ᠲᠡᠷᠢᠭᠦᠨ ᠨᠢᠭᠤᠷ>ᠨᠠᠮ᠎ᠤᠨ ᠪᠠᠢᠭᠤᠯᠤᠯᠲᠠ> ᠨᠠᠮ᠎ᠤ᠋ᠨ ᠲᠡᠦᠬᠡ᠎ᠶ᠋ᠢᠨ ᠮᠡᠳᠡᠯᠭᠡ

2022-01-19 16:17:58

ᠵᠣᠬᠢᠶᠠᠭ᠍ᠴᠢ᠄ ᠣᠩᠱᠢᠭ᠍ᠰᠠᠨ ᠣᠳᠠᠭ᠎ᠠ᠄ 3

ᠫᠢᠩᠵᠢᠨ᠎ᠦ ᠳᠠᠢᠯᠠᠯᠳᠤᠭᠠᠨ(ᠪᠡᠭᠡᠵᠢᠩ ᠲᠢᠶᠠᠨᠵᠢᠨ᠎ᠤ ᠳᠠᠢᠯᠠᠯᠳᠤᠭᠠᠨ) ᠎ᠤ᠋ ᠳᠤᠷᠠᠰᠬᠠᠯ᠎ᠤᠨ ᠣᠷᠳᠣᠨ᠎ᠤ ᠦᠵᠡᠭᠦᠯᠭᠡ᠎ᠶᠢᠨ ᠲᠢᠩᠬᠢᠮ᠎ᠳᠡᠬᠢ ᠫᠠᠢ ᠺᠸ ᠳᠡᠮᠳᠡᠭᠳᠦᠪᠤᠯᠤᠳ ᠪᠢᠷ ᠬᠥᠮᠦᠰ᠎ᠦᠨ ᠠᠩᠬᠠᠷᠤᠯ᠎ᠢ ᠳᠠᠳᠠᠭᠰᠠᠨ ᠪᠠᠢᠳᠠᠭ᠃ ᠡᠨᠡ ᠪᠤᠯᠤᠳ ᠪᠢᠷ ᠪᠣᠯ ᠤᠯᠤᠰ᠎ᠤᠨ ᠨᠢᠭᠡᠳᠦᠭᠡᠷᠳᠡᠰ᠎ᠤᠨ ᠲᠡᠦᠬᠡ᠎ᠶᠢᠨ ᠳᠤᠷᠠᠰᠬᠠᠯᠲᠤ ᠵᠦᠢᠯᠡᠰ ᠪᠤᠯᠤᠨ᠎ᠠ᠃ ᠲᠡᠭᠦᠨ᠎ᠦ ᠡᠵᠡᠨ ᠨᠢ ᠤᠤᠯ᠎ᠤᠨ ᠵᠡᠭᠦᠨ ᠬᠣᠢᠲᠤ᠎ᠶᠢᠨᠬᠡᠭᠡᠷᠡᠯᠡᠨ ᠪᠠᠢᠯᠳᠤᠬᠤ ᠴᠡᠷᠢᠭ ᠠᠩᠬᠢ᠎ᠶᠢᠨ ᠱᠲ᠋ᠠᠪ ᠎ᠤ᠋ᠨ ᠭᠠᠵᠠᠷ᠎ᠤᠨ ᠳᠠᠷᠤᠭ᠎ᠠ ᠰᠸ᠋ ᠵᠢᠩ ᠨᠥᠬᠥᠷ ᠪᠣᠯᠤᠨ᠎ᠠ᠃ᠲᠤᠬᠠᠢ᠎ᠶᠢᠨ ᠵᠢᠯ᠎ᠳᠦ᠂ ᠰᠸ᠋ ᠵᠢᠩ ᠨᠥᠬᠥᠷ ᠶᠠᠭ ᠡᠨᠡ ᠪᠤᠯᠤᠳ ᠪᠢᠷ᠎ᠢᠶᠡᠷ ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦᠴᠡᠷᠢᠭ᠎ᠦᠨ ᠪᠡᠭᠡᠵᠢᠩ ᠲᠢᠶᠠᠨᠵᠢᠨ᠎ᠤ ᠡᠮᠦᠨ᠎ᠡ ᠹᠷᠣᠨᠲ᠎ᠤᠨ ᠰᠧᠯᠢᠩᠪᠦ᠋ ᠵᠢ ᠲᠥᠯᠥᠭᠡᠯᠡᠨ 《ᠪᠸᠢᠢᠫᠢᠡᠭ᠌᠎ᠤᠨ ᠠᠰᠠᠭᠤᠳᠠᠯ᠎ᠢᠨᠠᠢᠷᠠᠮᠳᠠᠯ᠎ᠢᠶᠠᠷ ᠰᠢᠢᠳᠪᠦᠷᠢᠯᠡᠬᠦ ᠲᠤᠬᠠᠢ ᠬᠡᠯᠡᠯᠴᠡᠭᠡᠷ》 ᠲᠦ᠍ ᠭᠠᠷ᠎ᠤᠨ ᠦᠰᠦᠭ᠌ ᠵᠢᠷᠤᠭᠰᠠᠨ ᠶᠤᠮ᠃


QQ图片20220119161655.png


1946 ᠣᠨ᠎ᠳᠤ᠂ ᠳᠥᠷᠪᠡᠳᠦᠭᠡᠷᠬᠡᠭᠡᠷᠡᠯᠡᠨ ᠪᠠᠢᠯᠳᠤᠬᠤ ᠴᠡᠷᠢᠭ᠎ᠦᠨ ᠠᠷᠤ ᠲᠠᠯ᠎ᠠ᠎ᠶᠢᠨ ᠬᠡᠯᠲᠡᠰ ᠨᠢ ᠬᠠᠷᠪᠢᠨ ᠡᠴᠡ 10 ᠫᠠᠢ ᠺᠸ ᠳᠡᠮᠳᠡᠭᠳᠦᠪᠤᠯᠤᠳ ᠪᠢᠷ ᠬᠤᠳᠠᠯᠳᠤᠨ ᠠᠪᠴᠤ᠂ ᠨᠢᠭᠡ ᠵᠢ ᠨᠢ ᠰᠸ᠋ ᠵᠢᠩ᠎ᠳᠦ ᠬᠦᠷᠭᠡᠪᠡ᠃

1949 ᠣᠨ᠎ᠤ 1 ᠰᠠᠷ᠎ᠠ᠎ᠶᠢᠨ 14 ᠎ᠤ᠋ ᠡᠳᠦᠷ᠂ ᠵᠡᠭᠦᠨᠬᠣᠢᠲᠤ᠎ᠶᠢᠨ ᠬᠡᠭᠡᠷᠡᠯᠡᠨ ᠪᠠᠢᠯᠳᠤᠬᠤ ᠴᠡᠷᠢᠭ᠎ᠦᠨ ᠨᠢᠭᠡᠳᠦᠭᠡᠷ ᠴᠤᠪᠤᠭ᠎ᠠ ᠠᠩᠬᠢ ᠭᠣᠮᠢᠨᠳᠠᠩ᠎ᠤᠨ ᠴᠡᠷᠢᠭ᠎ᠦᠨᠲᠢᠶᠠᠨᠵᠢᠨ᠎ᠤ ᠰᠡᠷᠭᠡᠢᠯᠡᠯᠲᠡ᠎ᠶᠢᠨ ᠰᠧᠯᠢᠩᠪᠦ᠋᠎ᠶᠢ ᠳᠠᠭᠠᠷᠢᠨ ᠡᠵᠡᠯᠡᠪᠡ᠃ 1 ᠰᠠᠷ᠎ᠠ᠎ᠶᠢᠨ 15 ᠎ᠤ᠋ ᠡᠳᠦᠷ᠂ 29 ᠴᠠᠭ᠎ᠤᠨ ᠬᠤᠷᠴᠠ ᠰᠢᠷᠦᠭᠦᠨᠪᠠᠢᠯᠳᠤᠭᠠᠨ᠎ᠢ ᠥᠩᠭᠡᠷᠡᠭᠡᠭᠡᠳ᠂ ᠲᠢᠶᠠᠨᠵᠢᠨ᠎ᠤ ᠪᠡᠬᠢᠯᠡᠯᠳᠡ ᠡᠪᠳᠡᠬᠦ ᠪᠠᠢᠯᠳᠤᠭᠠᠨ ᠢᠯᠠᠯᠲᠠ᠎ᠲᠠᠶ᠎ᠪᠠᠷ ᠳᠠᠭᠤᠰᠴᠤ᠂ᠮᠠᠨ᠎ᠤ ᠴᠡᠷᠢᠭ ᠭᠣᠮᠢᠨᠳᠠᠩ᠎ᠤᠨ ᠰᠠᠬᠢᠭᠤᠯ ᠳᠠᠢᠰᠤᠨ᠎ᠢ 13 ᠲᠦᠮᠡ ᠭᠠᠷᠤᠢ ᠰᠥᠨᠥᠭᠡᠵᠡᠢ᠃ ᠡᠢᠨ᠎ᠬᠦ᠂ ᠲᠢᠶᠠᠨᠵᠢᠨᠴᠢᠯᠥᠭᠡᠯᠡᠭᠳᠡᠵᠦ ᠪᠡᠭᠡᠵᠢᠩ᠎ᠢ ᠰᠠᠬᠢᠵᠤ ᠪᠠᠢᠭᠰᠠᠨ ᠳᠠᠢᠰᠤᠨ ᠮᠤᠬᠤᠷᠳᠠᠯ᠎ᠳᠤ ᠣᠷᠣᠪᠠ᠃ ᠹᠦ᠋ ᠽᠦᠸᠧ ᠢ ᠴᠸ᠋ᠭᠡᠢ ᠭᠤᠷᠢᠳᠠᠯ᠎ᠢᠶᠠᠨ ᠲᠠᠶᠠᠭᠳᠠᠵᠤ᠂ ᠮᠠᠨ᠎ᠤ ᠴᠡᠷᠢᠭ᠎ᠦᠨ ᠲᠥᠯᠥᠭᠡᠯᠡᠭᠴᠢ᠎ᠶᠢ ᠤᠷᠢᠵᠤ ᠬᠤᠳᠠ᠎ᠳᠤ ᠣᠷᠣᠭᠤᠯᠤᠨᠨᠠᠢᠷᠠᠮᠳᠠᠯ᠎ᠤᠨ ᠬᠡᠯᠡᠯᠴᠡᠭᠡᠷ ᠬᠢᠪᠡ᠃ ᠲᠤᠬᠠᠢ᠎ᠶᠢᠨ ᠦᠶ᠎ᠡ᠎ᠳᠦ ᠵᠡᠭᠦᠨ ᠬᠣᠢᠲᠤ᠎ᠶᠢᠨ ᠬᠡᠭᠡᠷᠡᠯᠡᠨ ᠪᠠᠢᠯᠳᠤᠬᠤᠴᠡᠷᠢᠭ᠎ᠦᠨ ᠱᠲ᠋ᠠᠪ᠎ᠤᠨ ᠱᠲ᠋ᠠᠪ᠎ᠤᠨ ᠭᠠᠵᠠᠷ᠎ᠤᠨ ᠳᠠᠷᠤᠭ᠎ᠠ ᠪᠠᠢᠭᠰᠠᠨ ᠰᠸ᠋ ᠵᠢᠩ ᠨᠦᠬᠦᠷ ᠲᠥᠯᠥᠭᠡᠯᠡᠭᠴᠢ᠎ᠶᠢᠨᠬᠤᠪᠢ ᠪᠡᠷ ᠪᠸᠢᠢᠫᠢᠩ ᠳ᠋ᠦ ᠣᠴᠢᠪᠠ᠃ ᠬᠤᠳ᠋ᠠ᠎ᠳᠤ ᠤᠷᠤᠭᠰᠠᠨ᠎ᠤ ᠲᠠᠷᠠᠭ᠎ᠠ᠂ ᠬᠣᠶᠠᠷ ᠡᠲᠡᠭᠡᠳ᠎ᠢᠶᠡᠷ᠎ᠢᠶᠡᠨ 《ᠪᠸᠢᠢᠫᠢᠡᠭ᠌᠎ᠤᠨ ᠠᠰᠠᠭᠤᠳᠠᠯ᠎ᠢᠨᠠᠢᠷᠠᠮᠳᠠᠯ᠎ᠢᠶᠠᠷ ᠰᠢᠢᠳᠪᠦᠷᠢᠯᠡᠬᠦ ᠲᠤᠬᠠᠢ ᠬᠡᠯᠡᠯᠴᠡᠭᠡᠷ》 ᠎ᠢ᠋ ᠲᠤᠭᠤᠷᠪᠢᠨ ᠪᠢᠴᠢᠵᠡᠢ᠃ ᠨᠠᠢᠷᠠᠮᠳᠠᠯ᠎ᠤᠨ ᠬᠡᠯᠡᠯᠴᠡᠭᠡᠷ ᠬᠢᠵᠦ ᠪᠠᠢᠭᠰᠠᠨ ᠬᠤᠭᠤᠴᠠᠭᠠᠨ᠎ᠳᠤ᠂ᠰᠸ᠋ ᠵᠢᠩ ᠬᠡᠯᠡᠯᠴᠡᠭᠡᠷ᠎ᠤᠨ ᠲᠡᠮᠳᠡᠭᠯᠡᠯ ᠬᠢᠵᠦ ᠬᠡᠯᠡᠯᠴᠡᠭᠡᠷ᠎ᠤᠨ ᠲᠣᠪᠴᠢ ᠲᠡᠮᠳᠡᠭᠯᠡᠯ᠎ᠢᠶᠡᠨ ᠡᠮᠬᠢᠳᠬᠡᠨᠲᠢᠭᠯᠡᠬᠦ ᠶᠠᠪᠤᠴᠠ᠎ᠳᠦ ᠳᠤᠰ ᠪᠤᠯᠤᠳ ᠪᠢᠷ᠎ᠢᠶᠡᠨ ᠶᠡᠷᠦ ᠨᠢ ᠭᠠᠷ ᠡᠴᠡ ᠪᠠᠨ ᠰᠠᠯᠭᠠᠯ ᠦᠭᠡᠢ ᠠᠪᠴᠤ ᠶᠠᠪᠤᠳᠠᠭᠪᠠᠢᠯ᠎ᠠ᠃


