ᠲᠡᠷᠢᠭᠦᠨ ᠨᠢᠭᠤᠷ>ᠨᠠᠮ᠎ᠤᠨ ᠪᠠᠢᠭᠤᠯᠤᠯᠲᠠ> ᠨᠠᠮ᠎ᠤ᠋ᠨ ᠲᠡᠦᠬᠡ᠎ᠶ᠋ᠢᠨ ᠮᠡᠳᠡᠯᠭᠡ

2021-11-17 09:53:00

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠶᠧ ᠵᠢᠶᠠᠨ ᠶᠢᠩ ᠮᠠᠷᠱᠠᠯ᠎ᠤᠨ ᠥᠬᠢᠨ ᠶᠧ ᠱᠢᠶᠠᠩ ᠵᠧᠨ ᠨᠢ ᠪᠢᠴᠢᠭ ᠦᠵᠡᠵᠦ᠍ ᠪᠠᠢᠬᠤ᠎ᠳᠤ᠂ ᠰᠤᠷᠭᠠᠭᠤᠯᠢ ᠨᠢ ᠭᠡᠷ᠎ᠡᠴᠡ ᠨᠢ ᠬᠤᠯᠠ ᠪᠦᠭᠡᠳ ᠵᠠᠮ ᠬᠠᠷᠢᠯᠴᠠᠭ᠎ᠠ ᠮᠠᠰᠢ ᠳᠥᠭᠥᠮ ᠦᠭᠡᠢ ᠪᠠᠢᠪᠠ᠃ ᠱᠢᠶᠠᠩ ᠵᠧᠨ ᠭᠠᠷᠠᠭ᠎ᠤᠨ ᠰᠡᠭᠦᠯᠴᠢ ᠪᠡᠷ ᠭᠡᠷ ᠎ᠲᠦ ᠪᠠᠨ ᠬᠠᠷᠢᠬᠤ ᠪᠤᠯᠭᠠᠨ ᠵᠥᠪᠬᠡᠨ ᠨᠢᠭᠡᠯᠡ ᠡᠷᠡᠨ᠎ᠤ ᠦᠳᠡ᠎ᠶ᠋ᠢᠨ ᠬᠣᠭᠣᠯᠠ ᠢᠳᠡᠭᠡᠳ ᠳᠠᠬᠢᠨ ᠭᠤᠷᠪᠠ ᠤᠳᠠᠭ᠎ᠠ ᠲᠡᠷᠭᠡ ᠰᠤᠯᠢᠵᠤ ᠰᠤᠷᠭᠠᠭᠤᠯᠢ᠎ᠳ᠋ᠤ ᠪᠠᠨ ᠪᠤᠴᠠᠳᠠᠭ ᠪᠠᠢ᠌ᠯ᠎ᠠ᠃

