2021-11-17 10:02:24
1940 ᠤᠨᠤ 10 ᠰᠠᠷᠠ ᠶ᠋ᠢᠨ 19 ᠤ ᠡᠳᠦᠷ᠂ ᠾᠸ ᠶᠢᠩ ᠴᠢᠨ᠂ ᠪᠠᠢ ᠴᠦᠩ ᠰᠢ ᠭᠤᠮᠢᠨᠳᠠᠩᠤᠨ ᠵᠠᠰᠠᠭᠤᠨ ᠤᠷᠳᠤᠨᠤ ᠴᠡᠷᠢᠭᠤᠨ ᠶᠠᠪᠤᠳᠠᠯᠤᠨ ᠬᠤᠷᠢᠶᠠᠨᠤ ᠱᠲ᠋ᠠᠪᠤᠨ ᠳᠠᠷᠤᠭᠠ ᠪᠠ ᠳᠡᠳ᠋ ᠱᠲ᠋ᠠᠪᠤᠨ ᠳᠠᠷᠤᠭᠠ ᠶ᠋ᠢᠨ ᠨᠡᠷᠠ ᠪᠡᠷ ᠵᠦ᠍ᠳᠸ᠂ ᠫᠸᠩᠳᠸ ᠬᠤᠸᠠᠢ᠂ ᠶ᠋ᠸ ᠲᠢᠩᠳᠦ ᠴᠠᠬᠢᠯᠭᠠᠨ ᠮᠡᠳᠡᠭᠡ ᠶᠠᠪᠤᠭᠤᠯᠵᠤ᠂ ᠬᠠᠳᠤᠨ ᠭᠤᠤᠯ ᠡᠴᠡ ᠡᠮᠦᠨᠡᠱᠢᠬᠢ ᠨᠠᠢ᠍ᠮᠠᠳᠤᠭᠠᠷ ᠵᠠᠮᠤᠨ ᠴᠡᠷᠢᠭ᠂ ᠱᠢᠨᠠ ᠳᠦᠷᠪᠡᠳᠦᠭᠡᠷ ᠠᠷᠮᠢ ᠵᠢ ᠨᠢᠭᠡ ᠰᠠᠷᠠ ᠶ᠋ᠢᠨ ᠳᠤᠳᠤᠷᠠ ᠬᠠᠳᠤᠨ ᠭᠤᠤᠯᠤᠨ ᠬᠤᠢ᠌ᠳᠤ ᠳᠠᠯᠠᠳᠦ ᠤᠴᠢᠬᠤ ᠬᠡᠷᠡᠭ᠌ᠳᠡᠢ ᠭᠡᠵᠦ᠍ ᠬᠠᠳᠠᠭᠤ ᠵᠠᠷᠯᠢᠭ᠍ᠳᠠᠪᠠ᠃ ᠵᠦ᠍ᠳᠸ ᠵᠡᠷᠭᠡ ᠬᠦᠮᠦᠰ 11ᠰᠠᠷᠠ ᠶ᠋ᠢᠨ 9ᠤ ᠡᠳᠦᠷ ᠬᠠᠷᠢᠭᠤ ᠴᠠᠬᠢᠯᠭᠠᠨ ᠮᠡᠳᠡᠭᠡ ᠶᠠᠪᠤᠭᠤᠯᠵᠤ᠂ ᠭᠤᠮᠢᠨᠳᠠᠩᠤᠨ ᠮᠤᠵᠢᠭᠤᠳᠠ ᠡᠳᠡᠭᠡᠳᠤᠨ ᠭᠠᠵᠢᠭᠤ ᠵᠠᠷᠯᠢᠭ ᠪᠠ ᠡᠪ ᠬᠠᠮᠳᠤ ᠨᠠᠮ ᠪᠤᠯᠤᠨ ᠡᠪ ᠬᠠᠮᠳᠤ ᠨᠠᠮᠤᠨ ᠤᠳᠤᠷᠢᠳᠤᠭ᠍ᠰᠠᠨ ᠴᠡᠷᠢᠭ ᠠᠩᠬᠢ ᠵᠢ ᠬᠦᠳᠭᠡᠭ᠌ᠰᠡᠨ ᠬᠦᠳᠭᠡᠯᠢ ᠨᠢᠴᠤᠭᠠᠭ᠍ᠰᠠᠨ ᠪᠦᠭᠡᠳ ᠶᠠᠫᠤᠨᠢ ᠡᠰᠡᠷᠭᠦᠴᠡᠬᠦ᠌ ᠶᠡᠬᠡ ᠳᠠᠯᠠ ᠵᠢ ᠪᠤᠳᠤᠯᠬᠢᠯᠠᠵᠤ᠂ ᠸᠠᠨᠨᠠᠨᠤ ᠱᠢᠨᠠ ᠳᠦᠷᠪᠡᠳᠦᠭᠡᠷ ᠠᠷᠮᠢ ᠵᠢ ᠬᠦᠬᠡᠮᠥ᠋ᠷᠡᠨᠤ ᠬᠤᠢ᠌ᠳᠤ ᠳᠠᠯᠠᠳᠦ ᠱᠢᠯᠵᠢᠭᠦᠯᠵᠦ᠍ ᠪᠤᠯᠤᠨᠠ ᠭᠡᠵᠦ᠍ ᠢᠯᠡᠷᠭᠡᠢ᠌ᠯᠡᠪᠡ᠃ 1941 ᠤᠨᠤ 1 ᠰᠠᠷᠠ ᠶ᠋ᠢᠨ 4ᠤ ᠡᠳᠦᠷ ᠱᠢᠨᠠ ᠳᠦᠷᠪᠡᠳᠦᠭᠡᠷ ᠠᠷᠮᠢ ᠶ᠋ᠢᠨ ᠠᠷᠮᠢ ᠶ᠋ᠢᠨ ᠵᠠᠬᠢᠷᠭᠠ ᠶ᠋ᠢᠨ ᠬᠠᠷᠢᠶᠠ ᠴᠡᠷᠢᠭ ᠠᠩᠬᠢ ᠶ᠋ᠢᠨ 9000 ᠭᠠᠷᠤᠢ ᠬᠦᠮᠦᠨ ᠵᠠᠷᠯᠢᠭ ᠢᠶᠡᠷ ᠤᠮᠠᠷᠠᠰᠢ ᠱᠢᠯᠵᠢᠵᠦ᠍᠂ ᠶᠦᠨ ᠯᠢᠩ ᠡᠴᠡ ᠮᠤᠷᠳᠠᠵᠤ ᠳᠤᠭᠤᠷᠢᠤ ᠵᠠᠮ ᠢᠶᠡᠷ ᠤᠷᠤᠭ᠍ᠰᠢᠯᠠᠪᠠ᠃ 1 ᠰᠠᠷᠠ ᠶ᠋ᠢᠨ 6 ᠦ ᠡᠳᠦᠷ᠂ ᠸᠠᠨᠨᠠᠨᠤ ᠵᠢᠩ ᠱᠢᠶᠠᠨᠤ ᠮᠤᠤ ᠯᠢᠨ ᠤᠷᠤᠨᠳᠦ ᠬᠦᠷᠴᠦ᠍᠂ ᠭᠤᠮᠢᠨᠳᠠᠩᠤᠨ ᠭᠤᠷᠪᠠᠳᠤᠭᠠᠷ ᠪᠠᠢ᠌ᠯᠳᠤᠭᠠᠨᠤ ᠳᠤᠭᠤᠷᠢᠭᠤᠨ 7 ᠳ᠋ᠢᠸᠢᠽᠢ ᠶ᠋ᠢᠨ 8 ᠲᠦᠮᠡ ᠭᠠᠷᠤᠢ ᠪᠦᠭ᠌ᠬᠦᠭ᠌ᠰᠡᠨ ᠴᠡᠷᠢᠭ ᠲᠤ ᠴᠤᠬᠢᠭ᠍ᠳᠠᠭᠠᠳ 7 ᠡᠳᠦᠷ 7 ᠰᠦᠨᠢ ᠴᠢᠰᠤᠨ ᠪᠠᠢ᠌ᠯᠳᠤᠭᠠᠨ ᠬᠢᠵᠦ᠍᠂ 2000 ᠱᠢᠬᠠᠮ ᠬᠦᠮᠦᠨ ᠪᠦᠰᠡᠯᠡᠯᠳᠡ ᠵᠢ ᠱᠢᠪᠳᠤᠯᠵᠤ᠂ ᠪᠤᠰᠤᠳ ᠨᠢ ᠪᠠᠭᠠᠳᠤᠷᠯᠢᠭ ᠢᠶᠠᠷ ᠪᠡᠶᠠ ᠦᠷᠡᠭ᠌ᠳᠡᠪᠡ᠃ ᠠᠷᠮᠢ ᠶ᠋ᠢᠨ ᠳᠠᠷᠤᠭᠠ ᠶ᠋ᠸ ᠲᠢᠩ ᠪᠠᠷᠢᠪᠴᠢᠯᠠᠭ᠍ᠳᠠᠵᠤ᠂ ᠤᠯᠤᠰ ᠳᠦᠷᠦ᠍ ᠶ᠋ᠢᠨ ᠬᠡᠯᠳᠡᠰᠤᠨ ᠡᠷᠬᠢᠯᠡᠭ᠌ᠴᠢ ᠶᠤᠸᠠᠨ ᠭᠦᠸᠸ ᠫᠢᠩ ᠪᠡᠶᠠ ᠦᠷᠡᠭ᠌ᠳᠡᠵᠦ᠍᠂ ᠠᠷᠮᠢ ᠶ᠋ᠢᠨ ᠳᠡᠳ᠋ ᠳᠠᠷᠤᠭᠠ ᠱᠢᠶᠠᠩ ᠶᠢᠩ᠂ ᠱᠲ᠋ᠠᠪᠤᠨ ᠳᠠᠷᠤᠭᠠ ᠵᠸᠦ ᠽᠢ ᠺᠦᠨ ᠪᠦᠰᠡᠯᠡᠯᠳᠡ ᠵᠢ ᠱᠢᠪᠳᠤᠯᠤᠭ᠍ᠰᠠᠨᠤ ᠳᠠᠷᠠᠭᠠ ᠵᠤᠯ ᠪᠤᠰᠤ ᠪᠡᠷ ᠤᠷᠪᠠᠭ᠍ᠴᠢᠳᠦ ᠬᠤᠤᠷᠯᠠᠭ᠍ᠳᠠᠪᠠ᠃
ᠸᠠᠨᠨᠠᠨᠤ ᠭᠡᠷᠡᠭ ᠬᠤᠪᠢᠰᠤᠯ ᠨᠢ ᠵᠢᠶᠠᠩ ᠵᠢᠶ᠍ᠸ ᠱ᠌ᠢ ᠶ᠋ᠢᠨ ᠶᠠᠫᠤᠨᠢ ᠬᠤᠢ᠌ᠷᠭᠤ ᠪᠡᠷ ᠡᠰᠡᠷᠭᠦᠴᠡᠵᠦ᠍᠂ ᠡᠪ ᠬᠠᠮᠳᠤ ᠨᠠᠮᠢ ᠢᠳᠡᠪᠬᠢᠳᠡᠢ ᠡᠰᠡᠷᠭᠦᠴᠡᠵᠦ᠍ ᠪᠠᠢ᠌ᠭ᠍ᠰᠠᠨ ᠦᠨᠡᠨ ᠳᠦᠷᠢ ᠵᠢ ᠢᠯᠡᠴᠢᠯᠡᠵᠡᠢ᠃
- ᠨᠠᠢᠷᠠᠭᠤᠯᠤᠭ᠍ᠴᠢ᠄
- ᠨᠡᠪᠲᠡᠷᠡᠭᠦᠯᠦᠭᠴᠢ᠄
- ᠮᠡᠷᠭᠡᠵᠢᠯ᠄
ᠨᠠᠢᠷᠠᠭᠤᠯᠤᠭ᠍ᠴᠢ᠄ ᠤᠶᠤᠨᠲᠠᠨᠠ
ᠣᠷᠴᠢᠭᠤᠯᠤᠭ᠍ᠴᠢ᠄




ᠰᠢᠭᠦᠮᠵᠢ ᠠᠯᠠᠭᠠ ᠂ ᠬᠤᠷᠳᠤᠨ ᠨᠢᠭᠡᠳᠦᠭᠡᠷ ᠵᠤᠷᠪᠤᠰ ᠰᠢᠭᠦᠮᠵᠢ ᠨᠡᠢ᠌ᠲᠡᠯᠡᠭᠡᠷᠡᠢ᠃