QQ图片20220119161700.png


1949 ᠣᠨ᠎ᠤ 1 ᠰᠠᠷ᠎ᠠ᠎ᠶᠢᠨ 21᠎ᠤ᠋ ᠡᠳᠦᠷ᠂ ᠰᠸ᠋ ᠵᠢᠩᠴᠢᠯᠥᠭᠡᠯᠡᠬᠦ ᠴᠡᠷᠢᠭ᠎ᠦᠨ ᠲᠠᠯ᠎ᠠ᠎ᠶᠢᠨ ᠲᠥᠯᠥᠭᠡᠯᠡᠭᠴᠢ᠎ᠶᠢᠨ ᠬᠤᠪᠢ᠎ᠪᠠᠷ 《ᠪᠸᠢᠢᠫᠢᠡᠭ᠎ᠤᠨ ᠠᠰᠠᠭᠤᠳᠠᠯ᠎ᠢᠨᠠᠢᠷᠠᠮᠳᠠᠯ᠎ᠢᠶᠠᠷ ᠰᠢᠢᠳᠪᠦᠷᠢᠯᠡᠬᠦ ᠲᠤᠬᠠᠶ ᠬᠡᠯᠡᠯᠴᠡᠭᠡᠷ》ᠳᠡᠭᠡᠷ᠎ᠡ ᠭᠠᠷ᠎ᠤᠨ ᠦᠰᠦᠭ ᠵᠢᠷᠤᠬᠤ᠎ᠳᠤ ᠪᠠᠨ ᠶᠠᠭ ᠡᠨᠡ᠎ᠬᠦᠪᠤᠯᠤᠳ ᠪᠢᠷ᠎ᠢ ᠬᠡᠷᠡᠭᠯᠡᠭᠰᠡᠨ ᠶᠤᠮ᠃ 1949 ᠣᠨ᠎ᠤ 1ᠰᠠᠷ᠎ᠠ᠎ᠶᠢᠨ 31᠎ᠤ᠋ ᠡᠳᠦᠷ᠂ ᠠᠷᠠᠳ᠎ᠤᠨᠴᠢᠯᠥᠭᠡᠯᠡᠬᠦ ᠴᠡᠷᠢᠭ ᠪᠸᠢᠢᠫᠢᠡᠭ ᠬᠤᠳᠠ᠎ᠳᠤ ᠣᠷᠣᠵᠤ ᠰᠠᠭᠤᠭᠠᠳ ᠪᠸᠢᠢᠫᠢᠩ᠎ᠢ ᠨᠠᠢᠷᠠᠮᠳᠠᠯ᠎ᠢᠶᠠᠷ ᠴᠢᠯᠥᠭᠡᠯᠡᠭᠰᠡᠨ᠎ᠢᠲᠤᠩᠬᠠᠭᠯᠠᠪᠠ᠃ ᠡᠢᠨ᠎ᠬᠦ 64ᠡᠳᠦᠷ ᠦᠷᠭᠦᠯᠵᠢᠯᠡᠭᠰᠡᠨᠫᠢᠩ ᠵᠢᠨ᠎ᠦ ᠳᠠᠢᠯᠠᠯᠳᠤᠭᠠᠨ ᠢᠯᠠᠯᠲᠠ᠎ᠲᠠᠶ᠎ᠪᠠᠷ ᠲᠡᠭᠦᠰᠪᠡ᠃

