᠠᠭᠠᠷ᠃ 1958 ᠣᠨ᠎ᠤ 6 ᠰᠠᠷ᠎ᠠ᠎ᠳᠤ ᠲᠡᠷᠡ\nᠳᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠲᠣᠭᠠᠨ᠎ᠤ ᠤᠬᠠᠭᠠᠨ᠎ᠤ ᠰᠤᠳᠤᠯᠭᠠᠨ᠎ᠤ\nᠭᠠᠵᠠᠷ᠎ᠤᠨ ᠪᠦᠬᠦ᠌ ᠠᠵᠢᠯᠳᠠᠨ᠎ᠤ ᠶᠡᠬᠡ ᠬᠤᠷᠠᠯ ᠳᠡᠭᠡᠷ᠎ᠡ᠂ 《ᠡᠷᠡᠰ ᠱᠢᠭᠤᠷᠬᠠᠢ᠎ᠪᠠᠷ\nᠨᠠᠮ᠎ᠲᠠᠶ᠎ᠪᠠᠨ ᠰᠡᠳᠭᠢᠯ ᠨᠢᠭᠡᠳᠴᠦ᠍》 ᠡᠪ ᠬᠠᠮᠲᠤ ᠨᠠᠮ᠎ᠤᠨ\nᠭᠡᠱᠢᠭᠦᠨ᠎ᠦ ᠪᠠᠷᠢᠮᠵᠢᠶ᠎ᠠ᠎ᠪᠠᠷ ᠥᠪᠡᠷ᠎ᠢ᠎ᠪᠡᠨ ᠱᠠᠭᠠᠷᠳᠠᠵᠤ᠂ ᠠᠭᠤᠤ ᠶᠡᠬᠡ ᠳᠤᠮᠳᠠᠳᠤ ᠤᠯᠤᠰ᠎ᠤᠨ ᠡᠪ ᠬᠠᠮᠲᠤ\nᠨᠠᠮ᠎ᠳᠤ ᠣᠷᠣᠬᠤ᠎ᠪᠠᠷ ᠴᠢᠷᠮᠠᠢᠵᠤ᠂ ᠨᠢᠭᠡᠨ ᠦᠭᠡᠢᠭᠦᠦ ᠠᠩᠬᠢ᠎ᠶ᠋ᠢᠨ ᠬᠣᠱᠢᠭᠤᠴᠢ ᠪᠠᠢᠯᠳᠤᠭ᠍ᠴᠢ ᠪᠣᠯᠤᠨ᠎ᠠ\nᠭᠡᠵᠦ᠍ ᠢᠯᠡᠳᠭᠡᠪᠡ᠃ ᠡᠨᠡ ᠪᠣᠯ ᠲᠡᠭᠦᠨ᠎ᠦ ᠠᠩᠬ᠎ᠠ ᠤᠳᠠᠭ᠎ᠠ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ\nᠣᠷᠣᠬᠤ ᠣᠪᠣᠷ᠎ᠢᠶᠠᠨ ᠢᠯᠡᠳᠭᠡᠭᠰᠡᠨ ᠶᠠᠪᠤᠳᠠᠯ ᠶᠤᠮ᠃
1963 ᠣᠨ᠎ᠳᠤ ᠬᠤᠸᠠ ᠯᠦᠸᠧ ᠭᠧᠩ ᠳᠤᠮᠳᠠᠳᠤ\nᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠲᠣᠭᠠᠨ᠎ᠤ ᠤᠬᠠᠭᠠᠨ᠎ᠤ ᠰᠤᠳᠤᠯᠭᠠᠨ᠎ᠤ ᠭᠠᠵᠠᠷ᠎ᠤᠨ\nᠨᠠᠮ᠎ᠤᠨ ᠵᠣᠬᠢᠶᠠᠨ ᠪᠠᠢᠭᠤᠯᠤᠯᠲᠠ᠎ᠳᠤ ᠠᠡᠭᠬ᠎ᠠ ᠤᠳᠠᠭ᠎ᠠ ᠨᠠᠮ᠎ᠳᠤ ᠣᠷᠣᠬᠤ ᠡᠷᠡᠮᠡᠯᠵᠡᠯ᠎ᠤᠨ ᠪᠢᠴᠢᠭ ᠢᠶᠡᠨ\nᠲᠤᠱᠢᠶᠠᠪᠠ᠂ ᠢᠩᠭᠢᠭᠡᠳ ᠲᠡᠷᠡ 5 ᠵᠢᠯ᠎ᠦᠨ ᠡᠮᠦᠨᠡᠬᠢ ᠢᠯᠡᠳᠭᠡᠬᠰᠡᠨ ᠣᠪᠣᠷ᠎ᠢᠶᠠᠨ ᠦᠢᠯᠡᠳᠦᠯᠭᠡᠵᠢᠭᠦᠯᠪᠡ᠃\nᠭᠡᠲᠡᠯ᠎ᠡ ᠡᠨᠡ ᠬᠦ᠌ ᠢᠳᠡᠪᠬᠢᠲᠡᠢ ᠡᠷᠡᠮᠡᠯᠵᠡᠯ ᠨᠢ ᠵᠠᠷᠢᠮ ᠬᠥᠮᠦᠰ᠎ᠦᠨ ᠵᠥᠪᠱᠢᠶᠡᠷᠡᠯ᠎ᠢ ᠣᠯᠤᠭ᠍ᠰᠠᠨ\nᠦᠭᠡᠢ᠃ 1964 ᠣᠨ᠎ᠳᠤ ᠳᠤᠮᠳᠠᠳᠤ\nᠤᠯᠤᠰ᠎ᠤᠨ ᠱᠢᠨᠵᠢᠯᠡᠬᠦ᠌ ᠤᠬᠠᠭᠠᠨ ᠮᠡᠷᠭᠡᠵᠢᠯ᠎ᠦᠨ ᠶᠡᠬᠡ ᠰᠤᠷᠭᠠᠭᠤᠯᠢ᠎ᠶ᠋ᠢᠨ ᠳᠡᠳ᠋ ᠵᠠᠬᠢᠷᠤᠯ ᠪᠥᠭᠡᠳ\nᠬᠡᠷᠡᠭ᠌ᠯᠡᠭᠡᠨ᠎ᠦ ᠲᠣᠭᠠᠨ᠎ᠤ ᠤᠬᠠᠭᠠᠨ᠎ᠤ ᠰᠠᠯᠪᠤᠷᠢ᠎ᠶ᠋ᠢᠨ ᠡᠷᠬᠢᠯᠡᠭ᠌ᠴᠢ᠎ᠪᠡᠷ ᠠᠵᠢᠯ ᠱᠢᠯᠵᠢᠵᠦ᠍᠂\nᠳᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ ᠮᠡᠷᠭᠡᠵᠢᠯ᠎ᠦᠨ ᠶᠡᠬᠡ ᠰᠤᠷᠭᠠᠭᠤᠯᠢ᠎ᠶ᠋ᠢᠨ ᠨᠠᠮ᠎ᠤᠨ\nᠵᠣᠬᠢᠶᠠᠨ ᠪᠠᠢᠭᠤᠯᠤᠯᠲᠠ᠎ᠳᠤ ᠨᠠᠮ᠎ᠳᠤ ᠣᠷᠣᠬᠤ ᠬᠣᠶᠠᠳᠠᠬᠢ ᠡᠷᠡᠮᠡᠯᠵᠡᠯ᠎ᠦᠨ ᠪᠢᠴᠢᠭ ᠵᠢᠡᠨ ᠳᠡᠪᠱᠢᠭᠦᠯᠪᠡ᠃\n1967 ᠣᠨ᠎ᠳᠤ ᠳᠤᠮᠳᠠᠳᠤ\nᠤᠯᠤᠰ᠎ᠤᠨ ᠡᠪ ᠬᠠᠮᠲᠤ ᠨᠠᠮ᠎ᠳᠤ ᠭᠦᠨ ᠬᠠᠢᠷ᠎ᠠ ᠰᠡᠳᠭᠢᠯᠭᠡ᠎ᠲᠡᠶ ᠬᠤᠸᠠ ᠯᠦᠸᠧ ᠭᠸᠩ ᠳᠤᠮᠳᠠᠳᠤ ᠤᠯᠤᠰ᠎ᠤᠨ\nᠱᠢᠨᠵᠢᠯᠡᠬᠦ᠌ ᠤᠬᠠᠭᠠᠨ ᠮᠡᠷᠭᠡᠵᠢᠯ᠎ᠦᠨ ᠶᠡᠬᠡ ᠰᠤᠷᠭᠠᠭᠤᠯᠢ᠎ᠶ᠋ᠢᠨ ᠨᠠᠮ᠎ᠤᠨ ᠵᠣᠬᠢᠶᠠᠨ ᠪᠠᠢᠭᠤᠯᠤᠯᠲᠠ᠎ᠳᠤ\nᠨᠠᠮ᠎ᠳᠤ ᠣᠷᠣᠬᠤ ᠡᠷᠡᠮᠡᠯᠵᠡᠯ᠎ᠢᠶᠡᠨ ᠳᠠᠬᠢᠨᠲᠠ ᠳᠤᠷᠠᠳᠪᠠ᠃ ᠭᠡᠲᠡᠯ᠎ᠡ ᠡᠨᠡ ᠬᠣᠶᠠᠷ ᠤᠳᠠᠭᠠᠨ᠎ᠤ ᠡᠷᠡᠮᠡᠯᠵᠡᠯ\n᠎ᠨᠢ ᠪᠦᠷ ᠪᠠᠷ᠎ᠠ ᠰᠤᠷᠠᠭ ᠦᠭᠡᠢ ᠪᠤᠯᠵᠠᠢ᠃
ᠬᠡᠳᠦᠢᠪᠡᠷ ᠨᠤᠭᠤᠷᠠᠯ ᠪᠦᠳᠦᠷᠢᠯ ᠳ᠋ᠦ᠍ ᠤᠴᠠᠷᠠᠭᠰᠠᠨ\nᠪᠣᠯᠪᠠᠴᠤ ᠬᠤᠸᠠ ᠯᠦᠸᠧ ᠭᠧᠩ ᠨᠠᠮ ᠳ᠋ᠦ᠍ ᠣᠷᠣᠬᠤ ᠢᠲᠡᠭᠡᠯ ᠵᠣᠷᠢᠭ ᠵᠢᠡᠨ ᠭᠤᠢᠪᠢᠰᠢ ᠦᠭᠡᠢ ᠪᠠᠷᠢᠮᠳᠠᠯᠠᠭᠰᠠᠭᠠᠷ᠃ 1978 ᠣᠨ᠎ᠤ 3 ᠰᠠᠷ᠎ᠠ᠎ᠳᠤ ᠬᠤᠸᠠ\nᠯᠦᠸᠧ ᠭᠸᠩ ᠳᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠳᠡᠳ᠋ ᠬᠦᠷᠢᠶᠡᠯᠡᠩ ᠤᠨ ᠳᠠᠷᠤᠭ᠎ᠠ᠎ᠪᠠᠷ\nᠲᠣᠮᠢᠯᠠᠭ᠍ᠳᠠᠪᠠ᠃ ᠡᠨᠡ ᠦᠶ᠎ᠡ᠎ᠳᠦ᠂ ᠲᠡᠷᠡ ᠨᠠᠮ᠎ᠳᠤ ᠣᠷᠣᠬᠤ ᠬᠦᠰᠡᠯ ᠡᠷᠡᠮᠡᠯᠵᠡᠯ᠎ᠢᠶᠡᠨ ᠳᠠᠬᠢᠨᠲᠠ ᠴᠤᠬᠤᠢᠯᠭᠠᠪᠠ᠃\nᠳᠠᠷᠠᠭ᠎ᠠ ᠵᠢᠯ᠎ᠦᠨ ᠬᠢᠨᠢ 3 ᠰᠠᠷ᠎ᠠ᠎ᠳᠤ ᠲᠡᠷᠡ ᠪᠠᠰᠠ ᠨᠢᠭᠡ ᠤᠳᠠᠭ᠎ᠠ ᠨᠠᠮ᠎ᠤᠨ ᠵᠣᠬᠢᠶᠠᠨ ᠪᠠᠢᠭᠤᠯᠤᠯᠲᠠ᠎ᠳᠤ ᠡᠷᠡᠮᠡᠯᠵᠡᠯ\nᠳᠡᠪᠰᠢᠭᠦᠯᠪᠡ᠃ ᠲᠡᠷᠡ ᠡᠷᠡᠮᠡᠯᠵᠡᠯ᠎ᠤᠨ ᠪᠢᠴᠢᠭ᠎ᠲᠡᠬᠡᠨ᠄ 《ᠵᠣᠷᠢᠭ ᠱᠢᠭᠤᠳᠴᠤ᠌ ᠪᠠᠢᠭᠠᠳ ᠨᠢᠭᠡ ᠡᠳᠦᠷ\nᠠᠮᠢᠳᠤᠷᠠᠪᠠᠯ ᠨᠠᠮ᠎ᠤᠨ ᠲᠥᠯᠥᠭᠡ ᠨᠢᠭᠡ ᠡᠳᠦᠷ ᠠᠵᠢᠯᠯᠠᠵᠤ᠂ ᠨᠢᠭᠡ ᠴᠠᠭ ᠠᠮᠢᠳᠤᠷᠠᠪᠠᠯ ᠨᠠᠮ᠎ᠤᠨ ᠲᠥᠯᠥᠭᠡ\nᠨᠢᠭᠡ ᠴᠠᠭ ᠠᠵᠢᠯᠯᠠᠨ᠎ᠠ᠃ ᠨᠠᠮ᠂ ᠠᠷᠠᠳ ᠲᠦᠮᠡᠨ᠂ ᠡᠬᠡ ᠣᠷᠣᠨᠳ᠋ᠠᠭᠠᠨ ᠥᠴᠦᠬᠡᠨ ᠴᠤ᠌ ᠭᠡᠰᠡᠨ ᠴᠢᠳᠠᠯ\nᠵᠢᠡᠨ ᠡᠷᠭᠦᠨ᠎ᠡ》 ᠭᠡᠵᠡᠢ᠃ ᠡᠨᠡ ᠤᠳᠠᠭᠠᠨ᠎ᠤ ᠡᠷᠡᠮᠡᠯᠵᠡᠯ ᠨᠢ\nᠡᠴᠦᠰ᠎ᠲᠡᠬᠡᠨ ᠦᠷ᠎ᠡ ᠳ᠋ᠦᠩ᠎ᠲᠡᠶ ᠪᠣᠯᠵᠠᠶ᠃ 6 ᠰᠠᠷ᠎ᠠ᠎ᠶ᠋ᠢᠨ 13᠎ᠤ ᠡᠳᠦᠷ ᠬᠤᠸᠠ ᠯᠦᠸᠧ ᠭᠧᠩ 21 ᠵᠢᠯ᠎ᠦᠨ ᠬᠦᠰᠡᠯ ᠡᠷᠡᠮᠡᠯᠵᠡᠯ᠎ᠢᠶᠡᠨ\nᠪᠡᠶᠡᠯᠡᠭᠦᠯᠵᠦ᠍᠂ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠡᠯᠰᠡᠭ᠌ᠳᠡᠪᠡ᠃ ᠲᠤᠬᠠᠢ᠎ᠵᠢᠨ ᠦᠶ᠎ᠡ ᠳ᠋ᠤ\nᠲᠡᠷᠡ ᠨᠢᠭᠡᠨᠲᠡ 70 ᠨᠠᠰᠤ ᠬᠦᠷᠴᠠᠢ᠃
ᠬᠤᠸᠠ ᠯᠦᠸᠸ ᠭᠧᠩ᠎ᠤᠨ\nᠤᠳᠠᠭᠠᠨ ᠵᠢᠯ᠎ᠦᠨ ᠬᠦᠰᠡᠯ ᠪᠡᠶᠡᠯᠡᠭ᠌ᠳᠡᠭᠰᠡᠨᠢ ᠮᠡᠳᠡᠭᠡᠳ᠂ 1980 ᠣᠨ᠎ᠤ ᠱᠢᠨ᠎ᠡ ᠵᠢᠯ᠎ᠦᠨ ᠱᠢᠨ᠎ᠡ᠎ᠶ᠋ᠢᠨ\nᠨᠢᠭᠡᠨ᠎ᠳᠦ ᠳ᠋ᠧᠩ ᠶᠢᠩ ᠴᠤᠤ 