ᠠᠭᠠᠭᠢᠮ᠎ᠠ ᠬᠠᠯᠠᠭᠤᠨ ᠵᠤᠨ᠎ᠤ ᠨᠢᠭᠡᠨ ᠡᠳᠦᠷ᠂ ᠱᠢᠶᠠᠩ ᠵᠧᠨ ᠨᠡᠢᠲᠡ᠎ᠶ᠋ᠢᠨ ᠮᠠᠱᠢᠨ ᠲᠡᠷᠭᠡᠨ᠎ᠳᠦ ᠱᠢᠬᠠᠯᠳᠤᠨ ᠭᠤᠷᠪᠠᠨ ᠴᠠᠭ ᠵᠠᠷᠤᠴᠠᠭᠤᠯᠤᠭᠠᠳ ᠠᠷᠠᠢ ᠴᠢᠷᠠᠢ ᠭᠡᠷ᠎ᠲᠤ ᠪᠠᠨ ᠬᠦᠷᠴᠡᠢ᠃ ᠲᠡᠷᠡ ᠠᠪᠤ᠎ᠡᠴᠠ᠎ᠪᠠᠨ᠄ 《ᠡᠳᠦᠷ ᠡᠢ᠌ᠮᠦ᠍ ᠬᠠᠯᠠᠭᠤᠨ ᠪᠠᠢ᠌ᠳᠠᠯ᠎ᠠ ᠶᠠᠭᠠᠬᠢᠭᠠᠳ ᠲᠡᠷᠭᠡ ᠲᠣᠮᠢᠯᠠᠨ ᠨᠠᠮ᠎ᠠ ᠵᠢ ᠲᠤᠰᠴᠤ᠌ ᠬᠦᠷᠭᠡᠵᠦ᠍ ᠪᠣᠯᠬᠤ ᠦᠭᠡᠢ ᠪᠤᠢ ?》 ᠭᠡᠵᠦ᠍ ᠠᠰᠠᠭᠤᠪᠠ᠃ ᠶᠧ ᠮᠠᠷᠱᠠᠯ ᠰᠣᠨᠣᠰᠤᠭᠠᠳ᠄ 《ᠠᠷᠠᠳ ᠤᠯᠠᠨ ᠨᠡᠢᠲᠡ᠎ᠶ᠋ᠢᠨ ᠮᠠᠱᠢᠨ ᠲᠡᠷᠭᠡᠨ᠎ᠳᠦ ᠰᠠᠭᠤᠵᠤ ᠨᠠᠭᠠᠰᠢ ᠴᠠᠭᠠᠰᠢ ᠶᠠᠪᠤᠵᠤ ᠪᠣᠯᠵᠤ ᠪᠠᠢ᠌ᠳᠠᠯ᠎ᠠ ᠴᠢ ᠰᠠᠭᠤᠵᠤ ᠪᠣᠯᠬᠤ ᠦᠭᠡᠢ᠎ᠤᠤ ? ᠲᠡᠷᠭᠡ ᠪᠣᠯ ᠠᠯᠪᠠᠨ ᠡᠴᠡ ᠨᠠᠳᠠ᠎ᠳᠤ ᠲᠣᠬᠢᠷᠠᠭᠤᠯᠵᠤ ᠥᠭ᠌ᠭᠦᠭ᠌ᠰᠡᠨ ᠪᠤᠯᠬᠤᠷ ᠠᠷᠠᠳ ᠲᠦᠮᠡᠨ᠎ᠦ ᠲᠥᠯᠥᠭᠡ ᠠᠵᠢᠯ ᠬᠢᠬᠦ᠌᠎ᠳᠦ ᠯᠡ ᠰᠠᠶᠢ ᠬᠡᠷᠡᠭ᠌ᠯᠡᠵᠦ᠍ ᠪᠤᠯᠤᠨ᠎ᠠ᠂ ᠲᠠᠨᠤᠰ᠎ᠢ ᠲᠣᠰᠭᠤ᠎ᠶ᠋ᠢᠨ ᠲᠥᠯᠥᠭᠡ ᠪᠢᠰᠢ !》 ᠭᠡᠵᠦ᠍ ᠬᠠᠳᠠᠭᠤ ᠪᠡᠷ ᠱᠢᠭᠦᠮᠵᠢᠯᠡᠨ ᠬᠡᠯᠡᠵᠡᠢ᠃ ᠲᠡᠭᠦᠨ᠎ᠡᠴᠡ ᠬᠣᠢᠰᠢ᠂ ᠶᠧ ᠱᠢᠶᠠᠩ ᠵᠧᠨ ᠠᠪᠤ᠎ᠶ᠋ᠢᠨ᠎ᠢᠶᠠᠨ ᠰᠤᠷᠭᠠᠯ᠎ᠢ ᠪᠠᠳᠤ ᠴᠡᠭᠡᠵᠢᠯᠡᠵᠦ᠍ ᠶᠠᠭᠠᠬᠢᠭ᠍ᠰᠠᠨ ᠴᠤ᠌ ᠣᠨᠴᠠᠭᠠᠢᠷᠠᠵᠤ ᠪᠣᠯᠬᠤ ᠦᠭᠡᠢ ᠭᠡᠳᠡᠭ᠎ᠢ ᠮᠡᠳᠡᠵᠡᠢ᠃

( ᠱᠢᠨᠬᠤᠸᠠ ᠰᠦᠯᠵᠢᠶ᠎ᠠ ᠡᠴᠡ ᠨᠠᠢ᠌ᠷᠠᠭᠤᠯᠤᠨ ᠠᠪᠤᠪᠠ )

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠤᠶᠤᠨᠲᠠᠨ᠎ᠠ

ᠣᠷᠴᠢᠭᠤᠯᠤᠭ᠍ᠴᠢ᠄

ᠢᠷᠡᠯᠲᠡ᠄ ᠦᠪᠦᠷ ᠮᠤᠩᠭᠤᠯ᠎ᠤᠨ ᠪᠠᠭᠠᠴᠥᠳ᠎ᠤᠨ ᠰᠤᠨᠢᠨ
兼容浏览器的HTML页面