ᠫᠢᠩᠵᠢᠨ᠎ᠦ ᠳᠠᠢᠯᠠᠯᠳᠤᠭᠠᠨ᠎ᠳᠤ᠂ ᠴᠢᠯᠥᠭᠡᠯᠡᠬᠦ ᠴᠡᠷᠢᠭ 3.9 ᠲᠦᠮᠡᠨ ᠬᠥᠮᠦᠨ ᠥᠭᠦᠵᠦ ᠰᠢᠷᠬᠠᠲᠤᠭᠰᠠᠨ ᠦᠷᠡᠭᠳᠡᠯ᠎ᠢᠶᠡᠷᠭᠣᠮᠢᠨᠳᠠᠩ᠎ᠤᠨ ᠴᠡᠷᠢᠭ᠎ᠢ 52ᠲᠦᠮᠡ ᠭᠠᠷᠤᠶ ᠰᠥᠨᠥᠭᠡᠭᠰᠡᠨᠪᠤᠶᠤ ᠥᠭᠡᠷᠡᠴᠢᠯᠡᠨ ᠪᠠᠢᠭᠤᠯᠵᠤ᠂ ᠤᠮᠠᠷᠠᠲᠤ ᠣᠷᠣᠨ᠎ᠤ ᠶᠡᠬᠡᠩᠬᠢ ᠭᠠᠵᠠᠷ ᠣᠷᠣᠨ᠎ᠢ ᠴᠢᠯᠥᠭᠡᠯᠡᠵᠡᠶ᠃ ᠫᠢᠩ ᠵᠢᠨ᠎ᠦᠳᠠᠢᠯᠠᠯᠳᠤᠭᠠᠨ᠎ᠤ ᠢᠯᠠᠯᠲᠠ ᠨᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶᠠᠨ᠎ᠤ ᠪᠠᠢᠭᠤᠯᠭ᠎ᠠ᠂ᠠᠷᠠᠳ᠎ᠤᠨ ᠴᠢᠯᠥᠭᠡᠯᠡᠬᠦ ᠴᠡᠷᠢᠭ᠎ᠦᠨ ᠶᠡᠷᠦᠩᠬᠡᠶ ᠵᠠᠬᠢᠷᠭ᠎ᠠ᠎ᠶᠢᠨ ᠪᠸᠢᠢᠫᠢᠡᠭ᠎ᠳᠤ ᠣᠷᠣᠵᠤ ᠰᠠᠭᠤᠬᠤ᠎ᠳᠤ ᠨᠥᠬᠥᠴᠡᠯᠪᠦᠷᠢᠯᠳᠦᠭᠦᠯᠦᠨ ᠥᠭᠴᠦ᠂ ᠰᠢᠨ᠎ᠡ ᠳᠤᠮᠳᠠᠳᠤ ᠤᠯᠤᠰ᠎ᠤᠨ ᠨᠡᠢᠰᠯᠡᠯ ᠪᠠᠢᠭᠤᠯᠬᠤ᠎ᠳᠦ ᠪᠠᠳᠤ ᠪᠡᠬᠢ ᠰᠠᠭᠤᠷᠢ ᠲᠠᠯᠪᠢᠵᠤᠦᠭᠴᠡᠢ᠃