《ᠠᠬᠠᠮᠠᠳ ᠨᠥᠬᠥᠷ᠂ ᠱᠢᠨ᠎ᠡ ᠨᠠᠮ᠎ᠤᠨ ᠭᠡᠱᠢᠭᠦᠨ》 ᠭᠡᠰᠡᠨ ᠪᠢᠴᠢᠭᠡᠰᠦ ᠪᠢᠴᠢᠵᠦ᠍ ᠬᠤᠸᠠ ᠯᠦᠸᠸ ᠭᠧᠩᠢ ᠵᠣᠷᠢᠭ᠍ᠵᠢᠭᠤᠯᠪᠠ᠃ ᠬᠤᠸᠠ\nᠯᠦᠸᠸ ᠭᠧᠩ ᠨᠢᠭᠡ ᠪᠠᠳᠠᠭ ᠰᠢᠯᠦᠭ ᠪᠢᠴᠢᠵᠦ᠂ ᠲᠠᠯᠠᠷᠬᠠᠯ ᠵᠢᠡᠨ ᠢᠯᠡᠳᠭᠡᠭᠰᠡᠨ ᠨᠢ᠄ ᠲᠠᠪᠢᠨ ᠵᠢᠯ᠎ᠦᠨ\nᠬᠦᠰᠡᠯ ᠡᠷᠡᠮᠡᠯᠵᠡᠯ ᠦᠨᠦᠳᠦᠷ ᠪᠡᠶᠡᠯᠡᠭᠳᠡᠵᠤ᠂ ᠰᠡᠳᠬᠢᠯ ᠶᠡᠬᠡᠳᠡ ᠲᠤᠭᠳᠤᠯᠤᠨ᠂ ᠨᠠᠮ᠎ᠤᠨ ᠵᠢᠡᠨ ᠲᠦᠯᠦᠭᠡ\nᠠᠯᠢᠪᠠ ᠪᠡᠨ ᠵᠤᠷᠢᠭᠤᠯᠬᠤ ᠪᠡᠷ ᠪᠡᠯᠡᠭᠡᠨ ᠪᠤᠢ᠃ ᠠᠬᠠᠮᠠᠳ ᠨᠥᠬᠥᠷ᠂ ᠭᠦᠨ᠎ᠡ ᠢᠴᠢᠩᠭᠦᠢᠷᠡᠨ᠂ ᠱᠢᠨ᠎ᠡ\nᠨᠠᠮ᠎ᠤᠨ ᠭᠡᠱᠢᠭᠦᠨ᠂ ᠵᠣᠯ᠎ᠢᠶᠠᠷ ᠮᠠᠭ᠍ᠲᠠᠭ᠍ᠳᠠᠪᠠ᠃ ᠨᠠᠮ᠎ᠤᠨ ᠭᠡᠱᠢᠭᠦᠨ᠎ᠦ ᠨᠡᠷ᠎ᠡ᠎ᠪᠡᠨ ᠯᠠᠪ ᠭᠤᠲᠤᠭᠠᠬᠤ\nᠦᠭᠡᠢ ᠬᠡᠪᠡ᠃
ᠢᠷᠡᠯᠳᠡ᠄ 《ᠡᠪ ᠬᠠᠮᠳᠤ ᠨᠠᠮ᠎ᠤᠨ ᠬᠡᠰᠢᠭᠦᠨ ᠮᠡᠳᠡᠬᠦ ᠶᠤᠰᠤᠳᠠᠢ ᠨᠠᠮ᠎ᠤᠨ ᠲᠡᠤᠬᠡ ᠵᠢᠨ ᠵᠢᠵᠢᠭ\nᠦᠯᠢᠭᠡᠷ ᠤ᠋ᠤᠨ》
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠬᠦᠰᠡᠯᠡᠩ
ᠣᠷᠴᠢᠭᠤᠯᠤᠭ᠍ᠴᠢ᠄




ᠰᠢᠭᠦᠮᠵᠢ ᠠᠯᠠᠭ᠎ᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