1952 ᠣᠨ᠎ᠳᠤ᠂ ᠰᠸ᠋ ᠵᠢᠩᠶᠡᠷᠦᠩᠬᠡᠶ ᠱᠲ᠋ᠠᠪ᠎ᠤᠨ ᠲᠤᠰᠢᠶᠠᠯ᠎ᠳᠤ ᠰᠢᠯᠵᠢᠵᠡᠢ᠃ ᠡᠭᠦᠨ᠎ᠡᠴᠡ ᠡᠮᠦᠨᠡᠬᠢ ᠬᠤᠭᠤᠴᠠᠭᠠᠨ᠎ᠳᠦ ᠳᠡᠷᠡ ᠡᠨᠡ ᠬᠦ᠌ᠪᠣᠯᠣᠳ ᠪᠢᠷ᠎ᠢᠶᠡᠨ ᠬᠡᠷᠡᠭᠯᠡᠭᠰᠡᠭᠡᠷ ᠪᠠᠢᠪᠠ᠃ 1995 ᠣᠨ᠎ᠤ 11 ᠰᠠᠷ᠎ᠠ᠎ᠶᠢᠨ 9 ᠎ᠤ᠋ ᠡᠳᠦᠷ᠂ ᠳᠤᠰ ᠪᠤᠯᠤᠳ ᠪᠢᠷ᠎ᠢᠶᠡᠨ ᠰᠸ᠋ ᠵᠢᠩ ᠵᠠᠩᠵᠤᠨᠶᠠᠭ ᠰᠠᠶᠢᠬᠠᠨ ᠪᠡᠯᠡᠳᠬᠡᠨ ᠪᠠᠢᠭᠤᠯᠬᠤ ᠱᠠᠳᠤᠨ᠎ᠳᠦ ᠪᠠᠨ ᠪᠠᠢᠭᠰᠠᠨ 《ᠫᠢᠩ ᠵᠢᠨ᠎ᠦ ᠳᠠᠢᠯᠠᠯᠳᠤᠭᠠᠨ᠎ᠤᠳᠤᠷᠠᠰᠬᠠᠯ᠎ᠤᠨ ᠣᠷᠳᠣᠨ》 ᠎ᠳ᠋ᠦ ᠬᠠᠨᠳᠢᠪᠯᠠᠪᠠ᠃

70 ᠭᠠᠷᠤᠢ ᠵᠢᠯ᠎ᠤᠨ ᠳᠤᠷᠰᠢᠲᠩᠷᠢ ᠭᠠᠵᠠᠷ᠎ᠢ ᠳᠣᠩᠰᠣᠯᠭᠠᠮ᠎ᠠ ᠬᠤᠪᠢᠷᠠᠯᠲᠠ ᠭᠠᠷᠤᠯ᠎ᠠ᠃ ᠡᠨᠡ᠎ᠬᠦ ᠤᠨ ᠵᠢᠯ᠎ᠤᠨ ᠬᠤᠪᠢᠷᠠᠯ ᠬᠦᠭᠵᠢᠯᠳᠡ᠂ ᠤᠯᠤᠰᠭᠡᠷ᠎ᠤᠨ ᠦᠭᠡᠳᠡᠯᠡᠨ ᠳᠠᠪᠰᠢᠯᠳᠠ᠎ᠢ᠋ᠢᠨ ᠭᠡᠷᠡᠴᠢ ᠪᠤᠯᠤᠭᠰᠠᠨ ᠪᠣᠯᠣᠳ ᠪᠢᠷ ᠨᠢ ᠳᠤᠷᠠᠰᠬᠠᠯ᠎ᠤᠨ ᠣᠷᠳᠣᠨ᠎ᠳᠤ ᠨᠠᠮᠤᠭᠤᠬᠠᠨ ᠳᠡᠯᠭᠡᠭᠳᠡᠨ᠎ᠡ᠃ ᠳᠡᠷᠡ ᠨᠢ ᠲᠠ ᠪᠢᠳᠡᠨ᠎ᠳᠦ ᠭᠠᠢᠬᠠᠮᠰᠢᠭᠲᠤᠤᠨ ᠰᠠᠷ᠎ᠠ᠎ᠶᠢᠨ ᠦᠯᠢᠭᠡᠷ ᠤᠴᠠᠷᠠᠯ᠎ᠢ ᠦᠭᠦᠯᠡᠵᠦ᠂ ᠡᠷᠡᠯᠬᠡᠭᠯᠡᠨ ᠤᠷᠤᠭᠰᠢᠯᠠᠬᠤ ᠬᠦᠴᠦᠨ ᠴᠢᠳᠠᠯ᠎ᠢ ᠮᠡᠳᠡᠷᠡᠭᠦᠯᠵᠦᠪᠠᠢᠳᠠᠭ ᠪᠢᠯᠡ᠃

( ᠠᠷᠠᠳ᠎ᠤᠨ ᠰᠦᠯᠵᠢᠶ᠎ᠡᠡᠴᠡ ᠨᠠᠢᠷᠠᠭᠤᠯᠤᠨ ᠠᠪᠤᠪᠠ )

  • ᠨᠠᠢᠷᠠᠭᠤᠯᠤᠭ᠍ᠴᠢ᠄

  • ᠨᠡᠪᠲᠡᠷᠡᠭᠦᠯᠦᠭᠴᠢ᠄

  • ᠮᠡᠷᠭᠡᠵᠢᠯ᠄

ᠨᠠᠢᠷᠠᠭᠤᠯᠤᠭ᠍ᠴᠢ᠄ ᠪᠣᠣ ᠮᠧᠢ ᠷᠥᠩ

ᠣᠷᠴᠢᠭᠤᠯᠤᠭ᠍ᠴᠢ᠄

ᠢᠷᠡᠯᠲᠡ᠄ ᠳᠤᠮᠳᠠᠳᠤ ᠤᠯᠤᠰ᠎ᠤ᠋ᠨ ᠮᠣᠩᠭᠣᠯ ᠬᠡᠯᠡᠨ᠎ᠦ᠌ ᠰᠣᠨᠢᠨ ᠮᠡᠳᠡᠭᠡ᠎ᠶ᠋ᠢᠨ ᠰᠦᠯᠵᠢᠶ᠎ᠡ
兼容浏览器的HTML页面